ᠪᠣᠬᠣᠳᠠᠢ ᠵᠤᠨᠳᠤᠢ- ᠬᠠᠭᠤᠴᠢ ᠶᠠᠷᠢᠶ᠎ᠠ Бохоодой Зундуй -хууч яриа
ᠪᠣᠬᠣᠳᠠᠢ ᠵᠤᠨᠳᠤᠢ
ᠮᠣᠩᠭᠣᠯ ᠠᠷᠠᠳ ᠤ᠋ᠨ ᠬᠠᠭᠤᠴᠢ ᠶᠠᠷᠢᠶ᠎ᠠ
ᠪᠤᠯᠠᠭᠠᠨ ᠠᠢᠮᠠᠭ ᠤ᠋ᠨ ᠬᠡᠰᠢᠭᠦᠨᠳᠡᠷ ᠰᠤᠮᠤᠨ ᠳ᠋ᠤ᠌ ᠪᠣᠬᠣᠳᠠᠢ ᠵᠣᠨᠲᠣᠢ ᠭᠡᠳᠡᠭ ᠡᠪᠦᠭᠡᠨ ᠪᠠᠢᠭᠠᠳ1950 ᠣᠨ ᠤ᠋ ᠣᠷᠴᠢᠮ ᠨᠠᠰᠤ ᠪᠠᠷᠠᠭᠰᠠᠨ ᠶᠤᠮ᠃
ᠲᠡᠷᠡ ᠡᠪᠦᠭᠡᠨ ᠶᠠᠷᠢᠬᠤ ᠳ᠋ᠠᠭᠠᠨ᠂ ᠮᠠᠨ ᠤ᠋ ᠠᠪᠴᠢᠭᠠᠨ ᠬᠤᠪᠢᠯᠭᠠᠨ ᠯᠠᠮᠠ ᠵᠠᠪᠰᠡᠷᠡᠩᠳᠣᠷᠵᠢ ᠴᠤ᠌ ᠮᠡᠷᠭᠡᠨ ᠪᠠᠢᠰᠠ ᠶ᠋ᠢᠨ ᠬᠠᠴᠢᠨ ᠲᠥᠪᠡᠳ ᠯᠠᠮᠠᠴᠢ ᠮᠡᠷᠭᠡᠨ᠂ ᠬᠣᠶᠠᠭᠤᠯᠠ ᠶᠡᠬᠡ ᠮᠡᠷᠭᠡᠨ ᠴᠢᠳᠠᠯ ᠲᠠᠢ ᠯᠠᠮᠠ ᠨᠠᠷ ᠪᠠᠢᠭᠰᠠᠨ ᠳ᠋ᠠ ᠭᠡᠳᠡᠭ᠃ ᠲᠡᠳᠡᠨ ᠢ᠋ ᠮᠡᠷᠭᠡᠨ ᠴᠢᠳᠠᠯ ᠲᠠᠢ ᠶ᠋ᠢ ᠲᠠ ᠶᠠᠭᠠᠬᠢᠵᠤ ᠮᠡᠳᠡᠭᠰᠡᠨ ᠶᠤᠮ ᠭᠡᠬᠦ ᠳ᠋ᠦ᠍᠂ ᠵᠣᠨᠳᠣᠢ ᠭᠤᠸᠠᠢ ᠮᠢᠨᠦ ᠮᠡᠳᠡᠳᠡᠭ ᠶᠠᠭᠤᠮ᠎ᠠ ᠶᠠᠭᠤ ᠪᠣᠢ ᠭᠡᠬᠦ ᠳ᠋ᠦ᠍ ᠭᠠᠭᠴᠠ ᠳᠠᠯᠤᠤ ᠶᠤᠮ᠃ ᠪᠢ ᠳᠠᠯᠤᠤ ᠣᠪᠣᠭ᠎ᠠ ᠲᠣᠭᠯᠠᠨ᠎ᠠ ᠰᠢᠦ ᠭᠡᠳ᠂ ᠮᠥᠷᠥᠢᠴᠡᠭᠡ ᠲᠣᠭᠯᠠᠵᠤ ᠪᠠᠭ᠎ᠠ ᠰᠠᠭ᠎ᠠ ᠶᠠᠭᠤᠮ᠎ᠠ ᠣᠯᠳᠠᠭ ᠪᠠᠢᠯ᠎ᠠ᠃ ᠨᠢᠭᠡ ᠡᠳᠦᠷ ᠠᠪᠴᠢᠭᠠᠨ ᠬᠤᠪᠢᠯᠭᠠᠨ ᠨᠠᠳᠠᠲᠠᠢ ᠲᠠᠭᠠᠷᠠᠯᠳᠤᠭᠠᠳ᠂ ᠬᠣᠶᠠᠭᠤᠯᠠ ᠪᠠᠨ ᠳᠠᠯᠤᠤ ᠲᠠᠯᠪᠢᠬᠤ ᠤᠤ ᠭᠡᠳᠡᠭ ᠶᠤᠮ ᠪᠠᠢᠨ᠎ᠠ᠃ ᠪᠢ ᠴᠦ᠍ ᠲᠡᠭᠡᠶ᠎ᠡ ᠯᠡ ᠭᠡᠯᠡ᠃ ᠲᠡᠭᠡᠭᠡᠳ ᠬᠣᠶᠠᠭᠤᠯᠠ ᠪᠠᠨ ᠳᠠᠯᠤᠤ ᠪᠠᠨ ᠭᠠᠷᠭᠠᠭᠠᠳ ᠲᠣᠭᠯᠠᠬᠤ ᠶᠤᠮ ᠪᠣᠯᠤᠯ᠎ᠠ ᠭᠡᠰᠡᠨ ᠳ᠋ᠦ᠍᠂ ᠮᠥᠷᠥᠢ ᠲᠡᠢ ᠲᠣᠭᠯᠠᠶ᠎ᠠ ᠭᠡᠳᠡᠭ ᠪᠠᠢᠨ᠎ᠠ ᠰᠢᠦ᠃ ᠲᠡᠭᠡᠭᠡᠳ ᠪᠢ ᠴᠦ᠍ ᠵᠠ ᠯᠠ ᠭᠡᠯᠡ᠃ ᠲᠡᠭᠡᠭᠡᠳ ᠬᠤᠪᠢᠯᠭᠠᠨ ᠵᠠ ᠴᠢ ᠮᠥᠷᠥᠢ ᠳ᠋ᠦ᠍ ᠶᠠᠭᠤ ᠲᠠᠯᠪᠢᠬᠤ ᠪᠣᠢ ᠭᠡᠵᠦ ᠪᠠᠢᠨ᠎ᠠ᠃ ᠨᠠᠳᠠᠳᠤ ᠮᠥᠷᠥᠢ ᠳ᠋ᠦ᠍ ᠲᠠᠯᠪᠢᠬᠤ ᠶᠠᠭᠤᠮ᠎ᠠ ᠪᠠᠢᠬᠤ ᠦᠭᠡᠢ ᠯᠡ ᠭᠡᠴᠢᠬᠡᠯᠡ᠃ ᠪᠢ ᠳᠠᠯᠤᠤ ᠪᠠᠷ ᠲᠡᠷᠡ ᠯᠠᠮᠠ ᠶ᠋ᠢ ᠯᠠᠪ ᠬᠣᠨᠵᠢᠬᠤ ᠪᠣᠯᠬᠣᠷ ᠮᠥᠷᠥᠢ ᠶ᠋ᠢᠨ ᠶᠠᠭᠤᠮ᠎ᠠ ᠴᠤ᠌ ᠪᠠᠷᠤᠭ ᠬᠡᠷᠡᠭ ᠦᠭᠡᠢ ᠶᠠᠭᠤᠮ᠎ᠠ ᠰᠢᠭ᠋ ᠪᠣᠳᠣᠭᠳᠠᠵᠤ ᠪᠠᠢᠯ᠎ᠠ᠃ ᠲᠡᠭᠡᠲᠡᠯ᠎ᠡ ᠯᠠᠮᠠ ᠬᠡᠯᠡᠵᠦ ᠪᠠᠢᠨ᠎ᠠ ᠰᠢᠦ᠂ ᠴᠢᠮᠠᠲᠤ ᠶᠠᠭᠠᠬᠢᠭᠠᠳ ᠮᠥᠷᠥᠢ ᠳ᠋ᠦ᠍ ᠲᠠᠯᠪᠢᠬᠤ ᠶᠠᠭᠤᠮ᠎ᠠ ᠪᠠᠢᠬᠤ ᠦᠭᠡᠢ ᠪᠣᠢ᠂ ᠡᠬᠡᠨᠡᠷ ᠦ᠋ᠨ ᠢ᠋ᠶ᠋ᠡᠨ ᠲᠣᠯᠣᠭᠠᠢ ᠶ᠋ᠢᠨ ᠬᠡᠷᠡᠭᠯᠡᠯ ᠢ᠋ ᠳᠡᠯᠪᠢ ᠭᠡᠯᠡ᠃ ᠮᠠᠨ ᠤ᠋ ᠡᠬᠡᠨᠡᠷ ᠲᠦ᠍ ᠲᠣᠯᠣᠭᠠᠢ ᠶ᠋ᠢᠨ ᠮᠥᠩᠭᠥᠨ ᠬᠡᠷᠡᠭᠯᠡᠯ ᠪᠠᠢᠳᠠᠭ ᠢ᠋ ᠯᠠᠮᠠ ᠮᠡᠳᠡᠬᠦ ᠶᠤᠮ᠃ ᠪᠢ ᠵᠠ ᠲᠡᠭᠡᠶ᠎ᠡ ᠭᠡᠳ ᠬᠣᠶᠠᠭᠤᠯᠠ ᠮᠥᠷᠥᠢᠴᠡ ᠲᠣᠭᠯᠠᠯ᠎ᠠ᠃ ᠪᠢ ᠳᠠᠯᠤᠤ ᠰᠠᠢᠨ ᠲᠠᠯᠪᠢᠳᠠᠭ ᠪᠣᠯᠬᠣᠷ ᠯᠠᠮᠠ ᠶ᠋ᠢ ᠬᠣᠨᠵᠢᠭᠠᠳ ᠪᠠᠢᠯ᠎ᠠ᠃ ᠯᠠᠮᠠ ᠠ᠋ᠴᠠ ᠬᠣᠶᠠᠷ ᠶᠢᠩᠪᠦ ᠲᠦᠷᠦᠭᠦᠦ ᠲᠡᠢ ᠨᠡᠯᠢᠶᠡᠳ ᠶᠠᠭᠤᠮ᠎ᠠ ᠶ᠋ᠢ ᠠᠪᠴᠢᠬᠠᠯ᠎ᠠ᠃ ᠯᠠᠮᠠ ᠨᠠᠮ᠎ᠠ ᠶ᠋ᠢ ᠠᠵᠢ ᠦᠭᠡᠢ ᠨᠣᠪᠰᠢ᠂ ᠵᠠ ᠪᠣᠯᠢᠶ᠎ᠠ ᠭᠡᠯᠡ᠃ ᠪᠢ ᠡᠳᠦᠢ ᠲᠡᠳᠦᠢ ᠬᠣᠨᠵᠢᠭᠠᠳ ᠪᠠᠢᠬᠤ ᠳ᠋ᠤ᠌᠂ ᠨᠠᠮ᠎ᠠ ᠶ᠋ᠢ ᠶᠠᠭᠠᠬᠢᠭᠠᠳ ᠠᠵᠢ ᠦᠭᠡᠢ ᠨᠠᠪᠰᠢ ᠭᠡᠳᠡᠭ ᠶᠤᠮ ᠭᠡᠵᠦ ᠵᠢᠭᠠᠬᠠᠨ ᠭᠠᠢᠬᠠᠯ᠎ᠠ᠃
ᠲᠡᠭᠡᠭᠡᠳ ᠬᠣᠨᠵᠢᠭᠰᠠᠨ ᠶᠠᠭᠤᠮ᠎ᠠ ᠪᠠᠨ ᠠᠪᠤᠭᠠᠳ ᠭᠡᠷ ᠲᠡᠭᠡᠨ ᠢᠷᠡᠯ᠎ᠡ᠂ ᠭᠡᠷ ᠲᠦ᠍ ᠢᠷᠡᠲᠡᠯ᠎ᠡ ᠡᠬᠡᠨᠡᠷ ᠮᠠᠨᠢ ᠡᠪᠡᠳᠴᠢᠨ ᠲᠡᠢ ᠦᠬᠦᠯᠡᠭᠦᠷ ᠲᠦ᠍ ᠬᠡᠪᠲᠡᠵᠦ ᠪᠠᠢᠪᠠ᠃ ᠪᠢ ᠡᠷᠭᠢᠭᠡᠳ ᠬᠤᠪᠢᠯᠭᠠᠨ ᠯᠠᠮᠠ ᠳ᠋ᠤ᠌ ᠣᠴᠢᠯ᠎ᠠ᠃ ᠯᠠᠮᠠ ᠨᠡᠯᠢᠶᠡᠳ ᠰᠣᠭᠲᠣᠭᠤ ᠪᠠᠢᠪᠠ᠂ ᠪᠢ ᠡᠬᠡᠨᠡᠷ ᠮᠠᠨᠢ ᠡᠪᠡᠳᠴᠢᠨ ᠲᠡᠢ ᠦᠬᠦᠬᠦ ᠭᠡᠵᠦ ᠪᠠᠢᠨ᠎ᠠ᠂ ᠯᠠᠮᠠ ᠮᠠᠨᠢ ᠠᠪᠤᠷᠠᠵᠤ ᠥᠷᠥᠰᠢᠶᠡ ᠭᠡᠵᠦ ᠭᠤᠶᠤᠯ᠎ᠠ᠃ ᠯᠠᠮᠠ ᠡᠬᠡᠨᠡᠷ ᠴᠢᠨᠢ ᠦᠬᠦᠨ᠎ᠡ ᠦᠬᠦᠨ᠎ᠡ᠂ ᠴᠢ ᠲᠣᠯᠣᠭᠠᠢ ᠶ᠋ᠢᠨ ᠬᠢᠨ ᠬᠡᠷᠡᠭᠰᠡᠯ ᠢ᠋ ᠬᠠᠷᠠᠮᠯᠠᠭᠠᠳ ᠪᠠᠢᠬᠤ ᠴᠢᠨᠢ ᠭᠡᠰᠡᠨ ᠳ᠋ᠦ᠍ ᠪᠢ ᠵᠢᠭᠠᠬᠠᠨ ᠭᠣᠮᠣᠳᠠᠯᠠ᠃ ᠮᠠᠨ ᠤ᠋ ᠡᠬᠡᠨᠡᠷ ᠲᠦ᠍ ᠲᠣᠯᠣᠭᠠᠢ ᠶ᠋ᠢᠨ ᠬᠡᠷᠡᠭᠰᠡᠯ ᠨᠢ ᠭᠠᠢ ᠪᠣᠯᠤᠭᠠᠳ ᠪᠠᠢᠭᠰᠠᠨ ᠶᠤᠮ ᠪᠣᠯ ᠨᠠᠳᠠᠳᠤ ᠬᠡᠯᠡᠭᠡᠳ ᠠᠪᠴᠤ ᠪᠣᠯᠬᠤ ᠯᠠ ᠪᠠᠢᠭᠰᠠᠨ᠃ ᠮᠠᠨ ᠤ᠋ ᠡᠬᠡᠨᠡᠷ ᠦ᠋ᠨ ᠡᠪᠡᠳᠬᠦ ᠶ᠋ᠢ ᠨᠢ ᠮᠡᠳᠡᠭᠰᠡᠨ ᠶᠤᠮ ᠪᠣᠯ ᠨᠠᠳᠠ ᠤᠴᠢᠷ ᠢ᠋ ᠬᠡᠯᠡᠵᠦ ᠠᠷᠭ᠎ᠠ ᠵᠠᠰᠠᠯ ᠬᠢᠵᠦ ᠥᠭᠴᠦ ᠪᠣᠯᠬᠤ ᠯᠠ ᠪᠠᠢᠭᠰᠠᠨ ᠭᠡᠵᠦ ᠪᠣᠳᠣᠭᠰᠠᠭᠠᠷ ᠪᠢ ᠭᠡᠷ ᠲᠡᠭᠡᠨ ᠬᠠᠷᠢᠯ᠎ᠠ᠃ ᠡᠬᠡᠨᠡᠷ ᠬᠠᠷᠢᠭᠤ ᠦᠭᠡᠢ ᠡᠪᠡᠳᠴᠢᠨ ᠲᠡᠢ ᠪᠣᠯᠬᠣᠷ ᠶᠠᠭᠠᠬᠢᠬᠤ ᠪᠢᠯᠡ ᠭᠡᠵᠦ ᠤᠴᠢᠷ ᠶᠠᠪᠤᠳᠠᠯ ᠶ᠋ᠢᠠᠨ ᠲᠣᠭᠠᠴᠠᠵᠤ᠂ ᠬᠥᠮᠦᠰ ᠡᠴᠡ ᠠᠰᠠᠭᠤᠯ᠎ᠠ᠃ ᠯᠠᠮᠠ ᠲᠠᠢ ᠮᠥᠷᠥᠢ ᠲᠡᠢ ᠲᠣᠭᠯᠠᠭᠰᠠᠨ ᠢ᠋ᠶ᠋ᠠᠨ ᠴᠤ᠌ ᠬᠡᠯᠡᠯ᠎ᠡ᠂ ᠪᠢ ᠳᠠᠬᠢᠭᠠᠳ ᠬᠤᠪᠢᠯᠭᠠᠨ ᠯᠠᠮᠠ ᠳ᠋ᠤ᠌ ᠣᠴᠢᠬᠤ ᠭᠡᠬᠦ ᠡᠴᠡ ᠨᠢᠭᠡ ᠯᠡ ᠳᠤᠷ᠎ᠠ ᠦᠭᠡᠢ ᠬᠦᠷᠦᠭᠡᠳ ᠪᠠᠢᠨ᠎ᠠ᠃
ᠲᠡᠭᠡᠭᠰᠡᠨ ᠨᠢᠭᠡ ᠨᠥᠬᠥᠷ ᠴᠢ ᠪᠡᠢᠰᠡ ᠶ᠋ᠢᠨ ᠬᠠᠴᠢᠨ ᠳ᠋ᠤ᠌ ᠣᠴᠢᠭᠠᠴᠢ᠃ ᠲᠡᠷᠡ ᠮᠡᠷᠭᠡᠨ ᠬᠥᠮᠦᠨ ᠰᠢᠦ ᠭᠡᠯᠡ᠃ ᠦᠭᠡᠢ ᠨᠠᠭᠤᠷ ᠠ᠋ᠴᠠ ᠪᠠᠷᠠᠭᠤᠨ ᠲᠠᠰᠢ ᠪᠠᠢᠰᠠ ᠶ᠋ᠢᠨ ᠬᠣᠰᠢᠭᠤ ᠭᠡᠵᠦ ᠪᠠᠢᠭᠰᠠᠨ ᠶᠤᠮ᠃ ᠲᠡᠷᠡ ᠬᠤᠰᠢᠭᠤᠨ ᠤ᠋ ᠬᠠᠴᠢᠨ ᠭᠡᠵᠦ ᠨᠢᠭᠡ ᠲᠥᠪᠡᠳ ᠯᠠᠮᠠ ᠪᠠᠢᠭᠰᠠᠨ ᠶᠤᠮ᠃ ᠪᠢ ᠲᠡᠭᠡᠭᠡᠳ ᠬᠥᠮᠦᠨ ᠡᠴᠡ ᠮᠣᠷᠢ ᠭᠤᠶᠤᠵᠤ ᠤᠨᠤᠭᠠᠳ᠂ ᠪᠠᠢᠰᠠ ᠶ᠋ᠢᠨ ᠬᠠᠴᠢᠨ ᠳ᠋ᠤ᠌ ᠡᠳᠦᠷ ᠦ᠋ᠨ ᠲᠤᠷᠰᠢ ᠶᠠᠪᠤᠵᠤ ᠣᠴᠢᠯ᠎ᠠ᠃ ᠨᠡᠯᠢᠶᠡᠳ ᠬᠣᠯᠠ ᠭᠠᠵᠠᠷ ᠶᠤᠮ᠂ ᠣᠴᠢᠭᠰᠠᠨ ᠴᠢᠨᠢ ᠯᠠᠮᠠ ᠶ᠋ᠢᠨ ᠡᠭᠦᠳᠡᠨ ᠳ᠋ᠦ᠍ ᠣᠯᠠᠨ ᠬᠥᠮᠦᠨ ᠬᠦᠯᠢᠶᠡᠵᠡᠭᠡᠵᠦ ᠪᠠᠢᠨ᠎ᠠ᠃ ᠣᠳᠣ ᠪᠠᠷ ᠪᠣᠯ ᠳᠠᠷᠠᠭᠠᠯᠠᠨ ᠰᠠᠭᠤᠵᠠᠭᠠᠵᠤ ᠪᠠᠢᠪᠠ᠃ ᠪᠢ ᠬᠦᠯᠢᠶᠡᠵᠦ ᠪᠠᠢᠭᠠᠳ ᠬᠠᠴᠢᠨ ᠯᠠᠮᠠ ᠳ᠋ᠤ᠌ ᠣᠷᠣᠵᠤ ᠤᠴᠢᠷ ᠶᠠᠪᠤᠳᠠᠯ ᠢ᠋ᠶ᠋ᠠᠨ ᠬᠡᠯᠡᠭᠡᠳ ᠥᠪᠡᠷ ᠦ᠋ᠨ ᠬᠤᠪᠢᠯᠭᠠᠨ ᠯᠠᠮᠠ ᠠ᠋ᠴᠠ ᠬᠣᠨᠵᠢᠭᠰᠠᠨ ᠨᠢᠭᠡ ᠶᠢᠩᠪᠦ ᠪᠡᠨ ᠪᠠᠷᠢᠵᠤ ᠠᠪᠤᠷᠠᠯ ᠠᠰᠠᠭᠤᠪᠠ᠃
ᠬᠠᠴᠢᠨ ᠱᠣᠣ ᠪᠠᠨ ᠨᠢᠭᠡ ᠣᠷᠬᠢᠵᠤ ᠦᠵᠡᠭᠡᠳ ᠶᠠᠮᠠᠷ ᠴᠤ᠌ ᠠᠷᠭ᠎ᠠ ᠪᠠᠢᠬᠤ ᠦᠭᠡᠢ᠂ ᠦᠬᠦᠨ᠎ᠡ ᠰᠢᠦ᠂ ᠦᠬᠦᠬᠦ ᠨᠠᠰᠤ ᠪᠣᠯᠤᠭᠰᠠᠨ ᠰᠢᠦ᠂ ᠬᠣᠷᠢ ᠬᠣᠨᠣᠭ ᠠ᠋ᠴᠠ ᠢᠯᠡᠭᠦᠦ ᠨᠠᠰᠤ ᠪᠠᠢᠬᠤ ᠦᠭᠡᠢ ᠰᠢᠦ ᠭᠡᠵᠦ ᠪᠠᠢᠨ᠎ᠠ᠃ ᠪᠢ ᠠᠷᠭᠠᠯᠠᠵᠤ ᠠᠯᠢ ᠭᠡᠵᠦ ᠭᠤᠶᠤᠭᠰᠠᠨ ᠪᠣᠯᠪᠠᠴᠤ ᠶᠡᠷᠦ ᠠᠷᠭᠠᠯᠠᠵᠤ ᠥᠭᠭᠦᠭᠰᠡᠨ ᠦᠭᠡᠢ᠃ ᠪᠢ ᠰᠡᠩᠳᠡ ᠶᠢᠩᠬᠠᠨ ᠤ᠋ ᠭᠡᠷ ᠲᠦ᠍ ᠣᠷᠣᠵᠤ ᠴᠠᠢ ᠤᠤᠭᠤᠭᠠᠳ ᠪᠤᠴᠠᠬᠤ ᠪᠣᠯᠤᠯ᠎ᠠ᠃ ᠶᠢᠩᠪᠤ ᠶ᠋ᠢ ᠨᠢᠭᠡᠨᠲᠡ ᠥᠭᠴᠢᠬᠡᠭᠰᠡᠨ ᠪᠣᠯᠬᠣᠷ ᠶᠠᠭᠠᠬᠢᠨ᠎ᠠ ᠭᠡᠪᠡ᠃ ᠪᠤᠴᠠᠭᠠᠵᠤ ᠠᠪᠤᠯ ᠲᠠᠢ ᠪᠢᠰᠢ᠂ ᠠᠪᠤᠷᠠᠯ ᠴᠤ᠌ ᠦᠭᠡᠢ᠂ ᠶᠢᠩᠪᠦ ᠴᠦ᠍ ᠦᠭᠡᠢ᠂ ᠤᠷᠮ᠎ᠠ ᠦᠭᠡᠢ ᠪᠤᠴᠠᠭᠠᠳ ᠱᠣᠭᠰᠢᠵᠤ ᠶᠠᠪᠤᠯ᠎ᠠ᠃ ᠨᠤᠲᠤᠭ ᠲᠠᠭᠠᠨ ᠢᠷᠡᠭᠡᠳ᠂ ᠭᠡᠷ ᠲᠡᠭᠡᠨ ᠣᠢᠷᠠᠳᠴᠤ ᠶᠠᠪᠤᠲᠠᠯ᠎ᠠ ᠨᠢᠭᠡ ᠬᠦᠷᠡᠩ ᠮᠣᠷᠢ ᠲᠠᠢ ᠰᠣᠭᠲᠣᠭᠤ ᠯᠠᠮᠠ ᠳᠠᠪᠬᠢᠵᠤ ᠶᠠᠪᠤᠭ᠎ᠠ ᠬᠠᠷᠠᠭᠳᠠᠯ᠎ᠠ᠃ ᠲᠡᠷᠡ ᠯᠠᠮᠠ ᠶ᠋ᠢ ᠬᠠᠷᠠᠬᠤ ᠳ᠋ᠤ᠌ ᠮᠠᠨ ᠤ᠋ ᠬᠤᠪᠢᠯᠭᠠᠨ ᠯᠠᠮᠠ ᠮᠥᠨ ᠰᠢᠭ᠌ ᠬᠠᠷᠠᠭᠳᠠᠯ᠎ᠠ᠃ ᠲᠡᠭᠡᠭᠡᠳ ᠲᠡᠷᠡ ᠰᠣᠭᠲᠣᠭᠤ᠂ ᠳᠣᠪᠣ ᠳᠠᠪᠠᠭᠠᠳ ᠲᠠᠯᠲᠠᠷᠢᠯᠠ᠂ ᠬᠣᠢᠨ᠎ᠠ ᠠ᠋ᠴᠠ ᠨᠢ ᠬᠥᠭᠡᠭᠡᠳ ᠳᠣᠪᠣ ᠳᠡᠭᠡᠷ᠎ᠡ ᠭᠠᠷᠤᠭᠠᠳ ᠢᠷᠡᠲᠡᠯ᠎ᠡ᠂ ᠯᠠᠮᠠ ᠮᠣᠷᠢᠨ ᠠ᠋ᠴᠠ ᠪᠠᠨ ᠪᠠᠭᠤᠭᠠᠳ ᠪᠡᠶ᠎ᠡ ᠵᠠᠰᠠᠭᠠᠳ ᠰᠠᠭᠤᠵᠤ ᠪᠠᠢᠪᠠ᠂ ᠪᠢ ᠬᠦᠷᠦᠭᠡᠳ ᠣᠴᠢᠲᠠᠯ᠎ᠠ᠂ ᠮᠠᠨ ᠤ᠋ ᠬᠤᠪᠢᠯᠭᠠᠨ ᠯᠠᠮᠠ ᠮᠥᠨ ᠪᠠᠢᠨ᠎ᠠ᠂ ᠨᠡᠯᠢᠶᠡᠳ ᠰᠣᠭᠲᠣᠭᠤ ᠪᠠᠢᠨ᠎ᠠ᠃ ᠴᠢ ᠬᠠᠮᠢᠭ᠎ᠠ ᠣᠴᠢᠭᠠᠳ ᠢᠷᠡᠪᠡ ᠭᠡᠳ ᠨᠠᠳᠠ ᠠ᠋ᠴᠠ ᠠᠰᠠᠭᠤᠵᠤ ᠪᠠᠢᠨ᠎ᠠ᠂ ᠪᠢ ᠴᠦ᠍ ᠦᠨᠡᠨ ᠢ᠋ᠶ᠋ᠡᠨ ᠬᠡᠯᠡᠯ᠎ᠡ ᠳ᠋ᠠ᠂ ᠡᠬᠡᠨᠡᠷ ᠲᠡᠭᠡᠨ ᠠᠪᠤᠷᠠᠯ ᠢᠷᠡᠵᠦ ᠪᠠᠢᠰᠠ ᠶ᠋ᠢᠨ ᠬᠠᠴᠢᠨ ᠳ᠋ᠤ᠌ ᠣᠴᠢᠯ᠎ᠠ ᠭᠡᠰᠡᠨ ᠳ᠋ᠦ᠍ ᠯᠠᠮᠠ ᠶᠠᠭᠤ ᠭᠡᠵᠦ ᠪᠠᠢᠨ᠎ᠠ ᠲᠡᠭᠡᠭᠡᠳ ᠭᠡᠵᠦ ᠰᠢᠷᠦᠭᠦᠬᠡᠨ ᠠᠰᠠᠭᠤᠯ᠎ᠠ᠃
ᠠ᠂ ᠯᠠᠮᠠ ᠮᠢᠨᠢ ᠡᠬᠡᠨᠡᠷ ᠴᠢᠨᠢ ᠦᠬᠦᠨ᠎ᠡ ᠠᠷᠭ᠎ᠠ ᠪᠠᠢᠬᠤ ᠦᠭᠡᠢ ᠭᠡᠵᠦ ᠠᠢᠯᠠᠳᠴᠤ ᠪᠠᠢᠨ᠎ᠠ ᠭᠡᠪᠡ᠃ ᠲᠡᠭᠡᠭᠡᠳ ᠴᠢᠨᠢ ᠯᠠᠮᠠ ᠪᠢ ᠲᠡᠭᠡᠪᠡᠯ ᠦᠬᠦᠬᠦ ᠦᠭᠡᠢ ᠭᠡᠵᠦ ᠬᠡᠯᠡᠵᠦ ᠪᠠᠢᠨ᠎ᠠ᠂ ᠦᠬᠦᠬᠦ ᠦᠭᠡᠢ ᠬᠦ ᠭᠡᠯᠡ᠂ ᠪᠢ ᠴᠦ᠍ ᠯᠠᠮᠠ ᠳ᠋ᠤ᠌ ᠡᠷᠭᠦᠬᠦ ᠪᠠᠷᠢᠬᠤ ᠶᠠᠭᠤᠮ᠎ᠠ ᠴᠤ᠌ ᠪᠠᠢᠭᠰᠠᠨ ᠦᠭᠡᠢ᠂ ᠯᠠᠮᠠ ᠮᠢᠨᠢ ᠠᠪᠤᠷᠠᠵᠤ ᠬᠠᠢᠷᠠᠯᠠ ᠭᠡᠵᠦ ᠲᠡᠢᠮᠦ ᠯᠡ ᠭᠤᠶᠤᠯ᠎ᠠ᠃ ᠲᠡᠭᠡᠭᠡᠳ ᠭᠡᠷ ᠲᠦ᠍ ᠢᠷᠡᠭᠰᠡᠨ ᠴᠢᠨᠢ ᠡᠬᠡᠨᠡᠷ ᠮᠠᠨᠢ ᠠᠷᠭ᠎ᠠ ᠦᠭᠡᠢ ᠮᠠᠭᠤ ᠪᠠᠢᠨ᠎ᠠ ᠳ᠋ᠠ᠂ ᠪᠢ ᠠᠷᠠᠴᠢᠯᠠᠵᠤ ᠰᠤᠪᠢᠯᠠᠵᠤ ᠯᠠ ᠪᠠᠢᠯ᠎ᠠ᠃ ᠡᠬᠡᠨᠡᠷ ᠮᠠᠭᠤᠳᠠᠨ ᠮᠠᠭᠤᠳᠠᠭᠰᠠᠭᠠᠷ ᠬᠣᠷᠢ ᠬᠣᠨᠣᠯ᠎ᠠ᠃ ᠥᠨᠥ ᠰᠥᠨᠢ ᠯᠡ ᠦᠬᠦᠬᠦ ᠶᠤᠮ ᠪᠠᠢᠬᠤ ᠳ᠋ᠠ ᠭᠡᠵᠦ ᠪᠠᠢᠭᠰᠠᠨ᠂ ᠲᠡᠭᠡᠲᠡᠯ᠎ᠡ ᠰᠥᠨᠢ ᠮᠡᠨᠳᠦ ᠬᠣᠨᠣᠴᠢᠬᠠᠯ᠎ᠠ᠂ ᠮᠠᠷᠭᠠᠰᠢ ᠠ᠋ᠴᠠ ᠨᠢ ᠡᠬᠢᠯᠡᠭᠡᠳ ᠪᠡᠶ᠎ᠡ ᠨᠢ ᠳᠡᠭᠡᠷᠡᠳᠡᠵᠦ ᠡᠬᠢᠯᠡᠯ᠎ᠡ᠃ ᠠᠷᠪᠠ ᠬᠣᠨᠣᠬᠤ ᠳ᠋ᠤ᠌ ᠡᠬᠡᠨᠡᠷ ᠮᠠᠨᠢ ᠪᠦᠷ ᠵᠦᠭᠡᠷ ᠪᠣᠯᠴᠢᠬᠠᠯ᠎ᠠ᠂ ᠲᠡᠭᠡᠭᠰᠡᠨ ᠴᠢᠨᠢ ᠨᠠᠳᠠ ᠨᠢᠭᠡ ᠬᠥᠮᠦᠨ ᠬᠡᠯᠡᠭᠡᠳ ᠪᠠᠢᠬᠤ ᠶᠤᠮ᠃ ᠪᠠᠢᠰᠠ ᠶ᠋ᠢᠨ ᠬᠠᠴᠢᠨ ᠳ᠋ᠤ᠌ ᠣᠴᠢᠵᠤ ᠶᠢᠩᠪᠦ ᠪᠡᠨ ᠨᠡᠬᠡ᠂ ᠡᠬᠡᠨᠡᠷ ᠢ᠋ᠶ᠋ᠡᠨ ᠡᠳᠡᠭᠡᠭᠰᠡᠨ ᠢ᠋ ᠬᠡᠯᠡ᠂ ᠶᠠᠭᠤ ᠬᠢᠨ ᠳᠣᠭᠣᠭᠢᠯᠠ ᠭᠡᠳᠡᠭ ᠶᠤᠮ ᠪᠠᠢᠨ᠎ᠠ᠃ ᠪᠢ ᠲᠡᠭᠡᠬᠦᠯᠡᠷ ᠨᠢ ᠬᠦᠢᠰ ᠨᠡᠭᠡᠷᠡᠨ ᠲᠡᠭᠡᠶ᠎ᠡ ᠪᠠᠢᠵᠠ ᠭᠡᠵᠦ ᠪᠣᠳᠣᠭᠠᠳ᠂ ᠪᠠᠰᠠ ᠯᠠ ᠨᠢᠭᠡ ᠮᠣᠷᠢ ᠬᠥᠮᠦᠨ ᠡᠴᠡ ᠭᠤᠶᠤᠵᠤ ᠤᠨᠤᠭᠠᠳ ᠶᠠᠪᠤᠯ᠎ᠠ᠃ ᠤᠨᠤᠬᠤ ᠤᠨᠤᠭ᠎ᠠ ᠦᠭᠡᠢ ᠬᠥᠮᠦᠨ ᠪᠠᠰᠠ ᠬᠡᠴᠡᠭᠦᠦ ᠪᠠᠢᠳᠠᠭ ᠶᠤᠮ ᠰᠢᠦ᠂ ᠪᠠᠰᠠ ᠯᠠ ᠪᠠᠢᠰᠠ ᠶ᠋ᠢᠨ ᠬᠠᠴᠢᠨ ᠳ᠋ᠤ᠌ ᠱᠣᠭᠰᠢᠵᠤ ᠣᠴᠢᠪᠠ᠃ ᠮᠥᠨ ᠯᠡ ᠣᠯᠠᠨ ᠬᠥᠮᠦᠨ ᠬᠦᠯᠢᠶᠡᠵᠦ ᠪᠠᠢᠨ᠎ᠠ᠂ ᠪᠢ ᠴᠦ᠍ ᠬᠦᠯᠢᠶᠡᠵᠦ ᠪᠠᠢᠭᠠᠳ ᠬᠠᠴᠢᠨ ᠳ᠋ᠤ᠌ ᠪᠠᠷᠠᠭᠠᠳᠠᠬᠤ ᠳ᠋ᠠᠭᠠᠨ ᠬᠠᠴᠢᠨ ᠯᠠᠮᠠ ᠨᠠᠮ᠎ᠠ ᠶ᠋ᠢ ᠲᠠᠨᠢᠵᠤ ᠪᠠᠢᠨ᠎ᠠ᠃
ᠵᠠ ᠡᠬᠡᠨᠡᠷ ᠴᠢᠨᠢ ᠶᠠᠭᠠᠬᠢᠭᠰᠠᠨ᠂ ᠥᠩᠭᠡᠷᠡᠴᠢᠬᠡᠭᠰᠡᠨ ᠤᠤ ᠭᠡᠵᠦ ᠪᠠᠢᠨ᠎ᠠ᠂ ᠦᠭᠡᠢ ᠠᠮᠢᠳᠤ᠂ ᠪᠦᠷ ᠡᠳᠡᠭᠡᠴᠢᠬᠡᠭᠡᠳ ᠪᠠᠢᠭ᠎ᠠ ᠭᠡᠵᠦ ᠪᠢ ᠬᠡᠯᠡᠯ᠎ᠡ᠃ ᠶᠠᠭᠠᠬᠢᠭᠰᠠᠨ ᠬᠠᠴᠢᠨ ᠶᠠᠭᠤᠮ᠎ᠠ ᠭᠡᠵᠦ ᠱᠣᠣ ᠪᠠᠨ ᠨᠢᠭᠡ ᠣᠷᠬᠢᠵᠤ ᠦᠵᠡᠭᠡᠳ᠂ ᠲᠠ ᠪᠤᠴᠠᠬᠤ ᠵᠠᠮ ᠳ᠋ᠠᠭᠠᠨ ᠨᠢᠭᠡ ᠪᠤᠷᠬᠠᠨ ᠬᠥᠮᠦᠨ ᠲᠡᠢ ᠠᠭᠤᠯᠵᠠᠵᠠᠢ᠃ ᠥ᠂ ᠲᠡᠷᠡ ᠯᠠᠮᠠ ᠲᠠᠨ ᠤ᠋ ᠡᠬᠡᠨᠡᠷ ᠲᠦ᠍ ᠵᠢᠷᠭᠤᠭᠠᠨ ᠵᠢᠯ ᠦ᠋ᠨ ᠨᠠᠰᠤ ᠥᠭᠭᠦᠭᠰᠡᠨ ᠰᠢᠦ ᠭᠡᠯᠡ᠃ ᠨᠠᠮ᠎ᠠ ᠶ᠋ᠢ ᠪᠤᠴᠠᠬᠤ ᠵᠠᠮ ᠳ᠋ᠠᠭᠠᠨ ᠬᠤᠪᠢᠯᠭᠠᠨ ᠯᠠᠮᠠ ᠲᠠᠢ ᠠᠭᠤᠯᠵᠠᠭᠰᠠᠨ ᠢ᠋ ᠲᠡᠷᠡ ᠮᠡᠳᠡᠵᠦ ᠪᠠᠢᠨ᠎ᠠ᠂ ᠪᠢ ᠲᠡᠭᠡᠬᠦᠯᠡᠷ ᠶᠢᠩᠪᠦ ᠪᠡᠨ ᠨᠡᠬᠡᠭᠰᠡᠨ ᠴᠦ᠍ ᠦᠭᠡᠢ ᠬᠠᠷᠢᠵᠤ ᠢᠷᠡᠯ᠎ᠡ᠃ ᠡᠬᠡᠨᠡᠷ ᠮᠠᠨᠢ ᠲᠡᠭᠦᠨ ᠡᠴᠡ ᠬᠣᠢᠰᠢ ᠡᠷᠡᠭᠦᠯ ᠡᠩᠬᠡ ᠰᠠᠢᠨ ᠶᠠᠪᠤᠵᠤ ᠪᠠᠢᠭᠠᠳ ᠵᠢᠷᠭᠤᠭᠠᠨ ᠵᠢᠯ ᠪᠣᠯᠤᠭᠠᠳ ᠨᠠᠰᠤ ᠪᠠᠷᠠᠭᠰᠠᠨ ᠳ᠋ᠠ᠃
ᠡᠭᠦᠨ ᠡᠴᠡ ᠬᠣᠢᠰᠢ ᠪᠢ ᠲᠡᠷᠡ ᠬᠤᠪᠢᠯᠭᠠᠨ᠂ ᠬᠠᠴᠢᠨ ᠯᠠᠮᠠ ᠬᠣᠶᠠᠷ ᠢ᠋ ᠮᠡᠷᠭᠡᠨ ᠤᠯᠤᠰ ᠶᠤᠮ ᠭᠡᠵᠦ ᠢᠲᠡᠭᠡᠳᠡᠭ ᠪᠣᠯᠤᠭᠰᠠᠨ ᠶᠤᠮ ᠳ᠋ᠠ ᠭᠡᠵᠦ ᠶᠠᠷᠢᠭᠰᠠᠨ ᠶᠤᠮ᠃
1975 ᠣᠨ ᠤ᠋ ᠬᠣᠶᠠᠷ ᠰᠠᠷ᠎ᠠ ᠶ᠋ᠢᠨ ᠭᠤᠷᠪᠠᠨ ᠭᠠᠳᠠᠮ ᠤ᠋ᠨ ᠶᠠᠷᠢᠶ᠎ᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠳᠠᠭᠴᠢ᠄ ᠠᠯᠲᠠᠨᠴᠢᠮᠡᠭ
