ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠨᠠᠢ᠍ᠮᠠ〕 Цаг төрийн үймээн – Д ᠂ Намдаг - Цаг төрийн үймээн ᠂ хоёрдугаар бүлэг -18 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠨᠠᠢ᠍ᠮᠠ〕 Цаг төрийн үймээн – Д ᠂ Намдаг - Цаг төрийн үймээн ᠂ хоёрдугаар бүлэг -18

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠨᠠᠢ᠍ᠮᠠ〕 Цаг төрийн үймээн – Д ᠂ Намдаг - Цаг төрийн үймээн ᠂ хоёрдугаар бүлэг -18

ᠠᠩᠭᠢᠯᠠᠯ:ᠲᠤᠭᠤᠵᠢ ᠷᠣᠮᠠᠨ
2025-12-16

102

ᠬᠥᠯ ᠦᠢᠮᠡᠭᠡᠨ ᠦ᠌ ᠴᠤᠤᠷᠢᠶ᠎ᠠ


       ᠳᠣᠷᠵᠢ ᠶ᠋ᠢᠨ ᠠᠮᠢ ᠶ᠋ᠢ ᠠᠪᠤᠷᠠᠭᠰᠠᠨ ᠠᠶᠠᠨᠴᠢᠳ ᠨᠢ ᠡᠭᠡᠭᠡ ᠯᠡ ᠬᠦᠷᠡᠯ᠂ ᠳᠣᠷᠵᠢ᠂ ᠳ᠋ᠠᠨᠽᠠᠨ ᠨᠠᠷ ᠤ᠋ᠨ ᠠᠳᠠᠯᠢ᠃ ᠵᠤᠮᠪᠠᠭᠠᠨ ᠭᠡᠳᠡᠭ ᠳᠠᠭᠠᠭᠠᠮᠠᠯ ᠲᠠᠢ᠂ ᠫᠧᠯᠵᠡᠢ ᠭᠡᠳᠡᠭ ᠳᠠᠭᠠᠯᠲᠠ ᠲᠠᠢ᠂ ᠸᠠᠩᠳᠠᠩ ᠭᠡᠳᠡᠭ ᠬᠥᠲᠥᠯ ᠲᠡᠢ ᠮᠥᠨ ᠲᠠᠪᠢ ᠭᠠᠷᠤᠢ ᠲᠡᠮᠡᠭᠡ ᠬᠥᠲᠥᠯᠦᠭᠰᠡᠨ ᠤᠯᠤᠰ ᠪᠠᠢᠵᠠᠢ᠃ ᠭᠡᠪᠡᠴᠦ ᠢᠯᠭᠠᠭ᠎ᠠ ᠶᠡᠬᠡ ᠪᠣᠢ᠃ ᠳᠠᠭᠠᠭᠠᠮᠠᠯ ᠵᠤᠮᠪᠠᠭᠠᠨ ᠳ᠋ᠤ᠌ ᠬᠦᠷᠡᠯ ᠦ᠋ᠨ ᠰᠠᠢᠬᠠᠨ ᠴᠢᠨᠠᠷ ᠠᠯᠠᠭ᠎ᠠ᠃ ᠴᠠᠭ ᠢᠮᠠᠭᠲᠠ ᠠᠭᠤᠷᠯᠠᠨ ᠬᠤᠪᠢᠷᠭᠠᠨᠠᠵᠤ᠂ ᠬᠠᠨᠢ ᠨᠥᠬᠥᠳ ᠢ᠋ᠶ᠋ᠡᠨ ᠠᠮᠤᠷ ᠵᠠᠶᠠᠭ᠎ᠠ ᠦᠯᠦ ᠦᠵᠡᠭᠦᠯᠦᠨ᠎ᠡ᠃ ᠢᠯᠠᠩᠭᠤᠶ᠎ᠠ ᠬᠥᠲᠥᠯ ᠳ᠋ᠡᠭᠡᠨ ᠣᠨᠴᠠ ᠰᠢᠷᠦᠭᠦᠨ᠃ ᠤᠨᠲᠠᠬᠤ ᠳ᠋ᠠᠭᠠᠨ ᠳᠡᠷ᠎ᠡ ᠳᠡᠪᠢᠰᠬᠡᠷ ᠢ᠋ᠶ᠋ᠡᠨ ᠵᠠᠰᠠᠭᠤᠯᠤᠨ ᠬᠥᠯ ᠢ᠋ᠶ᠋ᠡᠨ ᠬᠤᠴᠢᠭᠤᠯᠬᠤ ᠠ᠋ᠴᠠ ᠡᠬᠢᠯᠡᠭᠡᠳ ᠭᠠᠭᠴᠠᠬᠠᠨ ᠵᠠᠷᠤᠬᠤ ᠵᠠᠩᠳᠤᠷᠬᠤ ᠪᠠᠨ ᠯᠠ ᠮᠡᠳᠡᠨ᠎ᠡ᠃ ᠭᠡᠲᠡᠯ᠎ᠡ ᠸᠠᠩᠳᠠᠩ ᠳ᠋ᠤ᠌ ᠳ᠋ᠠᠨᠽᠠᠨ ᠤ᠋ ᠴᠣᠭ ᠵᠣᠯᠪᠣᠭ᠎ᠠ ᠠᠯᠠᠭ᠎ᠠ᠃ ᠠᠵᠢᠯ ᠪᠣᠯᠭᠠᠨ ᠳᠡᠭᠡᠷ᠎ᠡ ᠬᠢᠬᠦ ᠡᠴᠡ ᠪᠡᠨ ᠡᠮᠦᠨ᠎ᠡ ᠬᠠᠮᠠᠷ ᠢ᠋ᠶ᠋ᠠᠨ ᠱᠤᠤᠬᠢᠨᠠᠭᠤᠯᠤᠨ ᠵᠣᠭᠰᠣᠮᠠᠲᠠᠭᠠᠢ᠃ ᠲᠡᠮᠡᠭᠡᠨ ᠳᠡᠭᠡᠷ᠎ᠡ ᠶᠠᠪᠤᠬᠤ ᠳ᠋ᠠᠭᠠᠨ ᠬᠦᠷᠲᠡᠯ᠎ᠡ ᠭᠠᠷ ᠢ᠋ᠶ᠋ᠠᠨ ᠬᠠᠨᠴᠤᠢ ᠳ᠋ᠠᠭᠠᠨ ᠵᠥᠷᠢᠭᠦᠯᠦᠨ ᠪᠡᠪᠡᠢᠨ ᠦᠬᠦᠭᠡᠨᠴᠡ ᠣᠷᠬᠢᠨ ᠶᠠᠪᠤᠨ᠎ᠠ᠃ ᠬᠠᠷᠢᠨ ᠫᠧᠯᠵᠡᠢ ᠨᠢ ᠵᠣᠯᠪᠣᠭ᠎ᠠ ᠲᠠᠢ᠂ ᠨᠠᠢᠵᠠᠷᠬᠠᠭ ᠠᠶᠠᠲᠠᠢᠬᠠᠨ ᠨᠢ ᠴᠦ᠍ ᠠᠷᠭ᠎ᠠ ᠦᠭᠡᠢ ᠡᠷ᠎ᠡ ᠪᠠᠢᠪᠠ᠃  
       ᠡᠳᠡᠨ ᠦ᠌ ᠲᠡᠮᠡᠭᠡ ᠪᠠᠷᠤᠭ ᠢ᠋ᠶ᠋ᠠᠷ ᠢ᠋ᠶ᠋ᠠᠨ ᠠᠴᠢᠶ᠎ᠠ ᠦᠭᠡᠢ᠃ ᠤᠭ ᠨᠢ ᠵᠠᠩᠴᠢᠬᠦᠦ ᠳ᠋ᠦ᠍ ᠠᠷᠠᠰᠤ ᠰᠢᠷᠢ ᠣᠷᠣᠭᠤᠯᠤᠭᠠᠳ ᠪᠤᠴᠠᠬᠤ ᠳ᠋ᠠᠭᠠᠨ ᠪᠠᠷᠠᠭ᠎ᠠ ᠲᠡᠭᠡᠭᠡᠬᠦ ᠶᠣᠰᠣᠲᠠᠢ ᠪᠠᠢᠵᠠᠢ᠃ ᠭᠡᠲᠡᠯ᠎ᠡ ᠫᠦᠰᠡ ᠶ᠋ᠢᠨ ᠳᠠᠩᠵᠢᠶᠠᠳ《ᠬᠠᠯᠬ᠎ᠠ ᠣᠷᠣᠨ ᠳ᠋ᠤ᠌ ᠬᠥᠯ ᠦᠢᠮᠡᠭᠡᠨ ᠭᠠᠷᠤᠭᠰᠠᠨ》 ᠭᠡᠳ ᠲᠡᠭᠡᠭᠡᠪᠦᠷᠢᠯᠡᠬᠦ ᠪᠠᠷᠠᠭ᠎ᠠ ᠥᠭᠭᠦᠭᠡ ᠦᠭᠡᠢ ᠡᠴᠡ ᠪᠦᠬᠦ ᠵᠢᠩ ᠦ᠋ᠨ ᠬᠥᠯᠥᠰᠥ ᠶ᠋ᠢ ᠬᠠᠭᠠᠰ ᠣᠯᠭᠣᠭᠰᠠᠨ ᠭᠡᠨ᠎ᠡ᠃ ᠡᠨᠡ ᠲᠤᠬᠠᠢ ᠵᠤᠮᠪᠠᠭᠠᠨ ᠪᠥᠭᠡᠮ ᠠᠭᠤᠷ᠂ ᠠᠮᠠᠨ ᠳ᠋ᠤ᠌ ᠣᠷᠣᠳᠠᠭ ᠨᠢ ᠯᠡ《ᠬᠣᠭ ᠤ᠋ᠨ ᠯᠤᠢᠪᠠᠷᠴᠢᠨ᠂ ᠭᠠᠤᠯᠢᠨ ᠭᠠᠩᠰᠠᠨ ᠳ᠋ᠠᠭᠠᠨ ᠭᠤᠳᠤᠷᠠᠭᠤᠯᠵᠤ ᠦᠬᠦᠮᠡᠷ!》 ᠪᠣᠯᠤᠭᠰᠠᠨ ᠪᠠᠢᠪᠠ᠃ ᠲᠡᠭᠡᠭᠡᠳ ᠳᠣᠷᠵᠢ ᠶ᠋ᠢᠨ ᠪᠦᠬᠦ ᠶᠠᠪᠤᠳᠠᠯ ᠢ᠋ ᠰᠣᠨᠣᠰᠤᠭᠰᠠᠨ ᠠ᠋ᠴᠠ ᠪᠠᠨ ᠬᠣᠢᠰᠢ ᠥᠭᠡᠷᠡᠴᠢᠯᠡᠭᠳᠡᠨ᠄《ᠠᠢ ᠳᠠ᠂ ᠮᠠᠨ ᠤ᠋ ᠳᠠᠩᠵᠢᠶᠠᠳ ᠤᠤ᠂ ᠰᠢᠳᠤᠷᠭᠤ ᠳᠠ》 ᠭᠡᠬᠦ ᠪᠣᠯᠤᠭᠰᠠᠨ ᠤ᠋ ᠪᠠᠨ ᠳᠡᠭᠡᠷ᠎ᠡ ᠥᠪᠡᠷᠰᠡᠳ ᠦ᠋ᠨ ᠢ᠋ᠶ᠋ᠡᠨ ᠠᠵᠠ ᠬᠡᠢ ᠮᠣᠷᠢ ᠶ᠋ᠢ ᠪᠠᠬᠠᠳᠤᠨ ᠭᠠᠢᠬᠠᠭᠤᠯᠤᠨ᠎ᠠ᠃ ᠭᠡᠯ᠎ᠡ ᠴᠦ᠍ ᠰᠡᠳᠬᠢᠯ ᠥᠯᠥᠨ᠂《ᠣᠯᠵᠠ ᠣᠮᠣᠭ ᠣᠯᠤᠭ᠎ᠠ ᠦᠭᠡᠢ ᠬᠡᠪᠲᠡᠵᠦ᠂ ᠠᠶᠠᠨ ᠤ᠋ ᠲᠡᠮᠡᠭᠡ ᠶ᠋ᠢ ᠰᠣᠩᠭᠣᠨ ᠲᠣᠷᠭᠠᠵᠤ ᠶᠠᠭᠤ ᠬᠢᠨ᠎ᠡ》 ᠭᠡᠵᠦ ᠥᠨᠵᠢᠨ ᠬᠣᠨᠣᠬᠤ ᠶ᠋ᠢ ᠶᠡᠬᠡᠪᠴᠢᠯᠡᠨ᠎ᠡ᠃ 
       ᠠᠷᠪᠠᠨ ᠲᠠᠪᠤᠳᠠᠬᠢ ᠬᠣᠨᠣᠭ ᠳᠡᠭᠡᠷ᠎ᠡ ᠪᠡᠨ ᠬᠠᠯᠬ᠎ᠠ ᠨᠤᠲᠤᠭ ᠲᠤ ᠠᠷᠠᠢ ᠴᠢᠷᠠᠢ ᠣᠷᠣᠵᠤ ᠢᠷᠡᠭᠡᠳ ᠲᠡᠨᠳᠡ ᠡᠴᠡ ᠳᠣᠯᠣᠭ᠎ᠠ ᠬᠣᠨᠣᠭ ᠳᠡᠭᠡᠷ᠎ᠡ ᠪᠡᠨ ᠵᠠᠩᠵᠤᠨ ᠴᠤᠢᠷ ᠠᠭᠤᠯᠠᠨ ᠤ᠋ ᠪᠠᠷ᠎ᠠ ᠶ᠋ᠢ ᠠᠱ᠌ᠢᠭᠦᠢ ᠨᠢᠭᠡ ᠬᠠᠷᠠᠪᠠ᠃ ᠡᠨᠳᠡ ᠡᠴᠡ ᠲᠡᠷᠡ ᠬᠥᠮᠦᠰ ᠪᠠᠷᠠᠭᠤᠨ ᠵᠦᠭ ᠰᠠᠢᠨ ᠬᠠᠨ ᠤ᠋ ᠠᠢᠮᠠᠭ ᠴᠢᠭᠯᠡᠬᠦ ᠪᠣᠯᠤᠭᠰᠠᠨ ᠳ᠋ᠤ᠌ ᠳᠣᠷᠵᠢ ᠰᠠᠯᠬᠤ ᠪᠣᠯᠤᠯ᠎ᠠ᠃ ᠳᠠᠭᠠᠭᠠᠮᠠᠯ ᠵᠤᠮᠪᠠᠭᠠᠨ ᠲᠤᠩ ᠬᠠᠷᠠᠮᠴᠢ᠂ ᠬᠥᠬᠡᠭᠡ ᠡᠪᠦᠯ ᠦ᠋ᠨ ᠬᠦᠢᠲᠡᠨ᠂ ᠬᠥᠷ ᠴᠠᠰᠤᠨ ᠤ᠋ ᠬᠠᠭᠠᠷᠢᠭᠠᠨ ᠳ᠋ᠤ᠌ ᠭᠠᠮᠢᠩ ᠴᠡᠷᠢᠭ ᠦ᠋ᠨ ᠵᠤᠨ ᠤ᠋ ᠬᠤᠪᠴᠠᠰᠤ ᠲᠠᠢ ᠶᠠᠭᠠᠬᠢᠵᠤ ᠶᠠᠪᠤᠬᠤ ᠪᠢᠯᠡ? ᠭᠡᠬᠦ ᠳ᠋ᠦ᠍᠄  
       — ᠦᠭᠡᠢ ᠶᠡᠷᠦ ᠶᠠᠭᠠᠬᠢᠬᠤ ᠪᠢᠯᠡ ᠭᠡᠵᠦ ᠵᠤᠮᠪᠠᠭᠠᠨ ᠪᠠᠷᠭᠢᠯ ᠰᠥᠭᠡᠩᠭᠢ ᠬᠣᠭᠣᠯᠠᠢ ᠪᠠᠷ ᠥᠭᠦᠯᠡᠨ ᠪᠠᠬᠠᠨ ᠪᠣᠳᠣᠭᠰᠠᠨ ᠢ᠋ᠶ᠋ᠠᠨ᠄ 
       — ᠵᠠ᠂ ᠶᠠᠭᠠᠬᠢᠶ᠎ᠠ ᠭᠡᠬᠦ ᠪᠣᠢ᠂ ᠡᠷ᠎ᠡ ᠬᠥᠮᠦᠨ ᠦ᠌ ᠵᠠᠮ ᠤ᠋ᠨ ᠬᠦᠵᠦᠭᠦᠦ ᠤᠷᠲᠤ᠂ ᠠᠯᠤᠰ ᠨᠢ ᠪᠢᠳᠡ ᠠᠭᠤᠯᠵᠠᠬᠤ ᠯᠠ ᠪᠠᠢᠯᠭᠦᠢ᠂ ᠢᠨᠠᠳᠤ ᠳᠠᠬᠤ ᠪᠠᠨ ᠠᠪᠤᠭᠠᠳ ᠶᠠᠪᠤᠨ᠎ᠠ ᠤᠤ ᠳᠠ ᠭᠡᠵᠦ ᠳᠣᠷᠵᠢ ᠳᠤ ᠨᠥᠮᠥᠷᠢᠭᠦᠯᠦᠭᠰᠡᠭᠡᠷ ᠢᠷᠡᠭᠰᠡᠨ ᠳᠠᠬᠤ ᠪᠠᠨ ᠵᠢᠭᠠᠪᠠ᠃ ᠡᠨᠡ ᠳᠠᠬᠤ ᠪᠣᠯ ᠣᠶᠣᠳᠠᠯ ᠬᠠᠩᠵᠠᠷᠬᠠᠢ᠂ ᠦᠰᠦ ᠬᠠᠯᠴᠠᠷᠠᠮᠠᠯ᠂ ᠡᠷᠲᠡ ᠤᠷᠢᠳᠤ ᠶ᠋ᠢᠨ ᠴᠠᠭ ᠲᠤ ᠳᠠᠬᠤ ᠪᠠᠢᠭᠰᠠᠨ ᠠ᠋ᠴᠠ ᠨᠢ ᠳᠠᠬᠤ ᠭᠡᠵᠦ ᠨᠡᠷᠡᠯᠡᠬᠦ ᠡᠴᠡ ᠪᠢᠰᠢ᠂ ᠠᠯᠢ ᠬᠡᠳᠦᠢᠨᠡᠢ ᠨᠣᠬᠠᠢ ᠶ᠋ᠢᠨ ᠬᠡᠪᠲᠡᠷᠢ ᠳ᠋ᠦ᠍ ᠵᠣᠷᠢᠭᠤᠯᠤᠭᠳᠠᠬᠤ ᠪᠣᠯᠤᠭᠰᠠᠨ ᠡᠳ᠋ ᠪᠠᠢᠪᠠ᠃ ᠫᠧᠯᠵᠡᠢ ᠬᠠᠵᠠᠭᠤ ᠠ᠋ᠴᠠ ᠳᠣᠷᠵᠢ ᠳ᠋ᠤ᠌ ᠨᠢᠳᠦ ᠢᠷᠮᠡᠨ ᠲᠡᠷᠡ ᠬᠠᠷᠠᠮᠴᠢ ᠶ᠋ᠢ ᠶᠣᠵᠣᠯᠠᠵᠤ᠄  
       — ᠡᠷ᠎ᠡ ᠬᠥᠮᠦᠨ ᠳ᠋ᠦ᠍ ᠲᠣᠬᠢᠶᠠᠯᠳᠤᠬᠤ ᠭᠠᠷᠤᠵᠠ ᠠᠯᠢ ᠶ᠋ᠢ ᠨᠢ ᠲᠡᠷᠡ ᠭᠡᠬᠦ ᠪᠣᠢ᠂ ᠮᠠᠢ! ᠡᠭᠦᠨ ᠢ᠋ ᠬᠥᠯ ᠳ᠋ᠡᠭᠡᠨ ᠤᠭᠯᠠᠭᠠᠳ ᠶᠠᠪᠤ! ᠭᠡᠵᠦ ᠴᠣ ᠰᠢᠨᠡᠬᠡᠨ ᠴᠢᠨᠣ᠎ᠠ ᠶ᠋ᠢᠨ ᠳᠡᠭᠲᠡᠢ ᠪᠡᠨ ᠲᠠᠢᠯᠤᠨ ᠥᠭᠪᠡ᠃ ᠪᠠᠰᠠ ᠬᠡᠳᠦᠨ ᠬᠣᠨᠣᠭ ᠤ᠋ᠨ ᠢᠳᠡᠬᠦ ᠬᠠᠭᠤᠷᠠᠢ ᠬᠡᠷᠡᠭᠯᠡᠯ ᠥᠭᠴᠡᠢ᠃ 
       ᠡᠢᠮᠦ ᠳ᠋ᠦ᠍ ᠳᠣᠷᠵᠢ ᠡᠪᠦᠷ ᠲᠡᠭᠡᠨ ᠢᠳᠡᠬᠦ ᠲᠡᠢ᠂ ᠪᠡᠶ᠎ᠡ ᠳ᠋ᠡᠭᠡᠨ ᠳᠠᠬᠤ ᠲᠠᠢ᠂ ᠬᠥᠯ ᠳ᠋ᠡᠭᠡᠨ ᠲᠡᠭᠳᠡᠢ ᠭᠠᠷ ᠲᠤ ᠪᠠᠰᠠ ᠬᠤᠭᠤᠷᠠᠭᠰᠠᠨ ᠱᠠᠲᠤᠨ ᠤ᠋ ᠬᠡᠰᠡᠭ ᠲᠡᠢ ᠬᠦᠷᠢᠶ᠎ᠡ ᠵᠠᠮ ᠢ᠋ ᠪᠠᠷᠢᠨ ᠭᠠᠷᠤᠯ᠎ᠠ᠃ ᠡᠮᠦᠨ᠎ᠡ ᠡᠴᠡ ᠶᠣᠰᠣᠲᠠᠢ ᠬᠥᠷ ᠴᠠᠰᠤᠨ ᠤ᠋ ᠬᠠᠭᠠᠷᠢᠭ᠎ᠠ ᠬᠥᠨᠳᠡᠢ ᠲᠠᠯ᠎ᠠ ᠶ᠋ᠢᠨ ᠵᠢᠪᠠᠷ ᠳᠡᠰ ᠨᠢᠰ ᠬᠠᠭᠠᠷᠢᠪᠠᠴᠤ ᠠᠵᠢᠭ ᠦᠭᠡᠢ ᠠᠯᠬᠤᠯᠠᠨ᠎ᠠ᠃ ᠲᠡᠷᠡ ᠰᠥᠨᠢ ᠳ᠋ᠡᠭᠡᠨ ᠬᠥᠳᠡᠭᠡ ᠬᠣᠨᠣᠪᠠ᠃ ᠮᠠᠷᠭᠠᠰᠢ ᠨᠢ ᠦᠳᠡ ᠡᠴᠡ ᠬᠣᠢᠰᠢ ᠨᠢᠭᠡ ᠬᠣᠲᠠ ᠶ᠋ᠢᠨ ᠪᠠᠷ᠎ᠠ ᠬᠠᠷᠠᠪᠠ᠃ ᠭᠡᠪᠡᠴᠦ ᠪᠠᠶᠠᠷᠯᠠᠬᠤ ᠶᠠᠭᠤᠮ᠎ᠠ ᠠᠯᠠᠭ᠎ᠠ᠃ ᠠᠶᠤᠨ ᠰᠣᠴᠢᠬᠤ ᠴᠣ ᠶᠠᠭᠤ ᠪᠠᠢᠬᠤ ᠪᠢᠯᠡ᠃ ᠮᠠᠭᠤ ᠳᠠᠬᠤ ᠶ᠋ᠢᠨ ᠢ᠋ᠶ᠋ᠡᠨ ᠬᠣᠷᠮᠣᠢ ᠶ᠋ᠢ ᠨᠠᠪᠠᠰ ᠰᠠᠪᠠᠰ ᠪᠠᠭᠤᠯᠭᠠᠨ ᠬᠦᠷᠴᠦ᠂ ᠤᠭᠲᠤᠨ ᠢᠷᠡᠭᠰᠡᠨ ᠨᠣᠬᠠᠳ ᠲᠠᠢ ᠨᠢ ᠵᠠᠳᠠ ᠲᠤᠯᠤᠯᠳᠤᠨ᠎ᠠ᠃ ᠪᠠᠷᠠᠭᠤᠨ ᠤᠷᠢᠳᠠ ᠲᠠᠯ᠎ᠠ ᠶ᠋ᠢᠨ ᠭᠡᠷ ᠦ᠋ᠨ ᠭᠠᠳᠠᠭ᠎ᠠ ᠢᠷᠡᠭᠡᠳ《ᠨᠣᠬᠠᠢ ᠬᠣᠷᠢ ᠠ᠋!》  ᠴᠦ᠍ ᠬᠡᠯᠡᠬᠦᠢ ᠰᠢᠭᠤᠳ ᠣᠷᠣᠪᠠ᠃ ᠭᠡᠷ ᠲᠦ᠍ ᠠᠬᠢᠮᠠᠭ ᠨᠠᠰᠤᠲᠠᠢ ᠠᠪᠠᠭᠠᠢ᠂ ᠨᠢᠭᠡ ᠬᠡᠦᠬᠡᠳ᠂ ᠡᠪᠦᠭᠡᠨ ᠭᠤᠷᠪᠠᠭᠤᠯᠠ ᠪᠠᠨ ᠪᠠᠢᠭᠰᠠᠨ ᠢ᠋ᠶ᠋ᠠᠨ ᠠᠶᠤᠨ ᠰᠣᠴᠢᠵᠤ ᠪᠠᠷᠤᠭ ᠪᠣᠰᠤᠨ ᠬᠠᠷᠠᠢᠬᠤ ᠰᠢᠬᠠᠪᠠ᠃ ᠠᠮᠤᠷ ᠮᠡᠨᠳᠦ ᠮᠡᠳᠡᠬᠦ ᠳ᠋ᠦ᠍ ᠲᠡᠳᠡ ᠴᠡᠴᠡᠷᠡᠭᠰᠡᠨ ᠬᠣᠭᠣᠯᠠᠢ ᠪᠠᠷ ᠳᠤᠲᠠᠭᠤ ᠳᠤᠯᠢᠮᠠᠭ ᠬᠠᠷᠢᠭᠤᠯᠤᠨ ᠪᠡᠶ᠎ᠡ ᠪᠡᠶ᠎ᠡ ᠪᠡᠨ ᠰᠢᠷᠲᠡᠨ᠎ᠡ᠃ ᠳᠠᠷᠠᠭᠠᠬᠠᠨ ᠲᠠᠢ ᠨᠢ ᠰᠢᠷᠢᠮᠡᠯ ᠰᠢᠷᠢᠳᠡᠭ ᠦ᠋ᠨ ᠡᠭᠦᠳᠡ ᠨᠢ ᠤᠳᠠᠭ᠎ᠠ ᠳᠠᠷᠠᠭᠠᠯᠠᠨ ᠣᠩᠭᠣᠯᠵᠠᠵᠤ ᠬᠠᠭᠠᠯᠭ᠎ᠠ ᠪᠠᠷ ᠪᠠᠭᠲᠠᠵᠤ ᠶᠠᠳᠠᠭᠰᠠᠨ ᠲᠣᠮᠣ ᠲᠣᠮᠣ ᠨᠡᠬᠡᠢ ᠳᠡᠪᠡᠯ ᠲᠡᠢ ᠡᠷᠡᠴᠦᠳ ᠣᠷᠣᠵᠤ ᠢᠷᠡᠨ᠎ᠡ᠃ ᠲᠡᠷᠡ ᠪᠦᠷᠢ ᠪᠡᠷ ᠢ᠋ᠶ᠋ᠡᠨ ᠠᠮᠤᠷ ᠮᠡᠨᠳᠦ ᠮᠡᠳᠡᠬᠦ ᠶ᠋ᠢᠨ ᠣᠷᠣᠨ ᠳ᠋ᠤ᠌ ᠰᠢᠷᠦᠭᠦᠨ ᠳᠣᠷᠢᠭᠤᠨ ᠬᠠᠷᠠᠨ《ᠦᠭᠡᠢ ᠡᠨᠡ ᠶᠠᠭᠤ ᠪᠣᠢ?》 ᠭᠡᠵᠦ ᠪᠡᠶ᠎ᠡ ᠪᠡᠶ᠎ᠡ ᠡᠴᠡ ᠪᠡᠨ ᠠᠰᠠᠭᠤᠨ᠎ᠠ᠃ ᠳᠣᠷᠵᠢ ᠲᠡᠳᠡᠨ ᠢ᠋ ᠡᠭᠳᠡᠭᠦᠴᠡᠨ᠎ᠡ᠃  
       — ᠪᠢ ᠮᠣᠩᠭᠣᠯ ᠬᠥᠮᠦᠨ! ᠭᠡᠵᠦ ᠲᠥᠷᠥᠯᠬᠢ ᠶ᠋ᠢᠨ ᠬᠡᠨᠡᠭ ᠦᠭᠡᠢ ᠪᠡᠷ ᠬᠡᠯᠡᠬᠦ ᠳ᠋ᠦ᠍᠄《ᠪᠢ ᠥᠨᠥᠬᠢ ᠴᠢᠨᠳᠠᠷᠤᠤ ᠨᠤᠭᠤᠳ ᠠ᠋ᠴᠠ ᠢᠷᠡᠪᠡᠦ》 ᠭᠡᠵᠦ ᠠᠶᠤᠪᠠ ᠰᠢᠦ᠃《ᠦᠭᠡᠢ ᠪᠢ ᠴᠦ᠍ ᠪᠠᠰᠠ ᠲᠡᠭᠡᠵᠦ ᠪᠣᠳᠣᠭᠰᠠᠨ ᠬᠡ》 ᠭᠡᠵᠦ ᠢᠨᠢᠶᠡᠯᠴᠡᠨ᠎ᠡ᠃ ᠳᠣᠷᠵᠢ ᠶ᠋ᠢᠨ ᠬᠠᠮᠢᠭ᠎ᠠ ᠶᠠᠪᠤᠭ᠎ᠠ ᠬᠡᠨ ᠪᠣᠯᠬᠤ ᠶ᠋ᠢ ᠠᠰᠠᠭᠤᠨ ᠯᠠᠪᠯᠠᠭᠠᠳ᠄ ᠠᠩᠬ᠎ᠠ ᠨᠤᠲᠤᠭ ᠠ᠋ᠴᠠ ᠠᠶᠠᠨ ᠵᠢᠩ ᠢ᠋ᠶ᠋ᠡᠷ ᠭᠠᠷᠤᠭᠠᠳ ᠶᠠᠭᠤ ᠶᠠᠭᠤ ᠲᠠᠢ ᠲᠣᠬᠢᠶᠠᠯᠳᠤᠨ ᠶᠣᠰᠣᠲᠠᠢ ᠠᠮᠢ ᠨᠠᠭᠠᠨ᠎ᠠ᠂ ᠲᠠᠮᠤ ᠴᠠᠭᠠᠨ᠎ᠠ ᠭᠡᠭᠴᠢ ᠪᠣᠯᠤᠨ ᠭᠠᠷᠴᠤ ᠢᠷᠡᠭᠰᠡᠨ ᠢ᠋ ᠶᠠᠷᠢᠬᠤ ᠳ᠋ᠤ᠌᠂ ᠡᠬᠡᠨᠡᠷ ᠬᠡᠦᠬᠡᠳ ᠦ᠋ᠳ ᠱᠠᠭᠰᠢᠷᠠᠨ ᠨᠠᠮᠠᠨᠴᠢᠯᠠᠵᠤ᠂ ᠢᠳᠡᠵᠦ ᠤᠤᠭᠤᠬᠤ ᠶ᠋ᠢ ᠡᠮᠦᠨ᠎ᠡ ᠨᠢ ᠠᠪᠴᠢᠷᠠᠨ ᠣᠪᠣᠭᠠᠯᠠᠨ᠎ᠠ᠃ ᠡᠷᠡᠴᠦᠳ ᠨᠢ᠄《ᠦᠭᠡᠢ᠂ ᠶᠣᠷᠣ ᠠ᠋!》 ᠭᠡᠵᠦ ᠳᠠᠭᠤ ᠠᠯᠲᠠᠨ ᠵᠦᠭ ᠪᠦᠷᠢ ᠡᠴᠡ ᠳᠥᠭᠥᠨ ᠰᠠᠭᠤᠵᠤ ᠨᠢᠳᠦ ᠪᠦᠯᠲᠡᠢᠯᠭᠡᠨ᠎ᠡ᠃ ᠨᠢᠭᠡ ᠨᠢ ᠳᠣᠷᠵᠢ ᠶ᠋ᠢᠨ ᠶᠠᠷᠢᠶ᠎ᠠ ᠶ᠋ᠢ ᠲᠠᠰᠤᠯᠤᠨ᠄  
       — ᠬᠦᠷᠢᠶᠡᠨ ᠳ᠋ᠦ᠍ ᠲᠡᠢᠨ ᠪᠣᠯᠬᠤ ᠭᠡᠵᠦ ᠪᠠᠢᠭ᠎ᠠ ᠰᠢᠦ ᠳᠡ᠃  
       — ᠦᠭᠡᠢ ᠶᠠᠭᠠᠬᠢᠨ᠎ᠠ ᠭᠡᠨ᠎ᠡ ᠠ᠋? ᠬᠡᠨ ᠨᠢ ᠬᠡᠨ ᠲᠡᠢ ᠪᠡᠨ ᠳᠠᠢᠳᠤᠬᠤ ᠭᠡᠵᠦ ᠪᠠᠢᠭ᠎ᠠ ᠬᠡᠷᠡᠭ ᠪᠣᠢ? ᠭᠡᠵᠦ ᠠᠰᠠᠭᠤᠬᠤ ᠳ᠋ᠤ᠌  
       — ᠲᠠᠪᠤᠳᠤᠭᠠᠷ ᠪᠣᠭᠳᠠ ᠶ᠋ᠢᠨ ᠬᠤᠪᠢᠯᠭᠠᠨ᠂ ᠭᠠᠮᠢᠩ ᠤ᠋ᠳ ᠢ᠋ ᠬᠦᠢᠰᠦ ᠲᠡᠮᠲᠡᠷᠢᠬᠦ ᠭᠡᠵᠦ ᠪᠠᠢᠭ᠎ᠠ ᠳᠠ᠃ 
       — ᠦ᠂ ᠶᠠᠭᠠᠬᠢᠭᠰᠠᠨ ᠭᠠᠢᠬᠠᠯᠲᠠᠢ ᠪᠣᠢ! ᠦᠭᠡᠢ ᠲᠡᠭᠡᠭᠡᠳ ᠲᠡᠷᠡ ᠲᠠᠪᠤᠳᠤᠭᠠᠷ ᠪᠣᠭᠳᠠ ᠴᠢᠨᠢ ᠬᠠᠮᠢᠭ᠎ᠠ ᠠ᠋ᠴᠠ ᠭᠠᠷᠤᠭᠠᠳ ᠢᠷᠡᠵᠦ ᠪᠠᠢᠭ᠎ᠠ ᠪᠣᠭᠳᠠ ᠪᠠᠢᠨ᠎ᠠ ᠳᠠ? 
       — ᠠᠶᠠᠷ᠂ ᠪᠣᠭᠳᠠ ᠶ᠋ᠢᠨ ᠠᠯᠳᠠᠷ ᠢ᠋ ᠪᠢᠲᠡᠭᠡᠢ ᠰᠢᠷᠦᠭᠦᠨ ᠬᠡᠯᠡ! ᠭᠡᠵᠦ ᠥᠭᠡᠷ᠎ᠡ ᠨᠢᠭᠡ ᠨᠢ ᠣᠷᠣᠢ ᠳᠡᠭᠡᠷ᠎ᠡ ᠪᠡᠨ ᠨᠠᠮᠠᠨᠴᠢᠯᠠᠭᠠᠳ᠂ ᠪᠢᠳᠡ ᠪᠢᠰᠢ ᠪᠣᠭᠳᠠ ᠪᠣᠯᠤᠭᠰᠠᠨ ᠬᠣᠢᠨ᠎ᠠ ᠬᠠᠮᠢᠭ᠎ᠠ ᠠ᠋ᠴᠠ ᠲᠣᠳᠣᠷᠠᠬᠤ ᠨᠢ ᠬᠠᠮᠢᠶ᠎ᠠ ᠦᠭᠡᠢ᠂ ᠵᠦᠭᠡᠷ ᠪᠢᠳᠡ ᠵᠠᠯᠪᠠᠷᠢᠪᠠᠯ ᠪᠠᠷᠠᠪᠠ᠃ 
       ᠳᠣᠷᠵᠢ ᠡᠢᠮᠦ ᠮᠠᠭᠤᠬᠠᠢ ᠰᠣᠬᠣᠷ ᠶᠠᠭᠤᠮ᠎ᠠ ᠶ᠋ᠢ ᠣᠯᠵᠤ ᠰᠣᠨᠣᠰᠴᠤ ᠪᠠᠢᠭ᠎ᠠ ᠳ᠋ᠠᠭᠠᠨ ᠭᠠᠪᠤᠨ ᠭᠠᠢᠬᠠᠨ᠎ᠠ᠃ ᠣᠷᠣᠢ ᠨᠠᠷᠠ ᠵᠢᠷᠭᠠᠵᠤ᠂ ᠠᠮᠢᠲᠠᠨ ᠤ᠋ ᠬᠥᠯ ᠲᠠᠲᠠᠷᠠᠭᠰᠠᠨ ᠤ᠋ ᠳᠠᠷᠠᠭ᠎ᠠ ᠭᠡᠷ ᠦ᠋ᠨ ᠡᠵᠡᠨ ᠦ᠌ ᠶᠠᠷᠢᠶ᠎ᠠ ᠶ᠋ᠢ ᠰᠣᠨᠣᠰᠪᠠᠯ ᠮᠥᠨ ᠯᠡ ᠬᠠᠴᠢᠨ᠄《ᠬᠣᠰᠢᠭᠤ ᠱᠠᠪᠢ ᠶ᠋ᠢᠨ ᠳᠡᠭᠡᠳᠦᠰ ᠦ᠋ᠳ ᠲᠠᠪᠤᠳᠤᠭᠠᠷ ᠪᠣᠭᠳᠠ ᠵᠠᠩᠵᠤᠨ ᠳ᠋ᠤ᠌ ᠴᠡᠷᠢᠭ ᠡᠷ᠎ᠡ᠂ ᠠᠭᠲᠠ ᠮᠣᠷᠢᠳ᠂ ᠬᠣᠭᠣᠯᠠ ᠬᠦᠨᠡᠰᠦ ᠨᠡᠢᠯᠡᠭᠦᠯᠵᠦ ᠪᠠᠢᠭ᠎ᠠ ᠭᠡᠨ᠎ᠡ ᠪᠢᠯᠡ》 ᠭᠡᠵᠦ ᠣᠪᠣᠭ᠎ᠠ ᠶᠡᠷᠦ ᠶ᠋ᠢᠨ ᠣᠢᠯᠠᠭᠠᠮᠵᠢ ᠲᠠᠢ ᠶᠠᠭᠤᠮ᠎ᠠ ᠶᠠᠷᠢᠵᠤ ᠡᠬᠢᠯᠡᠭᠰᠡᠨ ᠢ᠋ᠶ᠋ᠡᠨ᠄《ᠦᠭᠡᠢ ᠲᠡᠷᠡ ᠪᠠᠷᠤᠨ ᠵᠠᠩᠵᠤᠨ ᠤ᠋ ᠴᠡᠷᠢᠭ ᠲᠦ᠍ ᠶᠠᠪᠤᠭᠰᠠᠨ ᠬᠥᠮᠦᠨ ᠢ᠋ ᠫᠤᠤ ᠶ᠋ᠢᠨ ᠰᠤᠮᠤ ᠳᠠᠭᠠᠭᠠᠬᠤ ᠦᠭᠡᠢ ᠭᠡᠨ᠎ᠡ᠂ ᠳᠠᠭᠠᠭᠠᠭᠳᠠᠨ ᠠᠮᠢ ᠦᠷᠡᠭᠳᠡᠪᠡᠴᠦ ᠪᠤᠷᠬᠠᠨ ᠤ᠋ ᠣᠷᠣᠨ ᠳ᠋ᠤ᠌ ᠣᠴᠢᠬᠤ ᠭᠡᠨ᠎ᠡ》 ᠭᠡᠵᠦ ᠥᠭᠡᠷ᠎ᠡ ᠲᠠᠢᠰᠢ ᠬᠠᠵᠠᠢᠭᠠᠳ᠂ ᠪᠣᠭᠳᠠ ᠪᠠᠷᠤᠨ ᠵᠠᠩᠵᠤᠨ ᠥᠪᠡᠷ ᠢ᠋ᠶ᠋ᠡᠨ ᠨᠢᠭᠡ ᠠᠪᠳᠠᠷ᠎ᠠ ᠳᠦᠭᠦᠷᠡᠩ ᠲᠡᠮᠦᠷ ᠴᠡᠷᠢᠭ ᠲᠡᠢ ᠭᠡᠨ᠎ᠡ᠂ ᠠᠪᠳᠠᠷ᠎ᠠ ᠶ᠋ᠢ ᠨᠡᠭᠡᠭᠡᠮᠡᠭᠴᠡ ᠬᠡᠳᠦᠨ ᠲᠦᠮᠡᠨ ᠴᠡᠷᠢᠭ《ᠬᠠᠮᠢᠭ᠎ᠠ ᠪᠠᠢᠨ᠎ᠠ᠂ ᠬᠠᠮᠢᠭ᠎ᠠ ᠪᠠᠢᠨ᠎ᠠ》 ᠭᠡᠵᠦ ᠱᠤᠤᠭᠢᠯᠳᠤᠨ ᠭᠠᠷᠴᠤ ᠳᠠᠢᠰᠤᠨ ᠢ᠋ ᠬᠢᠶᠠᠷ ᠬᠢᠳᠤᠬᠤ ᠭᠡᠨ᠎ᠡ᠃  
       ᠡᠢᠮᠦ ᠵᠦᠢᠯ ᠢ᠋ ᠳᠣᠷᠵᠢ ᠬᠡᠵᠢᠶ᠎ᠡ ᠴᠦ᠍ ᠡᠰᠡ ᠦᠨᠡᠮᠰᠢᠨ᠎ᠡ᠃ ᠡᠨᠡ ᠬᠥᠮᠦᠨ ᠶᠡᠷᠦ ᠨᠢ ᠨᠠᠳᠠ ᠪᠠᠷ ᠳᠠᠭᠠᠵᠢᠩᠨᠠᠵᠤ ᠪᠠᠢᠨ᠎ᠠ ᠤᠤ? ᠭᠡᠵᠦ ᠠᠵᠢᠬᠤ ᠳ᠋ᠤ᠌ ᠪᠠᠰᠠ ᠴᠦ᠍ ᠲᠡᠢᠮᠦ ᠪᠢᠰᠢ᠂ ᠨᠢᠭᠤᠷ ᠲᠤᠨᠢ ᠪᠠᠬᠠᠷᠬᠠᠯ᠂ ᠭᠠᠷ ᠨᠢ ᠤᠷᠢᠳᠠ ᠪᠠᠨ ᠵᠠᠯᠪᠠᠷᠢᠭᠠᠰᠤᠲᠠᠢ ᠦᠵᠡᠭᠳᠡᠨ᠎ᠡ᠃ 
       — ᠦᠭᠡᠢ ᠲᠡᠢᠮᠦ ᠣᠯᠠᠨ ᠲᠡᠮᠦᠷ ᠴᠡᠷᠢᠭ ᠲᠡᠢ ᠶᠦᠮ ᠪᠣᠯ ᠴᠡᠷᠢᠭ ᠡᠷ᠎ᠡ ᠶ᠋ᠢ ᠲᠡᠳᠡᠨ ᠨᠡᠢᠯᠡᠭᠦᠯᠵᠦ ᠶᠠᠭᠠᠬᠢᠬᠤ ᠨᠢ ᠪᠣᠢ? ᠭᠡᠬᠦ ᠳ᠋ᠦ᠍᠄ 
       — ᠤᠭ ᠨᠢ ᠲᠡᠢᠮᠦ ᠯᠡ ᠪᠠᠢᠮᠠᠷ᠃ ᠭᠡᠲᠡᠯ᠎ᠡ ᠲᠡᠷᠡ ᠲᠡᠮᠦᠷ ᠴᠡᠷᠢᠭ ᠢ᠋ ᠠᠪᠳᠠᠷ᠎ᠠ ᠠ᠋ᠴᠠ ᠨᠢᠭᠡ ᠭᠠᠷᠭᠠᠴᠢᠬᠠᠪᠠᠯ ᠪᠤᠴᠠᠭᠠᠳ ᠴᠤᠭᠯᠠᠭᠤᠯᠬᠤ ᠳ᠋ᠤ᠌ ᠲᠤᠩ ᠪᠡᠷᠬᠡ ᠲᠡᠢ᠂ ᠬᠡᠴᠡᠭᠦᠦ ᠳᠣᠭᠰᠢᠨ ᠭᠠᠢᠬᠠᠯ ᠤ᠋ᠳ ᠳᠠᠭ ᠠ᠋ ᠭᠡᠵᠦ ᠠᠮᠠ ᠲᠠᠭᠯᠠᠨ᠎ᠠ᠃ ᠳᠣᠷᠵᠢ ᠡᠯ᠎ᠡ ᠶᠠᠷᠢᠶ᠎ᠠ ᠶ᠋ᠢ ᠬᠡᠳᠦᠢᠪᠡᠷ ᠡᠰᠡ ᠦᠨᠡᠮᠰᠢᠪᠡᠴᠦ ᠪᠠᠷᠤᠨ ᠵᠠᠩᠵᠤᠨ ᠭᠡᠳᠡᠭ ᠨᠢᠭᠡ ᠰᠦᠷᠡᠬᠡᠢ ᠬᠥᠮᠦᠨ ᠪᠣᠢ ᠪᠣᠯᠵᠤ ᠭᠠᠮᠢᠩ ᠲᠠᠢ ᠪᠠᠢᠯᠳᠤᠬᠤ ᠭᠡᠵᠦ ᠪᠠᠢᠭ᠎ᠠ ᠶᠤᠮ ᠪᠠᠢᠨ᠎ᠠ ᠭᠡᠵᠦ ᠲᠠᠭᠠᠪᠤᠷᠢᠯᠠᠨ ᠪᠠᠶᠠᠷᠯᠠᠨ᠎ᠠ᠃ ᠮᠠᠷᠭᠠᠰᠢ ᠨᠢ ᠭᠡᠷ ᠦ᠋ᠨ ᠡᠵᠡᠨ᠂ ᠡᠬᠡᠨᠡᠷ ᠬᠣᠶᠠᠷ ᠬᠡᠳᠦ ᠬᠣᠨᠣᠨ ᠪᠡᠶ᠎ᠡ ᠪᠡᠨ ᠠᠮᠠᠷᠠᠭᠠᠬᠤ ᠶ᠋ᠢ ᠱᠠᠭᠠᠷᠳᠠᠭᠰᠠᠨ ᠳ᠋ᠤ᠌ ᠳᠣᠷᠵᠢ ᠲᠡᠭᠡᠬᠦ ᠪᠡᠷ ᠪᠣᠯᠪᠠ᠃ ᠦᠭᠡ ᠪᠦᠷᠢ ᠡᠰᠡ ᠦᠨᠡᠮᠰᠢᠭᠳᠡᠬᠦ ᠪᠣᠯᠪᠠᠴᠤ ᠡᠷᠬᠡ ᠦᠭᠡᠢ ᠣᠷᠣ ᠮᠥᠷ ᠲᠡᠢ ᠪᠢᠵᠡ ᠠ᠋ ᠭᠡᠵᠦ ᠢᠲᠡᠭᠡᠭᠳᠡᠭᠰᠡᠨ ᠲᠡᠢᠨ ᠲᠤᠯᠤᠯᠳᠤᠭᠠᠨ ᠤ᠋ ᠶᠠᠪᠤᠳᠠᠯ ᠰᠡᠳᠬᠢᠯ ᠳ᠋ᠦ᠍ ᠦᠷᠭᠦᠯᠵᠢᠯᠡᠨ ᠡᠷᠭᠢᠯᠳᠦᠨ᠎ᠡ᠃ ᠣᠯᠠᠨ ᠬᠣᠨᠣᠭ ᠲᠠᠭᠠᠷᠠᠨ ᠴᠡᠴᠡᠷᠡᠵᠦ ᠶᠠᠪᠤᠭᠰᠠᠨ ᠪᠡᠶ᠎ᠡ ᠪᠦᠷᠢᠨ ᠳᠤᠯᠠᠭᠠᠴᠠᠵᠤ᠂ ᠦᠶ᠎ᠡ ᠮᠥᠴᠢ ᠪᠣᠯᠭᠠᠨ ᠲᠡᠨᠢᠢᠭᠰᠡᠨ ᠦ᠌ ᠳᠡᠭᠡᠷ᠎ᠡ ᠥᠭᠡᠬᠦ ᠲᠣᠰᠣᠨ ᠳ᠋ᠤ᠌ ᠭᠡᠳᠡᠰᠦ ᠬᠠᠨᠤᠨ᠂ ᠬᠡᠩᠬᠡᠭ ᠠᠷᠢᠯᠤᠭᠰᠠᠨ ᠠ᠋ᠴᠠ ᠬᠥᠮᠦᠨ ᠦ᠌ ᠡᠮᠦᠨ᠎ᠡ᠂ ᠬᠥᠮᠦᠨ ᠦ᠌ ᠳᠦᠷᠰᠦ ᠲᠡᠢ ᠦᠵᠡᠭᠳᠡᠬᠦ ᠶ᠋ᠢ ᠴᠦ᠍ ᠬᠦᠰᠡᠨ ᠮᠥᠷᠥᠭᠡᠳᠬᠦ ᠪᠣᠯᠪᠠ᠃ ᠣᠯᠠᠨ ᠰᠠᠷ᠎ᠠ ᠶ᠋ᠢᠨ ᠲᠤᠷᠰᠢ ᠳᠤᠷ᠎ᠠ ᠵᠣᠷᠢᠭ ᠢ᠋ᠶ᠋ᠠᠷ ᠤᠷᠭᠤᠭᠰᠠᠨ ᠰᠢᠷᠦᠭᠦᠨ ᠬᠠᠷ᠎ᠠ ᠦᠰᠦ ᠪᠡᠨ ᠠᠪᠤᠭᠤᠯᠬᠤ ᠭᠡᠵᠦ ᠡᠷᠢᠯ ᠰᠤᠷᠠᠯ ᠪᠣᠯᠤᠨ ᠪᠠᠢᠵᠤ᠂ ᠨᠢᠭᠡ ᠲᠣᠩᠭᠣᠷᠠᠭ ᠣᠯᠵᠤ ᠭᠡᠷ ᠦ᠋ᠨ ᠡᠵᠡᠨ ᠢ᠋ᠶ᠋ᠡᠷ ᠬᠤᠰᠤᠭᠤᠯᠵᠤ ᠡᠬᠢᠯᠡᠪᠡ᠃ ᠬᠠᠷᠠᠮᠰᠠᠯᠲᠠᠢ ᠨᠢ ᠠᠷᠭ᠎ᠠ ᠦᠭᠡᠢ ᠲᠡᠷᠡ ᠲᠣᠩᠭᠣᠷᠠᠭ ᠡᠰᠡ ᠳᠠᠭᠠᠭᠠᠨ ᠵᠤᠯᠠᠢ ᠠ᠋ᠴᠠ ᠪᠤᠰᠤᠳ ᠢ᠋ ᠬᠠᠢᠴᠢ ᠪᠠᠷ ᠬᠢᠷᠭᠠᠭᠤᠯᠬᠤ ᠳ᠋ᠤ᠌ ᠬᠦᠷᠪᠡ᠃ ᠡᠭᠦᠨᠴᠢᠯᠡᠨ ᠨᠠᠪᠠᠰ ᠰᠠᠪᠠᠰ ᠪᠠᠭᠤᠭᠰᠠᠨ ᠮᠠᠭᠤ ᠳᠠᠬᠤ ᠪᠠᠨ ᠮᠥᠳᠬᠡᠨ ᠰᠡᠯᠪᠢᠵᠦ ᠥᠭᠡᠳᠡ ᠲᠠᠲᠠᠯ᠎ᠠ᠃ ᠲᠡᠷᠡ ᠠᠢᠯ ᠳᠤᠲᠠᠭᠤ ᠡᠯᠳᠡᠭᠰᠡᠨ ᠠᠵᠢᠷᠭᠠᠨ ᠦᠰᠦ ᠲᠡᠢ ᠨᠡᠬᠡᠢ ᠨᠢᠭᠡ ᠶ᠋ᠢ ᠥᠭᠭᠦᠭᠰᠡᠨ ᠢ᠋ᠶ᠋ᠡᠷ ᠯᠣᠪᠤᠤᠵᠠ ᠮᠠᠶᠢᠭ ᠤ᠋ᠨ ᠨᠢᠭᠡ ᠰᠠᠢᠬᠠᠨ ᠶᠠᠭᠤᠮ᠎ᠠ ᠬᠢᠵᠦ ᠠᠪᠤᠪᠠ᠃ 
       ᠶᠡᠷᠦ ᠳᠣᠷᠵᠢ ᠬᠥᠮᠦᠨ ᠪᠣᠯᠤᠭᠰᠠᠨ ᠢ᠋ᠶ᠋ᠠᠷ ᠠᠵᠤ ᠲᠥᠷᠥᠨ ᠠᠮᠢ ᠪᠠᠨ ᠠᠷᠭᠠᠯᠠᠬᠤ ᠶ᠋ᠢ ᠠᠩᠬ᠎ᠠ ᠤᠳᠠᠭ᠎ᠠ ᠤᠬᠠᠭᠠᠷᠠᠭᠰᠠᠨ ᠲᠡᠳᠦᠢ ᠦᠭᠡᠢ ᠤᠯᠤᠰ ᠣᠷᠣᠨ ᠤ᠋ ᠪᠠᠨ ᠲᠥᠯᠥᠭᠡ ᠰᠡᠳᠬᠢᠯ ᠲᠠᠯᠪᠢᠬᠤ ᠪᠣᠯᠪᠠ᠃ ᠥᠨᠥᠬᠢ ᠬᠣᠲᠠᠨ᠎ᠠ ᠭᠤᠷᠪᠠ ᠬᠣᠨᠣᠬᠤ ᠳ᠋ᠤ᠌ ᠭᠠᠳᠠᠭᠰᠢ ᠶᠠᠪᠤᠭᠰᠠᠨ ᠬᠥᠮᠦᠨ ᠴᠦ᠍ ᠦᠭᠡᠢ᠃ ᠭᠠᠳᠠᠨ᠎ᠠ ᠠ᠋ᠴᠠ ᠢᠷᠡᠭᠰᠡᠨ ᠴᠦ᠍ ᠶᠠᠭᠤᠮ᠎ᠠ ᠦᠭᠡᠢ ᠪᠠᠢᠬᠤ ᠠᠲᠠᠯ᠎ᠠ ᠥᠨᠥᠬᠢ ᠱᠤᠤᠭᠢᠶᠠᠨ ᠨᠡᠮᠡᠭᠳᠡᠬᠦ ᠶ᠋ᠢ ᠶᠠᠭᠠᠬᠢᠨ᠎ᠠ?《ᠥᠩᠭᠡᠷᠡᠭᠰᠡᠨ ᠨᠠᠮᠤᠷ ᠪᠠᠷᠤᠨ ᠵᠠᠩᠵᠤᠨᠲᠠᠨ ᠪᠣᠭᠳᠠ ᠶ᠋ᠢᠨ ᠬᠦᠷᠢᠶᠡᠨ᠎ᠡ ᠣᠢᠷᠠᠲᠤᠨ ᠣᠴᠢᠭᠠᠳ ᠬᠠᠭᠤᠷᠠᠢ ᠬᠠᠰᠬᠢᠷᠤᠨ ᠳᠠᠭᠠᠷᠢᠬᠤ ᠳ᠋ᠤ᠌ ᠪᠣᠭᠳᠠ ᠠᠭᠤᠯᠠ ᠶ᠋ᠢᠨ ᠣᠢ ᠬᠦᠷᠢᠶᠡᠨ ᠦ᠌ ᠵᠦᠭ ᠬᠠᠭᠠᠷᠠᠨ ᠨᠠᠢᠭᠤᠭᠰᠠᠨ ᠶᠤᠮ ᠭᠡᠨ᠎ᠡ》 ᠴᠦ᠍ ᠭᠡᠬᠦ ᠰᠢᠭ᠃《ᠭᠠᠮᠢᠩ ᠤ᠋ᠳ ᠢ᠋ ᠤᠷᠤᠭᠰᠢ ᠵᠢᠭᠤᠲᠠᠬᠤ ᠳ᠋ᠤ᠌ ᠲᠤᠤᠯᠠ ᠭᠣᠣᠯ ᠤ᠋ᠨ ᠮᠥᠰᠥ ᠭᠡᠨᠡᠳᠲᠡ ᠴᠥᠮᠥᠷᠡᠨ ᠡᠳᠦᠢ ᠲᠡᠳᠦᠢ ᠭᠠᠮᠢᠩ ᠵᠢᠪᠦᠭᠰᠡᠨ ᠭᠡᠳᠡᠭ ᠰᠢᠦ》 ᠴᠦ᠍ ᠭᠡᠬᠦ ᠰᠢᠭ ᠶᠡᠷᠦ ᠬᠥᠮᠦᠨ ᠢᠲᠡᠭᠡᠬᠦ ᠶ᠋ᠢᠨ ᠡᠷᠬᠡ ᠦᠭᠡᠢ ᠳᠡᠮᠡᠢ ᠱᠤᠤᠭᠢᠶᠠᠨ ᠳᠣᠣᠷ᠎ᠠ ᠠ᠋ᠴᠠ ᠪᠠᠨ ᠤᠨᠳᠤᠷᠠᠨ ᠭᠠᠷᠬᠤ ᠨᠢ ᠢᠲᠡᠭᠡᠯ ᠲᠡᠰᠦᠷᠡᠮᠡᠷ ᠪᠠᠢᠪᠠᠴᠤ᠂ ᠳᠣᠷᠵᠢ ᠡᠷᠬᠡ ᠦᠭᠡᠢ ᠨᠢᠭᠡ ᠶᠠᠪᠤᠳᠠᠯ ᠪᠣᠯᠤᠨ᠎ᠠ ᠪᠣᠢ ᠭᠡᠵᠦ ᠭᠣᠷᠢᠳᠠᠨ᠎ᠠ᠃ 
       ᠳᠥᠷᠪᠡᠳᠡᠬᠢ ᠡᠳᠦᠷ ᠦ᠋ᠨ ᠢ᠋ᠶ᠋ᠡᠨ ᠥᠷᠯᠥᠭᠡ ᠶᠠᠪᠤᠬᠤ ᠵᠠᠮ ᠳ᠋ᠠᠭᠠᠨ ᠣᠷᠣᠯ᠎ᠠ᠃ ᠶᠡᠬᠡ ᠲᠠᠯ᠎ᠠ ᠶ᠋ᠢᠨ ᠵᠢᠪᠠᠷ ᠤᠷᠢᠳ ᠤᠷᠢᠳ ᠤ᠋ᠨ ᠢ᠋ᠶ᠋ᠠᠨ ᠠ᠋ᠴᠠ ᠢᠯᠡᠭᠦᠦ ᠲᠡᠢ ᠰᠡᠩᠭᠢᠨᠡᠪᠡᠴᠦ ᠡᠮᠦᠰᠦᠭᠰᠡᠨ ᠮᠠᠯᠠᠭᠠᠢ ᠬᠠᠯᠠᠭᠤᠨ ᠬᠥᠯᠥᠰᠥ ᠠᠯᠳᠠᠭᠤᠯᠤᠨ᠎ᠠ᠃ ᠰᠡᠳᠬᠢᠯ ᠳ᠋ᠦ᠍ ᠪᠦᠯᠡᠬᠡ ᠵᠠᠯᠭᠢᠭᠰᠠᠨ ᠶᠤᠮ ᠰᠢᠭ᠋ ᠴᠠᠭ ᠦᠷᠭᠦᠯᠵᠢ ᠪᠣᠭᠰᠢᠵᠤ ᠪᠠᠢᠭᠰᠠᠨ ᠭᠤᠲᠤᠷᠠᠯ ᠠᠷᠢᠯᠵᠤ ᠣᠷᠣᠨ ᠳ᠋ᠤᠨᠢ ᠢᠷᠡᠭᠡᠳᠦᠢ ᠶ᠋ᠢᠨ ᠶᠠᠭᠤᠮ᠎ᠠ ᠪᠣᠯᠭᠠᠨ ᠰᠡᠳᠬᠢᠯᠴᠢᠯᠡᠨ ᠪᠦᠲᠦᠬᠦ ᠭᠡᠵᠦ ᠪᠠᠢᠭ᠎ᠠ ᠰᠢᠭ᠋ ᠰᠠᠨᠠᠭᠳᠠᠨ᠎ᠠ᠃ 
        ᠬᠥᠮᠦᠨ ᠪᠣᠯᠤᠭᠰᠠᠭᠠᠷ ᠳᠠᠭᠤᠤ ᠳᠠᠭᠤᠯᠠᠵᠤ ᠦᠵᠡᠭᠡ ᠦᠭᠡᠢ ᠪᠣᠯᠪᠠᠴᠤ《ᠡᠷ᠎ᠡ ᠪᠣᠷᠣ ᠬᠠᠷᠴᠠᠭᠠᠢ》 ᠭᠡᠳᠡᠭ ᠳᠠᠭᠤᠤ ᠶ᠋ᠢ ᠠᠮᠠᠨ ᠳ᠋ᠠᠭᠠᠨ ᠭᠢᠩᠰᠢᠨ ᠲᠤᠷᠰᠢᠵᠤ ᠦᠵᠡᠭᠡᠳ《ᠢᠳᠡᠷ ᠵᠠᠯᠠᠭᠤ ᠨᠠᠰᠤᠨ ᠳ᠋ᠠᠭᠠᠨ ᠳᠠᠩᠴᠤ ᠠᠵᠢᠮᠠᠭ ᠦᠭᠡᠢ ᠶᠠᠪᠤᠯ᠎ᠠ》 ᠭᠡᠳᠡᠭ ᠳᠡᠭᠡᠷ᠎ᠡ ᠨᠢ ᠬᠠᠮᠤᠭ ᠬᠦᠴᠦ ᠪᠡᠨ ᠳᠠᠢᠴᠢᠯᠠᠨ ᠪᠠᠷᠬᠢᠷᠠᠯ᠎ᠠ᠃ 

            ᠦᠰᠦᠭ ᠠᠮᠢᠯᠠᠭᠤᠯᠤᠭᠰᠠᠨ ᠨᠢ᠄  ᠭᠠᠷᠮ᠎ᠠ