ᠪᠢ ᠬᠡᠨ ᠪᠤᠢ ᠴᠤᠪᠤᠷᠠᠯ01 ᠰᠣᠨᠢᠷᠬᠠᠯᠲᠠᠢ ᠣᠨᠢᠰᠤᠭ᠎ᠠ _Би хэн бэ__ цуврал _ Сонирхолтой оньсого _ Bi hen be
ᠪᠢ ᠬᠡᠨ ᠪᠤᠢ ᠴᠤᠪᠤᠷᠠᠯ01
ᠰᠣᠨᠢᠷᠬᠠᠯᠲᠠᠢ ᠣᠨᠢᠰᠣᠭ᠎ᠠ
ᠰᠠᠢᠨ ᠪᠠᠢᠵᠠᠭᠠᠨ᠎ᠠ ᠤᠤ? ᠨᠠᠢᠵᠠ ᠤᠤ ᠳ᠋ᠠ᠂ ᠠᠬ᠎ᠠ ᠡᠭᠡᠴᠢ ᠨᠠᠷ ᠠ᠋! ᠪᠠᠰᠠ ᠳᠡᠭᠦᠦ ᠨᠠᠷ ᠠ᠋! ᠨᠠᠮ᠎ᠠ ᠶ᠋ᠢ ᠮᠡᠷᠭᠡᠨ ᠭᠡᠳᠡᠭ᠃ ᠪᠢ ᠳᠣᠯᠣᠭᠠᠨ ᠨᠠᠰᠤᠲᠠᠢ᠂ ᠨᠢᠭᠡᠳᠦᠭᠡᠷ ᠠᠩᠭᠢ ᠶ᠋ᠢᠨ ᠰᠤᠷᠤᠭᠴᠢ᠃
ᠰᠠᠢᠨ ᠪᠠᠢᠨ᠎ᠠ ᠤᠤ? ᠪᠢ ᠮᠡᠷᠭᠡᠨ ᠦ᠌ ᠡᠭᠡᠴᠢ ᠮᠦᠰᠢᠶᠡᠯ ᠪᠠᠢᠨ᠎ᠠ᠃
ᠡᠭᠡᠴᠢ ᠪᠢᠳᠡ ᠬᠣᠶᠠᠷ ᠤ᠋ᠨ ᠭᠠᠳᠠᠭᠤᠷ ᠬᠦᠷᠮ᠎ᠡ ᠡᠢᠮᠦ ᠭᠣᠶᠣ ᠭᠣᠶᠣ ᠥᠩᠭᠡᠲᠡᠢ᠂ ᠡᠭᠡᠴᠢ ᠪᠢᠳᠡ ᠬᠣᠶᠠᠷ ᠭᠡᠷ ᠡᠴᠡ ᠪᠡᠨ ᠰᠤᠷᠭᠠᠭᠤᠯᠢ ᠯᠤᠭ᠎ᠠ ᠪᠠᠨ ᠶᠠᠪᠤᠬᠤ ᠵᠠᠮ ᠳ᠋ᠠᠭᠠᠨ ᠬᠣᠶᠠᠷ ᠴᠤ᠌ ᠮᠠᠰᠢᠨ ᠤ᠋ ᠵᠠᠮ ᠢ᠋ ᠬᠥᠨᠳᠡᠯᠡᠨ ᠭᠠᠷᠳᠠᠭ ᠪᠣᠯᠬᠣᠷ ᠡᠵᠢ ᠮᠠᠨᠢ ᠪᠢᠳᠡ ᠬᠣᠶᠠᠷ ᠲᠤ᠌ ᠵᠣᠷᠢᠭᠤᠳᠠ ᠡᠢᠮᠦ ᠭᠣᠶᠣ ᠬᠤᠷᠴᠠ ᠲᠣᠳᠣ ᠥᠩᠭᠡ ᠶ᠋ᠢᠨ ᠬᠦᠷᠮ᠎ᠡ ᠠᠪᠴᠤ ᠥᠭᠭᠦᠭᠰᠡᠨ ᠶᠤᠮ᠃ ᠪᠢᠳᠡ ᠬᠣᠶᠠᠷ ᠢ᠋ ᠭᠠᠷᠴᠠ ᠤᠷᠤᠭᠤ ᠲᠦᠭᠡᠭᠡᠳ ᠢᠷᠡᠬᠦ ᠦᠶ᠎ᠡ ᠳ᠋ᠦ᠍ ᠪᠦᠬᠦ ᠵᠢᠯᠣᠭᠣᠴᠢ ᠠᠬ᠎ᠠ ᠨᠠᠷ ᠰᠢᠭᠤᠳ ᠵᠣᠭᠰᠣᠭᠠᠳ ᠪᠢᠳᠡᠨ ᠢ᠋ ᠭᠠᠷᠴᠤ ᠶᠠᠪᠤᠬᠤ ᠶ᠋ᠢ ᠬᠦᠯᠢᠶᠡᠳᠡᠭ᠃ ᠶᠡᠷᠦ ᠨᠢ ᠭᠡᠷᠡᠯ ᠦ᠋ᠨ ᠳᠣᠬᠢᠶ᠎ᠠ ᠲᠠᠢ ᠴᠤ᠌ ᠪᠠᠢ᠂ ᠭᠡᠷᠡᠯ ᠦ᠋ᠨ ᠳᠣᠬᠢᠶ᠎ᠠ ᠦᠭᠡᠢ ᠴᠦ᠍ ᠪᠠᠢ᠂ ᠵᠠᠪᠠᠯ ᠭᠠᠷᠴᠠ ᠲᠠᠢ ᠭᠠᠵᠠᠷ ᠢ᠋ᠶ᠋ᠠᠷ ᠵᠠᠮ ᠬᠥᠨᠳᠡᠯᠡᠨ ᠭᠠᠷᠬᠤ ᠶᠣᠰᠣᠲᠠᠢ ᠰᠢᠦ! ᠳᠡᠭᠡᠷ᠎ᠡ ᠡᠴᠡ ᠨᠢ ᠴᠢᠬᠢᠪᠴᠢ ᠪᠡᠨ ᠵᠠᠪᠠᠯ ᠠᠪᠴᠤ ᠪᠠᠢᠬᠤ ᠶᠣᠰᠣᠲᠠᠢ ᠶᠤᠮ ᠪᠠᠢᠨ᠎ᠠ ᠯᠠ᠃ ᠬᠡᠷᠪᠡ ᠴᠢᠬᠢᠪᠴᠢ ᠲᠡᠢ ᠪᠣᠯ ᠢᠷᠡᠵᠦ ᠶᠠᠪᠤᠭ᠎ᠠ ᠮᠠᠰᠢᠨ ᠤ᠋ ᠳᠣᠬᠢᠶ᠎ᠠ ᠶ᠋ᠢ ᠰᠣᠨᠣᠰᠬᠤ ᠦᠭᠡᠢ ᠰᠢᠦ ᠳ᠋ᠠ᠃ ᠴᠢᠬᠢᠪᠴᠢ ᠵᠡᠭᠦᠭᠡᠳ ᠵᠠᠮ ᠬᠥᠨᠳᠡᠯᠡᠨ ᠭᠠᠷᠬᠤ ᠨᠢ ᠮᠠᠰᠢ ᠠᠶᠤᠯ ᠲᠠᠢ ᠭᠡᠵᠦ ᠠᠩᠬᠠᠷᠤᠭᠤᠯᠵᠤ ᠪᠠᠢᠭᠰᠠᠨ ᠳ᠋ᠠ᠃ ᠪᠠᠰᠠ ᠨᠢᠭᠡ ᠵᠦᠢᠯ ᠢ᠋ ᠨᠡᠮᠡᠭᠡᠳ ᠬᠡᠯᠡᠬᠦ ᠳ᠋ᠦ᠍ ᠴᠢᠬᠢᠪᠴᠢ ᠵᠡᠭᠦᠭᠡᠳ ᠮᠠᠯᠠᠭᠠᠢ ᠲᠠᠢ ᠴᠠᠮᠴᠠ ᠡᠮᠦᠰᠬᠦ ᠨᠢ ᠪᠦᠷ ᠴᠦ᠍ ᠠᠶᠤᠯ ᠲᠠᠢ ᠰᠢᠦ᠃ ᠶᠠᠭᠠᠬᠢᠭᠠᠳ ᠭᠡᠪᠡᠯ ᠬᠣᠶᠠᠷ ᠲᠠᠯ᠎ᠠ ᠳ᠋ᠠᠭᠠᠨ ᠪᠠᠢᠭ᠎ᠠ ᠵᠦᠢᠯᠡᠰ ᠢ᠋ ᠬᠠᠷᠠᠵᠤ ᠴᠢᠳᠠᠬᠤ ᠦᠭᠡᠢ᠃ ᠵᠠᠮ ᠭᠠᠷᠬᠤ ᠳ᠋ᠤ᠌ ᠪᠦᠷ ᠴᠦ᠍ ᠠᠶᠤᠯᠲᠠᠢ᠂ ᠬᠠᠮᠢᠭ᠎ᠠ ᠠ᠋ᠴᠠ ᠮᠠᠰᠢᠨ ᠢᠷᠡᠵᠦ ᠪᠠᠢᠭ᠎ᠠ ᠶ᠋ᠢ ᠬᠠᠷᠠᠵᠤ ᠴᠢᠳᠠᠬᠤ ᠦᠭᠡᠢ ᠤᠴᠢᠷ ᠠ᠋ᠴᠠ ᠭᠡᠨᠡᠳᠡᠵᠦ᠂ ᠭᠡᠮᠲᠦᠵᠦ ᠪᠣᠯᠣᠰᠢ ᠦᠭᠡᠢ᠂ ᠡᠭᠦᠨ ᠢ᠋ ᠮᠠᠰᠢ ᠰᠠᠢᠨ ᠠᠩᠬᠠᠷᠤᠭᠠᠷᠠᠢ! ᠨᠠᠢᠵᠠ ᠤ᠋ᠳ ᠳ᠋ᠠ!
ᠮᠠᠰᠢᠨ ᠪᠠᠷᠢᠵᠤ ᠶᠠᠪᠤᠭ᠎ᠠ ᠡᠨᠡ ᠬᠥᠮᠦᠨ ᠪᠣᠯ ᠮᠢᠨᠦ ᠠᠪᠤ᠂ ᠠᠪᠤ ᠮᠠᠨᠢ ᠮᠠᠰᠢᠨ ᠢ᠋ᠶ᠋ᠠᠨ ᠠᠰᠠᠭᠠᠳ ᠬᠥᠳᠡᠯᠬᠦ ᠶ᠋ᠢᠨ ᠢ᠋ᠶ᠋ᠡᠨ ᠡᠮᠦᠨ᠎ᠡ᠂《 ᠠᠪᠤ ᠶ᠋ᠢᠨ ᠬᠥᠭᠡᠷᠦᠬᠦᠨ ᠬᠡᠦᠬᠡᠳ ᠦ᠋ᠳ᠂ ᠰᠠᠭᠤᠳᠠᠯ ᠤ᠋ᠨ ᠪᠦᠰᠡ ᠪᠡᠨ ᠵᠡᠭᠦᠭᠰᠡᠨ ᠤᠤ?》 ᠭᠡᠵᠦ ᠵᠠᠪᠠᠯ ᠠᠰᠠᠭᠤᠳᠠᠭ᠃ ᠳᠡᠭᠦᠦ ᠪᠢᠳᠡ ᠬᠣᠶᠠᠷ ᠴᠤ᠌ ᠠᠪᠤ ᠶ᠋ᠢᠨ ᠢ᠋ᠶ᠋ᠡᠨ ᠦᠭᠡᠨ ᠳ᠋ᠦ᠍ ᠪᠠᠢᠩᠭᠤ ᠣᠷᠣᠨ᠎ᠠ᠃ ᠠᠪᠤ ᠮᠠᠨᠢ ᠳᠡᠭᠦᠦ ᠶ᠋ᠢᠨ ᠠᠷᠤ ᠶ᠋ᠢᠨ ᠰᠠᠭᠤᠳᠠᠯ ᠤ᠋ᠨ ᠪᠦᠰᠡ ᠶ᠋ᠢ ᠪᠦᠷ ᠰᠠᠯᠭᠠᠭᠠᠳ ᠪᠥᠭᠰᠡ ᠪᠡᠨ ᠬᠢᠬᠦ ᠳ᠋ᠦ᠍ ᠨᠢ ᠲᠤᠰᠠᠯᠠᠨ᠎ᠠ᠃ ᠮᠢᠨᠦ ᠠᠪᠤ ᠪᠢᠳᠡᠨ ᠳ᠋ᠦ᠍ ᠵᠥᠩᠳᠡᠭᠡᠨ ᠬᠠᠢᠷᠠᠲᠠᠢ ᠪᠠᠢᠭ᠎ᠠ ᠪᠢᠰᠢ᠂ ᠬᠥᠳᠡᠭᠡ ᠶᠠᠪᠤᠭ᠎ᠠ ᠦᠨᠡᠬᠡᠷ ᠭᠣᠶᠣ᠃ ᠶᠠᠪᠤᠭᠰᠠᠨ ᠦᠭᠡᠢ ᠶᠠ ᠵᠤᠨ ᠤ᠋ ᠭᠤᠷᠪᠠᠨ ᠰᠠᠷ᠎ᠠ ᠳ᠋ᠤ᠌᠂ ᠰᠤᠷᠭᠠᠭᠤᠯᠢ ᠶ᠋ᠢᠨ ᠠᠮᠠᠷᠠᠯᠲᠠ ᠪᠠᠷ ᠢ᠋ᠶ᠋ᠠᠨ ᠡᠪᠦᠭᠡ ᠡᠮᠡᠭᠡ ᠶ᠋ᠢᠨ ᠳ᠋ᠡᠭᠡᠨ ᠣᠴᠢᠬᠤ ᠬᠠᠮᠤᠭ ᠤ᠋ᠨ ᠰᠠᠢᠬᠠᠨ᠂ ᠳᠡᠭᠦᠦ ᠮᠠᠨᠢ ᠵᠠᠮ ᠳ᠋ᠠᠭᠠᠨ ᠥᠯᠥᠰᠦᠭᠡᠳ ᠤᠬᠢᠯᠠᠨ᠎ᠠ᠃ ᠡᠵᠢ ᠮᠠᠨᠢ ᠳᠡᠭᠦᠦ ᠶ᠋ᠢ ᠬᠠᠰᠢᠯᠠ ᠮᠢᠨᠦ ᠬᠦᠦ ᠡᠵᠢ ᠳ᠋ᠦ᠍ ᠪᠡᠨ ᠢᠷᠡᠬᠦ ᠶᠤᠮ ᠤᠤ? ᠭᠡᠬᠦ ᠳ᠋ᠦ᠍ ᠠᠪᠤ᠂ ᠮᠢᠨᠦ ᠠᠨᠢᠶ᠎ᠠ ᠵᠢᠭᠠᠬᠠᠨ ᠬᠡᠦᠬᠡᠳ ᠢ᠋ᠶ᠋ᠡᠨ ᠡᠪᠦᠷ ᠳᠡᠭᠡᠷ᠎ᠡ ᠪᠡᠨ ᠰᠠᠭᠤᠯᠭᠠᠵᠤ ᠠᠪᠴᠤ ᠶᠠᠪᠤᠬᠤ ᠬᠣᠷᠢᠭ᠎ᠠ ᠲᠠᠢ ᠰᠢᠦ ᠳ᠋ᠠ! ᠨᠡᠭᠡᠷᠡᠨ ᠶᠠᠭᠠᠬᠢᠭᠠᠳ ᠬᠣᠷᠢᠭ᠎ᠠ ᠲᠠᠢ ᠪᠠᠢᠳᠠᠭ ᠶᠤᠮ ᠪᠣᠯ᠂ ᠠᠪᠤ ᠶ᠋ᠢᠨ ᠡᠨᠡ ᠶᠣᠰᠣᠭᠠᠷ᠂ ᠡᠨᠡ ᠲᠤᠬᠠᠢ ᠵᠠᠪᠠᠯ ᠠᠰᠠᠭᠤᠨ᠎ᠠ᠃
ᠢᠩᠭᠢᠭᠡᠳ ᠶᠠᠪᠤᠵᠤ ᠪᠠᠢᠲᠠᠯ᠎ᠠ ᠪᠢᠳᠡᠨ ᠦ᠌ ᠠᠷᠤ ᠳ᠋ᠤ᠌ ᠶᠠᠪᠤᠵᠤ ᠪᠠᠢᠭᠰᠠᠨ ᠮᠠᠰᠢᠨ ᠤ᠋ ᠵᠢᠯᠣᠭᠣᠴᠢ ᠠᠬ᠎ᠠ᠂ ᠪᠠᠢᠨ ᠪᠠᠢᠨ ᠭᠡᠷᠡᠯ ᠦ᠋ᠨ ᠳᠣᠬᠢᠶ᠎ᠠ ᠲᠠᠯᠪᠢᠵᠤ ᠪᠠᠢᠭᠰᠠᠨ᠂ ᠠᠪᠤ ᠭᠠᠢᠬᠠᠭᠠᠳ ᠮᠠᠰᠢᠨ ᠢ᠋ᠶ᠋ᠠᠨ ᠵᠠᠮ ᠠ᠋ᠴᠠ ᠲᠦᠷ ᠭᠠᠷᠭᠠᠵᠤ ᠵᠣᠭᠰᠣᠭᠠᠳ᠂ ᠨᠥᠭᠦᠭᠡ ᠵᠢᠯᠣᠭᠣᠴᠢ ᠠᠬ᠎ᠠ ᠲᠠᠢ ᠠᠭᠤᠯᠵᠠᠴᠢᠬᠠᠭᠠᠳ ᠢᠷᠡᠭᠰᠡᠨ ᠨᠢ᠂《 ᠮᠡᠷᠭᠡᠨ᠂ ᠮᠢᠨᠦ ᠬᠦᠦ᠂ ᠴᠢ ᠶᠠᠭᠠᠬᠢᠭᠠᠳ ᠮᠠᠰᠢᠨ ᠤ᠋ ᠴᠣᠩᠬᠣ ᠪᠠᠷ ᠭᠠᠷ ᠢ᠋ᠶ᠋ᠠᠨ ᠭᠠᠷᠭᠠᠭᠠᠳ ᠪᠠᠢᠨ᠎ᠠ᠂ ᠡᠨᠡ ᠲᠤᠩ ᠤᠰᠤᠯᠲᠠᠯ᠎ᠠ ᠰᠢᠦ》 ᠭᠡᠯᠡ᠃ ᠳᠡᠭᠦᠦ ᠮᠠᠨᠢ ᠭᠠᠢᠬᠠᠭᠠᠳ《 ᠶᠠᠭᠠᠬᠢᠭᠠᠳ ᠪᠣᠢ? ᠠᠪᠤ ᠠ᠋》 ᠭᠡᠵᠦ ᠠᠰᠠᠭᠤᠲᠠᠯ᠎ᠠ᠂ ᠠᠪᠤ《 ᠵᠠᠮ ᠳᠡᠭᠡᠷ᠎ᠡ ᠲᠤᠩ ᠣᠯᠠᠨ ᠮᠠᠰᠢᠨ ᠵᠥᠷᠢᠴᠡᠳᠡᠭ᠂ ᠵᠠᠷᠢᠮ ᠳ᠋ᠠᠭᠠᠨ ᠣᠴᠢᠬᠤ ᠭᠠᠵᠠᠷ ᠢ᠋ᠶ᠋ᠠᠨ ᠬᠤᠷᠳᠤᠨ ᠬᠦᠷᠬᠦ ᠭᠡᠰᠡᠨ ᠬᠥᠮᠦᠰ ᠳᠣᠬᠢᠶ᠎ᠠ ᠪᠠᠨ ᠥᠭᠴᠦ ᠪᠠᠢᠭᠠᠳ ᠪᠢᠳᠡᠨ ᠦ᠌ ᠬᠠᠵᠠᠭᠤ ᠪᠠᠷ ᠬᠤᠷᠳᠤ ᠲᠠᠢ ᠥᠩᠭᠡᠷᠡᠳᠡᠭ ᠶᠤᠮ ᠰᠢᠦ᠂ ᠬᠡᠷᠪᠡ ᠲᠡᠢᠮᠦ ᠲᠣᠬᠢᠶᠠᠯᠳᠤᠯ ᠳ᠋ᠤ᠌ ᠮᠢᠨᠦ ᠬᠦᠦ ᠳ᠋ᠦ᠍ ᠶᠠᠮᠠᠷ ᠨᠢᠭᠡᠨ ᠪᠠᠢᠳᠠᠯ ᠢ᠋ᠶ᠋ᠠᠷ ᠡᠷᠡᠰᠡᠯ ᠲᠣᠬᠢᠶᠠᠯᠳᠤᠵᠤ ᠮᠠᠭᠠᠳ ᠦᠭᠡᠢ ᠰᠢᠦ》 ᠭᠡᠪᠡ᠃ ᠳᠡᠭᠦᠦ ᠮᠠᠨᠢ ᠨᠠᠳᠠ ᠠ᠋ᠴᠠ ᠵᠥᠪᠬᠡᠨ᠂ ᠡᠭᠡᠴᠢ ᠠ᠋᠂ ᠡᠷᠡᠰᠡᠯ ᠭᠡᠵᠦ ᠶᠠᠭᠤ ᠶᠤᠮ ᠪᠣᠢ᠂ ᠡᠨᠡ ᠪᠣᠯ ᠠᠶᠤᠯᠲᠤ ᠤᠴᠠᠷᠠᠯ᠂ ᠡᠰᠡᠪᠡᠯ ᠭᠡᠨᠡᠳᠡᠬᠦ᠂ ᠭᠡᠮᠲᠦᠬᠦ ᠶ᠋ᠢ ᠬᠡᠯᠡᠵᠦ ᠪᠠᠢᠭ᠎ᠠ ᠶᠤᠮ ᠭᠡᠵᠦ ᠬᠡᠯᠡᠭᠰᠡᠨ ᠳ᠋ᠦ᠍᠂ ᠬᠥᠳᠡᠭᠡ ᠡᠪᠦᠭᠡ ᠡᠮᠡᠭᠡ ᠶ᠋ᠢᠨ ᠯᠤᠭᠡ ᠶᠠᠪᠤᠬᠤ ᠳ᠋ᠤ᠌ ᠪᠠᠰᠠ ᠨᠢᠭᠡ ᠭᠣᠶᠣ ᠶᠠᠭᠤᠮ᠎ᠠ ᠶᠠᠭᠤ ᠪᠣᠢ ᠭᠡᠬᠦ ᠪᠡᠷ ᠵᠠᠮ ᠤ᠋ᠨ ᠵᠠᠬ᠎ᠠ ᠶ᠋ᠢᠨ ᠬᠣᠷᠰᠢᠶ᠎ᠠ ᠦᠷᠭᠦᠯᠵᠢ ᠭᠡᠷ ᠲᠦ᠍ ᠪᠡᠨ ᠢᠳᠡᠳᠡᠭ ᠶᠤᠮ ᠤᠤ᠂ ᠡᠰᠡᠪᠡᠯ ᠰᠤᠷᠭᠠᠭᠤᠯᠢ ᠶ᠋ᠢᠨ ᠴᠠᠢ ᠶ᠋ᠢᠨ ᠭᠠᠵᠠᠷ ᠤ᠋ᠨ ᠬᠣᠭᠣᠯᠠᠨ ᠠ᠋ᠴᠠ ᠣᠭᠲᠣ ᠥᠭᠡᠷ᠎ᠡ ᠠᠮᠲᠠᠲᠠᠢ ᠭᠣᠶᠣ ᠬᠣᠭᠣᠯᠠ ᠨᠤᠭᠤᠳ ᠪᠠᠢᠳᠠᠭ᠃
ᠢᠩᠭᠢᠭᠡᠳ ᠪᠢᠳᠡ ᠡᠳᠦᠷ ᠦ᠋ᠨ ᠬᠣᠭᠣᠯᠠ ᠪᠠᠨ ᠢᠳᠡᠴᠢᠬᠡᠭᠡᠳ ᠪᠦᠭᠦᠳᠡ ᠭᠠᠷᠴᠢᠬᠠᠭᠠᠳ ᠮᠠᠰᠢᠨ ᠳ᠋ᠤ᠌ ᠪᠠᠨ ᠰᠠᠭᠤᠬᠤ ᠭᠡᠲᠡᠯ᠎ᠡ ᠵᠠᠮ ᠤ᠋ᠨ ᠨᠥᠭᠦᠭᠡ ᠲᠠᠯ᠎ᠠ ᠶ᠋ᠢᠨ ᠮᠣᠳᠣᠨ ᠳᠤᠮᠳᠠ ᠠ᠋ᠴᠠ ᠮᠠᠰᠢ ᠬᠥᠭᠡᠷᠦᠬᠦᠨ ᠨᠢᠳᠦ ᠲᠡᠢ ᠠᠮᠢᠲᠠᠨ ᠪᠢᠳᠡᠨ ᠦ᠌ ᠵᠦᠭ ᠰᠢᠷᠲᠡᠵᠦ ᠪᠠᠢᠯ᠎ᠠ᠃ ᠡᠭᠡᠴᠢ ᠪᠢᠳᠡ ᠬᠣᠶᠠᠷ ᠴᠤ᠌ ᠠᠪᠤ ᠠ᠋ᠴᠠ《 ᠲᠠᠪᠤᠭᠤᠯᠠ ᠪᠠᠨ ᠬᠠᠵᠠᠭᠤ ᠳ᠋ᠤ᠌ ᠨᠢ ᠣᠴᠢᠵᠤ ᠬᠠᠷᠠᠶ᠎ᠠ ᠳ᠋ᠠ᠂ ᠠᠪᠤ ᠠ᠋ ᠭᠡᠬᠦ ᠤᠤ?》《 ᠵᠠ ᠮᠢᠨᠦ ᠬᠡᠦᠬᠡᠳ ᠦ᠋ᠳ ᠵᠠᠮ ᠬᠥᠨᠳᠡᠯᠡᠨ ᠭᠠᠷᠬᠤ ᠳ᠋ᠤ᠌ ᠪᠠᠨ ᠪᠣᠯᠭᠣᠮᠵᠢᠲᠠᠢ᠂ ᠪᠡᠶ᠎ᠡ ᠪᠡᠶ᠎ᠡ ᠶ᠋ᠢᠨ ᠢ᠋ᠶ᠋ᠡᠨ ᠭᠠᠷ ᠠ᠋ᠴᠠ ᠬᠥᠲᠥᠯᠦᠭᠡᠳ ᠬᠢᠨᠠᠭᠤᠷ ᠪᠠᠢᠬᠤ ᠶᠣᠰᠣᠲᠠᠢ ᠰᠢᠦ! ᠬᠥᠳᠡᠭᠡ ᠶ᠋ᠢᠨ ᠵᠠᠮ ᠳ᠋ᠤ᠌ ᠭᠠᠭᠴᠠ ᠭᠡᠷᠡᠯ ᠦ᠋ᠨ ᠳᠣᠬᠢᠶ᠎ᠠ ᠭᠡᠵᠦ ᠪᠠᠢᠳᠠᠭ ᠦᠭᠡᠢ ᠶᠤᠮ ᠰᠢᠦ ᠳ᠋ᠠ》 ᠭᠡᠳ ᠬᠣᠶᠠᠷ ᠲᠡᠰᠢ ᠰᠠᠢᠨ ᠬᠠᠷᠠᠭᠰᠠᠨ ᠢ᠋ᠶ᠋ᠠᠨ ᠡᠭᠡᠴᠢ ᠪᠢᠳᠡ ᠬᠣᠶᠠᠷ ᠢ᠋ ᠬᠥᠲᠥᠯᠦᠭᠡᠳ ᠵᠠᠮ ᠤ᠋ᠨ ᠨᠥᠭᠦᠭᠡ ᠲᠠᠯ᠎ᠠ ᠳ᠋ᠤ᠌ ᠭᠠᠷᠤᠯ᠎ᠠ᠃ ᠠᠪᠤ ᠲᠡᠷᠡ ᠪᠢᠴᠢᠬᠠᠨ ᠪᠤᠭᠤ ᠶ᠋ᠢ ᠬᠠᠷᠠᠵᠤ ᠪᠠᠢᠭᠰᠠᠨ ᠢ᠋ᠶ᠋ᠠᠨ ᠨᠢᠳᠤᠨᠤᠨ ᠵᠤᠨ ᠭᠠᠷᠤᠭᠰᠠᠨ ᠨᠢᠭᠡ ᠨᠠᠰᠤ ᠬᠦᠷᠴᠦ ᠶᠠᠪᠤᠭ᠎ᠠ ᠢᠯᠢ ᠪᠠᠢᠨ᠎ᠠ᠃ ᠲᠡᠭᠡᠬᠦᠯᠡᠷ ᠡᠭᠡᠴᠢ ᠪᠢᠳᠡ ᠬᠣᠶᠠᠷ ᠭᠠᠢᠬᠠᠭᠠᠳ 《ᠢᠯᠢ ᠭᠡᠵᠦ ᠶᠠᠭᠤ ᠶᠤᠮ ᠪᠣᠢ》 ᠭᠡᠵᠦ ᠠᠰᠠᠭᠤᠭᠰᠠᠨ ᠳ᠋ᠤ᠌᠂ ᠭᠡᠰᠡᠨ ᠴᠢᠨᠢ ᠠᠪᠤ《 ᠪᠤᠭᠤ ᠶ᠋ᠢᠨ ᠲᠥᠯ ᠢ᠋ ᠢᠯᠢ ᠭᠡᠳᠡᠭ ᠶᠤᠮ᠂ ᠮᠢᠨᠦ ᠬᠡᠦᠬᠡᠳ ᠦ᠋ᠳ ᠰᠣᠨᠣᠰ ᠳ᠋ᠠ᠂ ᠮᠢᠨᠦ ᠬᠡᠦᠬᠡᠳ ᠦ᠋ᠳ᠂ ᠠᠮᠢᠲᠠᠨ ᠤ᠋ ᠦᠷ᠎ᠡ ᠲᠥᠯ ᠪᠣᠯᠭᠠᠨ ᠥᠪᠡᠷ ᠥᠪᠡᠷ ᠦ᠋ᠨ ᠳᠠᠭᠤᠳᠠᠯᠭ᠎ᠠ ᠨᠡᠷ᠎ᠡ ᠲᠡᠢ ᠪᠠᠢᠳᠠᠭ᠃ ᠶᠠᠭ ᠯᠠ ᠤᠨᠠᠭ᠎ᠠ᠂ ᠲᠤᠭᠤᠯ᠂ ᠢᠰᠢᠭᠡ᠂ ᠮᠠᠭᠤ ᠴᠠᠢᠯᠠ ᠢᠰᠢᠭᠡ》 ᠭᠡᠵᠦ ᠬᠠᠷᠢᠭᠤᠯᠤᠭᠰᠠᠨ᠃
ᠢᠩᠭᠢᠭᠡᠳ ᠪᠢᠳᠡ ᠥᠪᠡᠷ ᠠᠨᠢᠷ ᠦᠭᠡᠢ ᠶᠠᠭᠠᠷᠠᠤ ᠪᠠᠢᠭᠰᠠᠨ ᠪᠣᠯᠬᠣᠷ ᠳᠠᠬᠢᠭᠠᠳ ᠮᠠᠰᠢ ᠪᠣᠯᠭᠣᠮᠵᠢᠲᠠᠢ ᠪᠠᠷ ᠵᠠᠮ ᠬᠥᠨᠳᠡᠯᠡᠨ ᠭᠠᠷᠴᠤ ᠥᠪᠡᠷᠰᠡᠳ ᠦ᠋ᠨ ᠢ᠋ᠶ᠋ᠡᠨ ᠮᠠᠰᠢᠨ ᠳ᠋ᠤ᠌ ᠰᠠᠭᠤᠬᠤ ᠭᠡᠲᠡᠯ᠎ᠡ ᠠᠪᠤ ᠮᠠᠨᠢ ᠮᠠᠰᠢᠨ ᠤ᠋ ᠬᠣᠢᠲᠤ ᠳᠤᠭᠤᠯᠤᠭᠤᠷ ᠳᠣᠣᠭᠤᠷ ᠲᠣᠩᠭᠣᠢᠭᠰᠠᠨ ᠢ᠋ᠶ᠋ᠠᠨ ᠪᠢᠴᠢᠬᠠᠨ ᠭᠥᠯᠥᠭᠡ ᠭᠠᠷᠭᠠᠭᠠᠳ ᠢᠷᠡᠪᠡ᠃ ᠪᠢ ᠭᠠᠢᠬᠠᠵᠤ ᠠᠪᠤ ᠠ᠋ ᠲᠠ ᠲᠡᠨᠳᠡ ᠭᠥᠯᠥᠭᠡ ᠪᠠᠢᠭ᠎ᠠ ᠶ᠋ᠢ ᠶᠠᠭᠠᠬᠢᠵᠤ ᠮᠡᠳᠡᠪᠡ᠃ ᠬᠡᠦᠬᠡᠳ ᠦ᠋ᠳ ᠠ᠋! ᠵᠢᠯᠣᠭᠣᠴᠢ ᠬᠥᠮᠦᠨ ᠪᠦᠷ ᠵᠣᠭᠰᠣᠵᠤ ᠪᠠᠢᠭᠠᠳ ᠬᠥᠳᠡᠯᠬᠦ ᠶ᠋ᠢᠨ ᠢ᠋ᠶ᠋ᠡᠨ ᠡᠮᠦᠨ᠎ᠡ ᠵᠠᠪᠠᠯ ᠮᠠᠰᠢᠨ ᠤ᠋ ᠪᠠᠨ ᠡᠷᠭᠢᠨ ᠲᠣᠭᠣᠷᠢᠨ᠂ ᠳᠡᠭᠡᠭᠦᠷ ᠳᠣᠣᠭᠤᠷ ᠰᠢᠯᠭᠠᠬᠤ ᠶᠣᠰᠣᠲᠠᠢ ᠪᠠᠢᠳᠠᠭ ᠶᠤᠮ᠃ ᠬᠡᠷᠪᠡ ᠠᠪᠤ ᠨᠢ ᠰᠢᠯᠭᠠᠯ ᠦᠭᠡᠢ ᠪᠡᠷ ᠮᠠᠰᠢᠨ ᠢ᠋ᠶ᠋ᠠᠨ ᠲᠠᠭᠤᠭᠠᠳ ᠶᠠᠪᠤᠭᠰᠠᠨ ᠪᠣᠯ ᠡᠨᠡ ᠬᠥᠭᠡᠷᠦᠬᠦᠨ ᠠᠮᠢᠲᠠᠨ ᠶᠠᠭᠠᠬᠢᠬᠤ ᠪᠠᠢᠭᠰᠠᠨ ᠪᠣᠯ᠂ ᠢᠩᠭᠢᠭᠡᠳ ᠪᠢᠳᠡ ᠪᠢᠴᠢᠬᠠᠨ ᠪᠠᠰᠠᠷ ᠢ᠋ ᠪᠡᠨ ᠠᠪᠤᠭᠠᠳ ᠡᠪᠦᠭᠡ ᠡᠮᠡᠭᠡ ᠶ᠋ᠢᠨ ᠳ᠋ᠦ᠍ ᠪᠡᠨ ᠣᠴᠢᠬᠤ ᠵᠠᠮ ᠳ᠋ᠠᠭᠠᠨ ᠣᠷᠣᠪᠠ᠃ ᠮᠠᠨ ᠤ᠋ ᠭᠡᠷ ᠪᠦᠯᠢ ᠶ᠋ᠢᠨ ᠬᠢᠨ ᠡᠪᠦᠭᠡ ᠡᠮᠡᠭᠡ ᠯᠤᠭᠡ ᠣᠴᠢᠬᠤ ᠠᠶᠠᠯᠠᠯ ᠦᠷᠭᠦᠯᠵᠢᠯᠡᠭᠰᠡᠭᠡᠷ ᠪᠠᠢᠨ᠎ᠠ᠃ ᠵᠠᠮ ᠳ᠋ᠠᠭᠠᠨ ᠪᠢᠳᠡ ᠬᠥᠳᠡᠭᠡ ᠶ᠋ᠢᠨ ᠨᠢᠭᠡ ᠬᠣᠲᠠ ᠪᠠᠷ ᠳᠠᠭᠠᠷᠢᠭᠰᠠᠨ᠃ ᠬᠠᠮᠤᠭ ᠤ᠋ᠨ ᠰᠣᠨᠢᠷᠬᠠᠯᠲᠠᠢ ᠨᠢ ᠡᠨᠡ ᠬᠣᠲᠠ ᠶ᠋ᠢᠨ ᠪᠦᠬᠦ ᠵᠢᠯᠣᠭᠣᠴᠢ᠂ ᠬᠡᠦᠬᠡᠳ ᠦ᠋ᠳ᠂ ᠵᠠᠮ ᠤ᠋ᠨ ᠬᠥᠳᠡᠯᠭᠡᠭᠡᠨ ᠳ᠋ᠡᠭᠡᠨ ᠮᠠᠰᠢ ᠳᠣᠬᠢ ᠲᠠᠢ ᠣᠷᠣᠯᠴᠠᠳᠠᠭ ᠶᠤᠮ ᠪᠠᠢᠨ᠎ᠠ ᠯᠠ᠃ ᠡᠨᠡ ᠬᠣᠲᠠ ᠶ᠋ᠢᠨ ᠮᠠᠰᠢᠨ ᠨᠢ ᠮᠠᠨ ᠤ᠋ ᠤᠯᠠᠭᠠᠨᠪᠠᠭᠠᠲᠤᠷ ᠤ᠋ᠨ ᠠ᠋ᠴᠠ ᠴᠥᠭᠡᠨ ᠴᠦ᠍ ᠭᠡᠰᠡᠨ ᠬᠡᠦᠬᠡᠳ ᠦ᠋ᠳ ᠨᠢ ᠪᠦᠭᠦᠳᠡ ᠭᠠᠭᠴᠠᠭᠠᠷ ᠢ᠋ᠶ᠋ᠠᠨ ᠵᠠᠮ ᠬᠥᠨᠳᠡᠯᠡᠨ ᠭᠠᠷᠴᠤ ᠵᠢᠯᠣᠭᠣᠴᠢ ᠨᠠᠷ ᠨᠢ ᠭᠡᠷᠡᠯ ᠦ᠋ᠨ ᠳᠣᠬᠢᠶ᠎ᠠ ᠪᠠᠨ ᠰᠣᠯᠢᠭᠳᠠᠬᠤ ᠶ᠋ᠢ ᠨᠢ ᠲᠡᠪᠴᠢᠶᠡᠷᠢ ᠲᠡᠢ ᠬᠦᠯᠢᠶᠡᠵᠦ ᠪᠠᠶ᠋ᠢᠭᠠᠳ ᠬᠠᠮᠢᠭᠠᠰᠢ ᠪᠠᠨ ᠶᠠᠪᠤᠳᠠᠭ ᠨᠢ ᠶᠡᠬᠡ ᠲᠠᠭᠠᠯᠠᠭᠳᠠᠭᠰᠠᠨ᠃ ᠨᠡᠢᠰᠯᠡᠯ ᠬᠣᠲᠠ ᠶ᠋ᠢᠨ ᠮᠠᠨᠢ ᠪᠦᠬᠦ ᠬᠡᠦᠬᠡᠳ ᠦ᠋ᠳ ᠢᠩᠭᠢᠭᠡᠳ ᠰᠤᠷᠴᠢᠬᠠᠬᠤ ᠶᠤᠮ ᠪᠣᠯ ᠵᠢᠯᠣᠭᠣᠴᠢ ᠠᠬ᠎ᠠ ᠡᠭᠡᠴᠢ ᠨᠠᠷ ᠮᠠᠨᠢ ᠭᠡᠰᠡᠨ ᠪᠢᠳᠡᠨ ᠢ᠋ ᠦᠨᠡᠯᠡᠳᠡᠭ ᠪᠣᠯᠬᠤ ᠪᠠᠢᠬᠤ ᠳ᠋ᠠ ᠭᠡᠵᠦ ᠪᠣᠳᠣᠭᠰᠠᠨ᠃
ᠢᠩᠭᠢᠭᠡᠳ ᠪᠢᠳᠡ ᠴᠠᠰᠢ ᠪᠠᠨ ᠶᠠᠪᠤᠵᠤ ᠨᠥᠭᠦᠭᠡ ᠭᠣᠶᠣ ᠬᠣᠲᠠ ᠠ᠋ᠴᠠ ᠭᠠᠷᠬᠤ ᠵᠠᠮ ᠳ᠋ᠠᠭᠠᠨ ᠰᠢᠯᠭᠠᠭᠠᠳ ᠦᠭᠡᠢ ᠭᠠᠵᠠᠷ ᠠ᠋ᠴᠠ ᠮᠠᠰᠢᠨ ᠳ᠋ᠠᠭᠠᠨ ᠵᠥᠩᠳᠡᠭᠡᠨ ᠪᠠᠨᠳᠠᠨ ᠢ᠋ᠶ᠋ᠠᠨ ᠳᠦᠭᠦᠷᠭᠡᠵᠦ ᠠᠪᠤᠭᠠᠳ ᠴᠠᠰᠢ ᠪᠠᠨ ᠶᠠᠪᠤᠭᠰᠠᠨ᠃ ᠪᠢᠳᠡᠨ ᠦ᠌ ᠣᠴᠢᠬᠤ ᠭᠡᠵᠦ ᠪᠠᠢᠭ᠎ᠠ ᠡᠪᠦᠭᠡ ᠡᠮᠡᠭᠡ ᠮᠠᠨᠢ ᠭᠡᠰᠡᠨ ᠴᠦ᠍ ᠶᠠᠭᠠᠷᠠᠵᠤ ᠪᠠᠢᠭ᠎ᠠ ᠪᠣᠯᠤᠯᠲᠠᠢ᠂ ᠲᠡᠭᠦᠨ ᠡᠴᠡ ᠬᠣᠢᠰᠢ ᠠᠪᠤ ᠤᠷᠤᠭᠤ ᠵᠠᠯᠭᠠᠯ᠎ᠠ᠂ ᠭᠡᠬᠦ ᠳ᠋ᠦ᠍ ᠠᠪᠤ ᠮᠠᠨᠢ ᠮᠠᠰᠢᠨ ᠪᠠᠷᠢᠵᠤ ᠪᠠᠢᠬᠤ ᠳ᠋ᠠᠭᠠᠨ ᠬᠡᠵᠢᠶᠡᠳᠡ ᠤᠲᠠᠰᠤ ᠪᠠᠷ ᠶᠠᠷᠢᠳᠠᠭ ᠦᠭᠡᠢ᠃ ᠶᠠᠭᠠᠬᠢᠭᠠᠳ ᠭᠡᠪᠡᠯ᠂ ᠮᠠᠰᠢᠨ ᠪᠠᠷᠢᠵᠤ ᠪᠠᠢᠬᠤ ᠦᠶ᠎ᠡ ᠳ᠋ᠦ᠍ ᠭᠠᠷ ᠤᠲᠠᠰᠤ ᠪᠠᠨ ᠣᠷᠣᠯᠳᠣᠬᠤ ᠶᠤᠮ ᠤᠤ᠂ ᠲᠡᠭᠡᠪᠡᠯ ᠵᠢᠯᠣᠭᠣᠴᠢ ᠬᠥᠮᠦᠨ ᠦ᠌ ᠠᠩᠬᠠᠷᠤᠯ ᠰᠠᠷᠨᠢᠵᠤ ᠠᠶᠤᠯ ᠲᠠᠢ ᠵᠦᠢᠯ ᠪᠣᠯᠵᠤ ᠮᠠᠭᠠᠳ ᠦᠭᠡᠢ ᠭᠡᠰᠡᠨ᠃
ᠸᠠ᠂ ᠢᠩᠭᠢᠭᠡᠳ ᠬᠦᠷᠦᠭᠡᠳ ᠢᠷᠡᠯ᠎ᠡ ᠳ᠋ᠠ᠂ ᠡᠪᠦᠭᠡ ᠡᠮᠡᠭᠡ ᠮᠠᠨᠢ ᠮᠦᠰᠢᠶᠡᠯ ᠡᠭᠡᠴᠢ ᠠᠷᠭᠠᠲᠤ ᠳᠡᠭᠦᠦ ᠪᠢᠳᠡ ᠭᠤᠷᠪᠠ ᠶ᠋ᠢ ᠵᠥᠩᠳᠡᠭᠡᠨ ᠶᠡᠬᠡ ᠰᠠᠨᠠᠭᠰᠠᠨ ᠪᠣᠯᠤᠯᠲᠠᠢ᠂ ᠦᠨᠦᠰᠦᠭᠡᠳ ᠯᠡ᠂ ᠦᠨᠦᠰᠦᠭᠡᠳ ᠯᠡ ᠪᠠᠢᠭᠰᠠᠨ᠃ ᠬᠣᠯᠠ ᠶ᠋ᠢᠨ ᠠᠶᠠᠯᠠᠯ ᠳ᠋ᠤ᠌ ᠬᠡᠦᠬᠡᠳ ᠦ᠋ᠳ ᠢ᠋ᠶ᠋ᠡᠨ ᠣᠭᠲᠣ ᠶᠠᠳᠠᠷᠠᠭᠠᠵᠤ ᠂ ᠪᠠᠰᠠ ᠠᠶᠤᠯ ᠦᠭᠡᠢ ᠰᠠᠢᠨ ᠠᠪᠴᠤ ᠶᠠᠪᠤᠭᠰᠠᠭᠠᠷ ᠡᠨᠳᠡ ᠬᠦᠷᠴᠦ ᠢᠷᠡᠭᠰᠡᠨ ᠠᠪᠤ ᠡᠵᠢ ᠬᠣᠶᠠᠷ ᠲᠠᠭᠠᠨ ᠮᠠᠰᠢ ᠶᠡᠬᠡ ᠪᠠᠶᠠᠷᠯᠠᠯ᠎ᠠ᠃ ᠬᠥᠳᠡᠭᠡ ᠶᠠᠪᠤᠬᠤ ᠭᠣᠶᠣ ᠪᠠᠢᠨ᠎ᠠ᠂ ᠵᠠᠮ ᠳ᠋ᠤ᠌ ᠵᠥᠩᠳᠡᠭᠡᠨ ᠰᠣᠨᠢᠨ ᠰᠠᠢᠬᠠᠨ ᠵᠦᠢᠯᠡᠰ ᠪᠣᠯᠤᠭᠰᠠᠨ ᠴᠤ᠌ ᠭᠡᠰᠡᠨ ᠬᠠᠮᠤᠭ ᠤ᠋ᠨ ᠰᠣᠨᠢᠷᠬᠠᠯᠲᠠᠢ ᠭᠡᠰᠡᠨ ᠢ᠋ᠶ᠋ᠡᠨ ᠲᠠᠨᠠᠷ ᠲᠠᠭᠠᠨ ᠶᠠᠷᠢᠵᠤ ᠥᠭᠭᠦᠯ᠎ᠡ ᠰᠢᠦ᠃ ᠪᠠᠶᠠᠷᠯᠠᠯ᠎ᠠ᠂ ᠲᠦᠷ ᠪᠠᠶᠠᠷᠲᠠᠢ!
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
