ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–3 Идээ ундааны жинхэнэ товч–Хүсэхүй᠂ Хөхлуу нар –1-р боть᠂Эрхэм найрлагат итгэн ундаа- 3 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–3 Идээ ундааны жинхэнэ товч–Хүсэхүй᠂ Хөхлуу нар –1-р боть᠂Эрхэм найрлагат итгэн ундаа- 3

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–3 Идээ ундааны жинхэнэ товч–Хүсэхүй᠂ Хөхлуу нар –1-р боть᠂Эрхэм найрлагат итгэн ундаа- 3

2025-12-17

195

ᠡᠷᠬᠢᠮ ᠨᠠᠢᠷᠠᠯᠭᠠᠳᠤ ᠢᠳᠡᠭᠡᠨ ᠤᠮᠳᠠᠭᠠᠨ -3


ᠵᠢᠩᠨᠡᠮᠡᠯ ᠢᠳᠡᠭᠡᠨ 
       ᠡᠨᠡ ᠪᠣᠯᠪᠠᠰᠤ ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠨᠣᠣᠰᠣ ᠶ᠋ᠢ ᠠᠨᠤ ᠵᠤᠯᠭᠠᠭᠠᠵᠤ ᠠᠪᠤᠭᠰᠠᠨ ᠬᠣᠨᠢ ᠶ᠋ᠢᠨ ᠨᠢᠷᠤᠭᠤᠨ ᠤ᠋ ᠠᠷᠠᠰᠤ ᠪᠤᠶᠤ ᠡᠰᠡᠬᠦᠯ᠎ᠡ ᠬᠣᠨᠢᠨ ᠮᠢᠬ᠎ᠠ ᠭᠤᠷᠪᠠᠨ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠭᠠᠮᠠᠷ ᠬᠣᠶᠠᠷ ᠴᠢᠨ᠂ ᠵᠦᠷᠪᠠᠭ ᠬᠣᠶᠠᠷ ᠴᠢᠨ ᠢ᠋ ᠳᠣᠲᠣᠷᠠᠬᠢ ᠴᠠᠭᠠᠨ ᠢ᠋ ᠠᠪᠴᠤ ᠬᠠᠶᠠᠨ᠂ ᠶᠸᠷᠮ᠎ᠡ ᠬᠣᠶᠠᠷ ᠴᠢᠨ᠃ 
       ᠳᠡᠭᠡᠷᠡᠬᠢ ᠵᠦᠢᠯ ᠦ᠋ᠳ ᠢ᠋ ᠭᠦᠢᠯᠡᠰᠦᠨ ᠦ᠌ ᠨᠦᠳᠦᠮᠡᠯ ᠬᠣᠭᠣᠷᠮᠠᠭ ᠨᠢᠭᠡᠨ ᠵᠢᠩ᠂ ᠨᠠᠷᠠᠰᠤᠨ ᠴᠡᠴᠡᠭ ᠦ᠋ᠨ ᠦᠷᠡᠳᠡᠰᠦ ᠬᠣᠶᠠᠷ ᠭᠧ᠂ ᠨᠣᠢᠲᠠᠨ ᠭᠠ ᠶ᠋ᠢᠨ ᠰᠢᠭᠦᠰᠦ ᠬᠣᠶᠠᠷ ᠭᠧ ᠲᠡᠢ ᠨᠡᠢᠯᠡᠭᠦᠯᠦᠨ᠂ ᠬᠠᠭᠤᠷᠤᠭᠰᠠᠨ ᠰᠣᠩᠭᠢᠨ᠎ᠠ᠂ ᠳᠠᠪᠤᠰᠤ ᠵᠢᠴᠢ ᠲᠠᠪᠤᠨ ᠠᠮᠲᠠ ᠵᠡᠷᠭᠡ ᠶ᠋ᠢ ᠨᠡᠮᠡᠷᠢᠯᠡᠨ ᠨᠠᠢᠷᠠᠭᠤᠯᠤᠭᠠᠳ ᠰᠠᠪᠠᠨ ᠳ᠋ᠤᠷ ᠠᠬᠤᠭᠤᠯᠵᠤ᠂ ᠵᠥᠭᠡᠯᠡᠷᠡᠲᠡᠯ᠎ᠡ ᠵᠢᠩᠨᠡᠵᠦ ᠪᠣᠯᠭᠣᠭᠠᠳ᠂ ᠬᠠᠪᠲᠠᠭᠠᠢ ᠣᠷᠢᠶᠠᠮᠠᠯ ᠪᠣᠭᠣᠷᠰᠣᠭ ᠲᠠᠢ ᠢᠳᠡᠮᠦᠢ᠃  

ᠰᠢᠮᠡᠯᠳᠡᠭ ᠨᠣᠭᠣᠭ᠎ᠠ ᠶ᠋ᠢᠨ ᠱᠥᠯᠥ 
       ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠭᠠᠮᠠᠷ ᠬᠣᠶᠠᠷ ᠴᠢᠨ᠃ 
       ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠮᠤᠢ᠃ ᠬᠣᠨᠢᠨ ᠡᠯᠢᠭᠡᠨ ᠦ᠌ ᠵᠢᠶᠠᠩ ᠢ᠋ ᠬᠢᠭᠡᠳ ᠲᠤᠩᠭᠠᠯᠠᠭ ᠰᠥᠮᠥᠰᠦ ᠶ᠋ᠢ ᠠᠪᠴᠤ ᠬᠡᠷᠡᠭᠯᠡᠮᠦᠢ᠃ ᠵᠢᠴᠢ ᠪᠤᠷᠴᠠᠭ ᠤ᠋ᠨ ᠭᠤᠯᠢᠷ ᠲᠠᠪᠤᠨ ᠵᠢᠩ ᠢ᠋ᠶ᠋ᠡᠷ ᠶᠠᠯᠴᠢᠩ ᠬᠢᠵᠦ ᠂ ᠬᠤᠷᠤᠳ ᠨᠢᠭᠡᠨ ᠪᠦᠬᠦᠯᠢ᠂ ᠨᠠᠩᠭᠢ ᠴᠠᠭᠠᠨ ᠨᠢᠭᠡ ᠵᠢᠩ᠂ ᠰᠢᠷ᠎ᠠ ᠯᠤᠤᠪᠠᠩ ᠠᠷᠪᠠ᠂ ᠬᠣᠨᠢᠨ ᠰᠡᠭᠦᠯ ᠨᠢᠭᠡ ᠪᠠ ᠮᠢᠬ᠎ᠠ ᠶ᠋ᠢ ᠲᠣᠰᠪᠣᠷᠢ ᠳ᠋ᠤᠨᠢ ᠨᠠᠷᠢᠨ ᠬᠡᠷᠴᠢᠭᠡᠳ᠂ ᠲᠡᠢ ᠽᠢ ᠼᠠᠢ ᠨᠣᠭᠣᠭ᠎ᠠ᠂ ᠭᠣᠭᠣᠳ᠂ ᠫᠣᠸᠠᠷᠢ ᠨᠢᠭᠡᠨ ᠯᠠᠩ᠂ ᠳᠠᠪᠤᠰᠤ ᠼᠤᠤ ᠵᠡᠷᠭᠡ ᠶ᠋ᠢ ᠬᠢᠵᠦ ᠨᠠᠢᠷᠠᠭᠤᠯᠤᠮᠤᠢ᠃  

ᠪᠠᠭᠠᠪᠠᠭᠠᠢ ᠶ᠋ᠢᠨ ᠮᠢᠬᠠᠨ ᠱᠥᠯᠥ 
       ᠬᠡᠢ ᠬᠤᠶᠠᠩ ᠪᠣᠯᠵᠤ ᠮᠡᠳᠡᠷᠡᠯ ᠠᠯᠳᠠᠵᠤ᠂ ᠬᠥᠯ ᠦ᠋ᠨ ᠪᠢᠯᠴᠤᠤ ᠶ᠋ᠢ ᠡᠮᠨᠡᠮᠦᠢ᠃ 
       ᠪᠠᠭᠠᠪᠠᠭᠠᠢ ᠶ᠋ᠢᠨ ᠮᠢᠬ᠎ᠠ ᠨᠢᠭᠡ ᠮᠥᠴᠢ ᠶ᠋ᠢ ᠪᠣᠯᠭᠣᠭᠠᠳ᠂ ᠬᠡᠰᠡᠭᠯᠡᠨ ᠬᠡᠷᠴᠢᠵᠦ᠂ ᠭᠠᠭᠤᠯᠠ ᠭᠤᠷᠪᠠᠨ ᠪᠦᠬᠦᠯᠢ᠃ 
       ᠳᠡᠭᠡᠷᠡᠬᠢ ᠵᠦᠢᠯ ᠦ᠋ᠳ ᠲᠣᠷ ᠫᠣᠸᠠᠷᠢ ᠭᠤᠷᠪᠠᠨ ᠴᠢᠨ᠂ ᠰᠢᠩᠭᠦᠨ ᠨᠢᠭᠡ ᠴᠢᠨ᠂ ᠶᠦᠩᠸ᠎ᠠ ᠬᠣᠶᠠᠷ ᠴᠢᠨ᠂ ᠬᠣᠯᠢᠮᠪᠠ ᠬᠣᠶᠠᠷ ᠴᠢᠨ᠂ ᠭᠦᠷᠭᠦᠮ ᠨᠢᠭᠡ ᠴᠢᠨ᠂ ᠰᠣᠩᠭᠢᠨ᠎ᠠ ᠳᠠᠪᠤᠰᠤ ᠵᠢᠶᠠᠩ ᠢ᠋ ᠨᠡᠮᠡᠷᠢᠯᠡᠵᠦ ᠨᠠᠢᠷᠠᠭᠤᠯᠤᠮᠤᠢ᠃  

ᠮᠥᠷᠭᠥ ᠵᠢᠭᠠᠰᠤ ᠶ᠋ᠢᠨ ᠱᠥᠯᠥ 
       ᠡᠨᠡ ᠢᠨᠦ ᠰᠢᠷ᠎ᠠ ᠡᠪᠡᠳᠴᠢᠨ ᠢ᠋ ᠠᠨᠠᠭᠠᠨ ᠤᠮᠳᠠᠭᠠᠰᠬᠤ ᠶ᠋ᠢ ᠵᠣᠭᠰᠣᠭᠠᠵᠤ᠂ ᠤᠷᠤᠭ ᠲᠣᠭᠲᠠᠭᠰᠠᠨ ᠢ᠋ ᠠᠮᠤᠷᠯᠢᠭᠤᠯᠤᠮᠤᠢ᠃ᠪᠡᠲᠡᠭᠢ ᠶ᠋ᠢᠨ ᠠᠷᠬᠠᠭ ᠪᠦᠬᠦᠢ ᠬᠥᠮᠦᠰ ᠢᠳᠡᠵᠦ ᠪᠣᠯᠤᠮᠤᠢ᠃ 
       ᠪᠤᠵᠠᠭᠠᠢ ᠰᠢᠭ᠋ ᠰᠢᠨ᠎ᠡ ᠮᠥᠷᠭᠥ ᠵᠢᠭᠠᠰᠤ ᠠᠷᠪᠠ ᠶ᠋ᠢ ᠬᠠᠢᠷᠰᠤ ᠪᠠ ᠭᠡᠳᠡᠰᠦ ᠳᠣᠲᠣᠷ ᠢ᠋ ᠠᠷᠢᠯᠭᠠᠭᠠᠳ ᠤᠬᠢᠶᠠᠵᠤ᠂ ᠶᠡᠷᠮ᠎ᠡ ᠶ᠋ᠢᠨ ᠲᠠᠯᠬ᠎ᠠ ᠲᠠᠪᠤᠨ ᠴᠢᠨ᠃ 
       ᠳᠡᠭᠡᠷᠡᠬᠢ ᠵᠦᠢᠯ ᠦ᠋ᠳ ᠢ᠋ ᠦᠰᠦ᠋  ᠶ᠋ᠢᠨ ᠲᠠᠯᠬ᠎ᠠ ᠲᠠᠪᠤᠨ ᠴᠢᠨ᠂ ᠰᠣᠩᠭᠢᠨ᠎ᠠ ᠬᠣᠶᠠᠷ ᠯᠠᠩ ᠢ᠋ ᠬᠡᠷᠴᠢᠨ᠂ ᠠᠷᠢᠬᠢ ᠥᠴᠦᠬᠡᠨ ᠲᠡᠳᠦᠢ ᠶ᠋ᠢ ᠳᠠᠪᠤᠰᠤ ᠲᠠᠢ ᠬᠣᠯᠢᠵᠤ ᠬᠤᠳᠬᠤᠭᠠᠳ ᠵᠢᠭᠠᠰᠤ ᠶ᠋ᠢᠨ ᠬᠠᠮᠲᠤ ᠲᠤᠩᠭᠠᠯᠠᠭ ᠱᠥᠯᠦᠨ ᠳ᠋ᠦ᠍ᠷ ᠲᠠᠯᠪᠢᠵᠤ ᠪᠤᠴᠠᠯᠭᠠᠨ᠂ ᠡᠭᠦᠨ ᠦ᠌ ᠳᠠᠷᠠᠭ᠎ᠠ ᠪᠠᠷ ᠫᠣᠸᠠᠷᠢ ᠶ᠋ᠢᠨ ᠲᠠᠯᠬ᠎ᠠ ᠲᠠᠪᠤᠨ ᠴᠢᠨ᠂ ᠨᠣᠢᠲᠠᠨ ᠭᠠ ᠶ᠋ᠢᠨ ᠲᠠᠯᠬ᠎ᠠ ᠭᠤᠷᠪᠠᠨ ᠴᠢᠨ᠂ ᠪᠢᠪᠢᠯᠢᠩ ᠦ᠋ᠨ ᠲᠠᠯᠬ᠎ᠠ ᠭᠤᠷᠪᠠᠨ ᠴᠢᠨ ᠬᠢᠭᠡᠳ ᠳᠠᠪᠤᠰᠤ ᠼᠤᠤ ᠨᠡᠮᠡᠵᠦ ᠨᠠᠢᠷᠠᠭᠤᠯᠤᠮᠤᠢ᠃  

ᠴᠢᠨᠣ᠎ᠠ ᠶ᠋ᠢᠨ ᠮᠢᠬᠠᠨ ᠱᠥᠯᠥ 
       ᠲᠠᠢᠯᠪᠤᠷᠢᠯᠠᠨ ᠥᠭᠦᠯᠡᠬᠦᠢ ᠢᠨᠤ ᠡᠷᠲᠡᠨ ᠦ᠌ ᠨᠣᠮ ᠳᠡᠪᠲᠡᠷ ᠲᠣᠷ ᠴᠢᠨᠣ᠎ᠠ ᠶ᠋ᠢᠨ ᠮᠢᠬ᠎ᠠ ᠶ᠋ᠢ ᠲᠡᠮᠳᠡᠭᠯᠡᠭᠰᠡᠨ ᠦᠭᠡᠢ᠃ ᠡᠳᠦᠭᠡ ᠪᠣᠯᠪᠠᠰᠤ ᠴᠢᠨᠣ᠎ᠠ ᠶ᠋ᠢᠨ ᠮᠢᠬ᠎ᠠ ᠶ᠋ᠢ ᠬᠠᠯᠠᠭᠤᠨ ᠴᠢᠨᠠᠷ ᠲᠠᠢ ᠪᠥᠭᠡᠳ ᠬᠦᠴᠦᠨ ᠲᠠᠮᠢᠷ ᠰᠤᠯᠠ ᠳᠣᠷᠣᠢ ᠶ᠋ᠢ ᠰᠡᠯᠪᠢᠵᠦ ᠡᠮᠨᠡᠮᠦᠢ ᠬᠡᠮᠡᠮᠦᠢ᠃ ᠪᠣᠳᠠᠲᠠᠢ ᠢᠳᠡᠭᠰᠡᠳ ᠡᠴᠡ ᠬᠣᠣᠷᠠᠲᠠᠢ ᠭᠡᠮᠡᠨ ᠶᠡᠷᠦ ᠡᠰᠡ ᠰᠣᠨᠣᠰᠤᠭᠰᠠᠨ ᠪᠥᠯᠥᠭᠡ᠂ ᠡᠳᠦᠭᠡ ᠪᠠᠭᠰᠤᠷᠭ᠎ᠠ ᠯᠤᠭ᠎ᠠ ᠨᠠᠢᠷᠠᠭᠤᠯᠵᠤ ᠠᠮᠲᠠ ᠣᠷᠣᠭᠤᠯᠤᠭᠰᠠᠨ ᠤᠴᠢᠷ ᠠ᠋ᠴᠠ ᠴᠤᠯᠤ ᠰᠠᠪᠠ ᠶ᠋ᠢ ᠪᠦᠯᠢᠶᠡᠰᠬᠡᠨ ᠰᠠᠢᠵᠢᠷᠠᠭᠤᠯᠬᠤ ᠴᠢᠳᠠᠯ ᠲᠠᠢ ᠪᠣᠯᠤᠭᠰᠠᠨ ᠠᠵᠤᠭᠤ᠃ 
       ᠴᠢᠨᠣ᠎ᠠ ᠶ᠋ᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠭᠤᠷᠪᠠᠨ ᠪᠦᠬᠦᠯᠢ᠂ ᠫᠣᠸᠠᠷᠢ ᠲᠠᠪᠤᠨ ᠴᠢᠨ᠂ ᠰᠢᠩᠭᠦᠨ ᠨᠢᠭᠡᠨ ᠴᠢᠨ᠂ ᠪᠢᠪᠢᠯᠢᠩ ᠬᠣᠶᠠᠷ ᠴᠢᠨ᠂ ᠬᠣᠯᠢᠮᠪᠠ ᠬᠣᠶᠠᠷ ᠴᠢᠨ᠂ ᠶᠦᠩᠸ᠎ᠠ ᠬᠣᠶᠠᠷ ᠴᠢᠨ᠂ ᠭᠦᠷᠭᠦᠮ ᠨᠢᠭᠡᠨ ᠴᠢᠨ᠃ 
       ᠳᠡᠭᠡᠷᠡᠬᠢ ᠵᠦᠢᠯ ᠦ᠋ᠳ ᠢ᠋ ᠬᠠᠮᠲᠤ ᠳ᠋ᠤ᠌ ᠨᠢ ᠪᠤᠴᠠᠯᠭᠠᠭᠠᠳ ᠱᠥᠯᠦᠨ ᠳᠣᠲᠣᠷ᠎ᠠ ᠠᠨᠤ ᠰᠣᠩᠭᠢᠨ᠎ᠠ᠂ ᠵᠢᠶᠠᠩ᠂ ᠳᠠᠪᠤᠰᠤ᠂ ᠼᠤᠤ ᠬᠢᠵᠦ ᠨᠠᠢᠷᠠᠭᠤᠯᠤᠮᠤᠢ᠃  

ᠬᠤᠷᠤᠳ ᠮᠢᠬ᠎ᠠ ᠶ᠋ᠢᠨ ᠵᠠᠭᠤᠰᠢ 
       ᠡᠨᠡ ᠢᠨᠤ ᠲᠠᠪᠤᠨ ᠴᠤᠯᠤ ᠶ᠋ᠢ ᠰᠡᠯᠪᠢᠨ ᠰᠠᠢᠵᠢᠷᠠᠭᠤᠯᠤᠮᠤᠢ᠃
       ᠬᠣᠨᠢᠨ ᠮᠢᠬ᠎ᠠ ᠨᠢᠭᠡ ᠮᠥᠴᠢ ᠬᠢᠭᠡᠳ ᠬᠣᠨᠢᠨ ᠰᠡᠭᠦᠯ ᠬᠣᠶᠠᠷ ᠢ᠋ ᠪᠣᠯᠭᠣᠭᠠᠳ ᠨᠠᠷᠢᠨ ᠬᠡᠷᠴᠢᠮᠦᠢ᠃ ᠯᠢᠩᠬᠤ᠎ᠠ ᠶ᠋ᠢᠨ ᠦᠨᠳᠦᠰᠦ ᠬᠣᠶᠠᠷ ᠰᠠᠯᠭ᠎ᠠ᠂ ᠵᠡᠭᠡᠰᠦ ᠶ᠋ᠢᠨ ᠰᠦᠶ᠎ᠡ ᠬᠣᠶᠠᠷ ᠵᠢᠩ᠂ ᠥᠷᠭᠡᠰᠦᠲᠦ ᠬᠡᠮᠬᠡ ᠲᠠᠪᠤ᠂ ᠨᠣᠢᠲᠠᠨ ᠭᠠ ᠬᠠᠭᠠᠰ ᠵᠢᠩ᠂ ᠬᠤᠷᠤᠳ ᠬᠣᠶᠠᠷ ᠪᠦᠬᠦᠯᠢ᠂ ᠠᠷᠢᠬᠢᠨ ᠤ᠋ ᠪᠠᠵᠠᠮᠠᠭ ᠲᠤᠷ ᠳᠠᠷᠤᠭᠰᠠᠨ ᠭᠠ ᠳᠥᠷᠪᠡᠨ ᠯᠠᠩ᠂ ᠳᠠᠪᠤᠰᠤᠯᠠᠭᠰᠠᠨ ᠬᠡᠮᠬᠡ ᠬᠠᠭᠠᠰ ᠵᠢᠩ᠂ ᠲᠠᠬᠢᠶᠠᠨ ᠥᠨᠳᠡᠭᠡ ᠠᠷᠪᠠ ᠪᠠᠷ ᠬᠤᠢᠮᠠᠭ ᠬᠠᠭᠠᠷᠢᠨ᠂ ᠮᠥᠭᠥ ᠨᠢᠭᠡᠨ ᠵᠢᠩ᠂ ᠮᠠᠨᠵᠢᠨ ᠪᠠ ᠭᠣᠭᠣᠳ ᠢ᠋ ᠨᠠᠷᠢᠨ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠰᠠᠢᠨ ᠮᠢᠬ᠎ᠠ ᠶ᠋ᠢᠨ ᠱᠥᠯᠦᠨ ᠳ᠋ᠦ᠍ᠷ ᠨᠠᠢᠷᠠᠭᠤᠯᠤᠭᠠᠳ ᠮᠠᠭᠠᠯᠢᠩᠭᠤ ᠶ᠋ᠢᠨ ᠨᠦᠳᠦᠮᠡᠯ ᠬᠣᠭᠣᠷᠮᠠᠭ ᠬᠣᠶᠠᠷ ᠵᠢᠩ᠂ ᠭᠠ ᠶ᠋ᠢᠨ ᠲᠠᠯᠬ᠎ᠠ ᠬᠠᠭᠠᠰ ᠵᠢᠩ ᠢ᠋ ᠬᠠᠭᠤᠷᠤᠭᠰᠠᠨ ᠰᠣᠩᠭᠢᠨ᠎ᠠ᠂ ᠳᠠᠪᠤᠰᠤ ᠼᠤᠤ ᠶ᠋ᠢᠨ ᠬᠠᠮᠲᠤ ᠨᠠᠢᠷᠠᠭᠤᠯᠤᠭᠠᠳ ᠮᠣᠩᠭᠣᠯ ᠪᠦᠷᠬᠦᠰᠦ ᠪᠣᠭᠣᠷᠰᠣᠭ ᠲᠠᠢ ᠢᠳᠡᠮᠦᠢ᠃  

ᠬᠠᠪᠤᠷ ᠤ᠋ᠨ ᠣᠷᠢᠶᠠᠯᠲᠠ ᠱᠧᠰᠧ 
       ᠡᠨᠡ ᠢᠨᠦ ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠴᠠᠭᠠᠨ ᠭᠤᠯᠢᠷ ᠵᠢᠷᠭᠤᠭᠠᠨ ᠵᠢᠩ ᠢ᠋ᠶ᠋ᠡᠷ ᠨᠠᠷᠢᠨ ᠱᠧᠰᠧ (ᠮᠢᠶᠠᠨᠲ᠋ᠢᠶᠣᠣᠷ) ᠬᠢᠵᠦ ᠬᠡᠷᠴᠢᠨ᠂ ᠬᠣᠨᠢᠨ ᠮᠢᠬ᠎ᠠ ᠬᠣᠶᠠᠷ ᠮᠥᠴᠢ ᠶ᠋ᠢ ᠴᠢᠨᠠᠵᠤ ᠪᠣᠯᠭᠣᠭᠠᠳ ᠨᠠᠷᠢᠨ ᠬᠡᠷᠴᠢᠨ᠎ᠡ᠃ ᠬᠣᠨᠢ ᠶ᠋ᠢᠨ ᠭᠦᠵᠡᠭᠡ᠂ ᠠᠭᠤᠰᠬᠢ ᠨᠢᠵᠢᠭᠡᠳ ᠢ᠋ ᠴᠢᠨᠠᠵᠤ ᠪᠣᠯᠭᠣᠭᠠᠳ ᠬᠡᠷᠴᠢᠵᠦ᠂ ᠲᠠᠬᠢᠶᠠᠨ ᠥᠨᠳᠡᠭᠡ ᠲᠠᠪᠤ ᠪᠠᠷ ᠬᠤᠢᠮᠠᠭ ᠬᠠᠭᠠᠷᠢᠭᠠᠳ ᠵᠢᠵᠢᠭ ᠬᠡᠰᠡᠭᠯᠡᠨ᠎ᠡ᠃ ᠨᠣᠢᠲᠠᠨ ᠭᠠ ᠳᠥᠷᠪᠡᠨ ᠯᠠᠩ ᠢ᠋ ᠬᠡᠷᠴᠢᠨ᠂ ᠭᠣᠭᠣᠳ ᠤ᠋ᠨ ᠰᠣᠶᠣᠭ᠎ᠠ ᠬᠠᠭᠠᠰ ᠵᠢᠩ᠂ ᠮᠥᠭᠥ᠂ ᠳᠥᠷᠪᠡᠨ ᠯᠠᠩ᠂ ᠰᠢᠯᠢᠮᠳᠡᠭ ᠨᠣᠭᠣᠭ᠎ᠠ᠂ ᠰᠢᠯᠮᠢ ᠨᠣᠭᠣᠭ᠎ᠠ᠂ ᠡᠩᠭᠡᠰᠬᠡ ᠨᠦ᠍ᠭᠦᠳ ᠢ᠋ ᠲᠤᠩᠭᠠᠯᠠᠭ ᠰᠥᠮᠥᠰᠦᠨ ᠳ᠋ᠦ᠍ᠷ ᠪᠤᠴᠠᠯᠭᠠᠵᠤ᠂ ᠵᠢᠴᠢ ᠨᠠᠯᠢᠱᠠᠮ ᠨᠢᠭᠡᠨ ᠯᠠᠩ᠂ ᠳᠠᠪᠤᠰᠤ ᠼᠤᠤ ᠶ᠋ᠢ ᠨᠡᠮᠡᠵᠦ ᠨᠠᠢᠷᠠᠭᠤᠯᠤᠮᠤᠢ᠃  

ᠬᠣᠨᠢᠨ ᠱᠥᠯᠥ ᠶ᠋ᠢᠨ ᠱᠧᠰᠧ 
       ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠴᠠᠭᠠᠨ ᠭᠤᠯᠢᠷ ᠵᠢᠷᠭᠤᠭᠠᠨ ᠵᠢᠩ ᠢ᠋ᠶ᠋ᠡᠷ ᠨᠠᠷᠢᠨ ᠬᠡᠷᠴᠢᠮᠡᠯ ᠱᠧᠰᠧ ᠬᠢᠵᠦ᠂ ᠬᠣᠨᠢᠨ ᠲᠣᠯᠣᠭᠠᠢ ᠬᠣᠶᠠᠷ ᠪᠦᠬᠦᠯᠢ ᠶ᠋ᠢ ᠵᠤᠯᠭᠠᠭᠠᠵᠤ᠂ ᠤᠬᠢᠶᠠᠵᠤ ᠴᠡᠪᠡᠷᠯᠡᠨ᠂ ᠴᠢᠨᠠᠵᠤ ᠪᠣᠯᠭᠣᠭᠠᠳ ᠬᠡᠰᠡᠭᠯᠡᠨ ᠬᠡᠷᠴᠢᠮᠦᠢ᠃ ᠬᠣᠨᠢᠨ ᠲᠣᠯᠣᠭᠠᠢ ᠶ᠋ᠢᠨ ᠮᠢᠬ᠎ᠠ ᠪᠠᠨ ᠼᠣᠢᠮᠠᠷ ᠤ᠋ᠨ ᠲᠠᠯᠬ᠎ᠠ ᠭᠤᠷᠪᠠᠨ ᠴᠢᠨ ᠢ᠋ᠶ᠋ᠡᠷ ᠬᠤᠳᠬᠤᠵᠤ ᠪᠣᠳᠣᠭ ᠣᠷᠣᠭᠤᠯᠤᠭᠠᠳ ᠵᠥᠭᠡᠯᠡᠷᠡᠲᠡᠯ᠎ᠡ ᠴᠢᠨᠠᠵᠤ᠂ ᠱᠧᠰᠧ ᠶ᠋ᠢᠨ ᠬᠠᠮᠲᠤ ᠲᠤᠩᠭᠠᠯᠠᠭ ᠰᠥᠮᠥᠰᠦᠨ ᠳ᠋ᠦ᠍ᠷ ᠪᠤᠴᠠᠯᠭᠠᠨ᠂ ᠨᠠᠯᠢᠱᠠᠮ ᠨᠢᠭᠡᠨ ᠯᠠᠩ᠂ ᠳᠠᠪᠤᠰᠤ ᠼᠤᠤ ᠬᠢᠵᠦ ᠨᠠᠢᠷᠠᠭᠤᠯᠤᠮᠤᠢ᠃  

ᠨᠠᠩᠭᠢ ᠴᠠᠭᠠᠨ ᠤ᠋ ᠰᠢᠭᠡᠰᠦ ᠱᠧᠰᠧ 
       ᠮᠠᠬᠠᠪᠣᠳ ᠳᠣᠷᠣᠢ ᠶ᠋ᠢ ᠰᠡᠯᠪᠢᠨ ᠬᠦᠴᠦᠵᠢᠭᠦᠯᠵᠦ ᠲᠠᠮᠢᠷ ᠬᠦᠴᠦᠨ ᠢ᠋ ᠰᠠᠢᠵᠢᠷᠠᠭᠤᠯᠤᠮᠤᠢ᠃ 
       ᠴᠠᠭᠠᠨ ᠭᠤᠯᠢᠷ ᠵᠢᠷᠭᠤᠭᠠᠨ ᠵᠢᠩ᠂ ᠲᠠᠬᠢᠶᠠᠨ ᠥᠨᠳᠡᠭᠡ ᠠᠷᠪᠠ ᠶ᠋ᠢᠨ ᠴᠠᠭᠠᠨ ᠢ᠋ ᠠᠪᠴᠤ ᠬᠡᠷᠡᠭᠯᠡᠮᠦᠢ᠃ ᠨᠣᠢᠲᠠᠨ ᠭᠠ ᠶ᠋ᠢᠨ ᠰᠢᠭᠦᠰᠦ ᠬᠣᠶᠠᠷ ᠭᠧ᠂ ᠪᠤᠷᠴᠠᠭ ᠤ᠋ᠨ ᠭᠤᠯᠢᠷ ᠳᠥᠷᠪᠡᠨ ᠯᠠᠩ᠃ ᠨᠠᠩᠭᠢ ᠴᠠᠭᠠᠨ ᠭᠤᠷᠪᠠᠨ ᠵᠢᠩ ᠢ᠋ ᠴᠢᠨᠠᠵᠤ ᠪᠣᠯᠭᠣᠨ ᠨᠦᠳᠦᠵᠦ ᠨᠢᠯᠴᠠᠯᠵᠤ ᠳᠡᠭᠡᠷᠡᠬᠢ ᠵᠦᠢᠯ ᠦ᠋ᠳ ᠯᠦ᠍ᠭᠡ ᠬᠣᠯᠢᠵᠤ ᠨᠤᠬᠤᠮᠤᠢ᠃ ᠬᠣᠨᠢᠨ ᠮᠢᠬ᠎ᠠ ᠬᠣᠶᠠᠷ ᠮᠥᠴᠢ ᠶ᠋ᠢ ᠵᠢᠵᠢᠭ ᠰᠢᠭ ᠬᠡᠰᠡᠭᠯᠡᠨ ᠬᠡᠷᠴᠢᠭᠡᠳ ᠥᠨᠥᠬᠢ ᠭᠤᠯᠢᠷ ᠢ᠋ᠶ᠋ᠠᠷ ᠬᠢᠭᠰᠡᠨ ᠱᠧᠰᠧ ᠶ᠋ᠢᠨ ᠬᠠᠮᠲᠤ ᠰᠠᠢᠨ ᠮᠢᠬᠠᠨ ᠱᠥᠯᠥ ᠳ᠋ᠦ᠍ᠷ ᠪᠤᠴᠠᠯᠭᠠᠨ ᠬᠠᠭᠤᠷᠤᠭᠰᠠᠨ ᠰᠣᠩᠭᠢᠨ᠎ᠠ ᠪᠠ ᠳᠠᠪᠤᠰᠤ ᠼᠤᠤ ᠨᠡᠮᠡᠵᠦ ᠨᠠᠢᠷᠠᠭᠤᠯᠤᠮᠤᠢ᠃  

ᠡᠯᠭᠦᠮᠡᠯ ᠱᠧᠰᠧ (ᠭᠤᠸᠠᠮᠢᠶᠠᠨ) 
       ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠬᠣᠨᠢᠨ ᠮᠢᠬ᠎ᠠ ᠨᠢᠭᠡᠨ ᠮᠥᠴᠢ ᠶ᠋ᠢ ᠨᠠᠷᠢᠨ ᠬᠡᠷᠴᠢᠨ᠂ ᠡᠯᠭᠦᠮᠡᠯ ᠱᠧᠰᠧ ᠵᠢᠷᠭᠤᠭᠠᠨ ᠵᠢᠩ᠂ ᠮᠥᠭᠥ ᠬᠠᠭᠠᠰ ᠵᠢᠩ ᠢ᠋ ᠴᠡᠪᠡᠷᠯᠡᠨ ᠤᠬᠢᠶᠠᠵᠤ ᠬᠡᠷᠴᠢᠨ᠂ ᠲᠠᠬᠢᠶᠠᠨ ᠥᠨᠳᠡᠭᠡ ᠲᠠᠪᠤ ᠪᠠᠷ ᠬᠤᠢᠮᠠᠭ ᠬᠠᠭᠠᠷᠢᠵᠤ᠂ ᠠᠷᠢᠬᠢᠨ ᠪᠠᠵᠠᠮᠠᠭ ᠲᠤᠷ ᠳᠠᠷᠤᠭᠰᠠᠨ ᠭᠠ ᠨᠢᠭᠡ ᠯᠠᠩ ᠢ᠋ ᠬᠡᠷᠴᠢᠨ᠂ ᠳᠠᠪᠤᠰᠤᠯᠠᠭᠰᠠᠨ ᠬᠡᠮᠬᠡ ᠨᠢᠭᠡ ᠯᠠᠩ ᠢ᠋ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠮᠢᠬᠠᠨ ᠤ᠋ ᠲᠤᠩᠭᠠᠯᠠᠭ ᠰᠥᠮᠥᠰᠦᠨ ᠳ᠋ᠦ᠍ᠷ ᠴᠢᠨᠠᠭᠠᠳ᠂ ᠨᠠᠯᠢᠱᠠᠮ ᠨᠢᠭᠡᠨ ᠯᠠᠩ᠂ ᠳᠠᠪᠤᠰᠤ᠂ ᠼᠤᠤ ᠬᠢᠵᠦ ᠨᠠᠢᠷᠠᠭᠤᠯᠤᠮᠤᠢ᠃  

ᠥᠷᠭᠡᠨ ᠰᠢᠷᠬᠡᠭᠲᠦ ᠱᠧᠰᠧ 
       ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠬᠣᠨᠢᠨ ᠮᠢᠬ᠎ᠠ ᠨᠢᠭᠡ ᠮᠥᠴᠢ ᠶ᠋ᠢ ᠨᠠᠷᠢᠨ ᠬᠡᠷᠴᠢᠭᠡᠳ ᠰᠢᠷᠠᠯᠠᠲᠠᠯ᠎ᠠ ᠬᠠᠭᠤᠷᠴᠤ᠂ ᠮᠥᠭᠥ ᠬᠠᠭᠠᠰ ᠵᠢᠩ ᠢ᠋ ᠴᠡᠪᠡᠷᠯᠡᠨ ᠤᠬᠢᠶᠠᠭᠠᠳ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠲᠤᠩᠭᠠᠯᠠᠭ ᠰᠥᠮᠥᠰᠦᠨ ᠳ᠋ᠦ᠍ᠷ ᠬᠢᠵᠦ ᠴᠢᠨᠠᠵᠤ᠂ ᠨᠠᠯᠢᠱᠠᠮ ᠨᠢᠭᠡᠨ ᠯᠠᠩ ᠪᠠ ᠳᠠᠪᠤᠰᠤ ᠼᠤᠤ ᠨᠡᠮᠡᠵᠦ ᠨᠠᠢᠷᠠᠭᠤᠯᠤᠮᠤᠢ᠃  

ᠬᠣᠨᠢᠨ ᠠᠷᠠᠰᠤᠨ ᠤ᠋ ᠱᠧᠰᠧ 
       ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠬᠣᠨᠢᠨ ᠠᠷᠠᠰᠤ ᠬᠣᠶᠠᠷ ᠪᠦᠬᠦᠯᠢ ᠶ᠋ᠢ ᠦᠰᠦ ᠨᠣᠣᠰᠣ ᠶ᠋ᠢ ᠠᠨᠤ ᠰᠠᠢᠲᠤᠷ ᠵᠤᠯᠭᠠᠭᠠᠨ ᠴᠡᠪᠡᠷᠯᠡᠨ ᠤᠬᠢᠶᠠᠭᠠᠳ ᠵᠥᠭᠡᠯᠡᠷᠡᠲᠡᠯ᠎ᠡ ᠴᠢᠨᠠᠵᠤ ᠪᠤᠯᠭᠤᠨ ᠨᠠᠷᠢᠨ ᠬᠡᠷᠴᠢᠵᠦ ᠂ᠬᠣᠨᠢᠨ ᠬᠡᠯᠡ ᠬᠣᠶᠠᠷ ᠢ᠋ ᠮᠥᠨ ᠴᠢᠨᠠᠵᠤ ᠪᠤᠯᠭᠤᠨ᠂ ᠬᠣᠨᠢᠨ ᠪᠥᠭᠡᠷ᠎ᠡ ᠳᠥᠷᠪᠡ ᠶ᠋ᠢ ᠪᠣᠯᠭᠣᠭᠠᠳ ᠲᠤᠱᠠᠮᠠ ᠶ᠋ᠢᠨ ᠬᠢᠷᠢ ᠲᠡᠢ ᠬᠡᠷᠴᠢᠨ᠂ ᠮᠥᠭᠥ ᠨᠢᠭᠡ ᠵᠢᠩ ᠢ᠋ ᠴᠡᠪᠡᠷᠯᠡᠨ ᠤᠬᠢᠶᠠᠨ᠂ ᠠᠷᠢᠬᠢᠨ ᠪᠠᠵᠠᠮᠠᠭ ᠲᠤᠷ ᠳᠠᠷᠤᠭᠰᠠᠨ ᠭᠠ ᠳᠥᠷᠪᠡᠨ ᠯᠠᠩ ᠢ᠋ ᠮᠥᠨ ᠲᠤᠱᠠᠮᠠ ᠶ᠋ᠢᠨ ᠬᠢᠷᠢ ᠲᠡᠢ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠤ᠋ ᠥᠳᠬᠡᠨ ᠱᠥᠯᠥ ᠪᠤᠶᠤ ᠡᠰᠡᠬᠦᠯ᠎ᠡ ᠲᠤᠩᠭᠠᠯᠠᠭ ᠰᠥᠮᠥᠰᠦᠨ ᠳ᠋ᠦ᠍ᠷ ᠬᠢᠵᠦ ᠪᠤᠴᠠᠯᠭᠠᠨ ᠂ ᠨᠠᠯᠢᠱᠠᠮ ᠨᠢᠭᠡᠨ ᠯᠠᠩ ᠪᠠ ᠳᠠᠪᠤᠰᠤ ᠼᠤᠤ ᠬᠢᠵᠦ ᠨᠠᠢᠷᠠᠭᠤᠯᠤᠮᠤᠢ᠃  

ᠲᠠᠲᠠᠮᠠᠯ ᠱᠧᠰᠧ 
       ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠴᠠᠭᠠᠨ ᠭᠤᠯᠢᠷ ᠵᠢᠷᠭᠤᠭᠠᠨ ᠵᠢᠩ ᠢ᠋ᠶ᠋ᠡᠷ ᠭᠠᠷ ᠲᠠᠲᠠᠮᠠᠯ ᠱᠧᠰᠧ ᠬᠢᠵᠦ᠂ ᠬᠣᠨᠢᠨ ᠮᠢᠬ᠎ᠠ ᠨᠢᠭᠡᠨ ᠮᠥᠴᠢ ᠶ᠋ᠢ ᠨᠠᠷᠢᠨ ᠬᠡᠷᠴᠢᠭᠡᠳ ᠰᠢᠷᠠᠯᠠᠲᠠᠯ᠎ᠠ ᠬᠠᠭᠤᠷᠤᠨ᠎ᠠ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠤ᠋ ᠱᠥᠯᠦᠨ ᠳ᠋ᠦ᠍ᠷ ᠪᠤᠴᠠᠯᠭᠠᠨ᠂ ᠬᠠᠭᠤᠷᠤᠭᠰᠠᠨ ᠰᠣᠩᠭᠢᠨ᠎ᠠ ᠬᠢᠵᠦ ᠲᠡᠭᠰᠢᠬᠡᠨ ᠬᠤᠳᠬᠤᠭᠠᠳ᠂ ᠰᠠᠷᠢᠮᠰᠠᠭ᠂ ᠲᠠᠷᠠᠭ᠂ ᠦᠰᠦ᠋  ᠶ᠋ᠢᠨ ᠲᠠᠯᠬ᠎ᠠ ᠬᠢᠵᠦ ᠨᠠᠢᠷᠠᠭᠤᠯᠤᠮᠤᠢ᠃  

ᠵᠤᠭ᠎ᠠ ᠪᠣᠭᠣᠷᠰᠣᠭ 
       ᠲᠠᠮᠢᠷ ᠢ᠋ ᠰᠠᠢᠵᠢᠷᠠᠭᠤᠯᠤᠨ ᠰᠠᠪᠠ ᠶ᠋ᠢ ᠰᠡᠯᠪᠢᠮᠦᠢ᠃ 
       ᠴᠠᠭᠠᠨ ᠭᠤᠯᠢᠷ ᠵᠢᠷᠭᠤᠭᠠᠨ ᠵᠢᠩ ᠢ᠋ᠶ᠋ᠡᠷ ᠵᠤᠭ᠎ᠠ ᠪᠣᠭᠣᠷᠰᠣᠭ ᠬᠢᠵᠦ᠂ ᠬᠣᠨᠢᠨ ᠮᠢᠬ᠎ᠠ ᠬᠣᠶᠠᠷ ᠮᠥᠴᠢ ᠶ᠋ᠢ ᠨᠠᠷᠢᠨ ᠬᠡᠷᠴᠢᠵᠦ ᠰᠢᠷᠠᠯᠠᠲᠠᠯ᠎ᠠ ᠬᠠᠭᠤᠷᠤᠨ᠎ᠠ᠃ ᠲᠠᠬᠢᠶ᠎ᠠ ᠨᠢᠭᠡ ᠶ᠋ᠢ ᠪᠣᠯᠭᠣᠭᠠᠳ ᠨᠠᠷᠢᠨ ᠬᠡᠷᠴᠢᠵᠦ᠂ ᠮᠥᠭᠥ ᠬᠠᠭᠠᠰ ᠵᠢᠩ ᠢ᠋ ᠴᠡᠪᠡᠷᠯᠡᠨ ᠤᠬᠢᠶᠠᠭᠠᠳ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠲᠤᠩᠭᠠᠯᠠᠭ ᠰᠥᠮᠥᠰᠦᠨ ᠳ᠋ᠦ᠍ᠷ ᠪᠤᠴᠠᠯᠭᠠᠨ᠂ ᠵᠢᠴᠢ ᠨᠠᠯᠢᠱᠠᠮ ᠨᠢᠭᠡᠨ ᠯᠠᠩ ᠪᠠ ᠳᠠᠪᠤᠰᠤ ᠼᠤᠤ ᠬᠢᠵᠦ ᠨᠠᠢᠷᠠᠭᠤᠯᠤᠮᠤᠢ᠃  

ᠵᠣᠭᠣᠰ ᠤ᠋ᠨ ᠪᠣᠭᠣᠷᠰᠣᠭ 
       ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠬᠣᠨᠢᠨ ᠮᠢᠬ᠎ᠠ ᠬᠣᠶᠠᠷ ᠮᠥᠴᠢ ᠶ᠋ᠢ ᠴᠢᠨᠠᠵᠤ ᠪᠣᠯᠭᠣᠭᠠᠳ ᠨᠠᠷᠢᠨ ᠬᠡᠷᠴᠢᠨ᠂ ᠴᠠᠭᠠᠨ ᠭᠤᠯᠢᠷ ᠵᠢᠷᠭᠤᠭᠠᠨ ᠵᠢᠩ ᠢ᠋ᠶ᠋ᠡᠷ ᠵᠣᠭᠣᠰ ᠤ᠋ᠨ ᠨᠦᠬᠡ ᠲᠡᠢ ᠵᠢᠵᠢᠭ ᠪᠣᠭᠣᠷᠰᠣᠭ ᠪᠣᠯᠭᠠᠨ ᠬᠡᠷᠴᠢᠵᠦ᠂ ᠲᠠᠬᠢᠶᠠᠨ ᠥᠨᠳᠡᠭᠡ ᠠᠷᠪᠠ᠂ ᠨᠠᠩᠭᠢ ᠴᠠᠭᠠᠨ ᠨᠢᠭᠡ ᠵᠢᠩ᠂ ᠠᠷᠢᠬᠢᠨ ᠤ᠋ ᠪᠠᠵᠠᠮᠠᠭ ᠲᠤᠷ ᠳᠠᠷᠤᠭᠰᠠᠨ ᠭᠠ ᠳᠥᠷᠪᠡᠨ ᠯᠠᠩ᠂ ᠰᠢᠷ᠎ᠠ ᠯᠤᠤᠪᠠᠩ ᠲᠠᠪᠤ᠂ ᠳᠠᠪᠤᠰᠤᠯᠠᠭᠰᠠᠨ ᠬᠡᠮᠬᠡ ᠬᠣᠶᠠᠷ ᠯᠠᠩ ᠢ᠋ ᠲᠣᠰᠪᠣᠷᠢ ᠨᠠᠷᠢᠨ ᠬᠡᠷᠴᠢᠮᠦᠢ᠃
       ᠳᠡᠭᠡᠷᠡᠬᠢ ᠵᠦᠢᠯ ᠦ᠋ᠳ ᠢ᠋ ᠲᠤᠩᠭᠠᠯᠠᠭ ᠰᠥᠮᠥᠰᠦᠨ ᠳ᠋ᠦ᠍ᠷ ᠬᠢᠵᠦ ᠴᠢᠨᠠᠵᠤ᠂ ᠨᠠᠯᠢᠱᠠᠮ ᠨᠢᠭᠡᠨ ᠯᠠᠩ ᠪᠠ ᠳᠠᠪᠤᠰᠤ ᠼᠤᠤ ᠨᠡᠮᠡᠵᠦ ᠨᠠᠢᠷᠠᠭᠤᠯᠤᠮᠤᠢ᠃ 

ᠭᠤᠷᠪᠠᠨ ᠵᠦᠢᠯ ᠦ᠋ᠨ ᠪᠥᠮᠪᠥᠭᠡᠯᠢᠭ (ᠨᠢᠭᠡ ᠨᠢ ᠪᠣᠯ ᠮᠢᠬᠠᠨ ᠪᠥᠮᠪᠥᠭᠡᠯᠢᠭ᠂ ᠨᠥᠭᠦᠭᠡ ᠬᠣᠶᠠᠷ ᠲᠥᠷᠥᠯ ᠨᠢ ᠪᠣᠯᠪᠠᠯ ᠂ ᠪᠤᠷᠴᠠᠭ ᠤ᠋ᠨ ᠨᠠᠷᠢᠨ ᠲᠠᠯᠬ᠎ᠠ ᠶ᠋ᠢᠨ ᠪᠠ ᠲᠠᠬᠢᠶᠠᠨ ᠥᠨᠳᠡᠭᠡ ᠪᠡᠷ ᠬᠢᠭᠰᠡᠨ ᠪᠥᠮᠪᠥᠭᠡᠯᠢᠭ ᠪᠤᠶᠤ)
       ᠳᠡᠭᠡᠷᠡᠬᠢ ᠵᠦᠢᠯ ᠦ᠋ᠳ ᠢ᠋ ᠲᠤᠩᠭᠠᠯᠠᠭ ᠰᠥᠮᠥᠰᠦᠨ ᠳ᠋ᠦ᠍ᠷ ᠪᠤᠴᠠᠯᠭᠠᠨ᠂ ᠨᠠᠯᠢᠱᠠᠮ ᠬᠣᠶᠠᠷ ᠯᠠᠩ ᠪᠠ ᠳᠠᠪᠤᠰᠤ ᠼᠤᠤ ᠨᠡᠮᠡᠵᠦ ᠨᠠᠢᠷᠠᠭᠤᠯᠤᠮᠤᠢ᠃  

ᠭᠠᠷ ᠪᠥᠮᠪᠥᠷᠢᠭᠦᠯᠭᠡ ᠱᠧᠰᠧ (ᠡᠨᠡ ᠪᠣᠯᠪᠠᠰᠤ ᠭᠠᠷ ᠢ᠋ᠶ᠋ᠠᠷ ᠬᠦᠪᠦᠷᠯᠡᠬᠦ ᠱᠧᠰᠧ ᠮᠥᠨ᠃ ᠰᠢᠯᠦᠬᠡᠢ ᠲᠤᠲᠤᠷᠭ᠎ᠠ ᠶ᠋ᠢᠨ ᠭᠤᠯᠢᠷ ᠢ᠋ᠶ᠋ᠠᠷ ᠪᠤᠶᠤ ᠭᠠᠷᠠᠨᠼᠠ ᠶ᠋ᠢᠨ ᠭᠤᠯᠢᠷ ᠢ᠋ᠶ᠋ᠠᠷ ᠬᠢᠵᠦ ᠴᠥᠮ ᠪᠣᠯᠤᠮᠤᠢ ᠭᠡᠮᠡᠨ ᠤᠭ ᠨᠣᠮ ᠳ᠋ᠤᠷ ᠲᠠᠢᠯᠪᠤᠷᠢᠯᠠᠪᠠ᠃) 
       ᠡᠨᠡ ᠢᠨᠦ ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠴᠠᠭᠠᠨ ᠭᠤᠯᠢᠷ ᠵᠢᠷᠭᠤᠭᠠᠨ ᠵᠢᠩ ᠢ᠋ᠶ᠋ᠡᠷ ᠭᠠᠷ ᠬᠦᠪᠦᠷᠯᠡᠯ ᠱᠧᠰᠧ ᠬᠢᠵᠦ᠂ ᠬᠣᠨᠢᠨ ᠮᠢᠬ᠎ᠠ ᠬᠣᠶᠠᠷ ᠮᠥᠴᠢ ᠶ᠋ᠢ ᠴᠢᠨᠠᠵᠤ ᠪᠣᠯᠭᠣᠭᠠᠳ ᠨᠠᠷᠢᠨ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠱᠥᠯᠦᠨ ᠳ᠋ᠦ᠍ ᠪᠤᠴᠠᠯᠭᠠᠭᠠᠳ᠂ ᠬᠠᠭᠤᠷᠤᠭᠰᠠᠨ ᠰᠣᠩᠭᠢᠨ᠎ᠠ ᠪᠠ ᠳᠠᠪᠤᠰᠤ ᠼᠤᠤ ᠨᠡᠮᠡᠵᠦ ᠨᠠᠢᠷᠠᠭᠤᠯᠤᠮᠤᠢ᠃  

             ᠦᠰᠦᠭ ᠠᠮᠢᠯᠠᠭᠤᠯᠤᠭᠰᠠᠨ ᠨᠢ᠄ ᠭᠠᠸᠠ