ᠲᠩᠷᠢᠯᠢᠭ ᠪᠣᠰᠤᠭ᠎ᠠ ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠶ᠎ᠡ-ᠪᠤᠤᠬᠢᠶ᠎ᠠ 20251219
ᠲᠩᠷᠢᠯᠢᠭ ᠪᠣᠰᠤᠭ᠎ᠠ ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠶ᠎ᠡ
1. ᠬᠠᠰᠠᠠᠭᠣᠯᠠ
ᠳᠡᠯᠡᠬᠡᠢ ᠶ᠋ᠢᠨ ᠰᠣᠶᠣᠯ ᠢ᠋ᠶ᠋ᠠᠷ ᠵᠢᠭᠦᠷ ᠢ᠋ᠶ᠋ᠡᠨ ᠬᠢᠵᠦ᠂ ᠦᠨᠳᠦᠰᠦᠲᠡᠨ ᠦ᠌ ᠪᠡᠨ ᠰᠣᠶᠣᠯ ᠢ᠋ᠶ᠋ᠠᠷ ᠵᠢᠷᠦᠬᠡ ᠪᠡᠨ ᠬᠢᠭᠡᠷᠡᠢ!( ᠮᠡᠷᠭᠡᠳ ᠦ᠋ᠨ ᠰᠤᠷᠭᠠᠯ)
2. ᠴᠠᠬᠠᠷ ᠪᠠᠲᠤ
ᠴᠢᠩᠭᠢᠰ ᠦ᠋ᠨ ᠲᠡᠦᠬᠡ ᠪᠡᠷ ᠠᠮᠠ ᠳᠠᠮᠵᠢᠬᠤ ᠨᠢᠭᠤᠴᠠ ᠲᠣᠪᠴᠢᠶᠠᠨ ᠮᠣᠩᠭᠣᠯ ᠮᠢᠨᠢ᠂
ᠴᠢᠨᠠᠷᠲᠤ ᠪᠢᠯᠢᠭ ᠦ᠋ᠨ ᠤᠬᠠᠭ᠎ᠠ ᠰᠤᠪᠢᠬᠤ ᠠᠯᠲᠠᠨ ᠭᠠᠨᠵᠤᠤᠷ ᠮᠣᠩᠭᠣᠯ ᠬᠡᠯᠡ ᠮᠢᠨᠢ᠃
ᠠᠪᠤ ᠡᠵᠢ ᠮᠢᠨᠢ ᠮᠣᠩᠭᠣᠯ ᠂ᠡᠬᠡ ᠨᠤᠲᠤᠭ ᠮᠢᠨᠢ ᠮᠣᠩᠭᠣᠯ᠃
ᠦᠭᠡ ᠬᠡᠯᠡ ᠮᠢᠨᠢ ᠮᠣᠩᠭᠣᠯ᠂ᠦᠯᠢᠭᠡᠷ ᠲᠡᠦᠬᠡ ᠮᠢᠨᠢ ᠮᠣᠩᠭᠣᠯ᠃
ᠪᠢ ᠮᠣᠩᠭᠣᠯ ᠬᠥᠮᠦᠨ ᠪᠢᠯᠢᠭ ᠤᠬᠠᠭᠠᠨ ᠲᠠᠢ ᠴᠡᠴᠡᠨ ᠬᠥᠮᠦᠨ᠃
3. ᠭᠠᠸᠠ
ᠬᠣᠶᠠᠷ ᠰᠡᠴᠡᠨ ᠨᠢᠭᠡᠳᠪᠡᠯ ᠰᠠᠢᠨ ᠦᠢᠯᠡ ᠶ᠋ᠢ ᠬᠢᠬᠦ᠂
ᠬᠣᠶᠠᠷ ᠲᠡᠨᠡᠭ ᠨᠢᠭᠡᠳᠪᠡᠯ ᠮᠠᠭᠤ ᠪᠠᠯᠠᠭ ᠲᠠᠷᠢᠬᠤ᠃ — ᠣᠶᠤᠨ ᠪᠢᠴᠢᠭᠯᠡᠭᠦᠷ ᠡᠴᠡ
4. ᠨᠠᠮᠵᠢᠯ
ᠪᠢᠳᠡ ᠮᠠᠨ ᠤ᠋ ᠤᠯᠤᠰ ᠤ᠋ᠨ《ᠦᠨᠳᠦᠰᠦᠨ ᠬᠠᠤᠯᠢ》 ᠶ᠋ᠢᠨ ᠲᠣᠭᠲᠠᠭᠠᠯ ᠵᠤᠷᠪᠤᠰ ᠢ᠋ ᠵᠢᠷᠤᠮᠯᠠᠨ ᠳᠠᠭᠠᠵᠤ᠂ ᠥᠪᠡᠷ ᠦ᠋ᠨ ᠦᠨᠳᠦᠰᠦᠲᠡᠨ ᠦ᠌ ᠦᠭᠡ ᠬᠡᠯᠡ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠵᠦ ᠬᠥᠭᠵᠢᠭᠦᠯᠦᠶ᠎ᠡ!
5. ᠭᠡᠭᠡ
ᠵᠠᠭᠤᠨ ᠰᠡᠷᠭᠦᠯᠡᠩ ᠦ᠋ᠨ ᠳᠣᠲᠣᠷᠠᠬᠢ ᠨᠢᠭᠡ ᠲᠡᠨᠡᠭ ᠵᠢᠷᠭᠠᠯᠲᠠᠢ᠂
ᠵᠠᠭᠤᠨ ᠲᠡᠨᠡᠭ ᠦ᠋ᠨ ᠳᠣᠲᠣᠷᠠᠬᠢ ᠨᠢᠭᠡ ᠰᠡᠷᠭᠦᠯᠡᠩ ᠵᠣᠪᠠᠯᠠᠩ ᠲᠠᠢ᠃
6. ᠦᠵᠢᠶᠡᠳ ᠡᠷᠳᠡᠨᠢᠴᠡᠴᠡᠭ
ᠭᠠᠯᠪᠠ ᠶ᠋ᠢᠨ ᠴᠡᠯᠮᠡᠭ ᠤᠬᠠᠭᠠᠨ᠂ᠭᠠᠷ ᠢ᠋ᠶ᠋ᠠᠷ ᠤᠷᠭᠤᠭᠤᠯᠤᠭᠰᠠᠨ ᠴᠡᠴᠡᠭ
ᠭᠠᠩᠭᠠᠩ ᠴᠠᠭᠠᠨ ᠭᠡᠷ᠂ᠭᠠᠵᠠᠷ ᠬᠥᠳᠡᠯᠬᠦ ᠡᠴᠡ ᠠᠶᠤᠬᠤ ᠦᠭᠡᠢ᠃
7. ᠰᠣᠨᠢᠨᠴᠡᠴᠡᠭ ᠂
ᠮᠢᠨᠦ ᠮᠣᠩᠭᠣᠯ ᠽᠠᠮᠪᠤᠯᠢᠩ
ᠪᠠᠲᠤᠲᠣᠭᠳᠠᠬᠤ
ᠠᠮᠢᠲᠠᠨ ᠤᠷᠭᠤᠮᠠᠯ ᠳ᠋ᠤ᠌ ᠡᠭᠡᠯᠢ ᠲᠡᠢ ᠮᠣᠩᠭᠣᠯ
ᠠᠯᠲᠠᠨ ᠳᠡᠯᠡᠬᠡᠢ ᠳ᠋ᠦ᠍ ᠬᠠᠢᠷ᠎ᠠ ᠲᠠᠢ ᠮᠣᠩᠭᠣᠯ
ᠠᠵᠢᠯᠴᠢ ᠬᠥᠳᠡᠯᠮᠦᠷᠢᠴᠢ ᠵᠠᠩ ᠲᠠᠢ ᠮᠣᠩᠭᠣᠯ
ᠠᠰᠢᠳᠠ ᠮᠠᠨᠳᠤᠬᠤ ᠬᠡᠢ ᠮᠣᠷᠢ ᠲᠠᠢ ᠮᠣᠩᠭᠣᠯ ᠠ᠋᠃
ᠢᠷᠦᠭᠡᠯ ᠮᠠᠭᠲᠠᠭᠠᠯ ᠰᠢᠯᠦᠭ ᠲᠡᠢ ᠮᠣᠩᠭᠣᠯ
ᠢᠰᠡᠭᠡᠢ ᠲᠤᠭᠤᠷᠭᠠᠲᠠᠨ ᠨᠡᠷ᠎ᠡ ᠲᠡᠢ ᠮᠣᠩᠭᠣᠯ
ᠢᠲᠡᠭᠡᠯ ᠬᠦᠰᠡᠯ ᠦ᠋ᠨ ᠵᠢᠭᠦᠷ ᠲᠡᠢ ᠮᠣᠩᠭᠣᠯ
ᠢᠷᠡᠭᠡᠳᠦᠢ ᠮᠠᠷᠭᠠᠰᠢ ᠶ᠋ᠢᠨ ᠬᠠᠷᠠᠯᠲᠠ ᠲᠠᠢ ᠮᠣᠩᠭᠣᠯ ᠠ᠋᠃
ᠳᠡᠭᠡᠳᠦ ᠬᠤᠷᠮᠤᠰᠲᠠ ᠶ᠋ᠢᠨ ᠢᠪᠡᠭᠡᠯ ᠲᠡᠢ ᠮᠣᠩᠭᠣᠯ
ᠲᠩᠷᠢᠯᠢᠭ ᠪᠣᠰᠤᠭ᠎ᠠ ᠦᠰᠦᠭ ᠲᠡᠢ ᠮᠣᠩᠭᠣᠯ
ᠲᠡᠨᠢᠭᠦᠨ ᠰᠠᠢᠬᠠᠨ ᠠᠮᠢᠳᠤᠷᠠᠯ ᠲᠠᠢ ᠮᠣᠩᠭᠣᠯ
ᠳᠡᠯᠭᠡᠷᠡᠬᠦ ᠪᠠᠶᠠᠨ ᠥᠪ ᠲᠡᠢ ᠮᠣᠩᠭᠣᠯ ᠠ᠋᠃
ᠮᠣᠩᠭᠣᠯ ᠳᠠᠭᠤᠤ ᠪᠥᠮᠪᠥᠷᠴᠡᠭ ᠲᠦ᠍ ᠴᠤᠤᠷᠢᠶᠠᠲᠤᠨ᠎ᠠ
ᠮᠣᠩᠭᠣᠯ ᠲᠡᠷᠯᠢᠭ ᠶᠢᠷᠲᠢᠨᠴᠦ ᠶ᠋ᠢ ᠴᠢᠮᠡᠭᠯᠡᠨ᠎ᠡ
ᠮᠥᠩᠬᠡ ᠶ᠋ᠢᠨ ᠲᠡᠦᠬᠡ ᠰᠤᠳᠤᠷ ᠨᠢ ᠥᠪᠯᠡᠭᠳᠡᠨ᠎ᠡ
ᠮᠥᠩᠭᠥᠨ ᠳᠣᠯᠣᠭᠠᠨ ᠣᠳᠣ ᠨᠢ ᠭᠢᠯᠠᠯᠵᠠᠨ᠎ᠠ᠃
ᠪᠣᠯᠪᠠᠰᠤᠨ ᠰᠣᠶᠣᠯ ᠮᠢᠨᠢ ᠬᠥᠭᠵᠢᠲᠦᠭᠡᠢ
ᠪᠣᠯᠣᠷ ᠡᠷᠳᠡᠨᠢ ᠰᠢᠭ ᠭᠡᠷᠡᠯᠲᠦᠲᠦᠭᠡᠢ
ᠭᠠᠯᠪᠠ ᠶ᠋ᠢᠨ ᠡᠪᠦᠷ ᠲᠦ᠍ ᠪᠠᠭᠲᠠᠲᠤᠭᠠᠢ
ᠭᠠᠩᠭᠠᠩ ᠪᠠᠢᠭᠠᠯᠢ ᠲᠠᠢ ᠪᠠᠨ ᠮᠥᠩᠬᠡᠷᠡᠲᠦᠭᠡᠢ᠃
8. ᠪᠣᠷᠣᠨᠠ
ᠪᠠᠶᠠᠨ ᠪᠠᠷᠭᠤ
ᠳᠣᠯᠣᠭᠣᠳ ᠂ ᠬᠠᠰᠪᠢᠯᠢᠭ᠌
ᠠᠰᠠᠷᠯᠠᠨ ᠰᠦᠨᠳᠡᠷᠯᠡᠵᠦ ᠴᠢᠨᠳᠠᠮᠤᠨᠢᠯᠠᠭᠰᠠᠨ ᠪᠠᠷᠭᠤ ᠶ᠋ᠢᠨ ᠭᠤᠷᠪᠠᠨ ᠬᠠᠢᠷᠬᠠᠨ ᠮᠢᠨᠢ᠂
ᠠᠯᠳᠠᠩᠬᠠᠨ ᠪᠠᠳᠢᠷ ᠰᠢᠭᠰᠢᠷᠡᠭᠰᠡᠨ ᠪᠤᠢᠷ ᠬᠥᠯᠥᠨ ᠳᠠᠯᠠᠢ ᠮᠢᠨᠢ᠂
ᠨᠡᠭᠦᠳᠡᠯ ᠦ᠋ᠨ ᠵᠢᠮ᠎ᠡ ᠪᠡᠷ ᠱᠠᠭᠯᠠᠭᠰᠠᠨ ᠠᠭᠤᠳᠠᠮ ᠰᠠᠷᠠᠭᠤᠯ ᠲᠠᠯ᠎ᠠ ᠮᠢᠨᠢ ᠂
ᠨᠦᠮᠵᠦᠭᠬᠡᠨ ᠵᠢᠷᠦᠬᠡᠨ ᠳ᠋ᠦ᠍ ᠤᠶᠠᠭ᠎ᠠ ᠲᠠᠢ ᠪᠠᠶᠠᠨ ᠪᠠᠷᠭᠤ ᠨᠤᠲᠤᠭ ᠮᠢᠨᠢ᠃
ᠠᠭᠤᠵᠢᠭᠤ ᠬᠣᠯᠠ ᠠ᠋ᠴᠠ ᠤᠶᠠᠩᠭ᠎ᠠ ᠲᠠᠢ ᠤᠷᠢᠳᠤ ᠶ᠋ᠢᠨ ᠳᠠᠭᠤᠤ ᠶ᠋ᠢᠨ ᠥᠯᠥᠭᠡᠢ ᠮᠢᠨᠢ᠂
ᠤᠬᠠᠭᠠᠨᠲᠤ ᠬᠥᠪᠡᠭᠦᠳ ᠢ᠋ᠶ᠋ᠡᠨ ᠳᠡᠪᠢᠭᠦᠯᠦᠭᠰᠡᠨ ᠲᠣᠯᠢᠶᠠᠲᠤ ᠪᠥᠬᠡ ᠶ᠋ᠢᠨ ᠨᠤᠲᠤᠭ ᠮᠢᠨᠢ ᠂
ᠰᠠᠯᠬᠢ ᠲᠦᠰᠢᠵᠦ ᠲᠡᠩᠵᠢᠭᠰᠡᠨ ᠰᠢᠨᠳᠠᠰᠤᠲᠤ ᠬᠦᠯᠦᠭ ᠦ᠋ᠨ ᠤᠳᠤᠮ ᠮᠢᠨᠢ᠂
ᠰᠠᠨᠠᠭ᠎ᠠ ᠰᠡᠳᠬᠢᠯ ᠳ᠋ᠦ᠍ ᠠᠷᠭᠠᠮᠵᠢᠶ᠎ᠠ ᠲᠠᠢ ᠪᠠᠶᠠᠨ ᠪᠠᠷᠭᠤ ᠨᠤᠲᠤᠭ ᠮᠢᠨᠢ᠃
ᠠᠢᠷᠠᠭ ᠠᠮᠰᠠᠵᠤ ᠢᠷᠦᠭᠡᠭᠰᠡᠨ ᠴᠤᠤᠲᠤ ᠪᠤᠭᠤᠷᠤᠯ ᠡᠪᠦᠭᠡᠳ ᠮᠢᠨᠢ᠂
ᠨᠠᠢᠷᠠᠭ ᠬᠣᠯᠪᠣᠵᠤ ᠰᠡᠴᠡᠯᠡᠭᠰᠡᠨ ᠰᠦ ᠪᠢᠯᠢᠭᠲᠦ ᠮᠡᠷᠭᠡᠳ ᠮᠢᠨᠢ᠂
ᠬᠣᠷᠭᠣᠢ ᠲᠣᠷᠭᠠᠨ ᠳ᠋ᠤ᠌ ᠤᠷ᠎ᠠ ᠲᠠᠢ ᠪᠠᠷᠭᠤᠵᠢᠨ ᠭᠤᠸ᠎ᠠ ᠳᠠᠭᠢᠨᠢᠰ ᠮᠢᠨᠢ᠂
ᠬᠣᠪᠳᠣᠯ ᠵᠢᠷᠦᠬᠡᠨ ᠳ᠋ᠦ᠍ ᠬᠣᠯᠪᠣᠭ᠎ᠠ ᠲᠠᠢ ᠪᠠᠶᠠᠨ ᠪᠠᠷᠭᠤ ᠨᠤᠲᠤᠭ ᠮᠢᠨᠢ᠃
ᠡᠭᠦᠯᠡᠨ ᠦ᠌ ᠥᠨᠳᠥᠷ ᠲᠦ᠍ ᠢᠰᠬᠢᠷᠦᠭᠰᠡᠨ《ᠡᠷ᠎ᠡ ᠪᠣᠷᠣ ᠬᠠᠷᠴᠠᠭᠠᠢ》 ᠮᠢᠨᠢ
ᠦᠯᠢᠭᠡᠷ ᠦ᠋ᠨ ᠥᠨᠳᠥᠷ ᠲᠦ᠍ ᠲᠤᠬᠠᠯᠠᠭᠰᠠᠨ《ᠰᠢᠯᠢᠨ ᠭᠠᠯᠵᠠᠭᠤ ᠪᠠᠭᠠᠲᠤᠷ》 ᠮᠢᠨᠢ
ᠢᠷᠠᠭᠤᠬᠠᠨ ᠡᠭᠡᠰᠢᠭ ᠢ᠋ᠶ᠋ᠡᠷ ᠴᠠᠯᠭᠢᠭᠰᠠᠨ ᠤᠷᠠᠨ ᠪᠡᠶᠡᠯᠡᠭᠡ《ᠵᠡᠭᠡᠷᠡᠩᠬᠡᠢ》 ᠮᠢᠨᠢ
ᠠᠷᠢᠭᠤᠬᠠᠨ ᠵᠢᠷᠦᠬᠡᠨ ᠳ᠋ᠦ᠍ ᠴᠢᠮᠡᠭ ᠲᠡᠢ ᠪᠠᠶᠠᠨ ᠪᠠᠷᠭᠤ ᠨᠤᠲᠤᠭ ᠮᠢᠨᠢ᠃
ᠭᠤᠷᠪᠠᠨ ᠵᠠᠭᠤᠨ ᠢ᠋ ᠳᠠᠮᠨᠠᠭᠰᠠᠨ ᠲᠡᠦᠬᠡ ᠶ᠋ᠢᠨ ᠶᠡᠬᠡ ᠨᠡᠭᠦᠳᠡᠯ ᠮᠢᠨᠢ᠂
ᠭᠣᠯᠣᠮᠲᠠ ᠶ᠋ᠢᠨ ᠭᠠᠯ ᠢ᠋ᠶ᠋ᠠᠨ ᠮᠠᠨᠠᠭᠰᠠᠨ ᠤᠳᠤᠮᠲᠤ ᠰᠡᠴᠡᠨ ᠳᠡᠭᠡᠳᠦᠭᠦᠯᠡ ᠮᠢᠨᠢ᠂
ᠦᠶ᠎ᠡ ᠶ᠋ᠢᠨ ᠦᠶ᠎ᠡ ᠳ᠋ᠦ᠍ ᠬᠡᠰᠢᠭ ᠲᠡᠢ ᠦᠯᠡᠮᠵᠢ ᠶ᠋ᠢᠨ ᠳᠠᠷᠬᠠᠨ ᠥᠯᠥᠭᠡᠢ ᠮᠢᠨᠢ᠂
ᠦᠷᠦ ᠵᠢᠷᠦᠬᠡᠨ ᠳ᠋ᠦ᠍ ᠵᠣᠯᠪᠣᠭ᠎ᠠ ᠲᠠᠢ ᠪᠠᠶᠠᠨ ᠪᠠᠷᠭᠤ ᠨᠤᠲᠤᠭ ᠮᠢᠨᠢ᠃
ᠳᠥᠷᠪᠡᠨ ᠴᠠᠭ ᠢ᠋ᠶ᠋ᠠᠷ ᠴᠥᠷᠭᠦᠯᠡᠭᠰᠡᠨ ᠭᠠᠩᠭᠠᠩ ᠰᠠᠢᠬᠠᠨ ᠪᠠᠢᠭᠠᠯᠢ ᠮᠢᠨᠢ᠂
ᠲᠠᠪᠤᠨ ᠰᠦᠷᠦᠭ ᠢ᠋ᠶ᠋ᠡᠨ ᠪᠡᠯᠴᠢᠭᠡᠭᠰᠡᠨ ᠮᠠᠯᠴᠢᠨ ᠮᠣᠩᠭᠣᠯ ᠵᠠᠶᠠᠭ᠎ᠠ ᠮᠢᠨᠢ᠂
ᠵᠢᠷᠭᠤᠭᠠᠨ ᠬᠠᠨ᠎ᠠ ᠲᠠᠢ ᠳᠡᠯᠡᠬᠡᠢ ᠳ᠋ᠡᠭᠡᠨ ᠵᠢᠷᠭᠠᠯ ᠳᠦᠭᠦᠷᠡᠩ ᠠᠮᠢᠳᠤᠷᠠᠯ ᠮᠢᠨᠢ᠂
ᠵᠢᠷᠦᠬᠡ ᠰᠡᠳᠬᠢᠯ ᠳ᠋ᠦ᠍ ᠨᠥᠮᠥᠷᠢ ᠲᠡᠢ ᠪᠠᠶᠠᠨ ᠪᠠᠷᠭᠤ ᠨᠤᠲᠤᠭ ᠮᠢᠨᠢ᠃
9. ᠮᠡᠷᠭᠡᠨᠪᠢᠯᠢᠭ
ᠭᠠᠵᠠᠷ ᠪᠣᠯᠭᠠᠨ ᠳ᠋ᠤ᠌ ᠰᠦ ᠪᠠᠢᠳᠠᠭ ᠴᠤ᠌
ᠭᠠᠭᠴᠠ ᠯᠠ ᠮᠣᠩᠭᠣᠯ ᠳ᠋ᠤ᠌ ᠥᠷᠥᠮ᠎ᠡ ᠰᠠᠭᠤᠳᠠᠭ
ᠤᠯᠤᠰ ᠪᠣᠯᠭᠠᠨ ᠳ᠋ᠤ᠌ ᠬᠡᠯᠡ ᠪᠠᠢᠳᠠᠭ ᠴᠤ᠌
ᠣᠨᠴᠠ ᠯᠠ ᠮᠣᠩᠭᠣᠯ ᠳ᠋ᠤ᠌ ᠪᠣᠰᠤᠭ᠎ᠠ ᠪᠢᠴᠢᠭᠳᠡᠳᠡᠭ᠃
10. ᠵᠢᠷᠠᠨᠲᠠᠢ
ᠠᠭᠤᠯᠠᠨ ᠳ᠋ᠤ᠌ ᠠᠭᠤᠯᠠᠨ ᠤ᠋ ᠥᠪᠡᠷ ᠦ᠋ᠨ ᠢ᠋ᠶ᠋ᠡᠨ ᠥᠨᠳᠥᠷ ᠪᠠᠢᠳᠠᠭ
ᠤᠰᠤᠨ ᠳ᠋ᠤ᠌ ᠤᠰᠤᠨ ᠤ᠋ ᠥᠪᠡᠷ ᠦ᠋ᠨ ᠢ᠋ᠶ᠋ᠡᠨ ᠭᠦᠨ ᠪᠠᠢᠳᠠᠭ᠃
11. ᠰᠢᠨ ᠴᠦᠨ
ᠥᠷᠯᠥᠭᠡ ᠪᠣᠯᠭᠠᠨ ᠪᠠᠶᠠᠷᠯᠠᠵᠤ ᠪᠠᠢᠪᠠᠯ ᠡᠳᠦᠷ ᠦ᠋ᠨ ᠵᠢᠷᠭᠠᠯᠠᠩ᠂
ᠥᠪᠡᠷ ᠪᠤᠰᠤᠳ ᠢ᠋ ᠪᠠᠶᠠᠰᠬᠠᠵᠤ ᠪᠠᠢᠪᠠᠯ ᠨᠠᠰᠤᠨ ᠤ᠋ ᠵᠢᠷᠭᠠᠯᠠᠩ᠃
12. ᠨᠠᠷᠠᠨᠲᠣᠭᠣᠰ
ᠮᠣᠩᠭᠣᠯ ᠬᠡᠯᠡ ᠪᠡᠷ ᠰᠤᠷᠤᠭᠰᠠᠨ ᠬᠦᠦ ᠶ᠋ᠢᠨ ᠰᠦᠯᠳᠡ ᠨᠢ ᠲᠠᠩᠳᠠ ᠪᠠᠨ ᠵᠣᠭᠰᠣᠭ᠎ᠠ ᠪᠠᠢᠳᠠᠭ᠂
ᠮᠣᠩᠭᠣᠯ ᠦᠰᠦᠭ ᠢ᠋ᠶ᠋ᠡᠷ ᠪᠢᠴᠢᠭᠰᠡᠨ ᠬᠡᠦᠬᠡᠨ ᠦ᠌ ᠬᠡᠢᠮᠣᠷᠢ ᠨᠢ ᠲᠠᠩᠳᠠ ᠵᠣᠭᠰᠣᠭ᠎ᠠ ᠪᠠᠢᠳᠠᠭ᠃
13. ᠤᠤᠭᠠᠨᠵᠢᠳ
ᠬᠡᠯᠡᠬᠦ ᠶ᠋ᠢ ᠳᠠᠭᠠᠭᠠᠬᠤ ᠦᠭᠡᠢ ᠪᠣᠯ ᠤᠬᠠᠭᠠᠨ ᠣᠷᠣᠬᠤ ᠦᠭᠡᠢ
ᠬᠢᠬᠦ ᠶ᠋ᠢ ᠲᠡᠰᠪᠦᠷᠢᠯᠡᠬᠦ ᠦᠭᠡᠢ ᠪᠣᠯ ᠴᠢᠳᠠᠯ ᠨᠡᠮᠡᠭᠳᠡᠬᠦ ᠦᠭᠡᠢ
ᠴᠢᠬᠢ ᠪᠡᠷ ᠢ᠋ᠶ᠋ᠡᠨ ᠰᠣᠨᠣᠰᠬᠤ ᠦᠭᠡᠢ ᠪᠣᠯ ᠬᠤᠳᠠᠯ ᠬᠠᠭᠤᠷᠮᠠᠭ ᠣᠯᠠᠨ
ᠨᠢᠳᠦ ᠪᠡᠷ ᠢ᠋ᠶ᠋ᠡᠨ ᠦᠵᠡᠬᠦ ᠦᠭᠡᠢ ᠪᠣᠯ ᠦᠨᠡᠨ ᠪᠣᠳᠠᠲᠠᠢ ᠨᠢ ᠴᠥᠭᠡᠨ᠃
14. ᠬᠠᠰᠠᠠᠭᠣᠯᠠ
ᠪᠢᠴᠢᠭ ᠰᠣᠶᠣᠯ ᠳ᠋ᠤᠷ ᠬᠢᠴᠢᠶᠡᠨ ᠰᠢᠮᠡᠳᠡᠪᠡᠰᠦ ᠣᠶᠤᠨ ᠤᠬᠠᠭᠠᠨ ᠬᠤᠷᠴᠠ᠂
ᠪᠢᠯᠢᠭ ᠤᠬᠠᠭᠠᠨ ᠰᠡᠷᠭᠦᠯᠡᠩ ᠪᠣᠯᠪᠠᠰᠤ ᠬᠦᠴᠦᠨ ᠴᠢᠳᠠᠯ ᠦᠯᠡᠮᠵᠢ᠁( ᠮᠡᠷᠭᠡᠳ ᠦ᠋ᠨ ᠰᠤᠷᠭᠠᠯ)
15. ᠳᠠᠯᠠᠨᠲᠠᠢ
ᠮᠢᠨᠦ ᠨᠤᠲᠤᠭ
ᠮᠠᠩᠨᠤᠭ ᠲᠠᠯ᠎ᠠ ᠷᠠᠰᠢᠶᠠᠨ ᠪᠤᠯᠠᠭ ᠂ᠮᠠᠯ ᠰᠦᠷᠦᠭ ᠮᠣᠩᠭᠣᠯ ᠠᠮᠢᠳᠤᠷᠠᠯ᠂
ᠲᠡᠦᠬᠡ ᠳᠣᠮᠣᠭ ᠲᠦᠮᠡᠨ ᠠᠮᠢᠲᠠᠨ ᠂ᠲᠡᠭᠦᠯᠳᠡᠷ ᠶᠡᠬᠡ ᠲᠠᠬᠢᠯᠭ᠎ᠠ ᠳᠠᠭᠠᠳᠬᠠᠯ ᠲᠠᠢ᠂
ᠡᠨᠡ ᠪᠣᠯ ᠮᠢᠨᠦ ᠤᠨᠠᠭᠰᠠᠨ ᠰᠢᠷᠣᠢ ᠂ᠡᠵᠢ ᠶ᠋ᠢᠨ ᠨᠤᠲᠤᠭ ᠰᠠᠢᠬᠠᠨ ᠭᠠᠵᠠᠷ᠂
ᠡᠨᠡ ᠪᠣᠯ ᠮᠢᠨᠦ ᠲᠥᠷᠥᠭᠰᠡᠨ ᠥᠯᠥᠭᠡᠢ ᠂ᠠᠪᠤ ᠶ᠋ᠢᠨ ᠨᠤᠲᠤᠭ ᠠᠰᠢᠳᠠ ᠶ᠋ᠢᠨ ᠣᠷᠣᠨ᠃
16. ᠪᠣᠷᠵᠢᠭᠢᠨ ᠤᠷᠠᠨ
ᠳᠥᠷᠪᠡᠨ— ᠪᠣᠯᠬᠤ
ᠡᠯᠡᠰᠦ ᠮᠠᠩᠬ᠎ᠠ ᠪᠠᠨ ᠥᠭᠡᠷᠡᠴᠢᠯᠡᠪᠡᠯ ᠨᠣᠮᠢᠨ ᠪᠣᠯᠬᠤ
ᠡᠪᠳᠡᠷᠡᠯ ᠬᠣᠬᠢᠷᠠᠯ ᠢ᠋ᠶ᠋ᠠᠨ ᠡᠭᠡᠭᠦᠯᠪᠡᠯ ᠲᠠᠪᠰᠢᠯᠲᠠ ᠪᠣᠯᠬᠤ
ᠡᠷᠭᠢᠬᠦ ᠮᠠᠷᠭᠠᠰᠢ ᠪᠠᠨ ᠴᠣᠭᠴᠠᠯᠠᠪᠠᠯ ᠰᠢᠨᠡᠴᠢᠯᠡᠯ ᠪᠣᠯᠬᠤ
ᠡᠵᠡᠨᠲᠦ ᠨᠤᠲᠤᠭ ᠢ᠋ᠶ᠋ᠠᠨ ᠰᠠᠬᠢᠪᠠᠯ ᠪᠤᠶᠠᠨ ᠪᠣᠯᠬᠤ᠃
17. ᠦᠵᠢᠶᠡᠳ ᠡᠷᠳᠡᠨᠢᠴᠴᠡᠭ
ᠠᠵᠢᠯ ᠤ᠋ᠨ ᠴᠠᠭᠠᠨ ᠪᠤᠶᠠᠨ ᠲᠠᠢ
ᠠᠯᠢᠮᠠᠳ ᠴᠠᠭᠠᠨ ᠭᠡᠷ ᠦ᠋ᠨ
ᠠᠷᠢᠭᠤᠨ ᠴᠠᠭᠠᠨ ᠳ᠋ᠤ᠌ ᠳᠠᠯᠳᠢᠷᠠᠭᠠᠳ
ᠠᠶᠤᠩᠭ᠎ᠠ ᠣᠢᠷᠠᠳᠬᠤ ᠶᠣᠰᠣ ᠦᠭᠡᠢ᠃
ᠡᠪᠡᠷᠬᠡᠢ ᠠᠷᠭᠠᠯ ᠬᠣᠷᠮᠣᠢᠯᠠᠭᠰᠠᠨ
ᠡᠵᠡᠭᠲᠡᠢ ᠮᠠᠨᠠᠢ ᠳᠠᠬᠢᠭᠠᠳ ᠵᠣᠯᠭᠠᠬᠤ ᠳ᠋ᠤ᠌
ᠡᠨᠧᠷᠭᠢ ᠴᠠᠬᠢᠯᠭᠠᠨ ᠭᠢᠯᠪᠠᠭᠤᠯᠤᠭᠰᠠᠨ
ᠡᠭᠡᠮᠦᠭ ᠵᠡᠭᠦᠴᠢᠬᠡᠭᠰᠡᠨ ᠤᠭᠲᠤᠬᠤ ᠪᠣᠢ᠃
18. ᠨᠤᠮᠤᠴᠢᠨ ᠪᠢᠯᠢᠭ
ᠬᠥᠮᠦᠨ ᠪᠦᠷᠢ ᠪᠦᠷ ᠥᠪᠡᠷ ᠦ᠋ᠨ ᠳᠠᠪᠠᠭᠤᠯᠢᠭ ᠲᠠᠯ᠎ᠠ ᠪᠠᠢᠳᠠᠭ᠃ ᠬᠠᠷᠢᠭᠤᠴᠠᠭᠤᠯᠬᠤ ᠴᠢᠬᠤᠯᠠ ᠦᠭᠡᠢ᠃
ᠰᠠᠯᠬᠢᠨ ᠳ᠋ᠤ᠌ ᠰᠠᠯᠬᠢᠨ ᠤ᠋ ᠥᠪᠡᠷ ᠦ᠋ᠨ ᠢ᠋ᠶ᠋ᠡᠨ ᠡᠷᠬᠡ ᠴᠢᠯᠥᠭᠡ ᠪᠣᠢ᠂
ᠡᠭᠦᠯᠡᠨ ᠳ᠋ᠦ᠍ ᠡᠭᠦᠯᠡᠨ ᠦ᠌ ᠥᠪᠡᠷ ᠦ᠋ᠨ ᠢ᠋ᠶ᠋ᠡᠨ ᠤᠶᠠᠨ ᠵᠥᠭᠡᠯᠡᠨ ᠪᠠᠢᠳᠠᠭ᠂ ᠳᠠᠭᠤᠷᠢᠶᠠᠬᠤ ᠴᠢᠬᠤᠯᠠ ᠦᠭᠡᠢ᠃
ᠬᠥᠮᠦᠨ ᠪᠦᠷᠢ ᠪᠦᠷ ᠥᠪᠡᠷ ᠦ᠋ᠨ ᠢ᠋ᠶ᠋ᠡᠨ ᠣᠨᠴᠠ ᠴᠢᠨᠠᠷ ᠪᠠᠢᠳᠠᠭ᠃
19. ᠵᠢᠩᠵᠢᠬᠤᠸᠠᠷ
ᠡᠩᠬᠡ ᠲᠠᠢᠪᠤᠩ ᠡᠷᠬᠢᠮ ᠵᠢᠷᠭᠠᠯ ᠂ᠡᠷᠬᠡ ᠴᠢᠯᠥᠭᠡ ᠮᠠᠩᠯᠠᠢ ᠵᠢᠷᠭᠠᠯ᠃
ᠡᠮᠨᠢᠭ ᠮᠣᠷᠢ ᠡᠵᠡᠨ ᠳ᠋ᠡᠭᠡᠨ ᠬᠠᠯᠠ ᠲᠠᠢ ᠂ᠡᠭᠡᠳᠡᠭᠦᠦ ᠰᠠᠨᠠᠭ᠎ᠠ ᠪᠡᠶ᠎ᠡ ᠳ᠋ᠦ᠍ ᠬᠠᠯᠠ ᠲᠠᠢ᠃
ᠠᠭᠤᠯᠵᠠᠬᠤ ᠠ᠋ᠴᠠ ᠡᠮᠦᠨ᠎ᠡ ᠂ᠠᠭᠤᠯᠠ ᠶ᠋ᠢᠨ ᠬᠣᠶᠠᠷ ᠭᠥᠷᠥᠭᠡᠰᠦ᠃
ᠠᠭᠤᠯᠵᠠᠭᠰᠠᠨ ᠤ᠋ ᠳᠠᠷᠠᠭ᠎ᠠ ᠂ᠠᠭᠤᠰᠬᠢ ᠶ᠋ᠢᠨ ᠬᠣᠶᠠᠷ ᠰᠤᠳᠠᠰᠤ᠃
20. ᠪᠣᠷᠵᠢᠭᠢᠨ ᠤᠷᠠᠨᠴᠡᠴᠡᠭ
ᠡᠭᠡᠯᠵᠢᠯᠡᠬᠦ ᠣᠨ ᠤ᠋ ᠬᠦᠷᠳᠦᠲᠦ ᠲᠡᠷᠭᠡᠨ ᠳ᠋ᠦ᠍ ᠲᠣᠰᠣ ᠪᠢᠰᠢ ᠤᠬᠠᠭᠠᠨ ᠨᠡᠮᠡᠷᠢᠯᠡᠶ᠎ᠡ
ᠡᠷᠭᠢᠬᠦ ᠮᠠᠷᠭᠠᠰᠢ ᠶ᠋ᠢᠨ ᠦᠢᠯᠡᠰ ᠦ᠋ᠨ ᠭᠠᠢᠬᠠᠮᠰᠢᠭ ᠲᠤ᠌ ᠳᠠᠭᠤᠨ ᠪᠢᠰᠢ ᠬᠦᠴᠦᠨ ᠨᠡᠮᠡᠷᠢᠯᠡᠶ᠎ᠡ
ᠡᠭᠡᠯ ᠪᠣᠷᠣᠭᠵᠢᠭᠤᠨ ᠤ᠋ ᠰᠤᠷᠲᠠᠯ ᠤ᠋ᠨ ᠨᠠᠨᠳᠢᠨ ᠳ᠋ᠤ᠌ ᠦᠭᠡ ᠪᠢᠰᠢ ᠢᠲᠡᠭᠡᠯ ᠨᠡᠮᠡᠷᠢᠯᠡᠶ᠎ᠡ
ᠡᠴᠢᠨ᠎ᠡ ᠬᠣᠯᠠ ᠶ᠋ᠢᠨ ᠠᠶᠠᠨ ᠤ᠋ ᠭᠠᠷᠤᠭ᠎ᠠ ᠳ᠋ᠤ᠌ ᠤᠷᠢᠶ᠎ᠠ ᠪᠢᠰᠢ ᠦᠢᠯᠡᠰ ᠨᠡᠮᠡᠷᠢᠯᠡᠶ᠎ᠡ᠃
21. ᠭᠠᠹᠠᠯᠮ᠎ᠠ
ᠮᠣᠩᠭᠣᠯ ᠦᠰᠦᠭ᠂ ᠮᠣᠷᠢ ᠮᠠᠯ ᠬᠥᠯ ᠢ᠋ᠶ᠋ᠡᠷ ᠶᠠᠪᠤᠵᠤ᠂ ᠮᠣᠭᠠᠢ ᠬᠣᠷᠣᠬᠠᠢ ᠬᠡᠪᠡᠯᠢ ᠪᠡᠷ ᠶᠠᠪᠤᠵᠤ᠂ ᠬᠥᠮᠦᠨ ᠪᠣᠯᠣᠭᠰᠠᠳ ᠪᠣᠰᠤᠭ᠎ᠠ ᠪᠠᠷ ᠶᠠᠪᠤᠳᠠᠭ ᠠ᠋ᠴᠠ ᠬᠥᠭᠵᠢᠬᠦ ᠮᠣᠩᠭᠣᠯ ᠦᠰᠦᠭ ᠢ᠋ ᠬᠥᠮᠦᠨ ᠲᠡᠢ ᠠᠳᠠᠯᠢ ᠪᠣᠰᠤᠭ᠎ᠠ ᠪᠠᠷ ᠰᠡᠳᠬᠢᠪᠡᠢ᠃ ᠡᠬᠡᠰᠢᠭ ᠳᠣᠯᠣᠭ᠎ᠠ ᠨᠢ ᠠᠷᠭ᠎ᠠ ᠶ᠋ᠢᠨ ᠭᠤᠷᠪᠠ᠃ ᠪᠢᠯᠢᠭ ᠦ᠋ᠨ ᠭᠤᠷᠪᠠ᠃ ᠰᠠᠭᠠᠷᠮᠠᠭ ᠨᠢᠭᠡ ᠲᠡᠢ ᠪᠡᠨ ᠳᠣᠯᠣᠭᠠᠨ ᠭᠠᠷᠠᠭ ᠢ᠋ᠶ᠋ᠠᠨ ᠢᠯᠡᠳᠬᠡᠨ᠎ᠡ᠃ ᠳᠡᠪᠢᠰᠬᠡᠷ ᠦᠰᠦᠭ ᠨᠢ ᠯᠤᠤᠰ ᠢ᠋ ᠲᠥᠯᠥᠭᠡᠯᠡᠵᠦ᠂ ᠭᠡᠢᠭᠦᠯᠦᠭᠴᠢ ᠦᠰᠦᠭ ᠨᠢ ᠭᠠᠵᠠᠷ ᠢ᠋ ᠢᠯᠡᠳᠬᠡᠨ᠎ᠡ᠃
22. ᠨᠣᠷᠤᠮᠠ
ᠭᠤᠷᠪᠠᠨ ᠡᠷᠬᠢᠮ
ᠠᠵᠢᠯᠴᠢ ᠪᠣᠷᠣᠭᠵᠢᠭᠤᠨ ᠨᠢᠭᠡ ᠡᠷᠬᠢᠮ
ᠠᠯᠤᠰ ᠢ᠋ ᠪᠣᠳᠣᠬᠤ ᠨᠢᠭᠡ ᠡᠷᠬᠢᠮ
ᠠᠵᠢᠭᠯᠠᠵᠤ ᠪᠠᠢᠴᠠᠭᠠᠬᠤ ᠨᠢᠭᠡ ᠡᠷᠬᠢᠮ᠃
23. ᠮᠥᠩᠭᠥᠨ
ᠬᠣᠯᠪᠣᠭ᠎ᠠ ᠦᠭᠡᠰ
ᠭᠡᠷᠡᠯᠲᠦᠭᠰᠡᠭᠡᠷ— ᠮᠠᠷᠭᠤᠵᠤ ᠭᠡᠷᠡᠯᠲᠦᠭᠰᠡᠭᠡᠷ᠂ ᠳᠤᠸᠠᠯᠠᠵᠤ ᠭᠡᠷᠡᠯᠲᠦᠭᠰᠡᠭᠡᠷ
ᠰᠠᠭᠠᠳᠠᠭᠤᠯᠳᠠᠭ— ᠬᠡᠦᠬᠡᠳ ᠰᠠᠭᠠᠲᠠᠭᠤᠯᠳᠠᠭ᠂ ᠬᠠᠷᠰᠢᠯᠠᠵᠤ ᠰᠠᠭᠠᠲᠠᠭᠤᠯᠳᠠᠭ
ᠣᠷᠬᠢᠭᠠᠳ— ᠬᠠᠶᠠᠵᠤ ᠣᠷᠬᠢᠭᠠᠳ
ᠳᠤᠭᠤᠢ— ᠳᠤᠭᠤᠢ ᠲᠡᠷᠭᠡ
ᠲᠡᠢᠨ— ᠲᠡᠢᠨ ᠪᠠᠢᠯᠳᠤᠭᠠᠨ᠂ ᠲᠡᠢᠨ ᠢᠯᠭᠠᠯ᠃
24. ᠰᠠᠷᠠᠨᠭᠡᠷᠡᠯ
ᠦᠰᠦᠭ ᠪᠢᠴᠢᠭ ᠦ᠋ᠨ ᠢ᠋ᠶ᠋ᠡᠨ ᠲᠥᠯᠥᠭᠡ ᠥᠪᠡᠷ ᠢ᠋ ᠪᠡᠨ ᠬᠠᠢᠬᠤᠷᠤᠯ ᠦᠭᠡᠢ ᠵᠢᠳᠬᠦᠵᠦ ᠪᠠᠢᠭ᠎ᠠ ᠬᠥᠮᠦᠰ ᠦ᠋ᠨ ᠥᠭᠡᠳᠡ ᠡᠴᠡ ᠬᠦᠢᠲᠡᠨ ᠤᠰᠤ ᠰᠠᠴᠤᠵᠤ᠂ ᠦᠰᠲᠡᠨ ᠦ᠌ ᠪᠡᠨ ᠡᠮᠦᠨ᠎ᠡ ᠡᠪᠦᠳᠦᠭ ᠰᠥᠬᠥᠷᠡᠨ ᠥᠷᠥᠰᠢᠶᠡᠯ ᠭᠣᠶᠣᠳᠠᠭ ᠬᠥᠮᠦᠰ ᠪᠠᠰᠠ ᠪᠠᠢᠬᠤ ᠨᠢ ᠳᠠᠩᠴᠤ ᠬᠥᠭᠡᠷᠦᠬᠦᠢᠯᠡᠯᠲᠡᠢ!
25. ᠬᠤᠷᠴᠠᠰᠡᠴᠡᠨ
ᠬᠣᠵᠢᠮ ᠮᠣᠩᠭᠣᠯ ᠰᠤᠷᠭᠠᠭᠤᠯᠢ ᠪᠠᠢᠪᠠᠯ ᠬᠡᠦᠬᠡᠳ ᠢ᠋ᠶ᠋ᠡᠨ ᠮᠣᠩᠭᠣᠯ ᠢ᠋ᠶ᠋ᠠᠷ ᠨᠢ ᠪᠢᠴᠢᠭ ᠦᠵᠡᠭᠦᠯᠦᠭᠡᠷᠡᠢ᠂ ᠬᠡᠷᠪᠡ ᠪᠠᠢᠬᠤ ᠦᠭᠡᠢ ᠪᠣᠯ ᠥᠪᠡᠷ ᠢ᠋ᠶ᠋ᠡᠨ ᠬᠡᠦᠬᠡᠳ ᠲᠦ᠍ ᠪᠡᠨ ᠮᠣᠩᠭᠣᠯ ᠪᠠᠭᠰᠢ ᠨᠢ ᠪᠤᠯᠵᠠᠭᠠᠶ᠎ᠠ!
26. ᠭᠠᠹᠠᠯᠮ᠎ᠠ
ᠨᠣᠭᠣᠭ᠎ᠠ ᠪᠠᠨ ᠦᠵᠡᠵᠦ ᠬᠣᠭᠣᠯᠠ ᠪᠠᠨ ᠬᠢ᠂ ᠪᠡᠶ᠎ᠡ ᠪᠡᠨ ᠬᠡᠮᠵᠢᠵᠦ ᠬᠤᠪᠴᠠᠰᠤ ᠪᠠᠨ ᠡᠰᠬᠡ᠃
ᠰᠠᠯᠠᠭ᠎ᠠ ᠰᠠᠢᠲᠠᠢ ᠮᠣᠳᠣᠨ ᠳ᠋ᠤ᠌ ᠰᠢᠪᠠᠭᠤ ᠣᠯᠠᠨ ᠴᠤᠭᠯᠠᠷᠠᠨ᠎ᠠ᠃ ᠰᠠᠨᠠᠭ᠎ᠠ ᠰᠠᠢᠲᠠᠢ ᠬᠥᠮᠦᠨ ᠳ᠋ᠦ᠍ ᠨᠥᠬᠥᠷ ᠣᠯᠠᠨ᠃
ᠡᠷᠳᠡᠮ ᠦᠭᠡᠢ ᠬᠥᠮᠦᠨ ᠦ᠌ ᠣᠷᠬᠢᠬᠤ ᠨᠢ ᠶᠡᠬᠡ᠂ ᠢᠰᠡᠭᠡᠢ ᠤᠭᠤᠲᠠᠨ ᠤ᠋ ᠣᠷᠣᠴᠠ ᠨᠢ ᠶᠡᠬᠡ᠃
ᠤᠬᠠᠵᠤ ᠴᠢᠳᠠᠪᠠᠯ ᠨᠣᠮ ᠠᠯᠲᠠ᠂ ᠤᠨᠤᠵᠤ ᠴᠢᠳᠠᠪᠠᠯ ᠮᠣᠷᠢ ᠡᠷᠳᠡᠨᠢ᠃
27. ᠸᠢᠢᠰᠢᠩᠬᠤᠸᠠᠷ
ᠬᠡᠢᠮᠣᠷᠢ ᠲᠣᠯᠢ ᠪᠢᠴᠢᠭ᠂
28. ᠱᠢᠷᠦᠨᠴᠢᠮᠡᠭ
ᠠᠪᠤ ᠶ᠋ᠢᠨ ᠰᠤᠷᠭᠠᠯ ᠠᠯᠲᠠ ᠡᠵᠢ ᠶ᠋ᠢᠨ ᠰᠤᠷᠭᠠᠯ ᠡᠷᠳᠡᠨᠢ᠃
29. ᠮᠥᠩᠭᠥᠨ
ᠡᠰᠡᠷᠭᠦ ᠤᠳᠬ᠎ᠠ ᠲᠠᠢ ᠦᠭᠡᠰ᠄
ᠪᠠᠷᠠᠭᠤᠨᠲᠠᠢ— ᠵᠡᠭᠦᠨᠲᠡᠢ
ᠡᠳᠦᠷᠵᠢᠨ — ᠰᠥᠨᠢᠵᠢᠨ
ᠥᠷᠥᠭᠡᠰᠦᠨ— ᠬᠣᠣᠰ᠂ ᠵᠦᠢᠷᠡᠢ᠃
30. ᠦᠵᠢᠶᠡᠳ ᠡᠷᠳᠡᠨᠢᠴᠡᠴᠡᠭ
ᠢᠰᠡᠭᠡᠢ ᠬᠠᠨᠴᠤᠢ ᠰᠤᠭᠤᠯᠳᠤᠷᠭᠠᠯᠠᠭᠰᠠᠨ
ᠬᠠᠭᠤᠴᠢᠨ ᠬᠦᠦ ᠮᠢᠨᠢ ᠬᠤᠪᠢᠷᠠᠭᠠᠳ
ᠡᠯᠧᠺᠲ᠋ᠷᠣᠨ ᠮᠠᠰᠢᠨ ᠰᠤᠷᠭᠠᠭᠰᠠᠨ
ᠡᠮᠨᠢᠭᠴᠢᠨ ᠪᠣᠯᠴᠢᠬᠠᠭᠰᠠᠨ ᠪᠠᠢᠬᠤ ᠪᠣᠢ
ᠨᠣᠭᠣᠭᠠᠨ ᠲᠩᠷᠢ ᠶ᠋ᠢᠨ ᠣᠳᠣ ᠴᠠᠭᠠᠨ ᠰᠡᠳᠬᠢᠯ ᠦ᠋ᠨ ᠰᠣᠳᠣ
ᠮᠣᠩᠭᠣᠯ ᠮᠢᠨᠦ ᠭᠡᠷ ᠮᠣᠩᠭᠣᠯ ᠬᠥᠮᠦᠨ ᠦ᠌ ᠨᠡᠷ᠎ᠡ᠃
ᠠᠷᠲᠠᠢ ᠶ᠋ᠢᠨ ᠵᠣᠬᠢᠶᠠᠯ ᠤ᠋ᠨ ᠰᠢᠯᠢᠮᠡᠯ ᠡᠴᠡ ᠰᠣᠩᠭᠣᠨ ᠰᠡᠢᠷᠡᠭᠦᠯᠵᠦ ᠪᠠᠷᠠᠪᠠ᠃
31. ᠭᠠᠸᠠ
ᠬᠦᠰᠡᠯᠡᠩ ᠳ᠋ᠦ᠍ ᠪᠠᠢᠬᠤ ᠶᠠᠭᠤᠮ᠎ᠠ ᠭᠡᠵᠦ ᠦᠭᠡᠢ᠂ ᠦᠭᠡᠢ ᠶᠠᠭᠤᠮ᠎ᠠ ᠭᠡᠵᠦ ᠪᠠᠰᠠ ᠦᠭᠡᠢ ᠃ᠶᠠᠭ ᠯᠠ ᠵᠠᠮ ᠯᠤᠭ᠎ᠠ ᠠᠳᠠᠯᠢ ᠃ ᠤᠤᠯ ᠨᠢ ᠭᠠᠵᠠᠷ ᠳᠡᠭᠡᠷ᠎ᠡ ᠵᠠᠮ ᠪᠠᠢᠭᠰᠠᠨ ᠦᠭᠡᠢ᠂ ᠶᠠᠪᠤᠬᠤ ᠬᠥᠮᠦᠨ ᠣᠯᠠᠰᠢᠷᠠᠭᠰᠠᠭᠠᠷ ᠵᠠᠮ ᠪᠣᠯᠴᠢᠬᠠᠳᠠᠭ ᠪᠢᠰᠢ ᠤᠤ —ᠯᠦ᠍ ᠰᠢᠶᠦ᠋ᠨ
32. ᠪᠣᠷᠵᠢᠭᠢᠨ ᠤᠷᠠᠨᠴᠡᠴᠡᠭ
ᠠᠷᠭ᠎ᠠ ᠪᠦᠬᠦᠨ ᠢ᠋ ᠰᠦᠪᠡᠭᠴᠢᠯᠡᠨ
ᠠᠮᠢᠨ ᠤ᠋ ᠦᠭᠡ ᠬᠡᠯᠡ ᠪᠡᠨ ᠬᠡᠯᠡᠵᠦ
ᠤᠬᠠᠭᠠᠨ ᠪᠣᠯᠭᠠᠨ ᠢ᠋ ᠬᠡᠷᠡᠭᠯᠡᠭᠡᠳ
ᠤᠳᠤᠮ ᠤ᠋ᠨ ᠦᠰᠦᠭ ᠪᠢᠴᠢᠭ ᠢ᠋ᠶ᠋ᠡᠨ ᠪᠢᠴᠢᠶ᠎ᠡ
ᠪᠣᠳᠣᠯᠭ᠎ᠠ ᠪᠢᠯᠢᠭ ᠢ᠋ᠶ᠋ᠡᠨ ᠪᠠᠳᠠᠷᠭᠠᠨ
ᠪᠤᠭᠤᠷᠤᠯᠴᠤᠳ ᠤ᠋ᠨ ᠲᠡᠦᠬᠡ ᠪᠡᠨ ᠰᠢᠨᠡᠳᠬᠡᠶᠡ᠃
33. ᠤᠤᠭᠠᠨᠵᠢᠳ
ᠥᠩᠭᠡᠲᠦ ᠶᠢᠷᠲᠢᠨᠴᠦ ᠳ᠋ᠦ᠍ ᠭᠠᠵᠠᠷ ᠪᠦᠬᠦᠨ ᠰᠠᠢᠬᠠᠨ ᠪᠣᠯᠪᠠᠴᠤ
ᠥᠯᠥᠭᠡᠢ ᠨᠤᠲᠤᠭ ᠢ᠋ ᠮᠢᠨᠢ ᠭᠦᠢᠴᠡᠬᠦ ᠰᠠᠢᠬᠠᠨ ᠭᠠᠵᠠᠷ ᠭᠡᠵᠦ ᠦᠭᠡᠢ᠂
ᠡᠷᠳᠡᠮ ᠰᠤᠷᠬᠤ ᠳ᠋ᠤ᠌ ᠬᠡᠯᠡ ᠪᠦᠬᠦᠨ ᠰᠠᠢᠬᠠᠨ ᠪᠣᠯᠪᠠᠴᠤ
ᠡᠬᠡ ᠬᠡᠯᠡ ᠶ᠋ᠢ ᠮᠢᠨᠢ ᠭᠦᠢᠴᠡᠬᠦ ᠰᠠᠢᠬᠠᠨ ᠬᠡᠯᠡ ᠭᠡᠵᠦ ᠦᠭᠡᠢ᠃
34. ᠭᠠᠹᠠᠯᠮ᠎ᠠ
ᠤᠢᠭᠤᠷᠵᠢᠨ ᠮᠣᠩᠭᠣᠯ ᠦᠰᠦᠭ ᠢ᠋ᠶ᠋ᠡᠨ ᠪᠢᠳᠡ ᠣᠯᠠᠨ ᠤ᠋ ᠳᠤᠮᠳᠠ ᠠ᠋ᠴᠠ ᠣᠨᠴᠠᠯᠠᠵᠤ ᠪᠢᠴᠢᠶ᠎ᠡ᠂ ᠣᠳᠣᠳ ᠤ᠋ᠨ ᠲᠣᠭᠠᠨ ᠠ᠋ᠴᠠ ᠣᠯᠠᠨ ᠪᠢᠴᠢᠶ᠎ᠡ᠂ ᠣᠨᠴᠠ ᠪᠠᠶᠠᠨ ᠢ᠋ ᠨᠢ ᠭᠠᠢᠬᠠᠭᠤᠯᠵᠤ ᠪᠢᠴᠢᠶ᠎ᠡ!
35. ᠮᠥᠩᠭᠥᠨ
ᠴᠠᠬᠢᠮ ᠮᠣᠩᠭᠣᠯ ᠲᠣᠯᠢ ᠪᠢᠴᠢᠭ ᠬᠢᠬᠦ ᠠᠵᠢᠯ ᠮᠢᠨᠢ ᠥᠨᠳᠥᠷ ᠠᠮᠵᠢᠯᠲᠠ ᠳ᠋ᠤ᠌ ᠬᠦᠷᠬᠦ ᠪᠣᠯᠲᠤᠭᠠᠢ!
36. ᠰᠢᠨ ᠴᠦᠨ
ᠥᠨᠥᠳᠥᠷ ᠮᠠᠨ ᠤ᠋ ᠮᠣᠩᠭᠣᠯ ᠤ᠋ᠨ ᠭᠠᠷ ᠲᠤ᠌ ᠵᠠᠷᠤᠬᠤ ᠵᠣᠭᠣᠰ ᠪᠠᠢᠬᠤ ᠦᠭᠡᠢ ᠳ᠋ᠦ᠍ ᠬᠠᠮᠢᠶ᠎ᠠ ᠦᠭᠡᠢ᠃
ᠮᠠᠷᠭᠠᠰᠢ ᠮᠠᠨ ᠤ᠋ ᠮᠣᠩᠭᠣᠯ ᠤ᠋ᠨ ᠬᠡᠦᠬᠡᠳ ᠵᠣᠭᠰᠣᠬᠤ ᠭᠠᠵᠠᠷ ᠦᠭᠡᠢ ᠶᠦᠮ ᠪᠣᠯ ᠬᠡᠴᠡᠭᠦᠦ᠃
37. ᠠᠯᠲᠠᠨᠴᠢᠮᠡᠭ
ᠭᠤᠷᠪᠠᠨ ᠰᠢᠪᠰᠢᠭ
ᠠᠮᠠᠨᠴᠢᠷ ᠮᠣᠷᠢ ᠠᠪᠠ ᠶ᠋ᠢᠨ ᠰᠢᠪᠰᠢᠭ
ᠠᠭᠠᠯᠢ ᠦᠭᠡᠢ ᠠᠪᠠᠭᠠᠢ ᠭᠡᠷ ᠦ᠋ᠨ ᠰᠢᠪᠰᠢᠭ
ᠬᠡᠷᠡᠭᠦᠯᠴᠢ ᠬᠥᠮᠦᠨ ᠬᠡᠭᠡᠷ᠎ᠡ ᠶ᠋ᠢᠨ ᠰᠢᠪᠰᠢᠭ᠃
38. ᠠᠯᠲᠠᠨᠴᠢᠮᠡᠭ
ᠭᠤᠷᠪᠠᠨ ᠬᠤᠷᠢᠮ
ᠲᠥᠷᠥᠭᠡᠳ ᠰᠠᠷ᠎ᠠ ᠳᠦᠭᠦᠷᠬᠦ ᠲᠡᠷᠢᠭᠦᠨ ᠬᠤᠷᠢᠮ
ᠥᠰᠦᠭᠡᠳ ᠪᠡᠷᠢ ᠪᠠᠭᠤᠯᠭᠠᠬᠤ ᠳᠡᠳ᠋ ᠬᠤᠷᠢᠮ
ᠦᠬᠦᠭᠡᠳ ᠪᠤᠶᠠᠨ ᠬᠢᠬᠦ ᠭᠤᠷᠪᠠᠳᠤᠭᠠᠷ ᠬᠤᠷᠢᠮ᠃
39. ᠠᠯᠲᠠᠨᠴᠢᠮᠡᠭ
ᠳᠥᠷᠪᠡᠨ ᠣᠬᠢ
ᠭᠠᠨᠲᠢᠭ ᠭᠡᠭᠴᠢ ᠴᠢᠯᠠᠭᠤᠨ ᠤ᠋ ᠣᠬᠢ
ᠭᠠᠩ ᠭᠡᠭᠴᠢ ᠲᠡᠮᠦᠷ ᠦ᠋ᠨ ᠣᠬᠢ
ᠭᠠᠰ ᠭᠡᠭᠴᠢ ᠠᠭᠤᠷ ᠤ᠋ᠨ ᠣᠬᠢ
ᠭᠠᠷ ᠭᠡᠭᠴᠢ ᠡᠷᠬᠡᠲᠡᠨ ᠦ᠌ ᠣᠬᠢ᠃
40. ᠦᠵᠢᠶᠡᠳ ᠡᠷᠳᠡᠨᠢᠴᠡᠴᠡᠭ
ᠪᠤᠷᠬᠠᠨ ᠬᠠᠯᠳᠤᠨ ᠤ᠋ ᠰᠥᠨᠢ
ᠨᠢᠭᠡ
ᠪᠤᠷᠬᠠᠨ ᠬᠠᠯᠳᠤᠨ ᠤ᠋ ᠰᠥᠨᠢ ᠨᠠᠮ ᠵᠢᠮ
ᠪᠣᠷᠵᠢᠭᠢᠨ ᠠᠢᠯ ᠤ᠋ᠨ ᠭᠠᠳᠠᠭ᠎ᠠ ᠣᠳᠣᠳ ᠬᠡᠪᠲᠡᠵᠦ
ᠪᠣᠷᠣᠭᠠᠨ ᠤ᠋ ᠡᠭᠦᠯᠡ ᠶ᠋ᠢ ᠬᠡᠪᠢᠨ᠎ᠡ᠃
ᠰᠡᠩᠭᠦᠷ ᠭᠣᠷᠣᠬ᠎ᠠ ᠶ᠋ᠢᠨ ᠤᠰᠤ ᠰᠠᠮ ᠤᠷᠤᠰᠤᠨ᠎ᠠ᠃
ᠰᠡᠷᠢᠭᠦᠦ ᠲᠠᠲᠠᠭᠰᠠᠨ ᠬᠥᠪᠡᠭᠡᠨ ᠳ᠋ᠦ᠍ᠨᠢ ᠨᠠᠢ᠍ᠮᠠᠨ ᠰᠢᠷᠭ᠎ᠠ
ᠰᠢᠭᠦᠳᠡᠷᠢ ᠵᠠᠭᠤᠭᠰᠠᠨ ᠡᠪᠡᠰᠦ ᠴᠢᠮᠬᠢᠯᠡᠵᠦ ᠬᠣᠨᠣᠨ᠎ᠠ᠃
ᠬᠣᠶᠠᠷ
ᠣᠳᠣᠳ ᠣᠷᠣᠢ ᠣᠷᠣᠢ ᠤᠨᠤᠨ ᠤ᠋ ᠤᠰᠤᠨ ᠳ᠋ᠤ᠌ ᠱᠠᠭᠢᠯᠳᠤᠨᠠ᠃
ᠣᠯᠠᠨ ᠰᠠᠢᠬᠠᠨ ᠦᠯᠢᠭᠡᠷ ᠲᠡᠢ ᠲᠡᠮᠦᠵᠢᠨ ᠵᠠᠮᠤᠬ᠎ᠠ ᠬᠣᠶᠠᠷ ᠤ᠋ᠨ
ᠣᠷᠬᠢᠭᠠᠳ ᠶᠠᠪᠤᠭᠰᠠᠨ ᠭᠤᠷ᠎ᠠ ᠶ᠋ᠢᠨ ᠱᠠᠭ᠎ᠠ ᠶ᠋ᠢ ᠣᠯᠤᠶᠤ ᠭᠡᠮᠡᠨ
ᠣᠳᠣᠳ ᠣᠷᠣᠢ ᠣᠷᠣᠢ ᠤᠨᠤᠨ ᠤ᠋ ᠤᠰᠤᠨ ᠳ᠋ᠤ᠌ ᠬᠣᠨᠣᠨ᠎ᠠ᠃
ᠪᠤᠷᠬᠠᠨ ᠬᠠᠯᠳᠤᠨ ᠤ᠋ ᠪᠣᠷᠣᠭᠠᠨ
ᠪᠣᠷᠣᠭᠠᠨ ᠰᠢᠪᠡᠷᠡᠬᠦ ᠨᠢ ᠪᠤᠷᠬᠠᠳ ᠨᠣᠮ ᠤᠩᠰᠢᠬᠤ ᠠᠳᠠᠯᠢ᠃
ᠪᠣᠷᠵᠢᠭᠢᠨ ᠤ᠋ ᠬᠢᠨ ᠠᠳᠤᠭᠤ ᠪᠠᠨ ᠬᠤᠷᠢᠶᠠᠬᠤ ᠠᠳᠠᠯᠢ᠃
ᠪᠤᠷᠬᠠᠨ ᠬᠠᠯᠳᠤᠨ ᠤ᠋ ᠤᠯᠢᠶᠠᠰᠤ ᠮᠤᠨᠤᠰᠤ ᠪᠣᠷᠣᠯᠠᠨ᠎ᠠ᠂ ᠬᠠᠷᠠᠯᠠᠨ᠎ᠠ᠁
ᠪᠣᠷᠣᠭ᠎ᠠ ᠵᠦᠰᠡᠷᠡᠭᠰᠡᠨ ᠪᠤᠷᠬᠠᠨ ᠬᠠᠯᠳᠤᠨ ᠤ᠋ ᠨᠠᠮᠤᠷ
ᠪᠣᠷᠵᠢᠭᠢᠨ ᠠᠢᠯ ᠤ᠋ᠨ ᠬᠥᠯ ᠦ᠋ᠨ ᠴᠢᠮᠡᠭᠡ ᠶ᠋ᠢ ᠴᠢᠩᠨᠠᠨ᠎ᠠ᠁
ᠪᠤᠷᠬᠠᠨ ᠬᠠᠯᠳᠤᠨ ᠤ᠋ ᠡᠭᠦᠯᠡ
ᠴᠠᠭᠠᠨ ᠵᠠᠭᠠᠨ ᠲᠠᠢ ᠲᠡᠷᠭᠡ ᠴᠠᠴᠠᠷ ᠠᠴᠢᠭᠠᠳ ᠠᠢᠰᠤᠢ!
ᠴᠠᠴᠠᠷ ᠳᠣᠲᠣᠷ᠎ᠠ ᠨᠢ ᠬᠠᠭᠠᠨ ᠵᠠᠯᠠᠷᠠᠭᠠᠳ
ᠴᠠᠭᠠᠨ᠎ᠠ ᠠ᠋ᠴᠠ ᠨᠠᠭᠠᠰᠢ ᠪᠠᠨ ᠠᠢᠰᠤᠢ!
ᠯ᠂ ᠣᠳᠼᠠᠷ ᠤ᠋ᠨ ᠵᠣᠬᠢᠶᠠᠭᠰᠠᠨ ᠵᠣᠬᠢᠶᠠᠯ ᠤ᠋ᠨ ᠰᠢᠯᠢᠮᠡᠯ ᠡᠴᠡ ᠰᠤᠩᠭᠠᠵᠤ ᠰᠡᠢᠷᠡᠭᠦᠯᠪᠡ᠃
ᠰᠦᠨ ᠰᠠᠴᠤᠯᠢ ᠠ ᠬᠣᠯᠪᠣᠭᠠᠨ ᠤ᠋ ᠨᠥᠬᠥᠳ ᠡᠴᠡ ᠤᠤᠭᠠᠨᠵᠢᠳ ᠬᠢᠨᠠᠪᠠ
