ᠬᠠᠢᠲᠠᠩ ᠪᠠᠢᠲᠠᠩ -ᠴᠠᠭᠠᠨᠪᠠᠷᠰHajdan bajdan-CagaanbarХайдан байдан-Цагаанбар
ᠬᠠᠢᠲᠠᠩ ᠪᠠᠢᠲᠠᠩ
ᠬᠣᠷᠴᠢᠨ ᠠᠷᠠᠳ ᠤ᠋ᠨ ᠳᠠᠭᠤᠤ
ᠴᠠᠭᠠᠨᠪᠠᠷᠰ ᠳᠠᠭᠤᠯᠠᠪᠠ
ᠵᠥᠪ ᠵᠦᠭᠡᠷ ᠪᠠᠢᠶ᠎ᠠ ᠭᠡᠬᠦᠯᠡᠷ ᠳᠡ ᠵᠦᠢᠯ ᠢ᠋ ᠪᠣᠳᠣᠨ᠎ᠠ ᠬᠦ ᠬᠦᠢ
ᠵᠡᠭᠦᠨ ᠠᠭᠤᠯᠠᠨ ᠤ᠋ ᠳ᠋ᠦᠩ ᠱᠠᠨ ᠬᠡ ᠬᠡ ᠳᠡᠷᠪᠡᠯᠵᠡᠭᠡᠳ ᠯᠡ ᠰᠠᠨᠠᠭᠳᠠᠨ᠎ᠠ ᠬᠦ ᠬᠦᠢ
ᠵᠡᠭᠦᠨ ᠠᠭᠤᠯᠠᠨ ᠤ᠋ ᠳ᠋ᠦᠩ ᠱᠠᠨ ᠬᠡ ᠬᠡ ᠪᠡᠨ ᠪᠣᠳᠣᠭᠠᠳ ᠯᠠ ᠢᠷᠡᠪᠡᠯ ᠯᠠ ᠬᠦ ᠬᠦᠢ
ᠵᠢᠷᠦᠬᠡᠨ ᠦ᠌ ᠮᠢᠨᠢ ᠦᠵᠦᠭᠦᠷ ᠢ᠋ ᠳᠠᠭᠠᠭᠠᠳ ᠵᠢᠮᠦᠷ ᠵᠠᠮᠤᠷ ᠡᠪᠡᠳᠦᠨ᠎ᠡ ᠬᠦᠢ
ᠡᠪ ᠡᠯᠦᠢᠬᠡᠨ ᠪᠠᠢᠭᠰᠠᠭᠠᠷ ᠪᠠᠢᠭᠠᠳ ᠡᠯᠳᠡᠪ ᠢ᠋ ᠪᠣᠳᠣᠨ᠎ᠠ ᠬᠦ ᠬᠦᠢ
ᠥᠨᠳᠥᠷ ᠠᠭᠤᠯᠠᠨ ᠤ᠋ ᠳ᠋ᠦᠩ ᠱᠠᠨ ᠬᠡ ᠬᠡ ᠰᠠᠨᠠᠭᠳᠠᠭᠠᠳ ᠯᠠ ᠢᠷᠡᠨ᠎ᠡ ᠬᠦ ᠬᠦᠢ
ᠥᠨᠳᠥᠷ ᠠᠭᠤᠯᠠᠨ ᠤ᠋ ᠳ᠋ᠦᠩ ᠱᠠᠨ ᠬᠡ ᠬᠡ ᠪᠡᠨ ᠪᠣᠳᠣᠭᠠᠳ ᠯᠠ ᠢᠷᠡᠪᠡᠯ ᠬᠦ ᠬᠦᠢ
ᠡᠪᠴᠢᠭᠦᠨ ᠦ᠌ ᠮᠢᠨᠢ ᠦᠵᠦᠭᠦᠷ ᠢ᠋ ᠳᠠᠭᠠᠭᠠᠳ ᠵᠢᠮᠦᠷ ᠵᠠᠮᠤᠷ ᠡᠪᠡᠳᠦᠨ᠎ᠡ ᠬᠦᠢ
ᠬᠠᠷ᠎ᠠ ᠴᠤ᠌ ᠪᠠᠯᠠᠩ ᠭᠡᠳᠡᠭ ᠴᠢᠨᠢ ᠠ᠋ ᠲᠠᠷᠢᠯᠲᠠᠢ ᠠ᠋ᠴᠠ ᠳᠠᠷᠢᠯᠲᠠᠢ ᠬᠦ ᠬᠦᠢ
ᠬᠠᠷ᠎ᠠ ᠪᠠᠯᠠᠩ ᠤ᠋ᠨ ᠵᠣᠭᠣᠰ ᠭᠡᠳᠡᠭ ᠴᠢᠨᠢ ᠬᠠᠷ᠎ᠠ ᠮᠥᠩᠭᠥᠨ ᠵᠣᠭᠣᠰ ᠶᠠ ᠬᠦ ᠬᠦᠢ
ᠬᠠᠳᠤᠭᠤᠷ ᠪᠣᠯᠤᠭᠠᠳ ᠰᠠᠨᠳᠤᠤ ᠲᠠᠢ ᠬᠣᠶᠠᠭᠤᠯᠠ ᠶ᠋ᠢ ᠬᠤᠳᠠᠯᠳᠤᠵᠤ ᠪᠠᠢᠭᠠᠳ ᠲᠡᠵᠢᠭᠡᠬᠦ ᠯᠠᠢ ᠬᠦ ᠬᠦᠢ
ᠬᠠᠷ᠎ᠠ ᠪᠠᠷᠰ ᠱᠠᠨ ᠤ᠋ ᠳ᠋ᠦᠩ ᠱᠠᠨ ᠤ᠋ ᠲᠥᠯᠥᠭᠡ ᠲᠡᠵᠢᠭᠡᠵᠡᠢ ᠤᠤ ᠭᠣᠣᠽᠤ ᠨᠤᠭᠤᠳ ᠠ᠋ ᠬᠦ ᠬᠦᠢ
ᠴᠠᠭᠠᠨ ᠪᠠᠯᠠᠩ ᠭᠡᠳᠡᠭ ᠴᠢᠨᠢ ᠠ᠋ ᠲᠠᠷᠢᠯᠲᠠᠢ ᠠ᠋ᠴᠠ ᠳᠠᠷᠢᠯᠲᠠᠢ ᠬᠦ ᠬᠦᠢ
ᠴᠠᠭᠠᠨ ᠪᠠᠯᠠᠩ ᠤ᠋ᠨ ᠵᠣᠭᠣᠰ ᠭᠡᠳᠡᠭ ᠴᠢᠨᠢ ᠴᠠᠭᠠᠨ ᠮᠥᠩᠭᠥᠨ ᠵᠣᠭᠣᠰ ᠶᠠ ᠬᠦ ᠬᠦᠢ
ᠰᠠᠨᠳᠤᠤ ᠪᠣᠯᠤᠭᠠᠳ ᠬᠠᠳᠤᠭᠤᠷ ᠲᠠᠢ ᠬᠣᠶᠠᠭᠤᠯᠠ ᠶ᠋ᠢ ᠬᠤᠳᠠᠯᠳᠤᠵᠤ ᠪᠠᠢᠭᠠᠳ ᠲᠡᠵᠢᠭᠡᠬᠦ ᠯᠠᠢ ᠬᠦ ᠬᠦᠢ
ᠴᠠᠩ ᠮᠣᠤ ᠽᠢ ᠶ᠋ᠢᠨ ᠲᠦᠷᠦᠭᠦᠦ ᠳ᠋ᠦᠩ ᠱᠠᠨ ᠤ᠋ ᠲᠥᠯᠥᠭᠡ ᠲᠡᠵᠢᠭᠡᠵᠡᠢ ᠤᠤ ᠭᠣᠣᠽᠤ ᠨᠤᠭᠤᠳ ᠠ᠋ ᠬᠦ ᠬᠦᠢ
ᠬᠠᠷ᠎ᠠ ᠰᠠᠭᠠᠷᠠᠯ ᠡᠯᠵᠢᠭᠡᠨ ᠳᠡᠭᠡᠷ᠎ᠡ ᠪᠡᠨ ᠬᠠᠢᠲᠠᠩ ᠢ᠋ᠶ᠋ᠠᠨ ᠣᠨᠣᠭᠤᠯᠵᠠᠢ ᠬᠦ ᠬᠦᠢ
ᠬᠠᠯᠵᠠᠨ ᠲᠣᠯᠣᠭᠠᠢ ᠲᠠᠢ ᠴᠣᠢᠵᠢ ᠮᠠᠮᠠ ᠨᠢ ᠳᠠᠭᠠᠭᠤᠯᠤᠭᠠᠳ ᠭᠠᠷᠤᠯ᠎ᠠ ᠬᠦ ᠬᠦᠢ
ᠬᠠᠮᠢᠭᠠᠰᠢ ᠣᠴᠢᠨ᠎ᠠ ᠳᠠ ᠮᠠᠮᠠ ᠠ᠋ ᠭᠡᠳ ᠠᠰᠠᠭᠤᠬᠤᠯᠠᠷ ᠬᠦ ᠬᠦᠢ
ᠬᠠᠷ᠎ᠠ ᠠᠭᠤᠯᠠᠨ ᠤ᠋ ᠭᠠᠨᠳᠠᠭᠠᠷ ᠵᠠᠩᠭᠢ ᠳ᠋ᠤ᠌ ᠬᠠᠯᠬᠠᠭ᠎ᠠ ᠬᠢᠬᠦ ᠪᠡᠷ ᠣᠴᠢᠨ᠎ᠠ ᠬᠦ ᠬᠦᠢ
ᠪᠣᠷᠣ ᠰᠠᠭᠠᠷᠠᠯ ᠡᠯᠵᠢᠭᠡᠨ ᠳᠡᠭᠡᠷ᠎ᠡ ᠪᠡᠨ ᠪᠠᠢᠲᠠᠩ ᠢ᠋ᠶ᠋ᠠᠨ ᠣᠨᠣᠭᠤᠯᠵᠠᠢ ᠬᠦ ᠬᠦᠢ
ᠪᠤᠭᠤᠷᠤᠯ ᠲᠣᠯᠣᠭᠠᠢ ᠲᠠᠢ ᠴᠣᠢᠵᠢ ᠮᠠᠮᠠ ᠨᠢ ᠳᠠᠭᠠᠭᠤᠯᠤᠭᠠᠳ ᠭᠠᠷᠤᠯ᠎ᠠ ᠬᠦ ᠬᠦᠢ
ᠪᠠᠢᠲᠠᠩ ᠪᠣᠯᠤᠨ ᠬᠠᠢᠲᠠᠩ ᠬᠣᠶᠠᠭᠤᠯᠠ ᠪᠠᠨ ᠠᠰᠠᠭᠤᠭᠠᠳ ᠳᠡᠭᠡᠯᠢ ᠬᠦ ᠬᠦᠢ
ᠪᠣᠷᠣ ᠠᠭᠤᠯᠠᠨ ᠤ᠋ ᠭᠠᠨᠳᠠᠭᠠᠷ ᠵᠠᠩᠭᠢ ᠳ᠋ᠤ᠌ ᠬᠠᠯᠬᠠᠭ᠎ᠠ ᠬᠢᠬᠦ ᠪᠡᠷ ᠣᠴᠢᠨ᠎ᠠ ᠬᠦᠢ
ᠦᠰᠦᠭ ᠠᠮᠢᠯᠠᠭᠤᠯᠤᠭᠰᠠᠨ ᠨᠢ᠄ ᠭᠠᠸᠠ
ᠦᠰᠦᠭ ᠬᠠᠲᠠᠭᠰᠠᠨ ᠨᠢ ᠄ ᠭᠠᠸᠠ
ᠬᠢᠨᠠᠭᠴᠢ ᠄ᠢᠷᠡᠭᠡᠳᠦᠢ
