ᠵᠠᠭᠠᠨ ᠣᠭᠣᠲᠣᠨ᠎ᠠ ᠬᠣᠶᠠᠷ- ᠠᠮᠢᠲᠠᠨ ᠠᠷᠢᠶᠠᠲᠠᠨ ᠤ᠋ ᠦᠯᠢᠭᠡᠷЗаан оготно хоёр-Амьтан араатны үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠭᠠᠨ ᠣᠭᠣᠲᠣᠨ᠎ᠠ ᠬᠣᠶᠠᠷ- ᠠᠮᠢᠲᠠᠨ ᠠᠷᠢᠶᠠᠲᠠᠨ ᠤ᠋ ᠦᠯᠢᠭᠡᠷЗаан оготно хоёр-Амьтан араатны үлгэр

ᠵᠠᠭᠠᠨ ᠣᠭᠣᠲᠣᠨ᠎ᠠ ᠬᠣᠶᠠᠷ- ᠠᠮᠢᠲᠠᠨ ᠠᠷᠢᠶᠠᠲᠠᠨ ᠤ᠋ ᠦᠯᠢᠭᠡᠷЗаан оготно хоёр-Амьтан араатны үлгэр

ᠠᠩᠭᠢᠯᠠᠯ:ᠳᠣᠮᠣᠭ ᠦᠯᠢᠭᠡᠷ
2025-12-18

609

ᠵᠠᠭᠠᠨ ᠣᠭᠣᠲᠣᠨ᠎ᠠ ᠬᠣᠶᠠᠷ

        ᠠᠮᠢᠲᠠᠨ ᠠᠷᠢᠶᠠᠲᠠᠨ ᠤ᠋ ᠦᠯᠢᠭᠡᠷ 

    ᠤᠷᠢᠳᠤ ᠨᠢᠭᠡ ᠵᠠᠭᠠᠨ᠂ ᠨᠢᠭᠡ ᠣᠭᠣᠲᠣᠨ᠎ᠠ ᠬᠣᠶᠠᠷ ᠪᠢᠴᠢᠬᠠᠨ ᠭᠣᠣᠯ ᠤ᠋ᠨ ᠡᠷᠭᠢ ᠳᠡᠭᠡᠷ᠎ᠡ ᠬᠥᠷᠰᠢᠯᠡᠵᠦ ᠰᠠᠭᠤᠳᠠᠭ ᠪᠠᠢᠵᠠᠢ᠃ ᠵᠠᠭᠠᠨ ᠡᠳᠦᠷ ᠪᠦᠷᠢ ᠭᠣᠣᠯ ᠠ᠋ᠴᠠ ᠤᠰᠤ ᠤᠤᠭᠤᠵᠤ ᠬᠠᠨᠤᠭᠠᠳ ᠬᠠᠷᠢᠬᠤ ᠳ᠋ᠠᠭᠠᠨ ᠣᠭᠣᠲᠣᠨ᠎ᠠ ᠶ᠋ᠢᠨ ᠨᠦᠬᠡ ᠶ᠋ᠢ ᠤᠰᠤ ᠪᠠᠷ ᠰᠦᠷᠴᠢᠵᠦ᠂ ᠤᠰᠤᠨ ᠳ᠋ᠤ᠌ ᠠᠪᠲᠠᠭᠤᠯᠳᠠᠭ ᠭᠡᠨ᠎ᠡ᠃ ᠢᠩᠭᠢᠭᠡᠳ ᠣᠭᠣᠲᠣᠨ᠎ᠠ ᠠᠷᠭ᠎ᠠ ᠦᠭᠡᠢ ᠪᠣᠯᠬᠤ ᠳ᠋ᠠᠭᠠᠨ᠄《ᠥᠴᠦᠬᠡᠨ ᠮᠢᠨᠦ ᠣᠷᠣᠨ ᠪᠠᠢᠷᠢ ᠶ᠋ᠢ ᠪᠤᠤ ᠰᠦᠢᠳᠬᠡᠭᠴᠢ!》 ᠭᠡᠵᠦ ᠵᠠᠭᠠᠨ ᠠ᠋ᠴᠠ ᠣᠯᠠᠨ ᠤᠳᠠᠭ᠎ᠠ ᠭᠤᠶᠤᠵᠠᠢ᠃ ᠭᠡᠪᠡᠴᠦ ᠵᠠᠭᠠᠨ ᠣᠢᠰᠢᠶᠠᠯ ᠦᠭᠡᠢ ᠤᠷᠢᠳᠤ ᠶ᠋ᠢᠨ ᠠᠳᠠᠯᠢ ᠬᠥᠨᠥᠭᠡᠵᠦ ᠰᠦᠢᠳᠬᠡᠭᠰᠡᠭᠡᠷ ᠢᠷᠡᠪᠡ ᠭᠡᠨ᠎ᠡ᠃
    ᠨᠢᠭᠡ ᠡᠳᠦᠷ ᠵᠠᠭᠠᠨ ᠢ᠋ ᠢᠷᠡᠬᠦ ᠳ᠋ᠦ᠍ ᠣᠭᠣᠲᠣᠨ᠎ᠠ᠄《ᠮᠢᠨᠦ ᠣᠷᠣᠨ ᠰᠠᠭᠤᠴᠠ ᠶ᠋ᠢ ᠦᠷᠭᠦᠯᠵᠢᠯᠡᠨ ᠡᠪᠳᠡᠪᠡᠯ ᠪᠢ ᠴᠢᠮ᠎ᠠ ᠲᠠᠢ ᠲᠡᠢᠨ ᠵᠠᠷᠯᠠᠨ᠎ᠠ!》 ᠭᠡᠵᠡᠢ᠃ ᠵᠠᠭᠠᠨ ᠦᠯᠦ ᠲᠣᠭᠣᠮᠰᠠᠷᠯᠠᠨ ᠢᠨᠢᠶᠡᠳᠦ ᠨᠢ ᠬᠦᠷᠴᠦ ᠭᠡᠨ᠎ᠡ᠃ ᠮᠠᠷᠭᠠᠰᠢ ᠨᠢ ᠵᠠᠭᠠᠨ ᠬᠡᠩᠬᠦᠯᠵᠡᠨ ᠠᠯᠬᠤᠭᠰᠠᠭᠠᠷ ᠣᠭᠣᠲᠣᠨ᠎ᠠ ᠶ᠋ᠢᠨ ᠨᠦᠬᠡᠨ ᠳᠡᠭᠡᠷ᠎ᠡ ᠢᠷᠡᠵᠦ ᠤᠰᠤ ᠰᠦᠷᠴᠢᠬᠦ ᠳ᠋ᠦ᠍ ᠣᠭᠣᠲᠣᠨ᠎ᠠ ᠬᠠᠮᠠᠷ ᠤ᠋ᠨ ᠨᠦᠬᠡ ᠪᠡᠷ ᠨᠢ ᠣᠷᠣᠵᠤ ᠤᠯᠠᠭᠠᠨ ᠬᠣᠭᠣᠯᠠᠢ᠂ ᠠᠭᠤᠰᠬᠢ ᠵᠢᠷᠦᠬᠡ ᠶ᠋ᠢ ᠨᠢ ᠤᠷᠠᠵᠤ ᠲᠠᠰᠤᠴᠢᠵᠤ ᠬᠠᠶᠠᠵᠠᠢ᠃ ᠵᠠᠭᠠᠨ ᠠᠮᠢ ᠲᠡᠮᠡᠴᠡᠬᠦ ᠳ᠋ᠡᠭᠡᠨ ᠣᠷᠢᠯᠠᠨ ᠴᠢᠷᠠᠯᠠᠵᠤ᠂ ᠦᠰᠦᠷᠴᠦ ᠲᠤᠢᠯᠠᠭᠰᠠᠭᠠᠷ ᠣᠢᠷ᠎ᠠ ᠬᠠᠪᠢ ᠶ᠋ᠢᠨ ᠠᠢᠯ ᠠᠮᠢᠲᠠᠨ ᠢ᠋ ᠦᠨᠡᠰᠦᠨ ᠲᠣᠪᠷᠠᠭ ᠪᠣᠯᠭᠠᠭᠠᠳ ᠦᠬᠦᠪᠡ᠃ ᠲᠡᠭᠦᠨ ᠢ᠋ ᠦᠬᠦᠭᠰᠡᠨ ᠦ᠌ ᠳᠠᠷᠠᠭ᠎ᠠ ᠣᠭᠣᠲᠣᠨ᠎ᠠ ᠬᠠᠮᠠᠷ ᠤ᠋ᠨ ᠨᠦᠬᠡ ᠪᠡᠷ ᠨᠢ ᠭᠠᠷᠴᠤ ᠢᠷᠡᠭᠡᠳ ᠭᠣᠣᠯ ᠤ᠋ᠨ ᠡᠷᠭᠢ ᠳ᠋ᠡᠭᠡᠨ ᠬᠠᠷᠢᠵᠤ ᠠᠮᠤᠷ ᠰᠠᠢᠬᠠᠨ ᠠᠮᠢᠳᠤᠷᠠᠭᠰᠠᠨ ᠭᠡᠳᠡᠭ᠃

        ᠦᠰᠦᠭ ᠤᠶᠠᠩᠭᠠᠯᠠᠵᠤ ᠬᠠᠳᠠᠭᠴᠢ᠄ ᠡᠩᠬᠨᠠᠰᠤᠨ
        ᠦᠰᠦᠭ ᠠᠮᠢᠯᠠᠭᠤᠯᠤᠭᠴᠢ᠄ ᠤᠤᠭᠠᠨᠵᠢᠳ
        ᠬᠢᠨᠠᠭᠴᠢ᠄ ᠮᠡᠷᠭᠡᠨᠪᠢᠯᠢᠭ