ᠰᠢᠯᠢᠨ ᠭᠠᠯᠵᠠᠭᠤ ᠪᠠᠭᠠᠲᠤᠷ – ᠠᠯᠲᠠᠨ ᠭᠠᠯᠠᠭᠤ ᠬᠦᠦ(2) Шилэн галзуу баатар – Алтан галуу хүү(2) ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠢᠨ ᠭᠠᠯᠵᠠᠭᠤ ᠪᠠᠭᠠᠲᠤᠷ – ᠠᠯᠲᠠᠨ ᠭᠠᠯᠠᠭᠤ ᠬᠦᠦ(2) Шилэн галзуу баатар – Алтан галуу хүү(2)

ᠰᠢᠯᠢᠨ ᠭᠠᠯᠵᠠᠭᠤ ᠪᠠᠭᠠᠲᠤᠷ – ᠠᠯᠲᠠᠨ ᠭᠠᠯᠠᠭᠤ ᠬᠦᠦ(2) Шилэн галзуу баатар – Алтан галуу хүү(2)

ᠠᠩᠭᠢᠯᠠᠯ:ᠲᠤᠤᠯᠢᠰ
2025-12-18

197

ᠠᠯᠲᠠᠨ ᠭᠠᠯᠠᠭᠤ ᠬᠦᠦ -2


 ᠡᠷᠡᠯᠬᠡᠭ ᠪᠠᠭᠠᠲᠤᠷ ᠡᠵᠡᠨ ᠨᠢ 
 ᠡᠷ᠎ᠡ ᠴᠢᠳᠠᠯ ᠢ᠋ᠶ᠋ᠠᠷ ᠬᠠᠪᠴᠢᠵᠤ 
 ᠡᠮᠡᠭᠡᠯ ᠬᠠᠵᠠᠭᠠᠷᠲᠤ ᠮᠣᠷᠢ ᠨᠢ 
 ᠡᠷᠴᠢᠲᠦ ᠬᠦᠴᠦᠨ ᠢ᠋ᠶ᠋ᠡᠷ ᠬᠠᠷᠠᠢᠵᠤ 
 ᠬᠥᠷᠥᠰᠥᠲᠦ ᠠᠯᠲᠠᠨ ᠳᠡᠯᠡᠬᠡᠢ ᠳ᠋ᠦ᠍ 
 ᠬᠥᠯ ᠢ᠋ᠶ᠋ᠡᠨ ᠬᠠᠶᠠ ᠲᠥᠷᠥᠨ 
 ᠬᠥᠪᠥᠩ ᠴᠠᠭᠠᠨ ᠡᠭᠦᠯᠡᠨ ᠳ᠋ᠦ᠍ 
 ᠳᠡᠯ ᠢ᠋ᠶ᠋ᠡᠨ ᠬᠠᠶᠠ ᠱᠦᠷᠭᠦᠭᠡᠨ ᠶᠠᠪᠤᠵᠤ 
 ᠳᠣᠪᠣ ᠲᠣᠯᠣᠭᠠᠢ ᠶ᠋ᠢᠨ ᠠᠷᠤ ᠪᠠᠷ 
 ᠳᠣᠬᠢᠭᠤᠷ ᠲᠣᠯᠣᠭᠠᠢ ᠶ᠋ᠢᠨ ᠡᠩᠭᠡᠷ ᠢ᠋ᠶ᠋ᠡᠷ 
 ᠰᠠᠩ ᠲᠣᠬᠣᠢ ᠶ᠋ᠢ ᠭᠡᠲᠦᠯᠦᠨ 
 ᠴᠠᠬᠢᠭᠤᠷ ᠲᠣᠯᠣᠭᠠᠢ ᠶ᠋ᠢ ᠳᠠᠪᠠᠬᠤ ᠳ᠋ᠤ᠌ 
 ᠥᠪᠡᠷ ᠦ᠋ᠨ ᠨᠤᠲᠤᠭ ᠪᠢᠰᠢ 
 ᠥᠰᠢᠶᠡᠲᠡᠨ ᠦ᠌ ᠨᠤᠲᠤᠭ ᠲᠤ᠌ ᠣᠷᠣᠵᠠᠢ᠃ 
 ᠡᠷᠳᠡᠮ ᠤᠪᠠᠳᠢᠰ ᠢ᠋ᠶ᠋ᠠᠨ ᠭᠠᠷᠭᠠᠵᠤ 
 ᠡᠷᠳᠡᠨᠢᠲᠦ ᠪᠡᠶ᠎ᠡ ᠪᠡᠨ ᠬᠤᠪᠢᠷᠠᠭᠠᠵᠤ 
 ᠱᠠᠭᠠᠨᠲᠤ ᠶ᠋ᠢᠨ ᠢ᠋ᠶ᠋ᠡᠨ ᠳᠣᠣᠷ᠎ᠠ ᠠ᠋ᠴᠠ 
 ᠰᠢᠷ᠎ᠠ ᠢᠰᠡᠭᠡᠢ ᠤᠨᠵᠢᠭᠤᠯᠤᠭᠰᠠᠨ 
 ᠪᠣᠷᠪᠢ ᠶ᠋ᠢᠨ ᠢ᠋ᠶ᠋ᠡᠨ ᠠᠷᠤ ᠠ᠋ᠴᠠ 
 ᠪᠣᠷᠣ ᠢᠰᠡᠭᠡᠢ ᠤᠨᠵᠢᠭᠤᠯᠤᠭᠰᠠᠨ 
 ᠶᠠᠷ᠎ᠠ ᠰᠢᠷᠬᠠᠨ ᠳ᠋ᠤ᠌ ᠪᠣᠭᠣᠭᠳᠠᠭᠰᠠᠨ 
 ᠨᠢᠰᠤᠬᠠᠢ ᠪᠣᠷᠣ ᠬᠦᠦ ᠪᠣᠯᠵᠤ 
 ᠳᠡᠷᠡᠰᠦᠨ ᠰᠤᠮᠤ ᠰᠣᠢᠯᠠᠵᠤ 
 ᠬᠤᠯᠤᠰᠤᠨ ᠨᠤᠮᠤ ᠠᠭᠰᠠᠵᠤ 
 ᠰᠢᠯᠪᠢᠨ ᠳ᠋ᠡᠭᠡᠨ ᠴᠢᠴᠠᠭ᠎ᠠ ᠲᠠᠢ 
 ᠰᠢᠯᠢᠨ ᠳ᠋ᠡᠭᠡᠨ ᠳᠠᠬᠢ ᠲᠠᠢ 
 ᠡᠷ᠎ᠡ ᠰᠢᠷᠭ᠎ᠠ ᠳᠠᠭ᠎ᠠ ᠤᠨᠤᠭᠰᠠᠨ 
 ᠡᠷᠢᠯᠴᠢᠨ ᠬᠦᠦ ᠶ᠋ᠢᠨ ᠮᠠᠶᠢᠭ ᠢ᠋ᠶ᠋ᠠᠷ 
 ᠮᠠᠩᠭᠤᠰ ᠤ᠋ᠨ ᠨᠤᠲᠤᠭ ᠤᠷᠤᠭᠤ 
 ᠮᠠᠢᠳᠠᠷᠠᠭᠤᠯᠤᠨ ᠬᠠᠲᠠᠷᠢᠭᠤᠯᠤᠭᠠᠳ ᠣᠷᠣᠵᠠᠢ᠃ 
     *   *   *   
 ᠲᠠᠯ᠎ᠠ ᠳᠦᠭᠦᠷᠡᠩ ᠦᠷᠡᠵᠢᠬᠦ 
 ᠦᠬᠡᠷ ᠦ᠋ᠨ ᠰᠦᠷᠦᠭ ᠬᠠᠷᠠᠭᠳᠠᠵᠠᠢ 
 ᠲᠠᠯ᠎ᠠ ᠳ᠋ᠤᠨᠢ ᠬᠦᠷᠦᠭᠡᠳ ᠣᠴᠢᠪᠠᠯ 
 ᠥᠪᠡᠷ ᠦ᠋ᠨ ᠦᠬᠡᠷ ᠨᠢ ᠪᠠᠢᠵᠠᠢ᠃ 
 ᠦᠬᠡᠷᠴᠢᠨ ᠲᠡᠢ ᠠᠭᠤᠯᠵᠠᠭᠠᠳ ᠠᠰᠠᠭᠤᠭᠰᠠᠨ ᠨᠢ᠄
 《ᠲᠠ᠂ ᠬᠡᠨ ᠦ᠌ ᠦᠬᠡᠷᠴᠢᠨ ᠪᠣᠢ?》ᠭᠡᠵᠡᠢ᠃ 
 ᠦᠬᠡᠷᠴᠢᠨ ᠦ᠌ ᠬᠠᠷᠢᠭᠤᠯᠤᠭᠰᠠᠨ ᠨᠢ᠄ 
 《ᠡᠷᠲᠡ ᠤᠷᠢᠳᠤ ᠴᠠᠭ ᠲᠤ᠌ ᠪᠠᠨ 
 ᠠᠯᠲᠠᠨ ᠭᠠᠯᠠᠭᠤ ᠶ᠋ᠢᠨ ᠦᠬᠡᠷᠴᠢᠨ 
 ᠡᠷᠭᠢᠭᠡᠳ ᠣᠳᠣ ᠪᠣᠯᠬᠤ ᠳ᠋ᠤ᠌ 
 ᠠᠷᠴᠢ ᠶ᠋ᠢᠨ ᠬᠠᠷ᠎ᠠ ᠮᠠᠩᠭᠤᠰ ᠤ᠋ᠨ ᠦᠬᠡᠷᠴᠢᠨ᠃》ᠭᠡᠵᠡᠢ᠃ 
 《ᠠᠯᠲᠠᠨ ᠭᠠᠯᠠᠭᠤ ᠬᠦᠦ 
 ᠠᠷᠴᠢ ᠶ᠋ᠢᠨ ᠬᠠᠷ᠎ᠠ ᠮᠠᠩᠭᠤᠰ ᠬᠣᠶᠠᠷ ᠤ᠋ᠨ 
 ᠠᠯᠪᠠᠲᠤ ᠢᠷᠭᠡᠳ ᠢ᠋ᠶ᠋ᠡᠨ ᠢᠳᠡᠭᠦᠯᠵᠦ ᠤᠤᠭᠤᠯᠭᠠᠬᠤ ᠪᠠᠷ 
 ᠠᠯᠢ ᠨᠢ ᠰᠠᠢᠨ ᠪᠣᠢ?》 
 《ᠠᠷᠴᠢ ᠶ᠋ᠢᠨ ᠬᠠᠷ᠎ᠠ ᠮᠠᠩᠭᠤᠰ ᠪᠣᠯ 
 ᠬᠥᠮᠦᠨ ᠦ᠌ ᠭᠡᠵᠦ ᠬᠥᠭᠡᠭᠡᠵᠦ ᠴᠣᠬᠢᠨ᠎ᠠ 
 ᠠᠯᠲᠠᠨ ᠭᠠᠯᠠᠭᠤ ᠪᠣᠯ 
 ᠥᠪᠡᠷ ᠦ᠋ᠨ ᠭᠡᠵᠦ ᠡᠮᠦᠰᠦᠭᠦᠯᠵᠦ ᠢᠳᠡᠭᠦᠯᠦᠨ᠎ᠡ》ᠭᠡᠵᠡᠢ᠃ 
 ᠦᠬᠡᠷ ᠦ᠋ᠨ ᠰᠦᠷᠦᠭ ᠲᠦ᠍ ᠪᠡᠨ ᠣᠷᠣᠵᠤ 
 ᠪᠢᠷᠠᠭᠤ ᠪᠠᠷᠢᠵᠤ ᠠᠯᠠᠵᠤ ᠢᠳᠡᠭᠦᠯᠵᠡᠢ᠃ 
 ᠬᠥᠨᠳᠡᠢ ᠳᠦᠭᠦᠷᠡᠩ ᠢᠳᠡᠰᠢᠯᠡᠬᠦ 
 ᠬᠣᠨᠢᠨ ᠰᠦᠷᠦᠭ ᠬᠠᠷᠠᠭᠳᠠᠵᠠᠢ᠃ 
 ᠬᠦᠷᠦᠭᠡᠳ ᠳᠡᠷᠭᠡᠳᠡ ᠨᠢ ᠣᠴᠢᠬᠤ ᠳ᠋ᠤ᠌ 
 ᠥᠪᠡᠷᠦᠨ ᠬᠣᠨᠢ ᠨᠢ ᠪᠠᠢᠵᠠᠢ᠂ 
 ᠬᠣᠨᠢᠴᠢᠨ ᠲᠠᠢ ᠠᠭᠤᠯᠵᠠᠭᠠᠳ ᠠᠰᠠᠭᠤᠭᠰᠠᠨ ᠨᠢ᠄ 
 《ᠲᠠ᠂ ᠬᠡᠨ ᠦ᠌ ᠬᠣᠨᠢᠴᠢᠨ ᠪᠣᠢ?》 ᠭᠡᠵᠡᠢ᠃ 
 《ᠡᠷᠲᠡ ᠤᠷᠢᠳᠤ ᠴᠠᠭ ᠲᠠᠭᠠᠨ 
 ᠠᠯᠲᠠᠨ ᠭᠠᠯᠠᠭᠤ ᠶ᠋ᠢᠨ ᠬᠣᠨᠢᠴᠢᠨ 
 ᠡᠷᠭᠢᠭᠡᠳ ᠣᠳᠣ ᠪᠣᠯᠬᠤ ᠳ᠋ᠤ᠌ 
 ᠠᠷᠴᠢ ᠶ᠋ᠢᠨ ᠬᠠᠷ᠎ᠠ ᠮᠠᠩᠭᠤᠰ ᠤ᠋ᠨ ᠬᠣᠨᠢᠴᠢᠨ᠃》 
 《ᠠᠯᠲᠠᠨ ᠭᠠᠯᠠᠭᠤ ᠬᠦᠦ 
 ᠠᠷᠴᠢ ᠶ᠋ᠢᠨ ᠬᠠᠷ᠎ᠠ ᠮᠠᠩᠭᠤᠰ ᠬᠣᠶᠠᠷ ᠤ᠋ᠨ 
 ᠠᠯᠪᠠᠲᠤ ᠢᠷᠭᠡᠳ ᠢ᠋ᠶ᠋ᠡᠨ ᠢᠳᠡᠭᠦᠯᠵᠦ ᠤᠤᠭᠤᠯᠭᠠᠬᠤ ᠪᠠᠷ 
 ᠠᠯᠢ ᠨᠢ ᠰᠠᠢᠨ ᠪᠣᠢ?》 
 《ᠠᠷᠴᠢ ᠶ᠋ᠢᠨ ᠬᠠᠷ᠎ᠠ ᠮᠠᠩᠭᠤᠰ ᠪᠣᠯ 
 ᠬᠥᠮᠦᠨ ᠦ᠌ ᠭᠡᠵᠦ ᠬᠥᠭᠡᠭᠡᠵᠦ ᠴᠣᠬᠢᠨ᠎ᠠ 
 ᠠᠯᠲᠠᠨ ᠭᠠᠯᠠᠭᠤ ᠪᠣᠯ ᠥᠪᠡᠷᠦᠨ ᠭᠡᠵᠦ 
 ᠡᠮᠦᠰᠦᠭᠦᠯᠵᠦ ᠢᠳᠡᠭᠦᠯᠦᠨ᠎ᠡ》 ᠭᠡᠵᠡᠢ᠃ 
 ᠬᠣᠨᠢᠨ ᠰᠦᠷᠦᠭ ᠲᠡᠭᠡᠨ ᠣᠷᠣᠵᠤ ᠲᠠᠷᠭᠤᠨ 
 ᠬᠣᠨᠢ ᠪᠠᠷᠢᠵᠤ ᠠᠯᠠᠵᠤ ᠢᠳᠡᠭᠦᠯᠵᠡᠢ᠃ 
     *   *   *   
 ᠡᠮᠦᠨᠡᠰᠢ ᠳᠠᠪᠬᠢᠭᠠᠳ ᠶᠠᠪᠤᠵᠤ ᠪᠠᠢᠲᠠᠯ᠎ᠠ 
 ᠡᠪᠦᠭᠡᠨ ᠠᠷᠭᠠᠯ ᠲᠡᠭᠦᠬᠦ ᠬᠠᠷᠠᠭᠳᠠᠵᠠᠢ 
 ᠥᠭᠡᠳᠡ ᠡᠴᠡ ᠨᠢ ᠬᠦᠷᠦᠭᠡᠳ ᠣᠴᠢᠬᠤ ᠳ᠋ᠤ᠌ 
 ᠥᠪᠡᠷᠦᠨ ᠠᠪᠤ ᠨᠢ ᠮᠥᠨ ᠪᠠᠢᠵᠠᠢ᠃ 
 ᠠᠷᠤ ᠳᠡᠭᠡᠷ᠎ᠡ ᠪᠡᠨ ᠠᠷᠤᠭ ᠬᠦᠯᠢᠭᠦᠯᠦᠭᠡᠳ 
 ᠭᠠᠷ ᠲᠠᠭᠠᠨ ᠰᠠᠪᠠᠷ ᠤᠶᠠᠭᠤᠯᠤᠭᠠᠳ 
 ᠠᠷᠭᠠᠯ ᠢ᠋ᠶ᠋ᠠᠨ ᠳᠠᠭᠠᠭᠠᠵᠤ ᠶᠠᠳᠠᠨ 
 ᠠᠷᠠᠢ ᠴᠢᠷᠠᠢ ᠠᠯᠬᠤᠵᠤ ᠪᠠᠢᠵᠠᠢ᠃ 
 ᠠᠪᠤ ᠪᠠᠨ ᠬᠠᠷᠠᠭᠠᠳ ᠠᠯᠲᠠᠨ ᠭᠠᠯᠠᠭᠤ 
 ᠠᠷᠭ᠎ᠠ ᠤᠬᠠᠭᠠᠨ ᠪᠠᠯᠠᠷᠳᠠᠭᠰᠠᠨ ᠪᠣᠯᠪᠠᠴᠤ 
 ᠠᠲᠠᠭᠠᠲᠠᠨ ᠳᠠᠢᠰᠤᠨ ᠢ᠋ᠶ᠋ᠠᠨ ᠳᠠᠷᠤᠬᠤ ᠶ᠋ᠢ ᠰᠠᠨᠠᠭᠠᠳ 
 ᠠᠶᠠᠨ ᠵᠠᠮ ᠤ᠋ᠨ ᠬᠥᠮᠦᠨ ᠰᠢᠭ ᠥᠩᠭᠡᠷᠡᠵᠡᠢ᠃ 
 ᠤᠷᠤᠭᠰᠢ ᠳᠠᠪᠬᠢᠭᠠᠳ ᠶᠠᠪᠤᠵᠤ ᠪᠠᠢᠲᠠᠯ᠎ᠠ 
 ᠤᠰᠤ ᠠᠪᠬᠤ ᠡᠮᠡᠭᠡᠨ ᠬᠠᠷᠠᠭᠳᠠᠵᠠᠢ 
 ᠣᠢᠷᠠᠳᠴᠤ ᠬᠦᠷᠦᠭᠡᠳ ᠣᠴᠢᠬᠤ ᠳ᠋ᠤ᠌ 
 ᠥᠪᠡᠷᠦᠨ ᠡᠵᠢ ᠨᠢ ᠪᠠᠢᠵᠠᠢ᠃ 
 ᠥᠷᠥᠭᠡᠰᠦᠨ ᠭᠠᠷ ᠲᠠᠭᠠᠨ ᠬᠥᠨᠥᠭ ᠬᠦᠯᠢᠭᠦᠯᠦᠭᠡᠳ 
 ᠥᠷᠥᠭᠡᠰᠦᠨ ᠭᠠᠷ ᠲᠠᠭᠠᠨ ᠰᠢᠨᠠᠭ᠎ᠠ ᠤᠶᠠᠭᠤᠯᠤᠭᠠᠳ 
 ᠤᠰᠤ ᠪᠠᠨ ᠳᠠᠭᠠᠭᠠᠵᠤ ᠶᠠᠳᠠᠨ 
 ᠤᠬᠢᠯᠠᠨ ᠰᠠᠭᠤᠵᠤ ᠪᠠᠢᠵᠠᠢ᠃ 
 ᠡᠵᠢ ᠪᠡᠨ ᠦᠵᠡᠭᠡᠳ ᠬᠦᠦ 
 ᠡᠨᠡᠷᠢᠵᠦ ᠵᠣᠪᠠᠭᠰᠠᠨ ᠪᠣᠯᠪᠠᠴᠤ 
 ᠨᠳᠡᠯ ᠣᠰᠣᠯ ᠠ᠋ᠴᠠ ᠪᠣᠯᠭᠣᠮᠵᠢᠯᠠᠵᠤ 
 ᠡᠩ ᠦ᠋ᠨ ᠬᠥᠮᠦᠨ ᠰᠢᠭ ᠥᠩᠭᠡᠷᠡᠵᠡᠢ᠃ 
 ᠠᠯᠲᠠᠨ ᠭᠠᠯᠠᠭᠤ ᠳᠠᠪᠬᠢᠨ ᠶᠠᠪᠤᠭᠰᠠᠭᠠᠷ 
 ᠠᠷᠴᠢ ᠶ᠋ᠢᠨ ᠬᠠᠷ᠎ᠠ ᠮᠠᠩᠭᠤᠰ ᠤ᠋ᠨ ᠳ᠋ᠤ᠌ ᠬᠦᠷᠬᠦ ᠳ᠋ᠦ᠍ 
 ᠮᠠᠩᠭᠤᠰ ᠭᠠᠳᠠᠨ᠎ᠠ ᠪᠠᠨ ᠠᠷᠢᠬᠢᠳᠠᠵᠤ 
 ᠮᠠᠭᠠᠰᠠᠢᠵᠤ ᠠᠪᠠᠭᠠᠢ ᠲᠠᠢ ᠪᠠᠨ ᠣᠷᠣᠯᠳᠣᠨ᠎ᠠ᠃ 
 ᠴᠢᠴᠠᠭ᠎ᠠ ᠲᠠᠢ ᠳᠠᠭ᠎ᠠ ᠪᠠᠨ ᠤᠶᠠᠭᠠᠳ 
 ᠴᠠᠰᠢ ᠮᠠᠩᠭᠤᠰ ᠤ᠋ᠨ ᠡᠮᠦᠨ᠎ᠡ ᠣᠴᠢᠭᠠᠳ 
 《ᠬᠠᠨ ᠠᠪᠤ ᠠᠮᠤᠷᠬᠠᠨ ᠤᠤ? 
 ᠬᠠᠲᠤᠨ ᠡᠵᠢ ᠮᠡᠨᠳᠦ ᠤᠤ?》 ᠭᠡᠵᠡᠢ᠃ 
 ᠠᠷᠴᠢ ᠶ᠋ᠢᠨ ᠬᠠᠷ᠎ᠠ ᠮᠠᠩᠭᠤᠰ 
 ᠠᠷᠠᠭ᠎ᠠ ᠰᠢᠲᠦ ᠪᠡᠨ ᠬᠠᠪᠢᠷᠤᠨ ᠠᠰᠠᠭᠤᠭᠰᠠᠨ ᠨᠢ᠄ 
 《ᠬᠡᠪ ᠨᠤᠲᠤᠭ ᠬᠠᠮᠢᠭ᠎ᠠ ᠪᠣᠢ? 
 ᠬᠡᠳᠦ ᠵᠣᠷᠢᠭ ᠶᠠᠭᠤᠨ ᠳ᠋ᠤ᠌ ᠪᠣᠢ? 
 ᠶᠠᠪ ᠨᠤᠲᠤᠭ ᠬᠠᠮᠢᠭ᠎ᠠ ᠪᠣᠢ? 
 ᠶᠠᠪᠤᠳᠠᠯ ᠤᠴᠢᠷ ᠶᠠᠭᠤᠨ ᠳ᠋ᠤ᠌ ᠪᠣᠢ?》 ᠭᠡᠵᠡᠢ᠃ 
 ᠠᠯᠲᠠᠨ ᠭᠠᠯᠠᠭᠤ ᠬᠡᠯᠡᠭᠰᠡᠨ ᠨᠢ 
 《ᠬᠡᠪ ᠨᠤᠲᠤᠭ ᠶᠠᠭᠤ ᠪᠠᠢᠬᠤᠪ 
 ᠬᠡᠳᠦ ᠵᠣᠷᠢᠭ ᠡᠷᠢᠯᠴᠢᠨ 
 ᠶᠠᠪ ᠨᠤᠲᠤᠭ ᠶᠠᠭᠤ ᠪᠠᠢᠬᠤᠪ 
 ᠶᠠᠪᠤᠳᠠᠯ ᠤᠴᠢᠷ ᠡᠷᠢᠯᠴᠢᠨ᠃ 
 ᠭᠤᠨᠵᠢᠨ ᠲᠡᠮᠡᠭᠡ ᠠᠯᠳᠠᠭᠠᠳ 
 ᠭᠤᠷᠪᠠᠨ ᠵᠢᠯ ᠡᠷᠢᠯ᠎ᠡ 
 ᠳᠦᠨᠵᠢᠨ ᠲᠡᠮᠡᠭᠡ ᠠᠯᠳᠠᠭᠠᠳ 
 ᠳᠥᠷᠪᠡᠨ ᠵᠢᠯ ᠡᠷᠢᠯ᠎ᠡ 
 ᠳᠣᠯᠣᠭᠠᠨ ᠵᠢᠯ ᠦ᠋ᠨ ᠡᠷᠢᠯᠴᠢᠨ 
 ᠳᠣᠷᠣᠮᠵᠢᠬᠠᠨ ᠪᠣᠷᠣ ᠬᠦᠦ ᠪᠠᠢᠨ᠎ᠠ》 ᠭᠡᠵᠡᠢ᠃ 
 《ᠡᠨᠡᠭᠦᠷ ᠲᠡᠷᠡᠭᠦᠷ ᠶᠠᠪᠤᠭᠰᠠᠨ 
 ᠡᠷᠢᠯᠴᠢᠨ ᠬᠦᠦ ᠴᠢ 
 ᠡᠨᠡ ᠲᠡᠷᠡ ᠬᠥᠮᠦᠨ ᠲᠡᠢ ᠠᠭᠤᠯᠵᠠᠵᠤ 
 ᠡᠯᠳᠡᠪ ᠴᠢᠮᠡᠭᠡ ᠰᠣᠨᠣᠰᠤᠭᠰᠠᠨ ᠤᠤ? 
 ᠠᠯᠲᠠᠨ ᠭᠠᠯᠠᠭᠤ ᠬᠦᠦ 
 ᠠᠨᠳᠠᠯᠠᠢ ᠰᠢᠷ᠎ᠠ ᠮᠠᠩᠭᠤᠰ ᠤ᠋ᠨ 
 ᠠᠯᠢ ᠨᠢ ᠳᠡᠢᠯᠦᠭᠰᠡᠨ ᠢ᠋ ᠮᠡᠳᠡᠪᠡ ᠤᠤ? 
 ᠠᠢᠯᠠᠳᠬᠠᠵᠤ ᠨᠠᠳᠠ ᠮᠡᠳᠡᠭᠦᠯ!》
  《ᠠᠯᠲᠠᠨ ᠭᠠᠯᠠᠭᠤ ᠬᠦᠦ ᠶ᠋ᠢ 
 ᠠᠨᠳᠠᠯᠠᠢ ᠰᠢᠷ᠎ᠠ ᠮᠠᠩᠭᠤᠰ 
 ᠦᠬᠡᠷ ᠣᠷᠬᠢᠷᠠᠬᠤ ᠰᠡᠪᠡᠰᠦ ᠦᠭᠡᠢ 
 ᠦᠨᠡᠭᠡ ᠰᠢᠩᠰᠢᠬᠦ ᠶᠠᠰᠤ ᠦᠭᠡᠢ ᠪᠣᠯᠭᠠᠵᠠᠢ ᠭᠡᠨ᠎ᠡ᠃》
 《ᠰᠠᠢᠨ ᠠᠮᠠ ᠲᠠᠢ ᠬᠦᠦ ᠪᠠᠢᠨ᠎ᠠ 
 ᠰᠠᠭᠠᠲᠠᠵᠤ ᠣᠷᠳᠣᠨ ᠳ᠋ᠤ᠌ ᠮᠢᠨᠢ ᠣᠷᠣ 
 ᠬᠣᠭᠣᠯᠠ ᠴᠠᠢ ᠢᠳᠡᠵᠦ ᠤᠤᠭᠤᠵᠤ 
 ᠬᠣᠨᠣᠵᠤ ᠥᠨᠵᠢᠭᠡᠳ ᠶᠠᠪᠤ》᠃ 
     *   *   *   
 ᠣᠷᠣᠢ ᠶ᠋ᠢᠨ ᠬᠣᠭᠣᠯᠠ ᠪᠣᠯᠵᠤ ᠬᠦᠦ ᠳ᠋ᠦ᠍ 
 ᠤᠭᠤᠴᠠ ᠡᠪᠴᠢᠭᠦᠦ ᠲᠠᠪᠠᠭᠯᠠᠵᠠᠢ᠃ 
 ᠠᠪᠤ ᠡᠵᠢ ᠨᠢ ᠣᠷᠣᠵᠤ ᠢᠷᠡᠭᠡᠳ 
 ᠠᠮᠤ ᠪᠤᠳᠠᠭ᠎ᠠ ᠭᠤᠶᠤᠵᠤ ᠪᠠᠢᠬᠤ ᠶ᠋ᠢ ᠦᠵᠡᠭᠡᠳ 
 ᠡᠪᠴᠢᠭᠦᠦ ᠤᠭᠤᠴᠠ ᠬᠣᠶᠠᠷ ᠢ᠋ᠶ᠋ᠠᠨ 
 ᠢᠰᠬᠦᠯᠵᠦ ᠳᠣᠣᠷ᠎ᠠ ᠤᠨᠠᠭᠠᠭᠠᠳ 
 ᠠᠩᠬᠠᠷᠤᠯ ᠦᠭᠡᠢ ᠤᠨᠠᠭᠠᠭᠰᠠᠨ ᠶᠠᠩᠵᠤ ᠪᠠᠷ 
 ᠠᠷᠴᠢ ᠶ᠋ᠢᠨ ᠬᠠᠷ᠎ᠠ ᠮᠠᠩᠭᠤᠰ ᠲᠤ᠌᠄ 
 《ᠬᠠᠨ ᠠᠪᠤ ᠶ᠋ᠢᠨ ᠬᠡᠰᠢᠭ ᠢ᠋ 
 ᠬᠠᠷᠠᠮᠰᠠᠯᠲᠠᠢ ᠮᠠᠭᠤᠬᠠᠢ ᠠᠯᠳᠠᠴᠢᠪᠠ 
 ᠬᠣᠭ ᠰᠢᠷᠣᠢ ᠪᠣᠯᠤᠭᠰᠠᠨ ᠡᠭᠦᠨ ᠢ᠋ 
 ᠬᠣᠯᠠ ᠠᠪᠠᠴᠢᠵᠤ ᠬᠠᠶᠠᠬᠤ ᠤᠤ?》ᠭᠡᠵᠦ ᠠᠰᠠᠭᠤᠵᠠᠢ᠃ 
 ᠠᠭᠤᠷᠯᠠᠵᠤ ᠮᠠᠩᠭᠤᠰ ᠳᠤᠭᠤᠢ ᠪᠠᠢᠲᠠᠯ᠎ᠠ 
 ᠤᠰᠤᠨ ᠪᠣᠯᠣᠷ ᠬᠠᠲᠤᠨ ᠬᠠᠵᠠᠭᠤ ᠠ᠋ᠴᠠ ᠬᠡᠯᠡᠭᠰᠡᠨ ᠨᠢ᠄ 
 《ᠬᠠᠶᠠᠵᠤ ᠣᠷᠬᠢᠬᠤ ᠶ᠋ᠢᠨ ᠣᠷᠣᠨ ᠳ᠋ᠤ᠌ 
 ᠬᠠᠷᠠᠴᠤ ᠪᠣᠭᠣᠯ ᠡᠪᠦᠭᠡᠨ ᠡᠮᠡᠭᠡᠨ ᠳ᠋ᠦ᠍ ᠥᠭ!》ᠭᠡᠵᠡᠢ᠃ 
 ᠡᠪᠴᠢᠭᠦᠦ᠂ ᠤᠭᠤᠴᠠ ᠶ᠋ᠢ ᠨᠢ ᠠᠪᠤᠭᠠᠳ 
 ᠡᠪᠦᠭᠡᠨ ᠡᠮᠡᠭᠡᠨ ᠬᠣᠶᠠᠷ ᠭᠠᠷᠴᠠᠢ᠃ 
 ᠠᠷᠴᠢ ᠶ᠋ᠢᠨ ᠬᠠᠷ᠎ᠠ ᠮᠠᠩᠭᠤᠰ ᠤ᠋ᠨ 
 ᠠᠶᠠᠭᠠᠴᠢᠨ ᠰᠢᠨᠠᠭᠠᠴᠢᠨ ᠥᠬᠢᠳ 
 ᠬᠠᠭᠠᠯᠭ᠎ᠠ ᠶ᠋ᠢᠨ ᠠᠷᠤ ᠳ᠋ᠤ᠌ ᠱᠤᠤᠭᠢᠯᠳᠤᠨ 
 ᠬᠠᠷᠢᠯᠴᠠᠨ ᠳᠣᠣᠷ᠎ᠠ ᠪᠠᠨ ᠰᠢᠪᠡᠨᠡᠯᠳᠦᠭᠰᠡᠨ ᠨᠢ᠄ 
 《ᠡᠨᠡ ᠶᠠᠭᠠᠬᠢᠭᠰᠠᠨ ᠵᠢᠭᠲᠡᠢ ᠬᠥᠮᠦᠨ ᠪᠣᠢ 
 ᠡᠲᠡᠭᠡᠳ ᠰᠣᠨᠢᠨ ᠠᠮᠢᠲᠠᠨ ᠪᠠᠢᠨ᠎ᠠ 
 ᠮᠠᠯᠠᠭᠠᠢ ᠪᠠᠨ ᠠᠪᠬᠤ ᠳ᠋ᠤᠨᠢ 
 ᠲᠣᠯᠣᠭᠠᠢ ᠠ᠋ᠴᠠ ᠨᠢ ᠭᠡᠷᠡᠯ ᠰᠠᠴᠤᠷᠠᠨ᠎ᠠ 
 ᠡᠮᠡᠭᠡᠯ ᠢ᠋ᠶ᠋ᠡᠨ ᠠᠪᠬᠤ ᠳ᠋ᠤᠨᠢ 
 ᠮᠣᠷᠢᠨ ᠨᠢᠷᠤᠭᠤᠨ ᠠ᠋ᠴᠠ ᠨᠢ ᠭᠠᠯ ᠪᠠᠳᠠᠷᠠᠨ᠎ᠠ 
 ᠬᠣᠶᠠᠷ ᠠᠯᠠᠭ᠎ᠠ ᠨᠢ ᠬᠠᠪᠰᠤᠷᠴᠤ 
 <ᠠᠯᠲᠠᠨ ᠭᠠᠯᠠᠭᠤ> ᠭᠡᠳᠡᠭ ᠳᠠᠭᠤ ᠭᠠᠷᠴᠤ ᠪᠠᠢᠨ᠎ᠠ》 ᠭᠡᠵᠡᠢ᠃ 
 《ᠠᠯᠲᠠᠨ ᠭᠠᠯᠠᠭᠤ ᠮᠢᠨᠢ ᠢᠷᠡᠭᠰᠡᠨ ᠪᠣᠯ 
 ᠠᠷᠴᠢ ᠶ᠋ᠢᠨ ᠬᠠᠷ᠎ᠠ ᠳ᠋ᠤ᠌ ᠮᠡᠳᠡᠭᠳᠡᠵᠦ ᠪᠣᠯᠬᠤ ᠦᠭᠡᠢ》ᠭᠡᠵᠦ 
 ᠤᠰᠤᠨ ᠪᠣᠯᠣᠷ ᠬᠠᠲᠤᠨ ᠪᠣᠳᠣᠭᠠᠳ 
 ᠠᠭᠤᠷᠯᠠᠵᠤ ᠥᠬᠢᠳ ᠢ᠋ ᠬᠥᠭᠡᠭᠡᠨ ᠭᠠᠷᠭᠠᠵᠠᠢ᠃ 
     *   *   * 
 ᠣᠷᠣᠢ ᠪᠣᠯᠬᠤ ᠳ᠋ᠤ᠌ ᠮᠠᠩᠭᠤᠰ ᠬᠡᠯᠡᠭᠰᠡᠨ ᠨᠢ᠄ 
 《ᠤᠰᠤᠨ ᠪᠣᠯᠣᠷ ᠬᠠᠲᠤᠨ ᠮᠢᠨᠢ 
 ᠤᠨᠲᠠᠬᠤ ᠶ᠋ᠢᠨ ᠡᠷᠡᠨ ᠪᠣᠯᠤᠯ᠎ᠠ 
 ᠠᠮᠠ ᠰᠠᠢᠲᠠᠢ ᠬᠦᠦ ᠳ᠋ᠦ᠍ 
 ᠠᠶᠠᠲᠠᠢᠬᠠᠨ ᠣᠷᠣ ᠵᠠᠰᠠ!》ᠭᠡᠪᠡ᠃ 
 ᠠᠯᠲᠠᠨ ᠭᠠᠯᠠᠭᠤ ᠬᠠᠵᠠᠭᠤ ᠠ᠋ᠴᠠ ᠨᠢ ᠬᠡᠯᠡᠭᠰᠡᠨ ᠨᠢ᠄ 
 《ᠪᠥᠭᠡᠰᠦ᠂ ᠶᠠᠷ᠎ᠠ ᠲᠠᠢ ᠨᠠᠮᠠᠶ᠋ᠢ 
 ᠪᠣᠭᠣᠯ ᠤ᠋ᠨ ᠢ᠋ᠶ᠋ᠠᠨ ᠭᠡᠷ ᠲᠦ᠍ ᠤᠨᠲᠠᠭᠤᠯᠤᠨ᠎ᠠ ᠤᠤ?》 ᠭᠡᠬᠦ ᠳ᠋ᠦ᠍ 
 ᠪᠣᠭᠣᠯ ᠤ᠋ᠨ ᠭᠡᠷ ᠲᠦ᠍ ᠤᠨᠲᠠᠭᠤᠯᠬᠤ ᠪᠠᠷ ᠪᠣᠯᠵᠤ 
 ᠪᠣᠯᠣᠷ ᠬᠠᠲᠤᠨ ᠭᠡᠷ ᠵᠢᠭᠠᠬᠤ ᠪᠠᠷ ᠭᠠᠷᠴᠤ 
 ᠰᠠᠯᠤᠭᠰᠠᠨ ᠬᠣᠶᠠᠷ ᠠᠭᠤᠯᠵᠠᠵᠤ 
 ᠰᠠᠨᠠᠭᠰᠠᠨ ᠪᠣᠳᠣᠭᠰᠠᠨ ᠢ᠋ᠶ᠋ᠠᠨ ᠶᠠᠷᠢᠯᠴᠠᠵᠠᠢ᠃ 
 ᠠᠯᠲᠠᠨ ᠭᠠᠯᠠᠭᠤ ᠡᠷ᠎ᠡ ᠳ᠋ᠡᠭᠡᠨ 
 ᠠᠮᠠᠷᠠᠭ ᠬᠠᠲᠤᠨ ᠨᠢ ᠬᠡᠯᠡᠭᠰᠡᠨ ᠨᠢ᠄ 
 《ᠠᠷᠴᠢ ᠶ᠋ᠢᠨ ᠬᠠᠷ᠎ᠠ ᠮᠠᠩᠭᠤᠰ ᠲᠤ᠌ 
 ᠠᠮᠠᠷᠬᠠᠨ ᠬᠠᠯᠳᠠᠵᠤ ᠪᠣᠯᠬᠤ ᠦᠭᠡᠢ 
 ᠠᠷᠢᠯᠭᠠᠵᠤ ᠲᠡᠭᠦᠨ ᠢ᠋ ᠰᠥᠨᠥᠭᠡᠬᠦ ᠳ᠋ᠦ᠍ 
 ᠰᠦᠨᠡᠰᠦ ᠶ᠋ᠢ ᠨᠢ ᠤᠷᠢᠳᠠᠪᠡᠷ ᠳᠠᠷᠤᠭᠠᠷᠠᠢ᠃ 
 ᠪᠠᠷᠠᠭᠤᠨ ᠠᠭᠤᠯᠠᠨ ᠳ᠋ᠤ᠌ 
 ᠪᠠᠷᠰ ᠴᠣᠬᠣᠷ ᠵᠥᠭᠡᠢ ᠪᠠᠢᠨ᠎ᠠ 
 ᠠᠷᠤ ᠶ᠋ᠢᠨ ᠥᠨᠳᠥᠷ ᠠᠭᠤᠯᠠᠨ ᠳ᠋ᠤ᠌ 
 ᠠᠷᠤᠭ ᠤ᠋ᠨ ᠴᠢᠨᠡᠭᠡ ᠠᠭᠠᠯᠵᠢ ᠪᠠᠢᠨ᠎ᠠ 
 ᠵᠡᠭᠦᠨ ᠥᠨᠳᠥᠷ ᠠᠭᠤᠯᠠᠨ ᠳ᠋ᠤ᠌ 
 ᠵᠢᠷᠦᠬᠡ ᠴᠠᠭᠠᠨ ᠨᠣᠬᠠᠢ ᠪᠠᠢᠨ᠎ᠠ 
 ᠤᠷᠲᠤ ᠥᠨᠳᠥᠷ ᠠᠭᠤᠯᠠᠨ ᠳ᠋ᠤ᠌ 
 ᠣᠭᠣᠳᠣᠩ ᠮᠤᠬᠤᠷ ᠪᠤᠬ᠎ᠠ ᠪᠠᠢᠨ᠎ᠠ᠃ 
 ᠬᠠᠮᠤᠭ ᠤ᠋ᠨ ᠭᠣᠣᠯ ᠰᠦᠨᠡᠰᠦ ᠨᠢ 
 ᠬᠠᠩᠭᠢᠨᠠᠳᠠᠭ ᠬᠠᠷ᠎ᠠ ᠲᠣᠭᠣᠭ᠎ᠠ ᠶᠤᠮ 
 ᠬᠠᠩᠭᠢᠨᠠᠳᠠᠭ ᠬᠠᠷ᠎ᠠ ᠲᠣᠭᠣᠭ᠎ᠠ ᠨᠢ 
 ᠮᠥᠰᠥᠨ ᠰᠦᠮᠪᠦᠷ ᠠᠭᠤᠯᠠᠨ ᠳᠡᠭᠡᠷ᠎ᠡ ᠪᠠᠢᠨ᠎ᠠ᠃ 
 ᠠᠯᠲᠠᠨ ᠭᠠᠯᠠᠭᠤ ᠴᠢ ᠮᠢᠨᠢ 
 ᠠᠷᠭ᠎ᠠ ᠬᠦᠴᠦᠨ ᠢ᠋ᠶ᠋ᠡᠨ ᠬᠢᠴᠢᠶᠡᠵᠦ 
 ᠠᠷᠴᠢ ᠶ᠋ᠢᠨ ᠬᠠᠷ᠎ᠠ ᠮᠠᠩᠭᠤᠰ ᠢ᠋ 
 ᠳᠠᠷᠤᠭᠠᠳ ᠠᠮᠤᠷ ᠰᠠᠢᠬᠠᠨ ᠪᠤᠴᠠᠵᠠᠭᠠᠶ᠎ᠠ!》ᠭᠡᠵᠡᠢ᠃ 
     *   *   * 
 ᠠᠯᠲᠠᠨ ᠭᠠᠯᠠᠭᠤ ᠶᠠᠪᠤᠭᠠᠳ 
 ᠪᠣᠭᠣᠯ ᠤ᠋ᠨ ᠭᠡᠷ ᠲᠦ᠋ᠨᠢ ᠣᠷᠣᠬᠤ ᠳ᠋ᠤ᠌ 
 ᠠᠪᠤ ᠡᠵᠢ ᠬᠣᠶᠠᠷ ᠨᠢ 
 ᠪᠣᠭᠳᠣᠢᠵᠤ ᠠᠲᠤᠷᠢᠨ ᠰᠠᠭᠤᠭᠠᠳ᠄ 
 《ᠮᠠᠩᠭᠤᠰ ᠲᠤ᠌ ᠪᠠᠷᠢᠭᠳᠠᠭᠰᠠᠨ ᠠ᠋ᠴᠠ ᠨᠡᠰᠢ 
 ᠮᠢᠬ᠎ᠠ ᠰᠠᠶᠢ ᠣᠯᠵᠤ ᠢᠳᠡᠪᠡ 
 ᠪᠤᠶᠠᠨᠲᠠᠢ ᠡᠨᠡ ᠬᠦᠦ ᠢᠷᠡᠵᠦ 
 ᠪᠣᠭᠣᠯ ᠪᠢᠳᠡᠨ ᠢ᠋ ᠴᠠᠳᠬᠠᠪᠠ!》ᠭᠡᠵᠡᠢ᠃ 
 ᠰᠥᠨᠢ ᠣᠷᠣᠢ ᠪᠣᠯᠵᠤ 
 ᠬᠥᠯ ᠦ᠋ᠨ ᠴᠢᠮᠡᠭᠡ ᠬᠤᠷᠢᠶᠠᠭᠳᠠᠭᠰᠠᠨ ᠤ᠋ ᠬᠣᠢᠨ᠎ᠠ 
 ᠠᠯᠲᠠᠨ ᠭᠠᠯᠠᠭᠤ ᠬᠦᠦ 
 ᠠᠪᠤ ᠡᠵᠢ ᠳ᠋ᠡᠭᠡᠨ ᠲᠠᠨᠢᠭᠳᠠᠬᠤ ᠭᠡᠵᠦ᠄ 
 《ᠶᠠᠷ᠎ᠠ ᠰᠢᠷᠬᠠᠨ ᠳ᠋ᠤ᠌ ᠪᠣᠭᠣᠭᠳᠠᠭᠰᠠᠨ 
 ᠶᠠᠳᠠᠷ ᠳᠣᠷᠣᠢ ᠬᠦᠦ ᠪᠢ 
 ᠠᠷᠤ ᠨᠢᠷᠤᠭᠤᠨ ᠤ᠋ ᠪᠠᠨ ᠶᠠᠷ᠎ᠠ ᠶ᠋ᠢ 
 ᠠᠷᠭᠠᠯ ᠤ᠋ᠨ ᠭᠠᠯ ᠳ᠋ᠤ᠌ ᠴᠢᠨᠢ ᠡᠭᠡᠭᠡᠬᠦ ᠤᠤ?》ᠭᠡᠵᠡᠢ᠃ 
 ᠡᠪᠦᠭᠡᠨ ᠬᠦᠦ ᠶ᠋ᠢ ᠬᠠᠢᠷᠠᠯᠠᠵᠤ 
 ᠥᠪᠡᠷ ᠦ᠋ᠨ ᠢ᠋ᠶ᠋ᠡᠨ ᠬᠠᠵᠠᠭᠤ ᠳ᠋ᠤ᠌ ᠰᠠᠭᠤᠯᠭᠠᠵᠠᠢ 
 ᠡᠮᠡᠭᠡᠨ ᠠᠷᠭᠠᠯ ᠨᠡᠮᠡᠵᠦ 
 ᠭᠠᠯ ᠢ᠋ᠶ᠋ᠠᠨ ᠳᠤᠸᠠᠯᠠᠲᠠᠯ᠎ᠠ ᠲᠦᠯᠡᠵᠡᠢ᠂ 
 ᠠᠯᠲᠠᠨ ᠭᠠᠯᠠᠭᠤ ᠭᠠᠯ ᠳ᠋ᠤᠨᠢ 
 ᠠᠷᠤ ᠨᠢᠷᠤᠭᠤ ᠪᠠᠨ ᠡᠭᠡᠭᠡᠬᠦ ᠳ᠋ᠦ᠍ 
 ᠠᠯᠢᠪᠠ ᠬᠥᠮᠦᠨ ᠡᠴᠡ ᠢᠯᠭᠠᠭ᠎ᠠ ᠲᠠᠢ 
 ᠠᠶᠠᠭᠠᠨ ᠴᠢᠨᠡᠭᠡ ᠮᠡᠩᠭᠡ ᠨᠢ ᠬᠠᠷᠠᠭᠳᠠᠵᠠᠢ 
 ᠠᠪᠤ ᠨᠢ ᠣᠯᠵᠤ ᠦᠵᠡᠭᠡᠳ᠄
 《ᠠ᠂ ᠮᠢᠨᠦ ᠬᠦᠦ! 》 ᠭᠡᠵᠦ ᠬᠠᠰᠬᠢᠷᠴᠠᠢ᠃
 ᠡᠵᠢ ᠨᠢ ᠣᠯᠵᠤ ᠦᠵᠡᠭᠡᠳ᠄
 《ᠠ᠋ ᠂ ᠬᠦᠦ ᠮᠢᠨᠢ! 》 ᠭᠡᠵᠦ ᠪᠠᠷᠬᠢᠷᠠᠵᠠᠢ᠃ 
 ᠠᠯᠲᠠᠨ ᠭᠠᠯᠠᠭᠤ ᠰᠠᠨᠳᠤᠷᠴᠤ 
 ᠠᠪᠤ ᠡᠵᠢ ᠳ᠋ᠡᠭᠡᠨ ᠬᠡᠯᠡᠭᠰᠡᠨ ᠨᠢ᠄
 《 ᠠᠪᠤ ᠠ᠋ ᠠᠪᠤ ᠠ᠋᠂ ᠠᠶᠠᠷᠬᠠᠨ! 
 ᠠᠷᠴᠢ ᠶ᠋ᠢᠨ ᠬᠠᠷ᠎ᠠ ᠮᠠᠩᠭᠤᠰ ᠰᠣᠨᠣᠰᠤᠨ᠎ᠠ ᠰᠢᠦ 
 ᠡᠵᠢ ᠠ᠋ ᠡᠵᠢ ᠠ᠋ ᠨᠠᠮᠤᠭᠤᠬᠠᠨ! 
 ᠡᠵᠡᠷᠬᠡᠭ ᠮᠠᠩᠭᠤᠰ ᠮᠡᠳᠡᠨ᠎ᠡ ᠰᠢᠦ 
 ᠠᠯᠲᠠᠨ ᠭᠠᠯᠠᠭᠤ ᠬᠦᠦ ᠴᠢᠨᠢ ᠪᠢ 
 ᠠᠷᠴᠢ ᠶ᠋ᠢᠨ ᠬᠠᠷ᠎ᠠ ᠶ᠋ᠢ ᠳᠠᠷᠤᠬᠤ ᠪᠠᠷ ᠢᠷᠡᠪᠡ 
 ᠠᠷᠴᠢ ᠶ᠋ᠢᠨ ᠬᠠᠷ᠎ᠠ ᠶ᠋ᠢ ᠰᠥᠨᠥᠭᠡᠭᠰᠡᠨ ᠦ᠌ ᠬᠣᠢᠨ᠎ᠠ 
 ᠠᠮᠤᠷ ᠰᠠᠢᠬᠠᠨ ᠵᠢᠷᠭᠠᠶ᠎ᠠ! 》 ᠭᠡᠵᠡᠢ᠃ 
     *   *   * 
 ᠮᠠᠷᠭᠠᠰᠢ ᠥᠷᠯᠥᠭᠡ ᠨᠢ ᠠᠯᠲᠠᠨ ᠭᠠᠯᠠᠭᠤ 
 ᠮᠠᠩᠭᠤᠰ ᠤ᠋ᠨ ᠳ᠋ᠤ᠌ ᠣᠴᠢᠭᠠᠳ ᠬᠡᠯᠡᠭᠰᠡᠨ ᠨᠢ᠄ 
 《ᠬᠠᠨ ᠲᠠᠨ ᠤ᠋ ᠠᠴᠢ ᠪᠠᠷ 
 ᠬᠠᠯᠠᠭᠤᠨ ᠳᠤᠯᠠᠭᠠᠨ ᠬᠣᠨᠣᠯ᠎ᠠ 
 ᠬᠠᠢᠷ᠎ᠠ ᠬᠡᠰᠢᠭ ᠲᠡᠭᠡᠨ ᠪᠠᠭᠲᠠᠭᠠᠵᠤ 
 ᠬᠠᠢᠷᠠᠯᠠᠵᠤ ᠨᠢᠭᠡ ᠮᠣᠷᠢ ᠱᠠᠩᠨᠠᠨ᠎ᠠ ᠤᠤ? 
 ᠶᠠᠳᠠᠭᠤ ᠪᠠᠭᠤᠷᠠᠢ ᠬᠦᠦ ᠪᠢ 
 ᠶᠠᠪᠤᠭᠰᠠᠨ ᠭᠠᠵᠠᠷ ᠬᠣᠯᠠ 
 ᠶᠠᠳᠠᠷ ᠳᠣᠷᠣᠢ ᠳᠠᠭ᠎ᠠ ᠮᠢᠨᠢ 
 ᠶᠠᠪᠤᠬᠤ ᠴᠢᠳᠠᠯ ᠨᠢ ᠰᠤᠯᠠᠷᠠᠵᠠᠢ 》ᠭᠡᠵᠡᠢ᠃ 
 ᠠᠷᠭ᠎ᠠ ᠵᠠᠯᠢᠲᠤ ᠮᠠᠩᠭᠤᠰ 
 ᠠᠯᠲᠠᠨ ᠭᠠᠯᠠᠭᠤ ᠶ᠋ᠢᠨ ᠬᠡᠯᠡᠬᠦ ᠶ᠋ᠢ ᠰᠣᠨᠣᠰᠤᠭᠠᠳ᠄ 
 《ᠡᠷᠢᠯᠴᠢᠨ ᠬᠥᠮᠦᠨ ᠭᠡᠳᠡᠭ ᠴᠢᠨᠢ 
 ᠡᠯᠳᠡᠪ ᠭᠠᠵᠠᠷ ᠢ᠋ᠶ᠋ᠠᠷ ᠲᠣᠭᠣᠷᠢᠨ᠎ᠠ 
 ᠡᠨᠡ ᠮᠠᠭᠤ ᠬᠦᠦ ᠶ᠋ᠢ ᠠᠷᠭᠠᠳᠠᠪᠠᠯ 
 ᠡᠵᠡᠨ ᠨᠠᠮᠠᠶ᠋ᠢ ᠮᠠᠭᠲᠠᠬᠤ ᠪᠣᠯᠤᠨ᠎ᠠ》 ᠭᠡᠵᠦ ᠪᠣᠳᠣᠭᠠᠳ 
 ᠠᠳᠤᠭᠤᠴᠢᠨ ᠢ᠋ᠶ᠋ᠠᠨ ᠳᠠᠭᠤᠳᠠᠵᠤ ᠬᠡᠯᠡᠭᠰᠡᠨ ᠨᠢ᠄ 
 《ᠡᠵᠡᠨ ᠦ᠌ ᠪᠡᠨ ᠲᠣᠯᠣᠭᠠᠢ ᠶ᠋ᠢ ᠬᠠᠵᠠᠭᠰᠠᠨ 
 ᠥᠨᠥᠬᠢ ᠤᠯᠠᠭᠠᠨ ᠬᠡᠭᠡᠷ ᠮᠣᠷᠢ ᠶ᠋ᠢ ᠪᠠᠷᠢᠵᠤ ᠥᠭ!》 ᠭᠡᠵᠡᠢ᠃ 
 ᠠᠯᠲᠠᠨ ᠭᠠᠯᠠᠭᠤ ᠠᠳᠤᠭᠤᠴᠢᠨ ᠢ᠋ ᠳᠠᠭᠠᠵᠤ 
 ᠠᠳᠤᠭᠤᠨ ᠤ᠋ ᠵᠠᠬ᠎ᠠ ᠳ᠋ᠤ᠌ ᠬᠦᠷᠬᠦ ᠳ᠋ᠦ᠍ 
 ᠠᠯᠢᠶ᠎ᠠ ᠤᠯᠠᠭᠠᠨ ᠬᠡᠭᠡᠷ ᠮᠣᠷᠢ ᠨᠢ 
 ᠠᠯᠲᠠᠨ ᠭᠠᠯᠠᠭᠤ ᠶ᠋ᠢᠨ ᠢ᠋ᠶ᠋ᠡᠨ 
 ᠦᠨᠦᠷ ᠢ᠋ ᠠᠪᠤᠭᠠᠳ ᠭᠦᠶᠦᠵᠦ ᠪᠠᠢᠵᠠᠢ᠃ 
 ᠠᠷᠴᠢ ᠶ᠋ᠢᠨ ᠬᠠᠷ᠎ᠠ ᠮᠠᠩᠭᠤᠰ ᠤ᠋ᠨ ᠠᠳᠤᠭᠤᠴᠢᠨ 
 ᠠᠯᠲᠠᠨ ᠭᠠᠯᠠᠭᠤ ᠳ᠋ᠤ᠌ ᠬᠡᠯᠡᠭᠰᠡᠨ ᠨᠢ 
 ᠡᠨᠡ ᠤᠯᠠᠭᠠᠨ ᠬᠡᠭᠡᠷ ᠮᠣᠷᠢ ᠶ᠋ᠢ 
 ᠡᠷᠭᠢᠭᠦᠯᠵᠦ ᠭᠦᠢᠴᠡᠭᠰᠡᠨ ᠤᠳᠠᠭ᠎ᠠ ᠦᠭᠡᠢ 
 ᠡᠷ᠎ᠡ ᠴᠢᠳᠠᠯ ᠴᠢᠨᠢ ᠪᠠᠢᠪᠠᠯ ᠴᠢ 
 ᠥᠪᠡᠷ ᠢ᠋ᠶ᠋ᠡᠨ ᠪᠠᠷᠢᠭᠠᠳ ᠣᠨᠣ!》 
 ᠠᠯᠲᠠᠨ ᠭᠠᠯᠠᠭᠤ ᠬᠦᠦ 
 ᠨᠣᠭᠲᠣ ᠠᠪᠤᠭᠠᠳ ᠣᠴᠢᠬᠤ ᠳ᠋ᠤ᠌ 
 ᠤᠯᠠᠭᠠᠨ ᠬᠡᠭᠡᠷ ᠮᠣᠷᠢ ᠨᠢ 
 ᠤᠭᠲᠤᠵᠤ ᠭᠦᠶᠦᠭᠡᠳ ᠢᠷᠡᠵᠡᠢ᠃ 
     *   *   * 
 ᠤᠯᠠᠭᠠᠨ ᠬᠡᠭᠡᠷ ᠮᠣᠷᠢ ᠪᠠᠨ ᠤᠨᠤᠭᠠᠳ 
 ᠲᠣᠭᠣᠰ ᠬᠦᠷᠡᠩ ᠮᠣᠷᠢ ᠪᠠᠨ ᠬᠥᠲᠥᠯᠦᠭᠡᠳ 
 ᠠᠯᠲᠠᠨ ᠭᠠᠯᠠᠭᠤ ᠪᠠᠷᠠᠭᠤᠨᠰᠢ ᠶᠠᠪᠤᠵᠤ 
 ᠠᠯᠤᠰ ᠤ᠋ᠨ ᠥᠨᠳᠥᠷ ᠠᠭᠤᠯᠠᠨ ᠳ᠋ᠤ᠌ ᠬᠦᠷᠬᠦ ᠳ᠋ᠦ᠍ 
 ᠬᠠᠷ᠎ᠠ ᠰᠠᠯᠬᠢ ᠳᠡᠭᠳᠡᠭᠦᠯᠦᠨ 
 ᠬᠠᠳᠠ ᠴᠢᠯᠠᠭᠤ ᠬᠠᠩᠭᠢᠨᠠᠭᠤᠯᠤᠨ 
 ᠪᠠᠷᠰ ᠴᠣᠬᠣᠷ ᠵᠥᠭᠡᠢ 
 ᠪᠠᠷᠢᠵᠤ ᠢᠳᠡᠬᠦ ᠪᠡᠷ ᠢᠷᠡᠬᠦ ᠳ᠋ᠦ᠍ 
 ᠠᠯᠲᠠᠨ ᠭᠠᠯᠠᠭᠤ ᠨᠤᠮᠤ ᠰᠤᠮᠤ ᠪᠠᠨ ᠠᠪᠴᠤ 
 ᠲᠠᠲᠠᠵᠤ ᠲᠠᠲᠠᠵᠤ ᠲᠠᠰᠢᠶᠠᠨ ᠳ᠋ᠠᠭᠠᠨ ᠲᠤᠯᠭᠠᠵᠤ 
 ᠳᠡᠯᠢᠵᠦ ᠳᠡᠯᠢᠵᠦ ᠳᠡᠯᠢᠮ ᠢ᠋ᠶ᠋ᠡᠨ ᠳᠦᠭᠦᠷᠭᠡᠵᠦ
  ᠪᠠᠷᠢᠵᠤ ᠪᠠᠷᠢᠵᠤ ᠪᠠᠷᠰ ᠤ᠋ᠨ ᠳᠠᠭᠤ ᠭᠠᠷᠭᠠᠭᠠᠳ 
 ᠬᠣᠩ ᠬᠡᠷᠢᠶᠡᠨ ᠰᠣᠳᠣᠳᠤ ᠰᠤᠮᠤ ᠪᠠᠨ ᠬᠠᠷᠪᠤᠬᠤ ᠳ᠋ᠤ᠌ 
 ᠬᠣᠣᠷᠲᠤ ᠵᠥᠭᠡᠢ ᠣᠨᠣᠨᠠᠳᠠᠵᠤ 
 ᠬᠠᠷ᠎ᠠ ᠰᠠᠯᠬᠢᠨ ᠠᠷᠢᠯᠵᠤ 
 ᠬᠠᠩᠭᠢᠨᠠᠬᠤ ᠴᠢᠮᠡᠭᠡ ᠨᠢ ᠲᠠᠰᠤᠷᠠᠵᠠᠢ᠃ 
     *   *   * 
 ᠲᠣᠭᠣᠰ ᠬᠦᠷᠡᠩ ᠮᠣᠷᠢ ᠪᠠᠨ ᠤᠨᠤᠭᠠᠳ 
 ᠤᠯᠠᠭᠠᠨ ᠬᠡᠭᠡᠷ ᠮᠣᠷᠢ ᠪᠠᠨ ᠬᠥᠲᠥᠯᠦᠭᠡᠳ 
 ᠠᠯᠲᠠᠨ ᠭᠠᠯᠠᠭᠤ ᠶᠠᠪᠤᠭᠠᠳ 
 ᠠᠷᠤ ᠶ᠋ᠢᠨ ᠠᠭᠤᠯᠠᠨ ᠳ᠋ᠤ᠌ ᠬᠦᠷᠬᠦ ᠳ᠋ᠦ᠍ 
 ᠠᠷᠤᠭ ᠤ᠋ᠨ ᠴᠢᠨᠡᠭᠡ ᠠᠭᠠᠯᠵᠢ ᠨᠢ 
 ᠠᠶᠤᠩᠭ᠎ᠠ ᠴᠠᠬᠢᠯᠭᠠᠨ ᠨᠢᠷᠭᠡᠭᠦᠯᠵᠦ 
 ᠠᠭᠠᠳᠠᠷ ᠪᠣᠷᠣᠭᠠᠨ ᠣᠷᠣᠭᠤᠯᠤᠨ 
 ᠠᠮᠢᠳᠤ ᠪᠠᠷ ᠨᠢ ᠵᠠᠯᠭᠢᠬᠤ ᠪᠠᠷ ᠢᠷᠡᠬᠦ ᠳ᠋ᠦ᠍ 
 ᠠᠯᠲᠠᠨ ᠭᠠᠯᠠᠭᠤ ᠨᠤᠮᠤ ᠰᠤᠮᠤ ᠪᠠᠨ ᠠᠪᠴᠤ 
 ᠲᠠᠲᠠᠵᠤ ᠲᠠᠲᠠᠵᠤ ᠲᠠᠰᠢᠶᠠᠨ ᠳ᠋ᠠᠭᠠᠨ ᠲᠤᠯᠭᠠᠵᠤ 
 ᠳᠡᠯᠢᠵᠦ ᠳᠡᠯᠢᠵᠦ ᠳᠡᠯᠢᠮ ᠢ᠋ᠶ᠋ᠡᠨ ᠳᠦᠭᠦᠷᠭᠡᠵᠦ 
 ᠪᠠᠷᠢᠵᠤ ᠪᠠᠷᠢᠵᠤ ᠪᠠᠷᠰ ᠤ᠋ᠨ ᠳᠠᠭᠤ ᠭᠠᠷᠭᠠᠭᠠᠳ 
 ᠬᠣᠩ ᠬᠡᠷᠢᠶᠡᠨ ᠰᠣᠳᠣᠳᠤ ᠰᠤᠮᠤ ᠪᠠᠨ ᠬᠠᠷᠪᠤᠬᠤ ᠳ᠋ᠤ᠌ 
 ᠬᠣᠣᠷᠠᠲᠤ ᠠᠭᠠᠯᠵᠢ ᠣᠨᠣᠭᠳᠠᠵᠤ 
 ᠠᠶᠤᠩᠭ᠎ᠠ ᠴᠠᠬᠢᠯᠭᠠᠨ ᠠᠷᠢᠯᠵᠤ 
 ᠠᠭᠠᠳᠠᠷ ᠪᠣᠷᠣᠭᠠᠨ ᠵᠣᠭᠰᠣᠵᠠᠢ᠃ 
     *   *   * 
 ᠤᠯᠠᠭᠠᠨ ᠬᠡᠭᠡᠷ ᠮᠣᠷᠢ ᠪᠠᠨ ᠤᠨᠤᠭᠠᠳ 
 ᠲᠣᠭᠣᠰ ᠬᠦᠷᠡᠩ ᠮᠣᠷᠢ ᠪᠠᠨ ᠬᠥᠲᠥᠯᠦᠭᠡᠳ 
 ᠵᠡᠭᠦᠨ ᠠᠭᠤᠯᠠᠨ ᠳ᠋ᠤ᠌ ᠬᠦᠷᠬᠦ ᠳ᠋ᠦ᠍ 
 ᠵᠢᠷᠦᠬᠡ ᠴᠠᠭᠠᠨ ᠬᠠᠷ᠎ᠠ ᠨᠣᠬᠠᠢ 
 ᠠᠷᠠᠭ᠎ᠠ ᠰᠢᠲᠦ ᠪᠡᠨ ᠢᠷᠵᠠᠢᠯᠭᠠᠭᠠᠳ 
 ᠠᠯᠲᠠ ᠬᠡᠯᠡ ᠪᠡᠨ ᠭᠣᠯᠪᠠᠯᠵᠠᠭᠤᠯᠤᠭᠠᠳ 
 ᠠᠰᠯᠠᠵᠤ ᠳᠠᠭᠠᠷᠢᠭᠠᠳ ᠢᠷᠡᠬᠦ ᠳ᠋ᠦ᠍ᠨᠢ 
 ᠠᠯᠲᠠᠨ ᠭᠠᠯᠠᠭᠤ ᠨᠤᠮᠤ ᠰᠤᠮᠤ ᠪᠠᠨ ᠠᠪᠴᠤ 
 ᠲᠠᠲᠠᠵᠤ ᠲᠠᠲᠠᠵᠤ ᠲᠠᠰᠢᠶᠠᠨ ᠳ᠋ᠠᠭᠠᠨ ᠲᠤᠯᠭᠠᠵᠤ 
 ᠳᠡᠯᠢᠵᠦ ᠳᠡᠯᠢᠵᠦ ᠳᠡᠯᠢᠮ ᠳᠦᠭᠦᠷᠭᠡᠵᠦ 
 ᠠᠯᠳᠠᠯᠠᠵᠤ ᠠᠯᠳᠠᠯᠠᠵᠤ ᠠᠷᠰᠯᠠᠨ ᠤ᠋ ᠳᠠᠭᠤ ᠭᠠᠷᠭᠠᠭᠠᠳ 
 ᠲᠣᠭᠣᠰ ᠤ᠋ᠨ ᠰᠣᠳᠣᠳᠤ ᠰᠤᠮᠤ ᠪᠠᠨ ᠬᠠᠷᠪᠤᠬᠤ ᠳ᠋ᠤ᠌ 
 ᠵᠢᠷᠦᠬᠡ ᠴᠠᠭᠠᠨ ᠬᠠᠷ᠎ᠠ ᠨᠣᠬᠠᠢ ᠶ᠋ᠢᠨ
 ᠵᠢᠷᠦᠬᠡᠨ ᠳ᠋ᠦ᠍ᠨᠢ ᠰᠤᠮᠤ ᠲᠣᠰᠴᠤ 
 ᠠᠷᠠᠭ᠎ᠠ ᠰᠢᠲᠦ ᠨᠢ ᠢᠷᠵᠠᠢᠭᠠᠳ 
 ᠠᠯᠲᠠ ᠬᠡᠯᠡ ᠨᠢ ᠤᠨᠵᠢᠭᠠᠳ ᠦᠬᠦᠵᠡᠢ᠃
     *   *   * 
 ᠲᠣᠭᠣᠰ ᠬᠦᠷᠡᠩ ᠮᠣᠷᠢ ᠪᠠᠨ ᠤᠨᠤᠭᠠᠳ 
 ᠤᠯᠠᠭᠠᠨ ᠮᠣᠷᠢ ᠪᠠᠨ ᠬᠥᠲᠥᠯᠦᠭᠡᠳ 
 ᠤᠷᠲᠤ ᠠᠭᠤᠯᠠᠨ ᠳ᠋ᠤ᠌ ᠬᠦᠷᠬᠦ ᠳ᠋ᠦ᠍ 
 ᠣᠭᠣᠳᠣᠩ ᠮᠤᠬᠤᠷ ᠪᠤᠬ᠎ᠠ 
 ᠬᠠᠳᠠ ᠴᠢᠯᠠᠭᠤ ᠬᠠᠩᠭᠢᠨᠠᠲᠠᠯ᠎ᠠ ᠮᠥᠷᠭᠥᠵᠦ 
 ᠬᠠᠮᠤᠭ ᠠᠮᠢᠲᠠᠨ ᠢ᠋ ᠰᠣᠴᠢᠲᠠᠯ᠎ᠠ ᠮᠥᠭᠡᠷᠡᠭᠡᠳ 
 ᠠᠯᠠᠨ ᠳᠠᠭᠠᠷᠢᠭᠠᠳ ᠢᠷᠡᠬᠦ ᠳ᠋ᠦ᠍ 
 ᠠᠯᠲᠠᠨ ᠭᠠᠯᠠᠭᠤ ᠨᠤᠮᠤ ᠰᠤᠮᠤ ᠪᠠᠨ ᠠᠪᠴᠤ 
 ᠲᠠᠲᠠᠵᠤ ᠲᠠᠲᠠᠵᠤ ᠲᠠᠰᠢᠶᠠᠨ ᠳ᠋ᠠᠭᠠᠨ ᠲᠤᠯᠭᠠᠵᠤ 
 ᠳᠡᠯᠢᠵᠦ ᠳᠡᠯᠢᠵᠦ ᠳᠡᠯᠢᠮ ᠳᠦᠭᠦᠷᠭᠡᠵᠦ 
 ᠠᠯᠳᠠᠵᠤ ᠠᠯᠳᠠᠵᠤ ᠠᠷᠰᠯᠠᠨ ᠤ᠋ ᠳᠠᠭᠤ ᠭᠠᠷᠭᠠᠭᠠᠳ 
 ᠲᠣᠭᠣᠰ ᠤ᠋ᠨ ᠰᠣᠳᠣᠲᠤ ᠰᠤᠮᠤ ᠪᠠᠨ ᠬᠠᠷᠪᠤᠬᠤ ᠳ᠋ᠤ᠌ 
 ᠣᠭᠣᠳᠣᠩ ᠮᠤᠬᠤᠷ ᠪᠤᠬ᠎ᠠ ᠶ᠋ᠢᠨ 
 ᠠᠭᠤᠰᠬᠢᠨ ᠳ᠋ᠤᠨᠢ ᠰᠤᠮᠤ ᠲᠣᠰᠴᠤ 
 ᠣᠯᠠᠨ ᠶᠠᠰᠤ ᠨᠢ ᠰᠠᠯᠤᠭᠠᠳ 
 ᠤᠯᠠᠭᠠᠨ ᠴᠢᠰᠤ ᠨᠢ ᠤᠷᠤᠰᠤᠭᠠᠳ ᠦᠬᠦᠵᠡᠢ᠃
     *   *   *   
 ᠤᠯᠠᠭᠠᠨ ᠬᠡᠭᠡᠷ᠎ᠡ ᠮᠣᠷᠢ ᠪᠠᠨ ᠤᠨᠤᠭᠠᠳ 
 ᠲᠣᠭᠣᠰ ᠬᠦᠷᠡᠩ ᠮᠣᠷᠢ ᠪᠠᠨ ᠬᠥᠲᠥᠯᠦᠭᠡᠳ 
 ᠠᠯᠲᠠᠨ ᠭᠠᠯᠠᠭᠤ ᠶᠠᠪᠤᠭᠰᠠᠭᠠᠷ ᠪᠠᠢᠵᠤ 
 ᠮᠥᠰᠥᠲᠦ ᠰᠦᠮᠪᠦᠷ ᠠᠭᠤᠯᠠᠨ ᠳ᠋ᠤ᠌ ᠬᠦᠷᠴᠦ 
 ᠬᠠᠩᠭᠢᠨᠠᠳᠠᠭ ᠬᠠᠷ᠎ᠠ ᠲᠣᠭᠣᠭ᠎ᠠ ᠨᠢ 
 ᠬᠠᠩᠭᠢᠨᠠᠨ ᠳᠠᠩᠭᠢᠨᠠᠨ ᠳᠤᠤᠭᠠᠷᠤᠭᠰᠠᠨ ᠳ᠋ᠤ᠌ 
 ᠬᠠᠨ ᠭᠠᠷᠤᠳᠠᠢ ᠶᠢᠨ ᠰᠣᠳᠤᠲᠤ ᠰᠤᠮᠤ ᠪᠠᠷ ᠢ᠋ᠶ᠋ᠠᠨ 
 ᠬᠠᠭ᠎ᠠ ᠪᠤᠲᠠᠷᠠᠲᠠᠯ᠎ᠠ ᠨᠢ ᠬᠠᠷᠪᠤᠭᠠᠳ 
 ᠬᠠᠷᠭᠢᠰ ᠬᠡᠷᠴᠡᠭᠡᠢ ᠮᠠᠩᠭᠤᠰ ᠤ᠋ᠨ 
 ᠬᠠᠮᠤᠭ ᠰᠦᠨᠡᠰᠦ ᠶ᠋ᠢ ᠨᠢ ᠳᠠᠷᠤᠭᠠᠳ 
 ᠬᠠᠷᠠᠩᠭᠤᠢ ᠰᠥᠨᠢ ᠪᠣᠯᠤᠭᠰᠠᠨ ᠤ᠋ ᠬᠣᠢᠨ᠎ᠠ 
 ᠠᠪᠤ ᠡᠵᠢ ᠳ᠋ᠡᠭᠡᠨ ᠣᠴᠢᠵᠠᠢ᠃ 
     *   *   *   

 ᠠᠯᠲᠠᠨ ᠭᠠᠯᠠᠭᠤ ᠬᠦᠦ 
 ᠠᠪᠤ ᠡᠵᠢ ᠳ᠋ᠡᠭᠡᠨ ᠬᠡᠯᠡᠭᠰᠡᠨ ᠨᠢ᠄ 
 《ᠠᠷᠴᠢ ᠶ᠋ᠢᠨ ᠬᠠᠷ᠎ᠠ ᠮᠠᠩᠭᠤᠰ ᠤ᠋ᠨ 
 ᠠᠯᠢᠪᠠ ᠰᠦᠨᠡᠰᠦ ᠶ᠋ᠢ ᠨᠢ ᠳᠠᠷᠤᠯ᠎ᠠ᠂ 
 ᠠᠷᠠᠰᠤ ᠮᠢᠬ᠎ᠠ ᠶ᠋ᠢ ᠨᠢ ᠰᠠᠯᠭᠠᠬᠤ ᠳ᠋ᠤ᠌ 
 ᠠᠮᠠᠷ ᠬᠢᠯᠪᠠᠷ ᠪᠣᠯᠤᠯ᠎ᠠ᠃ 
 ᠮᠠᠷᠭᠠᠰᠢ ᠥᠷᠯᠥᠭᠡ ᠪᠣᠰᠤᠭᠠᠳ 
 ᠮᠠᠨᠳᠤᠬᠤ ᠨᠠᠷᠠᠨ ᠤ᠋ ᠡᠷᠡᠨ ᠢ᠋ᠶ᠋ᠡᠷ᠄ 
 < ᠮᠠᠨ ᠤ᠋ ᠨᠠᠷᠠ ᠮᠠᠨᠳᠤᠯ᠎ᠠ 
 ᠮᠠᠩᠭᠤᠰ ᠤ᠋ᠨ ᠨᠠᠷᠠ ᠤᠨᠠᠯ᠎ᠠ ᠭᠡᠵᠦ ᠬᠠᠰᠬᠢᠷ!》 ᠭᠡᠵᠡᠢ᠃ 
 ᠠᠪᠤ ᠡᠵᠢ ᠬᠣᠶᠠᠷ ᠨᠢ 
 ᠠᠯᠲᠠᠨ ᠭᠠᠯᠠᠭᠤ ᠶ᠋ᠢᠨ ᠬᠡᠯᠡᠭᠰᠡᠨ ᠶᠣᠰᠣᠭᠠᠷ 
 ᠮᠠᠷᠭᠠᠰᠢ ᠥᠷᠯᠥᠭᠡ ᠨᠢ ᠪᠣᠰᠤᠭᠠᠳ 
 ᠮᠠᠨᠳᠤᠬᠤ ᠨᠠᠷᠠᠨ ᠤ᠋ ᠡᠷᠡᠨ ᠢ᠋ᠶ᠋ᠡᠷ᠄ 
 《ᠮᠠᠨ ᠤ᠋ ᠨᠠᠷᠠ ᠮᠠᠨᠳᠤᠯ᠎ᠠ 
 ᠮᠠᠩᠭᠤᠰ ᠤ᠋ᠨ ᠨᠠᠷᠠ ᠤᠨᠠᠯ᠎ᠠ! 》 ᠭᠡᠵᠦ ᠬᠠᠰᠬᠢᠷᠴᠠᠢ᠃ 
 ᠠᠷᠴᠢ ᠶ᠋ᠢᠨ ᠬᠠᠷ᠎ᠠ ᠮᠠᠩᠭᠤᠰ ᠰᠣᠨᠣᠰᠴᠤ 
 ᠠᠲᠠᠭ᠎ᠠ ᠬᠣᠣᠷ ᠨᠢ ᠪᠤᠴᠠᠯᠵᠤ 
 ᠥᠨᠳᠡᠢᠵᠦ ᠪᠣᠰᠬᠤ ᠭᠡᠲᠡᠯ᠎ᠡ ᠨᠢ 
 ᠡᠪᠴᠢᠭᠦᠨ ᠳ᠋ᠦ᠍ᠨᠢ ᠰᠤᠮᠤ ᠲᠣᠰᠴᠤ 
 ᠥᠩᠬᠥᠷᠢᠭᠡᠳ ᠴᠠᠰᠢ ᠤᠨᠠᠲᠠᠯ᠎ᠠ ᠨᠢ 
 ᠥᠷᠥᠨ① ᠳ᠋ᠦ᠍ᠨᠢ ᠬᠢᠲᠤᠭ᠎ᠠ ᠰᠢᠭᠠᠭᠠᠳ 
 ᠠᠯᠲᠠᠨ ᠭᠠᠯᠠᠭᠤ ᠢᠷᠡᠵᠦ 
 ᠠᠷᠴᠢ ᠶ᠋ᠢᠨ ᠬᠠᠷ᠎ᠠ ᠶ᠋ᠢᠨ ᠠᠮᠢ ᠶ᠋ᠢ ᠲᠠᠰᠤᠯᠵᠠᠢ᠃ 
 ᠬᠠ ᠭᠤᠶ᠎ᠠ ᠶ᠋ᠢ ᠨᠢ ᠰᠠᠯᠭᠠᠵᠤ 
 ᠬᠣᠯᠠ ᠬᠣᠯᠠ ᠬᠠᠶᠠᠵᠠᠢ᠂ 
 ᠡᠯᠢᠭᠡ ᠵᠢᠷᠦᠬᠡ ᠶ᠋ᠢ ᠨᠢ ᠬᠡᠷᠴᠢᠵᠦ 
 ᠡᠰᠢ ᠲᠡᠰᠢ ᠰᠢᠳᠡᠵᠡᠢ᠃ 
     *   *   *   
 ᠠᠷᠴᠢ ᠶ᠋ᠢᠨ ᠬᠠᠷ᠎ᠠ ᠮᠠᠩᠭᠤᠰ ᠢ᠋ ᠳᠠᠷᠤᠭᠠᠳ 
 ᠠᠪᠤ ᠡᠵᠢ ᠪᠡᠨ ᠠᠪᠴᠤ 
 ᠠᠪᠠᠯᠢ ᠭᠡᠷᠭᠡᠢ ᠪᠡᠨ ᠳᠠᠭᠠᠭᠤᠯᠵᠤ 
 ᠥᠪᠡᠷ ᠦ᠋ᠨ ᠨᠤᠲᠤᠭ ᠲᠠᠭᠠᠨ ᠪᠤᠴᠠᠬᠤ ᠳ᠋ᠤ᠌ 
 ᠤᠰᠤᠨ ᠪᠣᠯᠣᠷ ᠬᠠᠲᠤᠨ ᠨᠢ  
 ᠤᠷᠢᠳᠠ ᠨᠢ ᠢᠷᠡᠵᠦ ᠬᠡᠯᠡᠭᠰᠡᠨ ᠨᠢ᠄ 
 《ᠬᠣᠢᠲᠤ ᠠᠭᠤᠯᠠ ᠶ᠋ᠢᠨ ᠠᠭᠤᠢ ᠳ᠋ᠤ᠌ 
 ᠬᠣᠪᠳᠣᠭ ᠮᠠᠩᠭᠤᠰ ᠤ᠋ᠨ ᠬᠠᠲᠤᠨ ᠪᠣᠢ᠃ 
 ᠬᠣᠮᠣᠬᠠᠢ ᠬᠠᠲᠤᠨ ᠢ᠋ ᠠᠯᠠᠬᠤ ᠦᠭᠡᠢ ᠪᠣᠯ 
 ᠬᠣᠣᠷ᠎ ᠦᠨ ᠦᠨᠳᠦᠰᠦ ᠲᠠᠰᠤᠷᠠᠬᠤ ᠦᠭᠡᠢ!》 ᠭᠡᠵᠡᠢ᠃
 ᠠᠪᠤ ᠡᠵᠢ᠂ ᠠᠪᠠᠯᠢ ᠬᠠᠲᠤᠨ᠂ 
 ᠠᠯᠪᠠᠲᠤ ᠢᠷᠭᠡᠳ ᠢ᠋ᠶ᠋ᠡᠨ ᠨᠤᠲᠤᠬ ᠲᠠᠭᠠᠨ ᠪᠤᠴᠠᠭᠠᠵᠤ 
 ᠠᠯᠲᠠᠨ ᠭᠠᠯᠠᠭᠤ ᠳᠣᠪᠲᠣᠯᠤᠨ ᠣᠴᠢᠵᠤ 
 ᠠᠷᠤ ᠶ᠋ᠢᠨ ᠠᠭᠤᠯᠠᠨ ᠤ᠋ ᠠᠭᠤᠢ ᠳ᠋ᠤ᠌ ᠬᠦᠷᠬᠦ ᠳ᠋ᠦ᠍ 
 ᠭᠡᠷ ᠦ᠋ᠨ ᠴᠢᠨᠡᠭᠡ ᠭᠡᠳᠡᠰᠦ ᠲᠡᠢ 
 ᠭᠡᠳᠡᠭᠡᠷ ᠬᠠᠷ᠎ᠠ ᠮᠠᠩᠭᠤᠰ ᠪᠠᠢᠵᠠᠢ᠃ 
 ᠭᠡᠳᠡᠰᠦ ᠶ᠋ᠢ ᠨᠢ ᠬᠠᠭ᠎ᠠ ᠴᠢᠴᠢᠬᠦ ᠳ᠋ᠦ᠍ 
 ᠭᠡᠳᠡᠰᠦ ᠨᠢ ᠳᠡᠯᠪᠡᠷᠡᠨ 
 ᠳᠣᠲᠣᠷ᠎ᠠ ᠠ᠋ᠴᠠ ᠨᠢ 
 ᠦᠢ ᠲᠦᠮᠡᠨ ᠬᠥᠮᠦᠨ ᠭᠠᠷᠴᠤ 
 ᠦᠢᠮᠡᠭᠡᠨ ᠱᠤᠤᠭᠢᠶᠠᠨ ᠪᠣᠯᠵᠤ 
 《ᠮᠠᠨ ᠤ᠋ ᠨᠠᠷᠠ ᠮᠠᠨᠳᠤᠯ᠎ᠠ
  ᠮᠠᠩᠭᠤᠰ ᠤ᠋ᠨ ᠨᠠᠷᠠ ᠤᠨᠠᠵᠠᠢ! 》 ᠭᠡᠵᠦ 
 ᠲᠡᠷᠭᠡ ᠲᠡᠢ ᠨᠢ ᠲᠡᠷᠭᠡᠨ ᠳ᠋ᠡᠭᠡᠨ ᠰᠠᠭᠤᠵᠤ 
 ᠲᠡᠮᠡᠭᠡ ᠲᠡᠢ ᠨᠢ ᠲᠡᠮᠡᠭᠡ ᠪᠡᠨ ᠤᠨᠤᠵᠤ 
 ᠭᠡᠷ ᠭᠡᠷ ᠦ᠋ᠨ ᠢ᠋ᠶ᠋ᠡᠨ ᠵᠦᠭ ᠴᠤᠪᠤᠵᠠᠢ᠃ 
 ᠭᠡᠨᠡᠳᠲᠡ ᠲᠡᠷᠡ ᠵᠠᠪᠰᠠᠷ 
 ᠳᠡᠰ ᠬᠠᠷ᠎ᠠ ᠮᠣᠷᠢ ᠲᠠᠢ 
 ᠲᠡᠮᠦᠷ ᠬᠥᠬᠡ ᠬᠦᠦ ᠢᠷᠡᠭᠡᠳ 
 《ᠠᠪᠤ ᠶ᠋ᠢᠨ ᠢ᠋ᠶ᠋ᠡᠨ ᠬᠠᠷᠢᠭᠤ ᠶ᠋ᠢ ᠠᠪᠤᠨ᠎ᠠ》 ᠭᠡᠳ 
 ᠠᠯᠲᠠᠨ ᠭᠠᠯᠠᠭᠤ ᠲᠠᠢ ᠵᠢᠭᠤᠷᠠᠵᠠᠢ᠃
 ᠬᠡᠨ ᠠᠯᠢ ᠨᠢ ᠴᠦ᠍ ᠳᠡᠢᠯᠬᠦ ᠦᠭᠡᠢ 
 ᠬᠡᠳᠦᠨ ᠡᠳᠦᠷ ᠨᠣᠴᠣᠯᠳᠤᠵᠤ 
 ᠰᠦᠮᠪᠦᠷ ᠶᠡᠬᠡ ᠠᠭᠤᠯᠠ ᠶ᠋ᠢ 
 ᠳᠣᠩᠰᠣᠯᠲᠠᠯ᠎ᠠ ᠨᠢ ᠨᠣᠴᠣᠯᠳᠤᠵᠤ 
 ᠰᠦᠨ ᠶᠡᠬᠡ ᠳᠠᠯᠠᠢ ᠶ᠋ᠢ 
 ᠴᠠᠯᠭᠢᠲᠠᠯ᠎ᠠ ᠨᠢ ᠨᠣᠴᠣᠯᠳᠤᠵᠤ 
 ᠠᠷᠤ ᠶ᠋ᠢᠨ ᠠᠭᠤᠯᠠ ᠶ᠋ᠢᠨ ᠣᠢ ᠶ᠋ᠢ 
 ᠵᠤᠯᠭᠠᠷᠠᠲᠠᠯ᠎ᠠ ᠨᠢ ᠨᠣᠴᠣᠯᠳᠤᠵᠤ 
 ᠠᠩ ᠠᠷᠢᠶᠠᠲᠠᠨ ᠭᠥᠷᠥᠭᠡᠰᠦ ᠶ᠋ᠢ 
 ᠦᠷᠭᠦᠲᠡᠯ᠎ᠡ ᠨᠢ ᠨᠣᠴᠣᠯᠳᠤᠵᠤ 
 ᠠᠶᠤᠯᠲᠤ ᠮᠠᠩᠭᠤᠰ ᠤ᠋ᠨ ᠬᠦᠦ ᠲᠠᠢᠯᠵᠤ 
 ᠠᠯᠲᠠᠨ ᠭᠠᠯᠠᠭᠤ ᠳᠠᠷᠤᠭᠳᠠᠮᠠᠷ ᠪᠠᠢᠲᠠᠯ᠎ᠠ 
 ᠲᠥᠭᠡ ᠤᠷᠲᠤ ᠴᠢᠬᠢ ᠲᠡᠢ 
 ᠲᠡᠮᠦᠷ ᠬᠥᠬᠡ ᠤᠨᠠᠭ᠎ᠠ ᠪᠠᠨ ᠤᠨᠤᠵᠤ 
 ᠠᠯᠲᠠᠨ ᠭᠠᠯᠠᠭᠤ ᠶ᠋ᠢᠨ ᠬᠦᠦ ᠨᠢ 
 ᠠᠶᠤᠩᠭ᠎ᠠ ᠮᠡᠲᠦ ᠳᠤᠤᠭᠠᠷᠤᠭᠠᠳ ᠢᠷᠡᠵᠦ 
 ᠠᠷᠴᠢ ᠶ᠋ᠢᠨ ᠬᠠᠷ᠎ᠠ ᠮᠠᠩᠭᠤᠰ ᠤ᠋ᠨ ᠬᠦᠦ ᠶ᠋ᠢᠨ 
 ᠠᠷᠤ ᠰᠢᠯᠢᠨ ᠡᠴᠡ ᠨᠢ ᠠᠪᠴᠤ ᠳᠤᠭᠲᠤᠷᠤᠨ 
 ᠠᠮᠠᠨ ᠬᠦᠵᠦᠭᠦᠦ ᠶ᠋ᠢ ᠨᠢ ᠰᠠᠯᠭᠠᠵᠤ 
 ᠠᠮᠢ ᠭᠣᠣᠯ ᠢ᠋ ᠨᠢ ᠲᠠᠰᠤᠯᠤᠭᠠᠳ 
 ᠠᠶᠤᠯᠲᠤ ᠮᠠᠩᠭᠤᠰ ᠤ᠋ᠨ ᠦᠨᠳᠦᠰᠦ ᠶ᠋ᠢ ᠲᠠᠰᠤᠯᠵᠤ 
 ᠠᠯᠳᠠᠷ ᠴᠣᠯᠠ ᠪᠠᠨ ᠮᠠᠨᠳᠤᠭᠤᠯᠤᠭᠠᠳ 
 ᠠᠩᠬᠠᠨ ᠤ᠋ ᠨᠤᠲᠤᠭ ᠲᠠᠭᠠᠨ ᠪᠤᠴᠠᠵᠤ 
 ᠠᠮᠤᠷ ᠰᠠᠢᠬᠠᠨ ᠵᠢᠷᠭᠠᠵᠠᠢ᠃ 
 ᠭᠤᠨᠵᠢᠨ ᠦᠨᠢᠶ᠎ᠡ ᠠᠯᠠᠵᠤ 
 ᠭᠤᠷᠪᠠ ᠬᠣᠨᠣᠭ ᠨᠠᠢᠷᠯᠠᠵᠠᠢ᠂ 
 ᠲᠦᠨᠵᠢᠨ ᠦᠨᠢᠶ᠎ᠡ ᠠᠯᠠᠵᠤ 
 ᠳᠥᠷᠪᠡ ᠬᠣᠨᠣᠭ ᠨᠠᠢᠷᠯᠠᠵᠠᠢ᠃ 
 ᠠᠭᠤᠢ ᠤᠯᠠᠭᠠᠨ ᠬᠠᠨ ᠨᠢ 
 ᠠᠴᠢ ᠪᠠᠨ ᠲᠡᠪᠡᠷᠢᠭᠡᠳ ᠦᠨᠦᠰᠴᠡᠢ᠂ 
 ᠠᠯᠲᠠᠨ ᠭᠠᠯᠠᠭᠤ ᠣᠯᠠᠨ ᠠ᠋ᠴᠠ 
 ᠬᠦᠦ ᠳ᠋ᠡᠭᠡᠨ ᠨᠡᠷ᠎ᠡ ᠭᠤᠶᠤᠵᠠᠢ᠃ 
 ᠠᠳᠤᠭᠤᠨ ᠤ᠋ ᠠᠭ ᠰᠠᠬᠠᠯ ᠲᠠᠢ ᠡᠪᠦᠭᠡᠨ ᠨᠢ 
 ᠪᠢ ᠨᠡᠷ᠎ᠡ ᠥᠭᠭᠦᠶ᠎ᠡ ᠭᠡᠳ᠄ 
 ᠳᠠᠢᠰᠤᠨ ᠢ᠋ᠶ᠋ᠠᠨ ᠳᠠᠷᠤᠭᠰᠠᠨ  
 ᠳ᠋ᠠᠩ ᠭᠠᠷᠤᠳᠢ ᠬᠦᠦ ᠭᠡᠵᠦ ᠨᠠᠷᠡᠯᠡᠵᠠᠢ᠃ 

— — — —
① ᠥᠷᠥᠨ— ᠦᠷᠦ 

       ᠦᠰᠦᠭ ᠠᠮᠢᠯᠠᠭᠤᠯᠤᠭᠰᠠᠨ ᠨᠢ ᠄ ᠬᠥᠬᠡ ᠮᠣᠩᠭᠣᠯ
          ᠬᠢᠨᠠᠭᠴᠢ᠄  ᠬᠡᠯᠡᠰᠣᠶᠣᠯ ᠪᠠᠭᠰᠢ