ᠮᠢᠨᠦ ᠮᠣᠩᠭᠣᠯ ᠽᠠᠨᠪᠤᠯᠢᠩ - ᠪᠠᠲᠤᠲᠣᠭᠲᠠᠬᠤ Minii mongol zanbulin-BatdagdakhuuМиний монгол занбулин-Баттогтох ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠽᠠᠨᠪᠤᠯᠢᠩ - ᠪᠠᠲᠤᠲᠣᠭᠲᠠᠬᠤ Minii mongol zanbulin-BatdagdakhuuМиний монгол занбулин-Баттогтох

ᠮᠢᠨᠦ ᠮᠣᠩᠭᠣᠯ ᠽᠠᠨᠪᠤᠯᠢᠩ - ᠪᠠᠲᠤᠲᠣᠭᠲᠠᠬᠤ Minii mongol zanbulin-BatdagdakhuuМиний монгол занбулин-Баттогтох

2025-12-19

849

ᠮᠢᠨᠦ ᠮᠣᠩᠭᠣᠯ ᠽᠠᠨᠪᠤᠯᠢᠩ


       ᠵᠣᠬᠢᠶᠠᠭᠴᠢ᠄ ᠪᠠᠲᠤᠲᠣᠭᠲᠠᠬᠤ 
       ᠤᠶᠠᠩᠭᠠᠯᠠᠭᠴᠢ᠄ ᠲᠣ᠊· ᠨᠠᠨᠳᠢᠨ 

ᠲᠠᠨᠠᠨ ᠴᠠᠭᠠᠨ ᠭᠡᠷ ᠲᠡᠢ ᠮᠣᠩᠭᠣᠯ 
ᠲᠠᠪᠤᠨ ᠬᠣᠰᠢᠭᠤ ᠮᠠᠯ ᠲᠠᠢ ᠮᠣᠩᠭᠣᠯ 
ᠲᠠᠷᠠᠭ ᠠᠢᠷᠠᠭ ᠰᠦ ᠲᠡᠢ ᠮᠣᠩᠭᠣᠯ 
ᠲᠠᠪᠢᠯᠠᠩ ᠵᠠᠶᠠᠭ᠎ᠠ ᠪᠠᠷ ᠠᠵᠠ ᠲᠠᠢ ᠮᠣᠩᠭᠣᠯ ᠠ᠋ 

ᠠᠷᠢᠭᠤᠨ ᠴᠡᠪᠡᠷ ᠠᠭᠠᠷ ᠲᠠᠢ ᠮᠣᠩᠭᠣᠯ 
ᠠᠯᠠᠭ ᠴᠡᠴᠡᠭ ᠦ᠋ᠨ ᠮᠢᠷᠠᠯᠵᠠᠭᠠᠨ ᠲᠠᠢ ᠮᠣᠩᠭᠣᠯ 
ᠠᠳᠤᠭᠤ ᠮᠠᠯ ᠤ᠋ᠨ ᠪᠡᠯᠴᠢᠭᠡᠷ ᠲᠡᠢ ᠮᠣᠩᠭᠣᠯ
ᠠᠭᠯᠠᠭ ᠠᠭᠤᠯᠠ ᠲᠠᠯ᠎ᠠ ᠲᠠᠢ ᠮᠣᠩᠭᠣᠯ ᠠ᠋

ᠤᠷᠲᠤ ᠶ᠋ᠢᠨ ᠳᠠᠭᠤᠤ ᠶ᠋ᠢᠨ ᠤᠳᠤᠮ ᠲᠠᠢ ᠮᠣᠩᠭᠣᠯ
ᠤᠷᠭᠠᠴᠢᠨ᠂ ᠡᠮᠨᠢᠭᠴᠢᠨ᠂ ᠪᠥᠬᠡᠴᠢᠳ ᠲᠡᠢ ᠮᠣᠩᠭᠣᠯ
ᠤᠰᠤᠨ ᠵᠢᠷᠣᠭ᠎ᠠ ᠮᠣᠷᠢᠳ ᠲᠠᠢ ᠮᠣᠩᠭᠣᠯ
ᠤᠯᠠᠮᠵᠢᠯᠠᠭᠰᠠᠨ ᠬᠥᠬᠡ ᠲᠤᠭ ᠲᠠᠢ ᠮᠣᠩᠭᠣᠯ ᠠ᠋

ᠠᠮᠢᠲᠠᠨ ᠤᠷᠭᠤᠮᠠᠯ ᠳ᠋ᠤ᠌ ᠡᠭᠡᠯᠢ ᠲᠡᠢ ᠮᠣᠩᠭᠣᠯ
ᠠᠯᠲᠠᠨ ᠳᠡᠯᠡᠬᠡᠢ ᠳ᠋ᠦ᠍ ᠬᠠᠢᠷ᠎ᠠ ᠲᠠᠢ ᠮᠣᠩᠭᠣᠯ
ᠠᠵᠢᠯᠴᠢ ᠬᠥᠳᠡᠯᠮᠦᠷᠢᠴᠢ ᠵᠠᠩ ᠲᠠᠢ ᠮᠣᠩᠭᠣᠯ
ᠠᠰᠢᠳᠠ ᠮᠠᠨᠳᠤᠬᠤ ᠬᠡᠢᠮᠣᠷᠢ ᠲᠠᠢ ᠮᠣᠩᠭᠣᠯ ᠠ᠋

ᠢᠷᠦᠭᠡᠯ ᠮᠠᠭᠲᠠᠭᠠᠯ ᠰᠢᠯᠦᠭ ᠲᠡᠢ ᠮᠣᠩᠭᠣᠯ
ᠢᠰᠡᠭᠡᠢ ᠲᠤᠭᠤᠷᠭᠠᠲᠠᠨ ᠨᠡᠷ᠎ᠡ ᠲᠡᠢ ᠮᠣᠩᠭᠣᠯ
ᠢᠲᠡᠭᠡᠯ ᠬᠦᠰᠡᠯ ᠦ᠋ᠨ ᠵᠢᠭᠦᠷ ᠲᠡᠢ ᠮᠣᠩᠭᠣᠯ
ᠢᠷᠡᠭᠡᠳᠦᠢ ᠮᠠᠷᠭᠠᠰᠢ ᠶ᠋ᠢᠨ ᠬᠠᠷᠠᠯᠲᠠ ᠲᠠᠢ ᠮᠣᠩᠭᠣᠯ ᠠ᠋

ᠳᠡᠭᠡᠳᠦ ᠬᠤᠷᠮᠤᠰᠲᠠ ᠶ᠋ᠢᠨ ᠢᠪᠡᠭᠡᠯ ᠲᠡᠢ ᠮᠣᠩᠭᠣᠯ
ᠲᠩᠷᠢᠯᠢᠭ ᠪᠣᠰᠤᠭ᠎ᠠ ᠦᠰᠦᠭ ᠲᠡᠢ ᠮᠣᠩᠭᠣᠯ
ᠲᠡᠨᠢᠭᠦᠨ ᠰᠠᠢᠬᠠᠨ ᠠᠮᠢᠳᠤᠷᠠᠯ ᠲᠠᠢ ᠮᠣᠩᠭᠣᠯ
ᠳᠡᠯᠭᠡᠷᠡᠬᠦ ᠪᠠᠶᠠᠨ ᠥᠪ ᠲᠡᠢ ᠮᠣᠩᠭᠣᠯ ᠠ᠋

ᠮᠣᠩᠭᠣᠯ ᠳᠠᠭᠤᠤ ᠪᠥᠮᠪᠥᠷᠴᠡᠭ ᠲᠦ᠍ ᠴᠤᠤᠷᠢᠶᠠᠲᠤᠨ᠎ᠠ
ᠮᠣᠩᠭᠣᠯ ᠲᠡᠷᠯᠢᠭ ᠶᠢᠷᠲᠢᠨᠴᠦ ᠶ᠋ᠢ ᠴᠢᠮᠡᠭᠯᠡᠨ᠎ᠡ
ᠮᠥᠩᠬᠡ ᠶ᠋ᠢᠨ ᠲᠡᠦᠬᠡ ᠰᠤᠳᠤᠷ ᠨᠢ ᠥᠪᠯᠡᠭᠳᠡᠨ᠎ᠡ
ᠮᠥᠩᠭᠥᠨ ᠳᠣᠯᠣᠭᠠᠨ ᠣᠳᠣ ᠨᠢ ᠭᠢᠯᠠᠯᠵᠠᠨ᠎ᠠ

ᠪᠣᠯᠪᠠᠰᠤᠨ ᠰᠣᠶᠣᠯ ᠮᠢᠨᠢ ᠬᠥᠭᠵᠢᠲᠦᠭᠡᠢ
ᠪᠣᠯᠣᠷ ᠡᠷᠳᠡᠨᠢ ᠰᠢᠭ ᠬᠡᠷᠡᠯᠳᠦᠲᠦᠭᠡᠢ
ᠭᠠᠯᠪᠠ ᠶ᠋ᠢᠨ ᠡᠪᠦᠷ ᠲᠦ᠍ ᠪᠠᠭᠲᠠᠲᠤᠭᠠᠢ 
ᠭᠠᠩᠭᠠᠩ ᠪᠠᠢᠭᠠᠯᠢ ᠲᠠᠢ ᠪᠠᠨ ᠮᠥᠩᠬᠡᠷᠡᠲᠦᠭᠡᠢ᠃
     
 ᠦᠰᠦᠭ ᠠᠮᠢᠯᠠᠭᠤᠯᠤᠭᠴᠢ᠄ ᠰᠣᠨᠢᠨᠴᠡᠴᠡᠭ
 ᠦᠰᠦᠭ ᠬᠠᠳᠠᠭᠴᠢ᠄ ᠪᠠᠢ· ᠰᠠᠷᠠᠨ᠎ᠠ
 ᠬᠢᠨᠠᠭᠴᠢ᠄  ᠲᠣ᠊· ᠨᠠᠨᠳᠢᠨ᠂ ᠣᠳᠬᠠᠨᠰᠣ᠎ᠠ