ᠰᠢᠯᠢᠨ ᠭᠠᠯᠵᠠᠭᠤ ᠪᠠᠭᠠᠲᠤᠷ – ᠠᠯᠲᠠᠨ ᠭᠠᠯᠠᠭᠤ ᠬᠦᠦ(1) Шилэн галзуу баатар – Алтан галуу хүү(1)
ᠠᠯᠲᠠᠨ ᠭᠠᠯᠠᠭᠤ ᠬᠦᠦ –1
ᠲᠤᠶᠠᠭᠠᠷᠠᠵᠤ ᠰᠠᠶᠢ ᠡᠭᠦᠰᠬᠦ ᠳ᠋ᠦ᠍
ᠬᠥᠷᠥᠰᠥᠲᠦ ᠠᠯᠲᠠᠨ ᠳᠡᠯᠡᠬᠡᠢ ᠶ᠋ᠢ
ᠲᠣᠭᠲᠠᠵᠤ ᠰᠠᠶᠢ ᠪᠦᠷᠢᠯᠳᠦᠬᠦ ᠳ᠋ᠦ᠍
ᠣᠭᠲᠠᠷᠭᠤᠢ ᠶ᠋ᠢᠨ ᠣᠳᠤᠳ ᠢ᠋
ᠤᠭᠤᠴᠢᠩ ᠴᠣᠭᠣᠴᠢᠩ ᠪᠠᠢᠬᠤ ᠳ᠋ᠤ᠌
ᠣᠷᠴᠢᠯᠠᠩ ᠤ᠋ᠨ ᠠᠮᠢᠲᠠᠳ ᠢ᠋
ᠨᠢᠭᠡᠨ ᠬᠣᠶᠠᠷ ᠪᠠᠢᠬᠤ ᠳ᠋ᠤ᠌
ᠰᠦᠮᠪᠦᠷ ᠶᠡᠬᠡ ᠠᠭᠤᠯᠠ ᠶ᠋ᠢ
ᠳᠣᠪᠣ ᠲᠡᠳᠦᠢ ᠪᠠᠢᠬᠤ ᠳ᠋ᠤ᠌
ᠰᠦᠨ ᠶᠡᠬᠡ ᠳᠠᠯᠠᠢ ᠶ᠋ᠢ
ᠱᠠᠯᠪᠠᠭ ᠲᠡᠳᠦᠢ ᠪᠠᠢᠬᠤ ᠳ᠋ᠤ᠌
ᠬᠤᠸᠠ ᠵᠡᠭᠡᠷ᠎ᠡ ᠠᠮᠢᠲᠠᠳ ᠢ᠋
ᠢᠨᠵᠠᠭ᠎ᠠ ᠨᠢᠭᠡᠨ ᠪᠠᠢᠬᠤ ᠳ᠋ᠤ᠌
ᠬᠣᠯᠠᠠ ᠴᠢᠬᠢᠲᠡᠢ ᠠᠳᠤᠭᠤ ᠶ᠋ᠢ
ᠤᠨᠠᠭ᠎ᠠ ᠨᠢᠭᠡᠨ ᠪᠠᠢᠬᠤ ᠳ᠋ᠤ᠌
ᠪᠠᠷᠠᠭᠤᠨ ᠤᠷᠲᠤ ᠲᠢᠪ ᠢ᠋ ᠡᠵᠡᠯᠡᠭᠰᠡᠨ
ᠠᠭᠤᠢ ᠤᠯᠠᠭᠠᠨ ᠬᠠᠨ ᠭᠡᠵᠦ ᠪᠠᠢᠵᠠᠢ᠃
ᠠᠭᠤᠢ ᠤᠯᠠᠭᠠᠨ ᠬᠠᠨ ᠳ᠋ᠤ᠌
ᠠᠯᠲᠠᠨ ᠭᠠᠯᠠᠭᠤ ᠬᠦᠦ ᠲᠡᠢ
ᠠᠯᠲᠠᠨ ᠭᠠᠯᠠᠭᠤ ᠬᠦᠦ ᠶ᠋ᠢᠨ
ᠠᠪᠠᠯᠢ ᠭᠡᠷᠭᠡᠢ ᠨᠢ ᠪᠣᠯᠬᠤ
ᠤᠰᠤᠨ ᠪᠣᠯᠣᠷ ᠨᠡᠷ᠎ᠡ ᠲᠡᠢ
ᠤᠷᠠᠨ ᠴᠡᠪᠡᠷ ᠬᠠᠲᠤᠨ ᠲᠠᠢ᠃
* * *
ᠠᠷᠪᠠᠨ ᠵᠢᠯᠠᠭ᠎ᠠ ᠶ᠋ᠢᠨ ᠠᠮᠠᠨ ᠳ᠋ᠤ᠌
ᠠᠯᠠᠯᠳᠤᠬᠤ ᠳᠠᠢᠰᠤᠨ ᠤ᠋ ᠡᠮᠦᠨ᠎ᠡ
ᠬᠣᠷᠢᠨ ᠵᠢᠯᠠᠭ᠎ᠠ ᠶ᠋ᠢᠨ ᠠᠮᠠᠨ ᠳ᠋ᠤ᠌
ᠬᠣᠪᠳᠣᠭ ᠮᠠᠩᠭᠤᠰ ᠤ᠋ᠨ ᠡᠮᠦᠨ᠎ᠡ
ᠤᠯᠤᠰ ᠤᠯᠤᠰ ᠲᠤ᠌ ᠪᠠᠢᠳᠠᠭ ᠦᠭᠡᠢ
ᠤᠯᠠᠭᠠᠨ ᠽᠠᠨᠳᠠᠨ ᠥᠷᠥᠭᠡ ᠲᠡᠢ
ᠤᠯᠠᠭᠠᠨ ᠽᠠᠨᠳᠠᠨ ᠥᠷᠥᠭᠡᠨ ᠦ᠌ ᠬᠢᠨᠢ
ᠤᠷᠠᠨ ᠴᠢᠮᠡᠭᠯᠡᠯ ᠢ ᠨᠢ ᠬᠡᠯᠡᠪᠡᠯ᠄
ᠳ᠋ᠠᠮᠪᠤᠤ ᠲᠣᠷᠭᠠᠨ ᠳᠡᠭᠡᠪᠦᠷ ᠲᠡᠢ
ᠬᠠᠩᠪᠤ ᠲᠣᠷᠭᠠᠨ ᠲᠣᠭᠣᠷᠭᠠ ᠲᠠᠢ
ᠱ᠌ᠢᠷᠦ ᠡᠷᠳᠡᠨᠢ ᠪᠠᠭᠠᠨ᠎ᠠ ᠲᠠᠢ
ᠰᠤᠪᠤᠳ ᠡᠷᠳᠡᠨᠢ ᠲᠣᠭᠣᠨᠣ ᠲᠠᠢ
ᠲᠣᠣᠵᠡᠲᠦ ᠮᠠᠩᠨᠤᠭ ᠡᠭᠦᠳᠡ ᠲᠡᠢ
ᠥᠩᠭᠡᠲᠦ ᠮᠠᠩᠨᠤᠭ ᠡᠷᠦᠬᠡ ᠲᠡᠢ
ᠳᠥᠷᠪᠡᠨ ᠲᠠᠯ᠎ᠠ ᠶ᠋ᠢᠨ ᠬᠠᠭᠠᠯᠭᠠᠨ ᠳ᠋ᠠᠭᠠᠨ
ᠳᠣᠭᠰᠢᠨ ᠡᠡᠷᠢᠶᠡᠳᠡᠨ ᠰᠡᠢᠯᠪᠦᠷᠢ ᠲᠡᠢ᠃
* * *
ᠡᠡᠷᠦ ᠶ᠋ᠢᠨ ᠠᠭᠤᠯᠠ ᠶ᠋ᠢ ᠪᠦᠷᠬᠦᠭᠰᠡᠨ
ᠠᠢ ᠲᠦᠮᠡᠨ ᠠᠳᠤᠭᠤ ᠲᠠᠢ᠃
ᠥᠪᠥᠷ ᠦ᠋ᠨ ᠠᠭᠤᠯᠠ ᠶ᠋ᠢ ᠪᠦᠷᠬᠦᠭᠰᠡᠨ
ᠦᠢ ᠲᠦᠮᠡᠨ ᠠᠳᠤᠭᠤ ᠲᠠᠢ᠂
ᠠᠷᠤ ᠶ᠋ᠢᠨ ᠠᠠᠭᠤᠯᠠ ᠶ᠋ᠢ ᠪᠦᠷᠬᠦᠭᠰᠡᠨ
ᠠᠢ ᠲᠦᠮᠡᠨ ᠠᠳᠤᠭᠤᠨ ᠳ᠋ᠤᠨᠢ
ᠠᠯᠲᠠᠨ ᠭᠠᠯᠠᠭᠤ ᠶ᠋ᠢᠨ ᠤᠨᠤᠳᠠᠭ
ᠠᠯᠢᠶ᠎ᠠ ᠤᠯᠠᠭᠠᠨ ᠬᠡᠭᠡᠷ ᠮᠣᠷᠢ ᠲᠠᠢ
ᠥᠪᠥᠷ ᠦ᠋ᠨ ᠠᠭᠤᠯᠠ ᠶ᠋ᠢ ᠪᠦᠷᠭᠦᠰᠡᠨ
ᠦᠢ ᠲᠦᠮᠡᠨ ᠠᠳᠤᠭᠤᠨ ᠳ᠋ᠤᠨᠢ
ᠲᠣᠭᠣᠵᠤ ᠬᠦᠦ ᠶ᠋ᠢᠨ ᠤᠨᠤᠳᠠᠭ
ᠲᠣᠭᠣᠰ ᠬᠦᠷᠡᠩ ᠮᠣᠷᠢ ᠲᠠᠢ᠃
* * *
ᠰᠥᠨᠢ ᠳᠤᠮᠳᠠ ᠶ᠋ᠢᠨ ᠦᠶ᠎ᠡ ᠳ᠋ᠦ᠍
ᠰᠢᠯᠦᠭ ᠨᠣᠢᠷ① ᠤ᠋ᠨ ᠳᠤᠮᠳᠠ
ᠠᠭᠤᠢ ᠤᠯᠠᠭᠠᠨ ᠬᠠᠨ
ᠠᠶᠤᠮᠰᠢᠭᠲᠤ ᠮᠠᠭᠤᠬᠠᠢ ᠵᠡᠭᠦᠳᠦᠯᠡᠭᠰᠡᠨ ᠨᠢ ᠄
《ᠵᠡᠭᠦᠨ ᠬᠣᠢᠲᠤ ᠵᠦᠭ ᠡᠴᠡ
ᠵᠦᠭᠡᠷ ᠦᠭᠡᠢ ᠲᠠᠯ᠎ᠠ ᠠ᠋ᠴᠠ
ᠮᠠᠩᠭᠤᠰ ᠳᠠᠢᠰᠤᠨ ᠢᠷᠡᠯ᠎ᠡ
ᠮᠠᠨ ᠤ᠋ ᠰᠠᠭᠤᠷᠢᠨ ᠬᠥᠳᠡᠯᠦᠯ᠎ᠡ
ᠳᠡᠷᠡ ᠡᠴᠡ ᠪᠡᠨ ᠲᠡᠭᠰᠢᠯᠡ
ᠳᠡᠪᠢᠰᠬᠡᠷ ᠡᠴᠡ ᠪᠡᠨ ᠭᠤᠯᠭᠤᠯᠠ
ᠣᠷᠣ ᠡᠴᠡ ᠪᠡᠨ ᠣᠭᠰᠢᠯᠠ
ᠣᠯᠪᠣᠭ ᠠ᠋ᠴᠠ ᠪᠠᠨ ᠭᠤᠯᠭᠤᠯᠠ! 》ᠭᠡᠵᠦ ᠰᠡᠷᠢᠭᠡᠳ
ᠦᠷ ᠤᠨ ᠭᠡᠭᠡ ᠪᠡᠷ ᠪᠣᠰᠴᠤ
ᠥᠨᠳᠥᠷ ᠰᠤᠪᠤᠷᠭᠠᠨ ᠳᠡᠭᠡᠷ᠎ᠡ ᠪᠡᠨ ᠭᠠᠷᠴᠤ
ᠠᠯᠠᠭ ᠬᠣᠶᠠᠷ ᠨᠢᠳᠦ ᠪᠡᠨ
ᠠᠷᠴᠢᠨ ᠠᠷᠴᠢᠨ ᠬᠠᠷᠠᠵᠠᠢ᠂
ᠠᠷᠤ ᠽᠠᠮᠪᠤᠲᠢᠪ ᠢ᠋
ᠡᠷᠭᠢᠭᠦᠯᠦᠨ ᠲᠣᠭᠣᠷᠢᠭᠤᠯᠤᠨ ᠬᠠᠷᠠᠵᠠᠢ᠂
ᠵᠦᠭ ᠤᠨ ᠵᠦᠭ ᠤᠨ ᠡᠭᠦᠯᠡ ᠨᠢ
ᠵᠡᠭᠦᠨ ᠬᠣᠢᠰᠢ ᠪᠠᠨ ᠨᠡᠭᠦᠵᠦ
ᠵᠦᠷ᠂ ᠪᠠᠷᠰ ᠠᠷᠢᠶᠠᠲᠠᠨ
ᠵᠦᠭ ᠵᠦᠭ ᠲᠡᠭᠡᠨ ᠳᠠᠪᠬᠢᠵᠠᠢ᠃
ᠳᠥᠴᠢᠨ ᠵᠢᠯ ᠤᠨ ᠴᠠᠭᠠᠲᠠᠢ
ᠲᠠᠪᠢᠨ ᠵᠢᠯ ᠤᠨ ᠨᠠᠭᠠᠲᠠᠢ
ᠲᠡᠭᠷᠢ ᠲᠤᠯᠤᠮ᠎ᠠ ᠲᠣᠭᠣᠰᠣ ᠳᠡᠭᠳᠡᠵᠦ
ᠲᠡᠨᠳᠡ ᠡᠴᠡ ᠮᠠᠩᠭᠤᠰ ᠬᠠᠷᠠᠭᠳᠠᠵᠠᠢ᠃
ᠠᠭᠤᠢ ᠤᠯᠠᠭᠠᠨ ᠬᠠᠨ
ᠥᠨᠳᠥᠷ ᠰᠤᠪᠤᠷᠭᠠᠨ ᠠ᠋ᠴᠠ ᠪᠠᠨ ᠪᠠᠭᠤᠭᠠᠳ
ᠠᠯᠲᠠᠨ ᠭᠠᠯᠠᠭᠤ ᠬᠦᠦ ᠪᠡᠨ ᠳᠠᠭᠤᠳᠠᠭᠤᠯᠵᠠᠢ᠃
* * *
ᠪᠦᠳᠦᠭᠦᠨ ᠡᠪᠦᠳᠦᠭ ᠪᠥᠬᠥᠢᠰᠬᠢᠵᠦ
ᠪᠦᠬᠦᠯᠢ ᠳᠤᠷᠳᠤᠩ ᠨᠠᠮᠤᠰᠬᠢᠵᠦ
ᠠᠯᠲᠠᠨ ᠭᠠᠯᠠᠭᠤ ᠬᠦᠦ ᠢᠷᠡᠵᠦ
ᠠᠪᠤ ᠡᠵᠢ ᠳ᠋ᠡᠭᠡᠨ ᠮᠡᠨᠳᠦᠯᠡᠵᠡᠢ᠃
ᠬᠦᠦ ᠳ᠋ᠡᠭᠡᠨ ᠤᠴᠢᠷ ᠢ᠋ᠶ᠋ᠠᠨ ᠬᠡᠯᠡᠭᠡᠳ
ᠬᠦᠴᠦᠨ ᠵᠣᠷᠢᠭ ᠢ᠋ ᠨᠢ ᠠᠰᠠᠭᠤᠬᠤ ᠳ᠋ᠤ᠌
ᠠᠯᠲᠠᠨ ᠭᠠᠯᠠᠭᠤ ᠬᠦᠦ ᠨᠢ
ᠠᠪᠤ ᠳ᠋ᠠᠭᠠᠨ ᠬᠠᠷᠢᠭᠤ ᠬᠡᠯᠡᠭᠰᠡᠨ ᠨᠢ᠄
《ᠭᠠᠢᠭᠤᠢ ᠳᠠᠢᠰᠤᠨ ᠢᠷᠡᠪᠡᠯ
ᠭᠠᠷ ᠤ᠋ᠨ ᠬᠣᠶᠠᠩ ᠭᠠᠷᠭᠠᠶ᠎ᠠ
ᠬᠦᠴᠦᠲᠡᠢ ᠳᠠᠢᠰᠤᠨ ᠢᠷᠡᠪᠡᠯ
ᠬᠥᠯ ᠦ᠋ᠨ ᠬᠤᠶᠠᠩ ᠲᠠᠷᠬᠠᠭᠠᠶ᠎ᠠ》ᠭᠡᠳ
ᠬᠣᠶᠠᠷ ᠡᠪᠦᠳᠦᠭ ᠢ᠋ᠶ᠋ᠡᠨ ᠠᠯᠠᠭᠠᠳᠠᠭᠠᠳ
ᠬᠠᠳᠠᠭᠠᠨᠠᠲᠠᠯ᠎ᠠ ᠶᠡᠬᠡ ᠢᠨᠢᠶᠡᠵᠡᠢ᠃
* * *
ᠠᠯᠲᠠᠨ ᠭᠠᠯᠠᠭᠤ ᠬᠦᠦ
ᠠᠪᠤ ᠶ᠋ᠢᠨ ᠢ᠋ᠶ᠋ᠡᠨ ᠦᠭᠡ ᠶ᠋ᠢ ᠰᠣᠨᠣᠰᠤᠭᠠᠳ ᠭᠠᠷᠴᠤ
ᠠᠷᠤ ᠶ᠋ᠢᠨ ᠠᠭᠤᠯᠠ ᠶ᠋ᠢ ᠪᠦᠷᠬᠦᠭᠰᠡᠨ
ᠠᠢ ᠲᠦᠮᠡᠨ ᠠᠳᠤᠭᠤᠨ ᠤ᠋ ᠳᠣᠲᠣᠷᠠᠬᠢ
ᠤᠨᠤᠵᠤ ᠲᠣᠭᠣᠵᠤ ᠪᠠᠢᠳᠠᠭ
ᠤᠯᠠᠭᠠᠨ ᠬᠡᠭᠡᠷ ᠮᠣᠷᠢ ᠪᠠᠨ
ᠬᠠᠵᠠᠭᠠᠷ ᠢ᠋ᠶ᠋ᠠᠷ ᠢ᠋ᠶ᠋ᠠᠨ ᠭᠤᠷᠪᠠ ᠳᠠᠯᠠᠯᠵᠤ
ᠡᠮᠡᠭᠡᠯ ᠢ᠋ᠶ᠋ᠡᠷ ᠢ᠋ᠶ᠋ᠡᠨ ᠭᠤᠷᠪᠠ ᠳᠠᠯᠠᠯᠵᠠᠢ᠃
ᠤᠨᠤᠵᠤ ᠲᠣᠭᠣᠵᠤ ᠪᠠᠢᠳᠠᠭ
ᠤᠯᠠᠭᠠᠨ ᠬᠡᠭᠡᠷ ᠮᠣᠷᠢ ᠨᠢ᠄
《ᠬᠠᠵᠠᠭᠠᠷ ᠶᠠᠭᠤᠨ ᠳ᠋ᠤ᠌ ᠬᠠᠩᠭᠢᠨᠠᠪᠠ ?
ᠬᠠᠯᠳᠠᠭᠠᠤ ᠳᠠᠢᠰᠤᠨ ᠢᠷᠡᠪᠡ ᠤᠤ?
ᠡᠮᠡᠭᠡᠯ ᠶᠠᠭᠤᠨ ᠳ᠋ᠤ᠌ ᠬᠥᠳᠡᠯᠪᠡ?
ᠡᠵᠡᠷᠬᠡᠭ ᠳᠠᠢᠰᠤᠨ ᠢᠷᠡᠪᠡ ᠤᠤ 》 ᠭᠡᠳ
ᠬᠡᠰᠡᠭ ᠬᠡᠰᠡᠭ ᠠᠳᠤᠭᠤᠨ ᠠ᠋ᠴᠠ
ᠬᠡᠯᠳᠡᠭᠡᠢᠷᠡᠨ ᠭᠠᠷᠴᠤ ᠲᠣᠭᠯᠠᠭᠠᠳ
ᠣᠯᠠᠨ ᠣᠯᠠᠨ ᠠᠳᠤᠭᠤᠨ ᠠ᠋ᠴᠠ
ᠣᠨᠴᠣᠭᠣᠢᠷᠠᠨ ᠭᠠᠷᠴᠤ ᠣᠴᠢᠭᠠᠳ
ᠭᠠᠳᠠᠭ᠎ᠠ ᠬᠦᠷᠢᠶᠡᠨ ᠦ᠌ ᠳᠣᠲᠣᠷ᠎ᠠ
ᠳᠣᠲᠣᠷ᠎ᠠ ᠬᠦᠷᠢᠶᠡᠨ ᠦ᠌ ᠭᠠᠳᠠᠭ᠎ᠠ ᠵᠣᠭᠰᠣᠵᠠᠢ᠃
ᠠᠯᠲᠠᠨ ᠭᠠᠯᠠᠭᠤ ᠬᠦᠦ ᠠᠰᠠᠭᠤᠭᠰᠠᠨ ᠨᠢ᠄
《ᠬᠢᠷᠢ ᠴᠢᠳᠠᠯ ᠴᠢᠨᠢ ᠶᠠᠮᠠᠷ ᠶᠤᠮ?
ᠬᠡᠴᠢᠨᠡᠨ ᠤᠳᠠᠭᠠᠨ ᠭᠦᠶᠦᠬᠦ ᠪᠣᠢ?》
ᠤᠯᠠᠭᠠᠨ ᠬᠡᠭᠡᠷ ᠮᠣᠷᠢ ᠬᠠᠷᠢᠭᠤᠯᠤᠭᠰᠠᠨ ᠨᠢ᠄
ᠵᠠᠭᠤᠨ ᠵᠢᠯ ᠤᠨ ᠭᠠᠵᠠᠷ ᠢ᠋
ᠵᠣᠭᠰᠣᠯᠲᠠ ᠦᠭᠡᠢ ᠭᠦᠶᠦᠨ᠎ᠡ
ᠮᠢᠩᠭᠠᠨ ᠵᠢᠯ ᠤᠨ ᠭᠠᠵᠠᠷ ᠢ᠋
ᠮᠢᠲᠠᠷᠠᠯᠲᠠ ᠦᠭᠡᠢ ᠭᠦᠶᠦᠨ᠎ᠡ !》 ᠭᠡᠰᠡᠨ ᠳ᠋ᠦ᠍
《ᠴᠢ ᠲᠤᠰᠠ ᠦᠭᠡᠢ 》ᠭᠡᠳ
ᠤᠯᠠᠭᠠᠨ ᠬᠡᠭᠡᠷ ᠮᠣᠷᠢ ᠪᠠᠨ ᠬᠥᠭᠡᠭᠡᠵᠡᠢ᠃
* * *
ᠥᠪᠥᠷ ᠤᠨ ᠠᠭᠤᠯᠠ ᠶ᠋ᠢ ᠪᠦᠷᠬᠦᠭᠰᠡᠨ
ᠦᠢ ᠲᠦᠮᠡᠨ ᠠᠳᠤᠭᠤᠨ ᠤ᠋ ᠳᠣᠲᠣᠷᠠᠬᠢ
ᠲᠣᠭᠣᠵᠤ ᠥᠪᠡᠷᠦᠨ ᠤᠨᠤᠳᠠᠭ
ᠲᠣᠭᠣᠰ ᠬᠦᠷᠡᠩ ᠮᠣᠷᠢ ᠪᠠᠨ
ᠬᠠᠵᠠᠭᠠᠷ ᠢ᠋ᠶ᠋ᠠᠷ ᠢ᠋ᠶ᠋ᠠᠨ ᠭᠤᠷᠪᠠ ᠳᠠᠯᠠᠯᠵᠤ
ᠡᠮᠡᠭᠡᠯ ᠢ᠋ᠶ᠋ᠡᠷ ᠢ᠋ᠶ᠋ᠡᠨ ᠭᠤᠷᠪᠠ ᠳᠠᠯᠠᠯᠵᠠᠢ᠃
ᠲᠣᠭᠣᠵᠤ ᠬᠦᠦ ᠶ᠋ᠢᠨ ᠤᠨᠤᠳᠠᠭ
ᠲᠣᠭᠣᠰ ᠬᠦᠷᠡᠩ ᠮᠣᠷᠢ ᠨᠢ
ᠪᠤᠯᠠᠭ ᠤ᠋ᠨ ᠤᠰᠤᠨ ᠤ᠋ ᠳᠡᠭᠡᠵᠢ ᠶ᠋ᠢ
ᠣᠭᠣᠴᠢᠨ ᠪᠠᠢᠵᠤ ᠴᠢᠩᠨᠠᠵᠤ
ᠪᠤᠲᠠ ᠡᠪᠡᠰᠦᠨ ᠦ᠌ ᠰᠤᠷ ᠢ᠋
ᠬᠠᠵᠠᠯᠠᠨ ᠪᠠᠢᠵᠤ ᠴᠢᠩᠨᠠᠭᠠᠳ᠄
《ᠬᠠᠵᠠᠭᠠᠷ ᠶᠠᠭᠤᠨ ᠳ᠋ᠤ᠌ ᠬᠠᠩᠭᠢᠨᠠᠪᠠ?
ᠬᠠᠯᠳᠠᠬᠤ ᠳᠠᠢᠰᠤᠨ ᠢᠷᠡᠪᠡ ᠤᠤ?
ᠡᠮᠡᠭᠡᠯ ᠶᠠᠭᠤᠨ ᠳ᠋ᠤ᠌ ᠬᠥᠳᠡᠯᠪᠡ?
ᠡᠵᠡᠷᠬᠡᠭ ᠳᠠᠢᠰᠤᠨ ᠢᠷᠡᠪᠡ ᠤᠤ? 》 ᠭᠡᠳ
ᠲᠣᠯᠣᠭᠠᠢ ᠪᠠᠷ ᠢ᠋ᠶ᠋ᠠᠨ ᠲᠣᠭᠯᠠᠵᠤ
ᠲᠣᠭᠣᠰᠣᠨ ᠠ᠋ᠴᠠ ᠪᠠᠨ ᠪᠤᠰᠬᠠᠵᠤ
ᠰᠡᠭᠦᠯ ᠢ᠋ᠶ᠋ᠡᠷ ᠢ᠋ᠶ᠋ᠡᠨ ᠨᠠᠭᠠᠳᠴᠤ
ᠰᠡᠭᠦᠳᠡᠷ ᠡᠴᠡ ᠪᠡᠨ ᠬᠠᠯᠢᠰᠬᠢᠵᠤ
ᠳᠣᠲᠣᠷ᠎ᠠ ᠬᠦᠷᠢᠶᠡᠨ ᠦ᠌ ᠭᠠᠳᠠᠬᠠ
ᠭᠠᠳᠠᠭ᠎ᠠ ᠬᠦᠷᠢᠶᠡᠨ ᠦ᠌ ᠳᠣᠲᠣᠷ᠎ᠠ ᠬᠦᠷᠴᠦ
ᠠᠯᠲᠠᠨ ᠭᠠᠯᠠᠭᠤ ᠬᠦᠦ ᠶ᠋ᠢᠨ
ᠤᠷᠭ᠎ᠠ ᠶ᠋ᠢ ᠣᠯᠵᠤ ᠦᠵᠡᠭᠡᠳ ᠬᠡᠯᠡᠭᠰᠡᠨ ᠨᠢ᠄
《ᠤᠷᠭ᠎ᠠ ᠪᠠᠷ ᠪᠠᠷᠢᠭᠤᠯᠬᠤ ᠦᠭᠡᠢ
ᠤᠷᠢᠯᠲᠠ ᠪᠠᠷ ᠪᠠᠷᠢᠭᠤᠯᠤᠨ᠎ᠠ
ᠭᠤᠢᠪᠢ② ᠪᠠᠷ ᠪᠠᠷᠢᠭᠤᠯᠬᠤ ᠦᠭᠡᠢ
ᠭᠤᠶᠤᠯᠲᠠ ᠪᠠᠷ ᠪᠠᠷᠢᠭᠤᠯᠤᠨ᠎ᠠ!》 ᠭᠡᠳ
ᠳᠠᠪ ᠤ᠋ᠨ ᠮᠣᠷᠢ ᠬᠠᠷᠠᠢᠲᠠᠯ᠎ᠠ
ᠳᠡᠰ ᠦ᠋ᠨ ᠬᠦᠦ ᠤᠷᠭᠠᠯᠠᠵᠠᠢ᠃
ᠰᠣᠨᠢᠨ ᠰᠣᠨᠢᠨ ᠬᠠᠷᠠᠢᠵᠤ
ᠲᠣᠭᠣᠰ ᠬᠦᠷᠡᠩ ᠨᠢ ᠳᠡᠢᠯᠦᠨ᠎ᠡ
ᠰᠠᠭᠤᠨ ᠰᠠᠭᠤᠨ ᠲᠠᠲᠠᠵᠤ
ᠠᠯᠲᠠᠨ ᠭᠠᠯᠠᠭᠤ ᠬᠦᠦ ᠳᠡᠢᠯᠦᠨ᠎ᠡ
ᠢᠮᠠᠭ᠎ᠠ ᠭᠠᠷᠬᠤ ᠦᠭᠡᠢ ᠬᠠᠳᠠᠨ ᠳ᠋ᠤ᠌
ᠶᠠᠳᠠᠨ ᠲᠠᠲᠠᠵᠤ ᠵᠣᠭᠰᠣᠭᠠᠵᠤ
ᠬᠡᠷᠢᠶ᠎ᠡ ᠭᠠᠷᠬᠤ ᠦᠭᠡᠢ ᠬᠠᠳᠠᠨ ᠳ᠋ᠤ᠌
ᠬᠡᠭᠳᠡᠢᠲᠡᠯᠡ ᠨᠢ ᠲᠠᠲᠠᠭᠠᠳ ᠪᠠᠷᠢᠵᠠᠢ᠃
ᠠᠯᠲᠠᠨ ᠭᠠᠯᠠᠭᠤ ᠬᠦᠦ ᠠᠰᠠᠭᠤᠭᠰᠠᠨ ᠨᠢ᠄
《ᠬᠢᠷᠢ ᠴᠢᠳᠠᠯ ᠴᠢᠨᠢ ᠶᠠᠮᠠᠷ ᠪᠣᠢ?
ᠬᠡᠴᠢᠨᠡᠨ ᠤᠳᠠᠭᠠᠨ ᠭᠦᠶᠦᠬᠦ ᠪᠣᠢ? 》
ᠲᠣᠭᠣᠰ ᠬᠦᠷᠡᠩ ᠮᠣᠷᠢ ᠬᠠᠷᠢᠭᠤᠯᠤᠭᠰᠠᠨ ᠨᠢ᠄
《ᠲᠡᠮᠦᠷ ᠳᠥᠷᠥᠭᠡ ᠶ᠋ᠢ ᠴᠢᠨᠢ
ᠰᠠᠳᠠᠷᠠᠲᠠᠯᠠ ᠨᠢ ᠭᠦᠶᠦᠨ᠎ᠡ
ᠲᠦᠩᠬᠦ ᠶ᠋ᠢᠨ ᠶᠠᠰᠤ ᠪᠠᠨ
ᠮᠤᠯᠲᠤᠷᠠᠲᠠᠯ᠎ᠠ ᠨᠢ ᠭᠦᠶᠦᠨ᠎ᠡ᠃
ᠠᠯᠲᠠᠨ ᠳᠥᠷᠥᠭᠡ ᠶ᠋ᠢ ᠴᠢᠨᠢ
ᠡᠯᠡᠭᠳᠡᠲᠡᠯ᠎ᠡ ᠨᠢ ᠭᠦᠶᠦᠨ᠎ᠡ
ᠠᠯᠲᠠᠨ ᠭᠠᠯᠠᠭᠤ ᠴᠢᠮᠠᠶ᠋ᠢ
ᠦᠬᠦᠲᠡᠯ᠎ᠡ ᠴᠢᠨᠢ ᠭᠦᠶᠦᠨ᠎ᠡ!》 ᠭᠡᠵᠡᠢ᠃
ᠲᠣᠭᠣᠰ ᠬᠦᠷᠡᠩ ᠮᠣᠷᠢ ᠪᠠᠨ
ᠲᠣᠭᠣᠵᠤ ᠬᠦᠦ ᠪᠠᠷᠢᠭᠠᠳ
ᠬᠥᠮᠦᠨ ᠦ᠌ ᠮᠣᠷᠢ ᠤᠶᠠᠭᠤᠯᠳᠠᠭ ᠦᠭᠡᠢ
ᠬᠦᠷᠡᠩ ᠽᠠᠨᠳᠠᠨ ᠤᠶᠠᠭᠠᠨ ᠠ᠋ᠴᠠ ᠪᠠᠨ ᠤᠶᠠᠵᠤ
ᠶᠢᠰᠦᠨ ᠬᠣᠨᠣᠭ ᠰᠣᠢᠵᠤ
ᠶᠡᠷᠦᠳᠡᠭᠡᠨ ᠰᠣᠢᠯᠭ᠎ᠠ ᠳᠠᠭᠤᠰᠴᠤ
ᠮᠣᠷᠢ ᠨᠢ ᠰᠢᠪᠬᠠᠨ ᠴᠢᠨᠡᠭᠡ ᠰᠢᠭᠡᠵᠦ
ᠱᠠᠯᠵᠠ ᠶ᠋ᠢᠨ ᠴᠢᠨᠡᠭᠡ ᠪᠠᠭᠠᠵᠠᠢ᠃
ᠠᠶᠠᠨ ᠲᠡᠢᠨ ᠳ᠋ᠦ᠍ ᠮᠣᠷᠳᠠᠬᠤ ᠶ᠋ᠢᠨ ᠡᠮᠦᠨ᠎ᠡ
ᠠᠰᠤᠷᠤ ᠲᠣᠮᠣ ᠨᠠᠢᠷ ᠬᠢᠵᠦ
ᠭᠤᠨᠵᠢᠨ ᠦᠨᠢᠶ᠎ᠡ ᠠᠯᠠᠵᠤ
ᠭᠤᠷᠪᠠᠨ ᠬᠣᠨᠣᠭ ᠨᠠᠢᠷᠯᠠᠵᠤ
ᠳᠦᠨᠵᠢᠨ ᠦᠨᠢᠶ᠎ᠡ ᠠᠯᠠᠵᠤ
ᠳᠥᠷᠪᠡᠨ ᠬᠣᠨᠣᠭ ᠨᠠᠢᠷᠯᠠᠵᠠᠢ᠃
* * *
— — — —
① ᠰᠢᠯᠦᠭ ᠨᠣᠢᠷ— ᠭᠦᠨ ᠨᠣᠢᠷ
② ᠭᠤᠢᠪᠢ— ᠬᠤᠢᠪᠢ
ᠲᠣᠭᠣᠰ ᠬᠦᠷᠡᠩ ᠮᠣᠷᠢ ᠨᠢ
ᠡᠵᠡᠨ ᠢ᠋ᠶ᠋ᠡᠨ ᠳᠠᠭᠤᠳᠠᠵᠤ ᠬᠡᠯᠡᠭᠰᠡᠨ ᠨᠢ᠄
《ᠳᠠᠢᠰᠤᠨ ᠴᠢᠨᠢ ᠢᠷᠡᠯ᠎ᠠ
ᠳᠠᠯᠤ ᠳᠡᠭᠡᠷ᠎ᠡ ᠴᠢᠨᠢ ᠲᠤᠯᠤᠯ᠎ᠠ
ᠥᠰᠢᠶᠡᠲᠡᠨ ᠴᠢᠨᠢ ᠢᠷᠡᠯ᠎ᠡ
ᠦᠷᠦ ᠳᠡᠭᠡᠷ᠎ᠡ ᠴᠢᠨᠢ ᠲᠤᠯᠤᠯ᠎ᠠ!》 ᠭᠡᠵᠡᠢ᠃
ᠠᠯᠲᠠᠨ ᠭᠠᠯᠠᠭᠤ ᠬᠦᠦ ᠰᠣᠨᠣᠰᠤᠭᠠᠳ
ᠭᠱᠠᠨ ᠵᠠᠭᠤᠷ᠎ᠠ ᠭᠠᠷᠴᠤ ᠣᠴᠢᠭᠠᠳ
ᠵᠠᠭᠤᠨ ᠯᠠᠩ ᠤ᠋ᠨ ᠬᠠᠵᠠᠭᠠᠷ ᠢ᠋
ᠵᠤᠤᠵᠠᠢ ᠤᠷᠤᠭᠤ ᠨᠢ ᠳᠠᠷᠤᠵᠤ
ᠲᠦᠮᠡᠨ ᠯᠠᠩ ᠤ᠋ᠨ ᠡᠮᠡᠭᠡᠯ ᠢ᠋
ᠲᠥᠪ ᠵᠣ ᠳ᠋ᠤᠨᠢ ᠲᠣᠬᠣᠵᠤ
ᠵᠢᠷᠠᠨ ᠯᠠᠨ᠋ᠩ ᠤ᠋ᠨ ᠬᠤᠳᠠᠷᠭ᠎ᠠ ᠶ᠋ᠢ
ᠵᠤᠷᠠᠭᠠᠨ ᠤᠷᠤᠭᠤ ᠨᠢ ᠲᠠᠭᠠᠷᠠᠭᠤᠯᠤᠭᠠᠨ
ᠤᠷᠠᠨ ᠬᠡᠦᠬᠡᠨ ᠦ᠌ ᠣᠶᠣᠭᠰᠠᠨ
ᠤᠯᠠᠭᠠᠨ ᠲᠣᠷᠭᠠᠨ ᠣᠯᠣᠮ① ᠢ᠋
ᠤᠷᠳᠤᠭᠤᠷ ᠨᠢ ᠲᠠᠲᠠᠵᠤ
ᠭᠤᠷᠪᠠ ᠭᠤᠷᠪᠠ ᠤᠭᠵᠠᠷᠠᠵᠤ
ᠭᠤᠷᠪᠠᠨ ᠬᠤᠷᠤᠭᠤ ᠰᠢᠭᠢᠳᠬᠡᠵᠦ
ᠭᠤᠷᠪᠠᠨ ᠵᠢᠯ ᠤᠨ ᠭᠠᠵᠠᠷ ᠲᠤ᠌
ᠰᠤᠯᠠᠷᠠᠰᠢ ᠦᠭᠡᠢ ᠪᠡᠷ ᠲᠠᠲᠠᠵᠠᠢ᠃
ᠨᠠᠷᠠᠨ ᠰᠠᠷᠠᠨ ᠳᠥᠷᠥᠭᠡ ᠨᠢ
ᠨᠠᠭᠠᠲᠠᠢ ᠴᠠᠭᠠᠲᠠᠢ ᠨᠢ ᠭᠢᠯᠠᠯᠵᠠᠵᠤ
ᠨᠠᠢ᠍ᠮᠠᠨ ᠰᠠᠢᠬᠠᠨ ᠭᠠᠨᠵᠤᠭ᠎ᠠ ᠨᠢ
ᠨᠡᠰᠢ ᠴᠠᠰᠢ ᠨᠠᠮᠢᠯᠵᠠᠵᠠᠢ᠃
ᠡᠷᠭᠢᠵᠦ ᠭᠡᠷ ᠲᠡᠭᠡᠨ ᠣᠷᠣᠭᠠᠳ ᠬᠦᠦ
ᠡᠳ᠋ᠯᠡᠯ ᠬᠡᠷᠡᠭᠰᠡᠯ ᠢ᠋ᠶ᠋ᠡᠨ ᠪᠦᠷᠢᠳᠬᠡᠵᠡᠢ᠃
ᠳᠠᠯᠠᠨ ᠵᠢᠯ ᠦ᠋ᠨ ᠪᠣᠷᠣᠭᠠᠨ ᠳᠠᠭᠠᠭᠠᠬᠤ
ᠳᠠᠷᠳᠠᠭᠠᠷ ᠮᠠᠩᠨᠤᠭ ᠳᠡᠪᠡᠯ ᠢ᠋ᠶ᠋ᠡᠨ ᠡᠮᠦᠰᠴᠦ
ᠬᠣᠷᠢᠨ ᠵᠢᠯ ᠤᠨ ᠪᠣᠷᠣᠭᠠᠨ ᠳᠠᠭᠠᠭᠠᠬᠤ
ᠬᠤᠪᠠ ᠰᠠᠢᠷ ᠤ᠋ᠨ ᠭᠤᠲᠤᠯ ᠢ᠋ᠶ᠋ᠠᠨ ᠡᠮᠦᠰᠴᠡᠢ᠃
ᠶᠡᠷᠡᠨ ᠦᠬᠡᠷ ᠦ᠋ᠨ ᠡᠪᠡᠷ ᠢ᠋ᠶ᠋ᠡᠷ ᠬᠢᠰᠠᠨ
ᠶᠡᠬᠡ ᠬᠠᠷ᠎ᠠ ᠨᠤᠮᠤ ᠪᠠᠨ ᠠᠭᠰᠠᠵᠤ
ᠳᠠᠯᠠᠨ ᠳᠠᠷᠬᠠᠨ ᠳᠠᠪᠲᠠᠵᠤ ᠬᠢᠭᠰᠡᠨ
ᠳ᠋ᠠᠮ ᠬᠠᠷ᠎ᠠ ᠢᠯᠳᠦ ᠪᠡᠨ ᠠᠪᠴᠤ
ᠬᠠᠮᠤᠭ ᠣᠨ ᠳᠡᠭᠡᠷᠡᠬᠢ ᠠᠪᠳᠠᠷ᠎ᠠ ᠪᠠᠨ ᠨᠡᠭᠡᠭᠡᠵᠦ
ᠬᠠᠨ ᠭᠠᠷᠤᠳᠢ ᠶ᠋ᠢᠨ ᠰᠣᠳᠣᠳᠤ ᠰᠤᠮᠤ ᠪᠠᠨ ᠠᠪᠴᠤ
ᠳᠤᠮᠳᠠ ᠲᠠᠯ᠎ᠠ ᠶ᠋ᠢᠨ ᠠᠪᠳᠠᠷ᠎ᠠ ᠪᠠᠨ ᠨᠡᠭᠡᠭᠡᠵᠦ
ᠲᠣᠭᠣᠰ ᠤ᠋ᠨ ᠰᠣᠳᠣᠳᠤ ᠰᠤᠮᠤ ᠪᠠᠨ ᠠᠪᠴᠤ
ᠳᠣᠣᠷᠠᠲᠤ ᠲᠠᠯ᠎ᠠ ᠶ᠋ᠢᠨ ᠠᠪᠳᠠᠷ᠎ᠠ ᠪᠠᠨ ᠨᠡᠭᠡᠭᠡᠵᠦ
ᠬᠣᠩ ᠬᠡᠷᠢᠶᠡᠨ ᠦ᠌ ᠰᠣᠳᠣᠳᠤ ᠰᠤᠮᠤ ᠪᠠᠨ ᠠᠪᠴᠠᠢ᠃
* * *
ᠠᠯᠲᠠᠨ ᠭᠠᠯᠠᠭᠤ ᠬᠦᠦ
ᠠᠪᠤ ᠡᠵᠢ ᠡᠴᠡ ᠪᠡᠨ ᠰᠠᠯᠤᠭᠠᠳ
ᠠᠪᠠᠯᠢ ᠭᠡᠷᠭᠡᠢ ᠪᠡᠨ ᠣᠷᠬᠢᠭᠠᠳ
ᠠᠶᠠᠨ ᠲᠡᠢᠨ ᠳ᠋ᠡᠭᠠᠨ ᠮᠣᠷᠳᠠᠵᠠᠢ᠃
ᠡᠷᠡᠯᠬᠡᠭ ᠪᠠᠭᠠᠲᠤᠷ ᠡᠵᠡᠨ ᠨᠢ
ᠡᠷ᠎ᠡ ᠴᠢᠳᠠᠯ ᠢ᠋ᠶ᠋ᠠᠷ ᠬᠠᠪᠴᠢᠵᠤ
ᠡᠮᠡᠭᠡᠯ ᠬᠠᠵᠠᠭᠠᠷᠲᠤ ᠮᠣᠷᠢ ᠨᠢ
ᠡᠷᠴᠢᠲᠦ ᠬᠦᠴᠦᠨ ᠢ᠋ᠶ᠋ᠡᠷ ᠬᠠᠷᠠᠢᠵᠤ
ᠬᠥᠷᠥᠰᠥᠲᠦ ᠠᠯᠲᠠᠨ ᠳᠡᠯᠡᠬᠡᠢ ᠳ᠋ᠦ᠍
ᠬᠥᠯ ᠢ᠋ᠶ᠋ᠡᠨ ᠬᠠᠶᠠ ᠲᠥᠷᠥᠨ
ᠬᠥᠪᠥᠩ ᠴᠠᠭᠠᠨ ᠡᠭᠦᠯᠡᠨ ᠳ᠋ᠦ᠍
ᠳᠡᠯ ᠢ᠋ᠶ᠋ᠡᠨ ᠬᠠᠶᠠ ᠱᠦᠷᠭᠦᠭᠡᠨ ᠶᠠᠪᠤᠵᠠᠢ᠃
ᠳᠤᠭᠤᠢ ᠶᠠᠪᠤᠳᠠᠭ ᠨᠤᠭᠤᠰᠤ
ᠳᠠᠭᠤ ᠲᠠᠢ ᠨᠢᠰᠳᠡᠭ ᠭᠠᠯᠠᠭᠤ
ᠲᠤᠩ ᠴᠠᠭᠠᠨ ᠬᠤᠨ
ᠲᠤᠷᠤᠭ ᠬᠦᠴᠦᠲᠡᠢ ᠴᠠᠬᠤᠯᠠᠢ
ᠲᠠᠯ᠎ᠠ ᠳ᠋ᠤ᠌ ᠶᠠᠪᠤᠳᠠᠭ ᠵᠡᠭᠡᠷ᠎ᠡ
ᠲᠠᠴᠢᠭᠢᠨᠠᠭᠠᠳ ᠳᠠᠪᠬᠢᠳᠠᠭ ᠳᠠᠬᠤ
ᠬᠠᠳᠠᠨ ᠳ᠋ᠤ᠌ ᠭᠦᠶᠦᠳᠡᠭ ᠪᠤᠭᠤ
ᠬᠢᠩᠭ᠎ᠠ ᠳ᠋ᠤ᠌ ᠪᠠᠢᠳᠠᠭ ᠶᠠᠩᠭᠢᠷ
ᠪᠣᠰᠤᠭ᠎ᠠ ᠴᠢᠬᠢ ᠲᠡᠢ ᠴᠢᠨᠣ᠎ᠠ
ᠪᠣᠷᠪᠢ ᠣᠭᠣᠳᠣᠩ ᠦᠨᠡᠭᠡ ᠁
ᠵᠢᠭᠦᠷᠲᠡᠨ ᠠᠷᠢᠶᠠᠲᠠᠨ ᠳᠤᠲᠠᠭᠠᠵᠤ
ᠵᠦᠭ ᠵᠦᠭ ᠲᠡᠭᠡᠨ ᠪᠤᠲᠠᠷᠠᠵᠠᠢ᠃
* * *
ᠶᠣᠳᠠᠷ ᠤ᠋ᠨ ᠠᠭᠤᠯᠠᠨ ᠤ᠋ ᠡᠩᠭᠡᠷ
ᠢᠷᠣᠭᠠᠷ ᠦᠭᠡᠢ ᠳᠠᠯᠠᠢ ᠶ᠋ᠢᠨ ᠡᠷᠭᠢ ᠳᠡᠭᠡᠷ᠎ᠡ
ᠠᠨᠳᠠᠯᠠᠢ ᠰᠢᠷ᠎ᠠ ᠮᠠᠩᠨᠤᠭ ᠲᠠᠢ
ᠠᠯᠲᠠᠨ ᠭᠠᠯᠠᠭᠤ ᠳᠠᠭᠠᠷᠢᠯᠳᠤᠵᠠᠢ᠃
ᠠᠷᠪᠠᠨ ᠬᠣᠶᠠᠷ ᠲᠣᠯᠣᠭᠠᠢ ᠲᠠᠢ
ᠠᠨᠳᠠᠯᠠᠢ ᠰᠢᠷ᠎ᠠ ᠮᠠᠩᠭᠤᠰ ᠢ᠋ ᠦᠵᠡᠬᠦ ᠳ᠋ᠦ᠍
ᠮᠠᠭᠯᠠᠢ ᠶ᠋ᠢᠨ ᠭᠠᠤᠯᠢᠨ ᠬᠣᠩᠰᠢᠶᠠᠷ ᠲᠠᠢ
ᠮᠠᠲᠢᠭᠠᠷ ᠳᠥᠷᠪᠡᠨ ᠲᠤᠭᠤᠷᠠᠢ ᠲᠠᠢ
ᠴᠠᠷᠢᠯ ᠵᠡᠭᠡᠲᠦᠦ ᠬᠠᠮᠠᠷ ᠲᠠᠢ
ᠴᠢᠮᠠᠯᠠᠬᠠᠢ ᠳ᠋ᠠᠭᠠᠨ ᠣᠷᠣᠭᠰᠠᠨ ᠨᠢᠳᠦ ᠲᠡᠢ
ᠬᠠᠷᠠᠬᠤ ᠨᠢᠳᠦ ᠨᠢ ᠭᠤᠷᠪᠠᠯᠵᠢᠨ
ᠬᠠᠮᠠᠷ ᠤ᠋ᠨ ᠨᠦᠬᠡ ᠨᠢ ᠳᠥᠷᠪᠡᠯᠵᠢᠨ
ᠬᠣᠯᠠ ᠬᠠᠯᠲᠠᠷ ᠯᠠᠭᠤᠰᠠ ᠶ᠋ᠢ
ᠬᠤᠳᠠᠷᠭ᠎ᠠ ᠦᠭᠡᠢ ᠵᠠᠢᠳᠠᠯᠠᠵᠤ
ᠡᠷ᠎ᠡ ᠬᠠᠯᠲᠠᠷ ᠯᠠᠭᠤᠰᠠᠨ ᠢ᠋
ᠡᠮᠡᠭᠡᠯ ᠦᠭᠡᠢ ᠵᠠᠢᠳᠠᠯᠠᠵᠤ
ᠬᠥᠮᠦᠨ ᠬᠥᠮᠦᠨ ᠦ᠌ ᠮᠢᠬ᠎ᠠ ᠶ᠋ᠢ
ᠬᠡᠦᠳᠡᠢ ᠲᠠᠭᠠᠷ ᠢᠶᠠᠷ ᠭᠠᠨᠵᠤᠭᠠᠯᠠᠵᠤ
ᠬᠦᠷᠡᠩ ᠡᠷᠢᠶᠡᠨ ᠮᠣᠭᠠᠢ ᠶ᠋ᠢ
ᠬᠦᠵᠦᠭᠦᠦ ᠪᠡᠷ ᠢᠶᠠᠨ ᠣᠷᠢᠶᠠᠯᠭᠠᠵᠤ
ᠳᠠᠩ ᠬᠥᠮᠦᠨ ᠦ᠌ ᠮᠢᠬ᠎ᠠ ᠶ᠋ᠢ
ᠳᠠᠪᠤᠤ ᠲᠠᠭᠠᠷ ᠢ᠋ᠶ᠋ᠠᠷ ᠲᠡᠩᠨᠡᠵᠦ
ᠳᠠᠪᠬᠤᠷ ᠡᠷᠢᠶᠡᠨ ᠮᠣᠭᠠᠢ ᠪᠠᠷ
ᠳᠡᠪᠰᠡᠭ ᠳᠡᠭᠡᠭᠦᠷ ᠢᠶᠠᠨ ᠣᠷᠢᠶᠠᠯᠭᠠᠭᠠᠳ
ᠲᠦᠮᠡᠨ ᠬᠥᠮᠦᠨ ᠢ᠋ ᠠᠯᠠᠭᠰᠠ
ᠲᠦᠨᠡᠷ ᠤᠯᠠᠭᠠᠨ ᠪᠢᠯᠠᠭᠤ
ᠮᠢᠩᠭᠠᠨ ᠬᠥᠮᠦᠨ ᠢ᠋ ᠠᠯᠠᠭᠰᠠ
ᠮᠢᠬᠠᠨ ᠤᠯᠠᠭᠠᠨ ᠪᠢᠯᠠᠭᠤ ᠪᠠᠷᠢᠵᠠᠢ᠃
ᠠᠯᠲᠠᠨ ᠭᠠᠯᠠᠭᠤ ᠠᠰᠠᠭᠤᠭᠰᠠᠨ ᠨᠢ ᠄
《ᠬᠡᠪ ᠨᠤᠲᠤᠭ ᠬᠠᠮᠢᠭ᠎ᠠ ᠪᠣᠢ?
ᠬᠡᠳᠦ ᠵᠣᠷᠢᠭ ᠬᠡᠨ ᠳ᠋ᠦ᠍ ᠪᠣᠢ?
ᠶᠠᠪ ᠨᠤᠲᠤᠭ ᠬᠠᠮᠢᠭ᠎ᠠ?
ᠶᠠᠪᠤᠳᠠᠯ ᠤᠴᠢᠷ ᠶᠠᠭᠤᠨ ᠳ᠋ᠤ᠌ ᠪᠣᠢ? 》
ᠠᠨᠳᠠᠯᠠᠢ ᠰᠢᠷ᠎ᠠ ᠮᠠᠩᠭᠤᠰ ᠬᠡᠯᠡᠭᠰᠡᠨ ᠨᠢ ᠄
《ᠬᠡᠪ ᠨᠤᠲᠤᠭ ᠵᠡᠭᠦᠨ ᠬᠣᠢᠨ᠎ᠠ
ᠬᠡᠳᠦ ᠵᠣᠷᠢᠭ ᠪᠠᠷᠠᠭᠤᠨ ᠤᠷᠳᠤ
ᠶᠠᠪ ᠨᠤᠲᠤᠭ ᠵᠡᠭᠦᠨ ᠬᠣᠢᠨ᠎ᠠ
ᠶᠠᠪᠤᠳᠠᠯ ᠤᠴᠢᠷ ᠪᠠᠷᠠᠭᠤᠨ ᠤᠷᠲᠤ
ᠠᠭᠤᠢ ᠤᠯᠠᠭᠠᠨ ᠬᠠᠨ ᠢ᠋ᠶ᠋ᠠᠷ
ᠠᠯᠪᠠᠲᠤ ᠪᠠᠨ ᠬᠢᠶ᠎ᠡ ᠭᠡᠵᠦ ᠶᠠᠪᠤᠨ᠎ᠠ
ᠠᠯᠲᠠᠨ ᠭᠠᠯᠠᠭᠤ ᠬᠦᠦ ᠶ᠋ᠢ ᠨᠢ
ᠠᠯᠠᠶ᠎ᠠ ᠭᠡᠵᠦ ᠶᠠᠪᠤᠨ᠎ᠠ
ᠤᠯᠠᠭᠠᠨ ᠽᠠᠨᠳᠠᠨ ᠥᠷᠥᠭᠡ ᠶ᠋ᠢ ᠨᠢ
ᠭᠠᠯᠳᠠᠶᠠ ᠭᠡᠵᠦ ᠶᠠᠪᠤᠨ᠎ᠠ
ᠤᠰᠤᠨ ᠪᠣᠯᠣᠷ ᠠᠪᠠᠬᠠᠢ ᠶ᠋ᠢ ᠨᠢ
ᠠᠪᠴᠢᠬᠠᠶ᠎ᠠ ᠭᠡᠵᠦ ᠶᠠᠪᠤᠨ᠎ᠠ
ᠠᠳᠤᠭᠤ ᠮᠠᠯ ᠬᠥᠷᠥᠩᠭᠡ ᠶ᠋ᠢ ᠨᠢ
ᠲᠠᠭᠤᠶᠠ ᠭᠡᠵᠦ ᠶᠠᠪᠤᠨ᠎ᠠ
ᠠᠯᠪᠠᠲᠤ ᠣᠯᠠᠨ ᠢᠷᠭᠡᠳ ᠢ᠋ ᠨᠢ
ᠲᠣᠨᠢᠯᠭᠠᠶᠠ ᠭᠡᠵᠦ ᠶᠠᠪᠤᠨ᠎ᠠ᠃
ᠴᠢᠨᠦ ᠬᠡᠪ ᠨᠤᠲᠤᠭ ᠬᠠᠮᠢᠭ᠎ᠠ ᠪᠣᠢ?
ᠬᠡᠷᠡᠭ ᠵᠣᠷᠢᠭ ᠬᠡᠨ ᠳ᠋ᠦ᠍ ᠪᠣᠢ?
ᠶᠠᠪ ᠨᠤᠲᠤᠭ ᠬᠠᠮᠢᠬ᠎ᠠ?
ᠶᠠᠪᠤᠳᠠᠯ ᠤᠴᠢᠷ ᠶᠠᠭᠤᠨ ᠳ᠋ᠤ᠌ ᠪᠣᠢ?》
ᠠᠯᠲᠠᠨ ᠭᠠᠯᠠᠭᠤ ᠬᠦᠦ
ᠠᠭᠤᠷ ᠨᠢ ᠬᠦᠷᠴᠦ ᠬᠡᠯᠡᠭᠰᠡᠨ ᠨᠢ ᠄
《ᠬᠡᠪ ᠨᠤᠲᠤᠭ ᠪᠠᠷᠠᠭᠤᠨ ᠤᠷᠲᠤ
ᠬᠡᠳᠦ ᠵᠣᠷᠢᠭ ᠴᠢᠮ᠎ᠠ ᠳ᠋ᠤ᠌
ᠶᠠᠪ ᠨᠤᠲᠤᠭ ᠪᠠᠷᠠᠭᠤᠨ ᠤᠷᠲᠤ
ᠶᠠᠪᠤᠳᠠᠯ ᠤᠴᠢᠷ ᠴᠢᠮ᠎ᠠ ᠳ᠋ᠤ᠌! 》 ᠭᠡᠵᠡᠢ᠃
ᠮᠠᠩᠭᠤᠰ ᠣᠷᠣᠢ ᠶ᠋ᠢᠨ ᠦᠰᠦ ᠨᠢ ᠣᠷᠪᠣᠰᠬᠢᠵᠦ
ᠣᠭᠣᠴᠢ ᠶ᠋ᠢᠨ ᠰᠠᠬᠠᠯ ᠨᠢ ᠰᠠᠷᠪᠠᠰᠬᠢᠭᠡᠳ ᠄
《ᠡᠵᠡᠨ ᠬᠠᠭᠠᠨ ᠤ᠋ ᠵᠣᠬᠢᠶᠠᠭᠰᠠᠨ
ᠡᠷᠢᠶᠡᠨ ᠨᠤᠮᠤ ᠰᠤᠮᠤ ᠪᠠᠷ ᠠᠭᠤᠯᠵᠠᠨ᠎ᠠ ᠤᠤ?
ᠡᠷ᠎ᠡ ᠪᠡᠶ᠎ᠡ ᠶ᠋ᠢᠨ ᠴᠢᠳᠠᠯ
ᠤᠯᠠᠭᠠᠨ ᠨᠢᠳᠤᠷᠬᠠ ᠪᠠᠷ ᠠᠭᠤᠯᠵᠠᠨ᠎ᠠ ᠤᠤ?》ᠭᠡᠵᠡᠢ᠃
《ᠠᠯᠢ ᠨᠢ ᠴᠦ᠍ ᠬᠠᠮᠢᠶ᠎ᠠ ᠦᠭᠡᠢ
ᠠᠯᠢ ᠳᠤᠷ᠎ᠠ ᠲᠠᠢ ᠪᠠᠷ ᠢ᠋ᠶ᠋ᠠᠨ ᠪᠣᠯ! 》
《ᠬᠣᠯᠠ ᠠ᠋ᠴᠠ ᠢᠷᠡᠭᠡ ᠪᠡᠷ ᠢ᠋ᠶ᠋ᠡᠨ
ᠪᠢ ᠡᠬᠢᠯᠡᠬᠦ ᠤᠤ?
ᠬᠣᠲᠠᠨ ᠳ᠋ᠠᠭᠠᠨ ᠪᠠᠢᠬᠤ ᠪᠠᠷ ᠢᠶᠠᠨ
ᠴᠢ ᠡᠬᠢᠯᠡᠬᠦ ᠤᠤ?》
《ᠬᠣᠯᠠ ᠠ᠋ᠴᠠ ᠢᠷᠡᠭᠰᠡᠨ ᠳᠡᠭᠡᠷ᠎ᠡ ᠪᠡᠨ
ᠬᠣᠪᠳᠣᠭ ᠰᠠᠨᠠᠭᠠᠲᠤ ᠴᠢ ᠡᠬᠢᠯᠡ!》
ᠠᠨᠳᠠᠯᠠᠢ ᠰᠢᠷ᠎ᠠ ᠮᠠᠩᠭᠤᠰ
ᠦᠬᠡᠷ ᠴᠢᠯᠠᠭᠤᠨ ᠳᠡᠭᠡᠷ᠎ᠡ ᠭᠠᠷᠴᠤ
ᠠᠯᠲᠠᠨ ᠭᠠᠯᠠᠭᠤ ᠬᠦᠦ
ᠬᠤᠨ ᠴᠠᠭᠠᠨ ᠬᠠᠳᠠᠨ ᠳᠡᠭᠡᠷ᠎ᠡ ᠭᠠᠷᠴᠠᠢ᠃
ᠮᠢᠬᠠᠨ ᠤᠯᠠᠭᠠᠨ ᠪᠢᠯᠠᠭᠤ ᠪᠠᠨ
ᠮᠠᠩᠭᠤᠰ ᠰᠢᠳᠡᠬᠦ ᠳ᠋ᠡᠭᠡᠨ ᠰᠢᠪᠰᠢᠭᠰᠡᠨ ᠨᠢ᠄
《ᠭᠠᠷᠬᠤ ᠳ᠋ᠠᠭᠠᠨ ᠭᠠᠯ ᠤᠯᠠᠭᠠᠨ
ᠭᠠᠷᠤᠭᠰᠠᠨ ᠬᠣᠢᠨ᠎ᠠ ᠪᠠᠨ ᠴᠣᠭ ᠤᠯᠠᠭᠠᠨ
ᠬᠦᠷᠬᠦ ᠳ᠋ᠡᠭᠡᠨ ᠬᠦᠷᠡᠩ ᠤᠯᠠᠭᠠᠨ
ᠬᠦᠷᠦᠭᠰᠡᠨ ᠬᠣᠢᠨ᠎ᠠ ᠪᠠᠨ ᠠᠶᠤᠩᠭ᠎ᠠ ᠪᠣᠯᠵᠤ
ᠠᠯᠲᠠᠨ ᠭᠠᠯᠠᠭᠤ ᠬᠦᠦ ᠶ᠋ᠢᠨ
ᠠᠮᠢ ᠭᠣᠣᠯ ᠢ᠋ ᠨᠢ ᠲᠠᠰᠤᠯᠵᠤ
ᠦᠬᠡᠷ ᠣᠷᠬᠢᠷᠠᠬᠤ ᠰᠡᠪᠡᠰᠦ ᠦᠭᠡᠢ
ᠦᠨᠡᠭᠡ ᠰᠢᠩᠰᠢᠬᠦ ᠶᠠᠰᠤ ᠦᠭᠡᠢ ᠪᠤᠯᠬ᠎ᠠ!》ᠭᠡᠵᠡᠢ᠃
ᠠᠯᠲᠠᠨ ᠭᠠᠯᠠᠭᠤ ᠥᠪᠡᠷ ᠢ᠋ᠶ᠋ᠡᠨ
ᠠᠭᠠᠷ ᠲᠤ᠌ ᠪᠣᠯᠵᠣᠮᠠᠷ (ᠪᠣᠯᠵᠣᠮᠣᠷ) ᠪᠣᠯᠤᠨ ᠨᠢᠰᠴᠦ
ᠠᠭᠲᠠ ᠬᠦᠯᠦᠭ ᠮᠣᠷᠢ ᠪᠠᠨ
ᠤᠰᠤᠨ ᠳ᠋ᠤ᠌ ᠵᠢᠷᠠᠭᠠᠬᠠᠢ ᠪᠣᠯᠭᠠᠨ ᠣᠷᠣᠭᠤᠯᠵᠠᠢ᠃
ᠮᠠᠩᠭᠤᠰ ᠤ᠋ᠨ ᠰᠢᠲᠠᠵᠤ ᠶᠠᠪᠤᠭᠤᠯᠤᠭᠰᠠᠨ
ᠮᠢᠬᠠᠨ ᠤᠯᠠᠭᠠᠨ ᠪᠢᠯᠠᠭᠤ
ᠬᠤᠨ ᠴᠠᠭᠠᠨ ᠬᠠᠳᠠ ᠶ᠋ᠢ
ᠬᠣᠪᠬᠤ ᠴᠣᠬᠢᠨ ᠬᠠᠶᠠᠵᠠᠢ᠃
ᠠᠭᠲᠠ ᠮᠣᠷᠢ ᠨᠢ ᠢᠷᠡᠵᠦ
ᠠᠯᠲᠠᠨ ᠭᠠᠯᠠᠭᠤ ᠪᠠᠭᠤᠭᠠᠳ
ᠬᠠᠨ ᠭᠠᠷᠤᠳᠢ ᠶ᠋ᠢᠨ ᠰᠢᠳᠢᠲᠦ ᠰᠤᠮᠤ ᠪᠠᠨ
ᠬᠠᠷᠪᠤᠵᠤ ᠶᠠᠪᠤᠭᠤᠯᠬᠤ ᠪᠠᠷ ᠣᠨᠢᠯᠠᠵᠤ
ᠣᠷᠣᠬᠤ ᠶ᠋ᠢᠨ ᠨᠠᠷᠠᠨ ᠢ᠋ᠶ᠋ᠠᠷ ᠲᠠᠲᠠᠵᠤ
ᠭᠠᠷᠬᠤ ᠶ᠋ᠢᠨ ᠨᠠᠷᠠ ᠬᠦᠷᠭᠡᠵᠦ
ᠬᠥᠪᠴᠢᠨ ᠡᠴᠡ ᠨᠢ ᠬᠡᠷᠢᠶ᠎ᠡ ᠳᠤᠤᠭᠠᠷᠭᠠᠵᠤ
ᠭᠣᠳᠣᠯᠢ ᠠ᠋ᠴᠠ ᠨᠢ ᠭᠣᠯᠢᠶ᠎ᠠ ᠳᠤᠤᠭᠠᠷᠤᠭᠠᠳ
ᠠᠨᠳᠠᠯᠠᠢ ᠰᠢᠷ᠎ᠠ ᠮᠠᠩᠭᠤᠰ ᠢ᠋
ᠠᠰᠯᠠᠭᠤᠯᠵᠤ ᠪᠠᠢᠭᠠᠳ ᠬᠠᠷᠪᠤᠵᠠᠢ᠃
ᠰᠤᠮᠤ ᠨᠢ ᠭᠠᠷᠬᠤ ᠳ᠋ᠠᠭᠠᠨ ᠭᠠᠯ ᠤᠯᠠᠭᠠᠨ
ᠭᠠᠷᠤᠭᠰᠠᠨ ᠬᠣᠢᠨ᠎ᠠ ᠪᠠᠨ ᠴᠣᠭ ᠤᠯᠠᠭᠠᠨ
ᠬᠦᠷᠬᠦ ᠳ᠋ᠡᠭᠡᠨ ᠬᠦᠷᠡᠩ ᠤᠯᠠᠭᠠᠨ
ᠬᠦᠷᠦᠭᠰᠡᠨ ᠬᠣᠢᠨ᠎ᠠ ᠪᠠᠨ ᠠᠶᠤᠩᠭ᠎ᠠ ᠪᠣᠯᠵᠤ
ᠠᠷᠪᠠᠨ ᠲᠠᠪᠤᠨ ᠲᠣᠯᠣᠭᠠᠢ ᠲᠠᠢ
ᠠᠨᠳᠠᠯᠠᠢ ᠰᠢᠷ᠎ᠠ ᠮᠠᠩᠭᠤᠰ ᠤ᠋ᠨ
ᠬᠠᠲᠠᠭ᠎ᠠ ᠬᠠᠪᠢᠷᠭ᠎ᠠ ᠶ᠋ᠢ ᠨᠢ ᠬᠠᠲᠠᠵᠤ
ᠬᠠᠯᠠᠭᠤᠨ ᠵᠢᠷᠦᠬᠡ ᠶ᠋ᠢ ᠨᠢ ᠰᠤᠭᠤᠯᠤᠭᠠᠳ ᠭᠠᠷᠴᠠᠢ᠃
ᠠᠭᠤᠰᠬᠢ ᠵᠢᠷᠦᠬᠡᠨ ᠦ᠌ ᠪᠡᠨ ᠣᠷᠣᠨ ᠳ᠋ᠤ᠌
ᠤᠯᠠᠭᠠᠨ ᠳᠤᠷᠳᠤᠩ ᠴᠢᠬᠢᠭᠰᠡᠨ
ᠬᠠᠲᠠᠭ᠎ᠠ ᠬᠠᠪᠢᠷᠭᠠᠨ ᠤ᠋ ᠪᠠᠨ ᠣᠷᠣᠨ ᠳ᠋ᠤ᠌
ᠬᠠᠷ᠎ᠠ ᠳᠠᠪᠤᠤ ᠪᠠᠷ ᠣᠷᠢᠶᠠᠭᠠᠳ
ᠠᠨᠳᠠᠯᠠᠢ ᠰᠢᠷ᠎ᠠ ᠮᠠᠩᠭᠤᠰ ᠢᠷᠡᠵᠦ
ᠠᠯᠲᠠᠨ ᠭᠠᠯᠠᠭᠤ ᠬᠦᠦ ᠶ᠋ᠢᠨ
ᠠᠷᠤ ᠪᠡᠶ᠎ᠡ ᠡᠴᠡ ᠨᠢ ᠠᠪᠴᠤ
ᠠᠷᠪᠠ ᠬᠣᠷᠢ ᠳᠤᠭᠲᠤᠷᠴᠤ
ᠳᠠᠯᠤ ᠮᠥᠷᠥ ᠡᠴᠡ ᠨᠢ ᠠᠪᠴᠤ
ᠳᠠᠯ᠎ᠠ ᠨᠠᠶᠠ ᠳᠤᠭᠲᠤᠷᠤᠭᠠᠳ ᠬᠠᠶᠠᠬᠤ ᠳ᠋ᠤ᠌
ᠡᠪᠦᠳᠦᠭ ᠨᠢ ᠭᠠᠵᠠᠷ ᠰᠢᠭᠢᠳᠦᠭᠡᠳ ᠬᠦᠦ
ᠦᠰᠦᠷᠦᠨ ᠬᠠᠷᠠᠢᠵᠤ ᠪᠣᠰᠤᠭᠠᠳ
ᠠᠨᠳᠠᠯᠠᠢ ᠰᠢᠷ᠎ᠠ ᠮᠠᠩᠭᠤᠰ ᠤ᠋ᠨ
ᠠᠮᠠᠨ ᠬᠦᠵᠦᠭᠦᠦ ᠡᠴᠡ ᠨᠢ ᠠᠳᠬᠤᠵᠤ
ᠠᠪᠤᠷᠭᠤ ᠬᠦᠴᠦᠨ ᠢ᠋ᠶ᠋ᠡᠷ ᠰᠢᠳᠡᠬᠦ ᠳ᠋ᠦ᠍
ᠠᠷᠪᠠᠨ ᠵᠠᠩ ᠭᠠᠵᠠᠷ ᠰᠢᠭᠢᠳᠴᠡᠢ᠃
ᠬᠥᠮᠦᠨ ᠢ᠋ ᠬᠠᠷᠠᠬᠤ ᠨᠢᠳᠦ ᠨᠢ
ᠬᠦᠵᠦᠭᠦᠨ ᠳᠡᠭᠡᠷ᠎ᠡ ᠨᠢ ᠭᠠᠷᠤᠭᠠᠳ
ᠬᠦᠷᠡᠩ ᠤᠯᠠᠭᠠᠨ ᠬᠠᠮᠠᠷ ᠨᠢ
ᠮᠠᠩᠨᠠᠢ ᠲᠠᠢ ᠪᠠᠨ ᠨᠡᠢᠯᠡᠭᠡᠳ
ᠠᠨᠳᠠᠯᠠᠢ ᠰᠢᠷ᠎ᠠ ᠮᠠᠩᠭᠤᠰ
ᠠᠮᠡᠠᠯᠠᠵᠤ ᠲᠠᠩᠭᠠᠷᠢᠭᠯᠠᠵᠤ ᠭᠤᠶᠤᠭᠰᠠᠨ ᠨᠢ᠄
《ᠨᠣᠮᠣᠬᠠᠨ ᠮᠣᠷᠢᠨ ᠤ᠋ ᠴᠢᠨᠢ ᠨᠣᠭᠲᠣ
ᠳᠣᠭᠰᠢᠨ ᠮᠣᠷᠢᠨ ᠤ ᠴᠢᠨᠢ ᠴᠢᠳᠥᠷ
ᠠᠶᠠᠭᠠᠨ ᠤ᠋ ᠴᠢᠨᠢ ᠲᠠᠯᠪᠢᠭᠤᠷ
ᠠᠳᠤᠭᠤᠨ ᠤ᠋ ᠴᠢᠨᠢ ᠮᠠᠨᠠᠭᠠᠴᠢ ᠪᠣᠯᠤᠶ᠎ᠠ!
ᠠᠯᠲᠠᠨ ᠭᠠᠯᠠᠭᠤ ᠨᠣᠶᠠᠨ ᠮᠢᠨᠢ
ᠠᠮᠢ ᠶ᠋ᠢ ᠮᠢᠨᠢ ᠠᠪᠤᠷᠠ!》 ᠭᠡᠵᠡᠢ᠃
《ᠠᠪᠤ ᠶ᠋ᠢᠨ ᠳᠠᠩᠰᠠᠨ ᠳ᠋ᠤ᠌ ᠦᠵᠡᠪᠡᠯ
ᠠᠯᠠᠬᠤ ᠦᠭᠡᠢ ᠪᠣᠯ ᠪᠣᠯᠬᠤ ᠦᠭᠡᠢ
ᠡᠵᠢ ᠶ᠋ᠢᠨ ᠳᠠᠩᠰᠠᠨ ᠳ᠋ᠤ᠌ ᠦᠵᠡᠪᠡᠯ
ᠡᠪᠳᠡᠬᠦ ᠦᠭᠡᠢ ᠪᠣᠯ ᠪᠣᠯᠬᠤ ᠦᠭᠡᠢ!》 ᠭᠡᠳ
ᠠᠯᠲᠠᠨ ᠭᠠᠯᠠᠭᠤ ᠬᠦᠦ
ᠠᠨᠳᠠᠯᠠᠢ ᠰᠢᠷ᠎ᠠ ᠮᠠᠩᠭᠤᠰ ᠢ᠋
ᠬᠣᠨᠢᠨ ᠤ᠋ ᠮᠠᠶᠢᠭ ᠢ᠋ᠶ᠋ᠠᠷ ᠠᠯᠠᠵᠤ
ᠦᠬᠡᠷ ᠤᠨ ᠮᠠᠶᠢᠭ ᠢ᠋ᠶ᠋ᠠᠷ ᠡᠪᠳᠡᠵᠦ
ᠬᠡᠰᠡᠭ ᠬᠡᠰᠡᠭ ᠣᠭᠲᠣᠯᠤᠨ ᠬᠠᠶᠠᠬᠤ ᠳ᠋ᠤ᠌
ᠬᠡᠷᠢᠶ᠎ᠡ ᠪᠣᠯᠤᠨ ᠨᠢᠰᠴᠡᠢ
ᠤᠷᠲᠤ ᠤᠷᠲᠤ ᠵᠦᠰᠦᠭᠡᠳ ᠬᠠᠶᠠᠬᠤ ᠳ᠋ᠤ᠌
ᠤᠷᠲᠤ ᠬᠣᠷᠣᠬᠠᠢ ᠪᠣᠯᠤᠨ ᠮᠥᠯᠬᠥᠵᠡᠢ᠃
ᠶᠠᠰᠤ ᠮᠢᠬᠠᠨ ᠤ᠋ ᠦᠯᠡᠳᠡᠭᠳᠡᠯ ᠨᠢ
ᠢᠯᠠᠭ᠎ᠠ ᠪᠣᠯᠤᠨ ᠨᠢᠰᠴᠡᠢ
ᠭᠠᠯᠳᠠᠵᠤ ᠰᠢᠲᠠᠭᠠᠭᠰᠠᠨ ᠦᠭᠡᠢ ᠳ᠋ᠡᠭᠡᠨ ᠬᠦᠦ
ᠭᠠᠰᠢᠭᠤᠳᠠᠵᠤ ᠠᠮᠠ ᠪᠠᠨ ᠪᠠᠷᠢᠵᠠᠢ᠃
* * *
— — — —
① ᠣᠯᠣᠮ — ᠣᠯᠣᠩ
ᠠᠨᠳᠠᠯᠠᠢ ᠰᠢᠷ᠎ᠠ ᠮᠠᠩᠭᠤᠰ ᠢ ᠳᠠᠷᠤᠭᠠᠳ
ᠠᠯᠲᠠᠨ ᠭᠠᠯᠠᠭᠤ ᠬᠦᠦ
ᠠᠮᠤᠷᠴᠤ ᠰᠡᠳᠬᠢᠯ ᠲᠠᠢᠪᠤᠰᠢᠷᠠᠵᠤ
ᠠᠮᠢᠰᠬᠤᠵᠤ ᠳᠣᠣᠷ᠎ᠠ ᠪᠠᠨ ᠰᠠᠭᠤᠭᠠᠳ
ᠭᠠᠩ ᠪᠣᠯᠣᠳ ᠬᠡᠲᠡ ᠪᠡᠨ
ᠭᠠᠭᠴᠠ ᠬᠣᠶᠠᠷ ᠬᠠᠪᠢᠷᠴᠤ
ᠭᠠᠯᠠᠭᠤᠨ ᠬᠦᠵᠦᠭᠦᠨ ᠭᠠᠩᠰᠠᠨ ᠳ᠋ᠠᠭᠠᠨ
ᠭᠠᠯᠵᠠᠭᠤ ᠤᠯᠠᠭᠠᠨ ᠲᠠᠮᠠᠬᠢ ᠪᠠᠨ ᠨᠡᠷᠡᠵᠡᠢ᠃
ᠵᠠᠪᠠᠵᠢᠨ ᠤ᠋ ᠬᠢᠨᠢ ᠤᠲᠤᠭ᠎ᠠ
ᠽᠠᠮᠪᠤᠲᠢᠪ ᠢ᠋ ᠪᠦᠷᠬᠦᠵᠡᠢ
ᠣᠭᠣᠴᠢᠨ ᠤ᠋ ᠬᠢᠨᠢ ᠤᠲᠤᠭ᠎ᠠ
ᠣᠳᠣᠨ ᠮᠡᠴᠢᠳ ᠢ ᠬᠠᠯᠠᠭᠯᠠᠵᠠᠢ᠃
ᠲᠣᠭᠣᠰ ᠬᠦᠷᠡᠩ ᠮᠣᠷᠢ ᠨᠢ
ᠲᠣᠯᠣᠭᠠᠢ ᠤᠨᠵᠢᠢᠨ ᠰᠠᠨᠠᠭ᠎ᠠ ᠠᠯᠳᠠᠵᠠᠢ᠃
ᠠᠯᠲᠠᠨ ᠭᠠᠯᠠᠭᠤ ᠰᠠᠨᠳᠤᠷᠤᠭᠠᠳ
ᠠᠭᠲᠠ ᠮᠣᠷᠢᠨ ᠠ᠋ᠴᠠ ᠪᠠᠨ ᠠᠰᠠᠭᠤᠭᠰᠠᠨ ᠨᠢ ᠄
《ᠭᠠᠪᠰᠢᠭᠠᠢ ᠲᠥᠷᠥᠭᠰᠡᠨ ᠪᠡᠶ᠎ᠡ ᠳ᠋ᠦ᠍ ᠮᠢᠨᠢ
ᠴᠢᠮᠡᠭ ᠪᠣᠯᠤᠭᠰᠠᠨ ᠮᠣᠷᠢ ᠮᠢᠨᠢ
ᠭᠠᠭᠴᠠᠭᠠᠷ ᠶᠠᠪᠤᠭ᠎ᠠ ᠨᠠᠳᠠ ᠳ᠋ᠤ᠌
ᠨᠥᠬᠥᠷ ᠪᠣᠯᠤᠭᠰᠠᠨ ᠮᠣᠷᠢ ᠮᠢᠨᠢ
ᠬᠣᠯᠠ ᠵᠠᠮ ᠢ᠋ ᠬᠥᠭᠡᠭᠡᠬᠦ ᠳ᠋ᠦ᠍
ᠵᠢᠭᠦᠷ ᠪᠣᠯᠤᠭᠰᠠᠨ ᠮᠣᠷᠢ ᠮᠢᠨᠢ
ᠬᠣᠣᠷᠲᠠᠨ ᠳᠠᠢᠰᠤᠨ ᠢ ᠳᠠᠷᠤᠬᠤ ᠳ᠋ᠤ᠌
ᠵᠡᠪᠰᠡᠭ ᠪᠣᠯᠤᠭᠰᠠᠨ ᠮᠣᠷᠢ ᠮᠢᠨᠢ
ᠰᠠᠨᠠᠭ᠎ᠠ ᠶᠠᠭᠤᠨ ᠳᠤ ᠠᠯᠳᠠᠪᠠ?
ᠰᠠᠢᠨ ᠦᠭᠡᠢ ᠶᠠᠭᠤ ᠲᠣᠬᠢᠶᠠᠯᠳᠤᠪᠠ?
ᠡᠵᠡᠨ ᠡᠴᠡ ᠪᠡᠨ ᠪᠢᠲᠡᠭᠡᠢ ᠨᠢᠭᠤ
ᠡᠷᠡᠭᠡᠯᠡᠯ ᠦᠭᠡᠢ ᠪᠦᠭᠦᠳᠡ ᠶ᠋ᠢ ᠬᠡᠯᠡ!》
ᠲᠣᠭᠣᠰ ᠬᠦᠷᠡᠩ ᠮᠣᠷᠢ ᠨᠢ
ᠲᠣᠯᠣᠭᠠᠢ ᠪᠠᠨ ᠡᠷᠭᠦᠭᠡᠳ ᠬᠠᠷᠢᠭᠤᠯᠤᠭᠰᠠᠨ ᠨᠢ᠄
《ᠠᠨᠳᠠᠯᠠᠢ ᠰᠢᠷ᠎ᠠ ᠲᠠᠢ ᠪᠠᠢᠯᠳᠤᠵᠤ ᠪᠠᠢᠬᠤ ᠳ᠋ᠤ᠌ ᠴᠢᠨᠢ
ᠠᠷᠴᠢ ᠶ᠋ᠢᠨ ᠬᠠᠷ᠎ᠠ ᠮᠠᠩᠭᠤᠰ ᠢᠷᠡᠵᠦ
ᠠᠷᠢᠭᠤᠨ ᠨᠤᠲᠤᠭ ᠢ᠋ ᠴᠢᠨᠢ ᠪᠤᠵᠠᠷᠯᠠᠵᠤ
ᠠᠰᠠᠷ ᠲᠠᠭᠲᠤ ᠶ᠋ᠢ ᠴᠢᠨᠢ ᠭᠠᠯᠳᠠᠵᠤ
ᠠᠪᠤ ᠡᠵᠢ ᠶ᠋ᠢ ᠴᠢᠨᠢ ᠲᠠᠰᠢᠭᠤᠷᠳᠠᠵᠤ
ᠠᠪᠠᠯᠢ ᠬᠠᠲᠤᠨ ᠢ᠋ ᠴᠢᠨᠢ ᠪᠤᠯᠢᠶᠠᠵᠤ
ᠠᠯᠪᠠᠲᠤ ᠢᠷᠭᠡᠳ ᠢ᠋ ᠴᠢᠨᠢ ᠬᠥᠭᠡᠭᠡᠵᠦ
ᠠᠳᠤᠭᠤ ᠮᠠᠯ ᠢ᠋ ᠴᠢᠨᠢ ᠲᠠᠭᠤᠵᠤ ᠠᠪᠠᠴᠢᠪᠠ!》 ᠭᠡᠵᠡᠢ᠃
ᠠᠯᠲᠠᠨ ᠭᠠᠯᠠᠭᠤ ᠰᠣᠨᠣᠰᠴᠤ
ᠠᠭᠤᠷ ᠭᠢᠯᠢᠭ ᠨᠢ ᠪᠠᠳᠠᠷᠠᠵᠤ
ᠤᠬᠤᠰᠬᠢᠵᠦ ᠪᠣᠰᠤᠨ ᠮᠣᠷᠳᠠᠭᠠᠳ᠂
ᠡᠷᠳᠡᠨᠢ ᠶ᠋ᠢᠨ ᠬᠦᠯᠦᠭ ᠮᠣᠷᠢᠨ ᠤ᠋ ᠪᠠᠨ
ᠭᠤᠶ᠎ᠠ ᠶ᠋ᠢ ᠨᠢ ᠲᠠᠭᠠᠷᠠᠭᠤᠯᠤᠨ
ᠭᠤᠷᠪᠠ ᠰᠢᠪᠬᠠᠳᠠᠵᠤ
ᠲᠠᠰᠢᠶ᠎ᠠ ᠶ᠋ᠢ ᠨᠢ ᠳᠠᠭᠠᠷᠢᠭᠤᠯᠤᠨ
ᠲᠠᠪᠤ ᠰᠢᠪᠬᠠᠳᠠᠵᠠᠢ᠃
ᠡᠷᠡᠯᠬᠡᠭ ᠪᠠᠭᠠᠲᠤᠷᠯᠢᠭ ᠡᠵᠡᠨ ᠨᠢ
ᠡᠷ᠎ᠡ ᠴᠢᠳᠠᠯ ᠢ᠋ᠶ᠋ᠠᠷ ᠬᠠᠪᠴᠢᠵᠤ
ᠡᠮᠡᠭᠡᠯ ᠬᠠᠵᠠᠭᠠᠷᠲᠤ ᠮᠣᠷᠢ ᠨᠢ
ᠡᠷᠴᠢᠲᠦ ᠬᠦᠴᠦᠨ ᠢ᠋ᠶ᠋ᠡᠷ ᠬᠠᠷᠠᠢᠵᠦ
ᠬᠥᠷᠥᠰᠥᠲᠦ ᠠᠯᠲᠠᠨ ᠳᠡᠯᠡᠬᠡᠢ ᠳ᠋ᠦ᠍
ᠬᠥᠯ ᠢ᠋ᠶ᠋ᠡᠨ ᠬᠠᠶᠠ ᠲᠥᠷᠥᠨ
ᠬᠥᠪᠥᠩ ᠴᠠᠭᠠᠨ ᠡᠭᠦᠯᠡᠨ ᠳ᠋ᠦ᠍
ᠳᠡᠯ ᠢ᠋ᠶ᠋ᠡᠨ ᠬᠠᠶᠠ ᠱᠦᠷᠭᠦᠭᠡᠨ
ᠵᠢᠯ ᠦ᠋ᠨ ᠭᠠᠵᠠᠷ ᠢ᠋ ᠰᠠᠷ᠎ᠠ ᠪᠠᠷ
ᠰᠠᠷ᠎ᠠ ᠶ᠋ᠢᠨ ᠭᠠᠵᠠᠷ ᠢ᠋ ᠡᠳᠦᠷ ᠢ᠋ᠶ᠋ᠡᠷ ᠶᠠᠪᠤᠵᠤ
ᠥᠰᠴᠦ ᠲᠥᠷᠥᠭᠰᠡᠨ ᠨᠤᠲᠤᠭ ᠲᠠᠭᠠᠨ ᠬᠦᠷᠬᠦ ᠳ᠋ᠦ᠍
ᠦᠵᠡᠰᠢ ᠦᠭᠡᠢ ᠶᠠᠭᠤᠮ᠎ᠠ ᠬᠠᠷᠠᠭᠳᠠᠵᠠᠢ᠄
ᠵᠡᠭᠦᠨ ᠲᠠᠯ᠎ᠠ ᠶ᠋ᠢᠨ ᠠᠭᠤᠯᠠ ᠨᠢ
ᠪᠠᠷᠠᠭᠤᠨ ᠲᠠᠯ᠎ᠠ ᠳ᠋ᠤᠨᠢ ᠲᠣᠩᠭᠣᠷᠠᠨ
ᠪᠠᠷᠠᠭᠤᠨ ᠲᠠᠯ᠎ᠠ ᠶ᠋ᠢᠨ ᠠᠭᠤᠯᠠ ᠨᠢ
ᠵᠡᠭᠦᠨ ᠲᠠᠯ᠎ᠠ ᠲᠣᠩᠭᠣᠷᠠᠵᠠᠢ᠃
ᠨᠠᠭᠤᠷ ᠳᠠᠯᠠᠢ ᠶ᠋ᠢᠨ ᠤᠰᠤ ᠨᠢ
ᠨᠤᠨᠲᠠᠭ ᠱᠠᠯᠪᠠᠭ ᠪᠣᠯᠵᠠᠢ
ᠨᠤᠲᠤᠭ ᠳᠡᠭᠡᠷ᠎ᠡ ᠪᠡᠨ ᠬᠦᠷᠬᠦ ᠳ᠋ᠦ᠍ᠨᠢ
ᠨᠣᠷᠮ᠎ᠠ ᠦᠨᠡᠰᠦ ᠬᠠᠷᠠᠭᠳᠠᠵᠠᠢ᠃
ᠤᠯᠤᠰ ᠤᠯᠤᠰ ᠲᠤ᠌ ᠪᠠᠢᠳᠠᠭ ᠦᠭᠡᠢ
ᠤᠯᠠᠭᠠᠨ ᠽᠠᠨᠳᠠᠨ ᠥᠷᠥᠭᠡ ᠨᠢ
ᠤᠯᠠᠭᠠᠨ ᠨᠣᠷᠮ᠎ᠠ ᠪᠣᠯᠤᠭᠠᠳ
ᠤᠲᠤᠭ᠎ᠠ ᠴᠤ᠌ ᠭᠠᠷᠬᠤ ᠪᠠᠨ ᠪᠣᠯᠢᠵᠠᠢ᠃
ᠡᠷᠳᠡᠨᠢ ᠶ᠋ᠢᠨ ᠬᠦᠯᠦᠭ ᠡᠴᠡ ᠪᠡᠨ ᠪᠠᠭᠤᠭᠠᠳ
ᠠᠯᠮᠠᠢᠷᠠᠨ ᠠᠯᠬᠤᠵᠤ ᠶᠠᠪᠤᠲᠠᠯ᠎ᠠ
ᠤᠯᠠᠭᠠᠨ ᠽᠠᠨᠳᠠᠨ ᠤᠶᠠᠭᠠᠨ ᠤ᠋ ᠬᠢᠨᠢ
ᠤᠭ ᠨᠢ ᠭᠣᠳᠣᠢᠵᠤ ᠬᠠᠷᠠᠭᠳᠠᠵᠠᠢ᠃
ᠠᠭᠤᠷᠯᠠᠭᠰᠠᠨ ᠠᠭᠤᠷ ᠲᠠᠭᠠᠨ ᠢᠰᠬᠦᠯᠬᠦ ᠳ᠋ᠦ᠍
ᠣᠭᠰᠢᠭᠠᠳ ᠤᠶᠠᠭ᠎ᠠ ᠨᠢ ᠤᠨᠠᠵᠠᠢ᠃
ᠣᠩᠭᠣᠢᠭᠰᠠᠨ ᠨᠦᠬᠡᠨ ᠦ᠌ ᠳᠣᠲᠣᠷ᠎ᠠ ᠠ᠋ᠴᠠ
ᠤᠭᠤᠲᠠ ᠲᠠᠢ ᠵᠠᠬᠢᠳᠠᠯ ᠭᠠᠷᠴᠠᠢ᠂
ᠵᠠᠬᠢᠳᠠᠯ ᠢ᠋ ᠰᠢᠭᠦᠷᠡᠨ ᠠᠪᠴᠤ
ᠵᠠᠳᠠᠯᠤᠨ ᠨᠡᠭᠡᠭᠡᠵᠦ ᠦᠵᠡᠪᠡᠯ
ᠠᠯᠲᠠᠨ ᠭᠠᠯᠠᠭᠤ ᠳ᠋ᠠᠭᠠᠨ ᠦᠯᠡᠳᠡᠭᠡᠭᠰᠡᠨ
ᠠᠪᠠᠭᠠᠢ ᠨᠠᠢᠬᠠᠨ(ᠶᠢᠨ ᠬᠢᠨ ᠦ) ᠪᠢᠴᠢᠭ ᠪᠠᠢᠵᠠᠢ᠃
《ᠠᠮᠠᠷᠠᠭ ᠬᠠᠢᠷᠠᠲᠤ ᠬᠥᠮᠦᠨ ᠮᠢᠨᠢ
ᠠᠯᠲᠠᠨ ᠭᠠᠯᠠᠭᠤ ᠴᠢ ᠮᠢᠨᠢ᠄
ᠠᠪᠤ ᠡᠵᠢ᠂ ᠠᠪᠠᠯᠢ ᠭᠡᠷᠭᠡᠢ᠂
ᠠᠯᠪᠠᠲᠤ ᠢᠷᠭᠡᠳ᠂ ᠠᠳᠤᠭᠤ ᠮᠠᠯ ᠢ᠋ ᠴᠢᠨᠢ
ᠠᠷᠴᠢ ᠶ᠋ᠢᠨ ᠬᠠᠷ᠎ᠠ ᠮᠠᠩᠭᠤᠰ ᠢᠷᠡᠵᠦ
ᠠᠶᠤᠯᠭᠠᠵᠤ ᠬᠥᠭᠡᠭᠡᠵᠦ ᠠᠪᠠᠴᠢᠪᠠ᠃》
* * *
《ᠪᠣᠱᠣᠭ᠎ᠠ ᠶ᠋ᠢᠨ ᠴᠢᠨᠢ ᠳᠣᠣᠷ᠎ᠠ
ᠪᠣᠷᠣ ᠢᠷᠭᠡ ᠶ᠋ᠢᠨ ᠮᠢᠬ᠎ᠠ ᠪᠠᠢᠨ᠎ᠠ
ᠭᠣᠯᠣᠮᠲᠠ ᠶ᠋ᠢᠨ ᠴᠢᠨᠢ ᠳᠣᠣᠷ᠎ᠠ
ᠭᠠᠤᠯᠢᠨ ᠳᠣᠩᠪᠣ ᠲᠠᠢ ᠴᠠᠢ ᠪᠠᠢᠨ᠎ᠠ
ᠬᠠᠢᠷᠠᠲᠤ ᠨᠥᠬᠥᠷ ᠴᠢ ᠮᠢᠨᠢ
ᠬᠠᠯᠠᠭᠤᠨ ᠪᠠᠢᠪᠠᠯ ᠤᠤᠭᠤᠵᠤ ᠢᠳᠡᠭᠡᠷᠡᠢ᠃》
* * *
《ᠠᠳᠤᠭᠤᠨ ᠤ᠋ ᠠᠭ ᠰᠠᠬᠠᠯᠲᠠᠢ ᠡᠪᠦᠭᠡᠨ ᠴᠢᠨᠢ
ᠠᠮᠠ ᠴᠠᠭᠠᠨ ᠬᠤᠯᠠᠭᠴᠢ ᠭᠡᠭᠦᠦ ᠶ᠋ᠢᠨ
ᠭᠤᠨᠵᠢᠨ ᠪᠠᠢᠳᠠᠰᠤ ᠶ᠋ᠢ ᠤᠨᠤᠵᠤ
ᠭᠤᠷᠪᠠᠨ ᠬᠣᠨᠣᠭ ᠳᠤᠲᠠᠭᠠᠬᠤ ᠳ᠋ᠤ᠌
ᠮᠠᠩᠭᠤᠰ ᠪᠠᠷᠢᠵᠤ ᠴᠢᠳᠠᠭᠰᠠᠨ ᠦᠭᠡᠢ
ᠮᠢᠲᠠᠷᠠᠭᠠᠳ ᠪᠤᠴᠠᠭᠠᠳ ᠶᠠᠪᠤᠭᠰᠠᠨ ᠶᠤᠮ᠃
ᠠᠭ ᠰᠠᠬᠠᠯᠲᠠᠢ ᠡᠪᠦᠭᠡᠨ ᠲᠡᠢ ᠪᠡᠨ
ᠠᠭᠤᠯᠵᠠᠵᠤ ᠠᠷᠭ᠎ᠠ ᠤᠬᠠᠭᠠᠨ ᠢ᠋ᠶ᠋ᠠᠨ ᠣᠯᠤᠭᠠᠷᠠᠢ》 ᠭᠡᠵᠡᠢ᠃
* * *
ᠠᠯᠲᠠᠨ ᠭᠠᠯᠠᠭᠤ ᠬᠦᠦ
ᠢᠷᠭᠡ ᠶ᠋ᠢᠨ ᠮᠢᠬ᠎ᠠ ᠪᠠᠨ ᠢᠳᠡᠵᠦ
ᠢᠳᠡᠭᠡᠰᠢᠭᠰᠡᠨ ᠴᠠᠢ ᠪᠠᠨ ᠤᠤᠭᠤᠭᠠᠳ
ᠢᠳᠡ ᠬᠦᠴᠦ ᠴᠢᠩᠭᠠᠷᠠᠭᠠᠳ
ᠠᠭᠲᠠ ᠮᠣᠷᠢᠨ ᠳ᠋ᠠᠭᠠᠨ ᠮᠣᠷᠳᠠᠵᠤ
ᠠᠭ ᠰᠠᠬᠠᠯᠲᠠᠢ ᠡᠪᠦᠭᠡᠨ ᠢ᠋ᠶ᠋ᠡᠨ ᠡᠷᠢᠵᠦ
ᠠᠷᠪᠠᠨ ᠵᠢᠯᠠᠭ᠎ᠠ ᠶ᠋ᠢ ᠳᠠᠮᠵᠢᠨ
ᠠᠷᠪᠠ ᠬᠣᠨᠣᠭ ᠶᠠᠪᠤᠵᠤ
ᠬᠣᠷᠢᠨ ᠵᠢᠯᠠᠭ᠎ᠠ ᠶ᠋ᠢ ᠳᠡᠮᠵᠢᠵᠦ
ᠬᠣᠷᠢ ᠬᠣᠨᠣᠭ ᠶᠠᠪᠤᠭᠠᠳ
ᠬᠣᠭᠣᠰᠣᠨ ᠪᠤᠴᠠᠬᠤ ᠳ᠋ᠤ᠌ ᠬᠦᠷᠴᠦ
ᠬᠣᠢᠰᠢ ᠡᠷᠭᠢᠭᠡᠳ ᠶᠠᠪᠤᠲᠠᠯ᠎ᠠ
ᠠᠳᠤᠭᠤ ᠢᠨᠴᠠᠭᠠᠬᠤ ᠳᠠᠭᠤ
ᠡᠡᠷᠦ ᠳ᠋ᠦ᠍ᠨᠢ ᠣᠢᠷ᠎ᠠ ᠰᠣᠨᠣᠰᠳᠠᠵᠠᠢ᠃
ᠠᠯᠲᠠᠨ ᠭᠠᠯᠠᠭᠤ ᠪᠠᠶᠠᠷᠯᠠᠭᠠᠳ
ᠠᠰᠯᠠᠭᠤᠡ ᠳᠠᠰᠢ ᠳᠠᠪᠬᠢᠵᠠᠢ᠃
ᠠᠳᠤᠭᠤᠨ ᠤ᠋ ᠠᠭ ᠰᠠᠬᠠᠯᠲᠠᠢ ᠡᠪᠦᠭᠡᠨ ᠨᠢ
ᠠᠮᠠᠷᠠᠨ ᠬᠡᠪᠲᠡᠵᠦ ᠪᠠᠢᠬᠤ ᠬᠠᠷᠠᠭᠳᠠᠵᠠᠢ᠃
ᠠᠭ ᠰᠠᠬᠠᠯᠲᠠᠢ ᠡᠪᠦᠭᠡᠨ ᠦ᠌ ᠬᠠᠵᠠᠭᠤ ᠳ᠋ᠤ᠌
ᠠᠮᠠ ᠴᠠᠭᠠᠨ ᠬᠤᠯᠠᠭᠴᠢ ᠭᠡᠭᠦᠦ ᠶ᠋ᠢᠨ
ᠭᠤᠨᠵᠢᠨ ᠪᠠᠢᠳᠠᠰᠤ ᠰᠠᠬᠢᠭᠠᠳ
ᠭᠤᠯᠳᠤᠢᠨ ᠵᠣᠭᠰᠣᠵᠤ ᠪᠠᠢᠵᠠᠢ᠃
ᠬᠥᠯ ᠤᠨ ᠲᠦᠪᠦᠷᠭᠡᠨ ᠰᠣᠨᠣᠰᠴᠤ
ᠬᠥᠮᠦᠨ ᠦ᠌ ᠪᠠᠷ᠎ᠠ ᠬᠠᠷᠠᠭᠠᠳ
ᠬᠥᠭᠡᠷᠦᠬᠦᠢ ᠪᠠᠢᠳᠠᠰᠤ ᠡᠪᠦᠭᠡ ᠪᠡᠨ
ᠬᠥᠳᠡᠯᠭᠡᠭᠡᠳ ᠰᠡᠷᠢᠬᠦ ᠦᠭᠡᠢ ᠪᠣᠯᠡᠡᠦ ᠳ᠋ᠦ᠍
ᠴᠠᠪᠴᠢᠪᠠᠯ ᠰᠢᠷᠬᠠᠲᠤᠬᠤ ᠠ᠋ᠴᠠ ᠨᠢ ᠠᠶᠤᠭᠠᠳ
ᠴᠢᠷᠦᠭᠡᠡ ᠴᠠᠰᠢ ᠭᠦᠶᠦᠵᠡᠢ᠃
ᠡᠪᠦᠭᠡᠨ ᠰᠣᠴᠢᠨ ᠰᠡᠷᠢᠭᠡᠳ
ᠥᠨᠳᠡᠢᠨ ᠪᠣᠰᠴᠤ ᠮᠣᠷᠳᠠᠭᠠᠳ
ᠥᠭᠡᠳᠡ ᠤᠷᠤᠭᠤ ᠬᠠᠮᠢᠶᠠᠷᠤᠯ ᠦᠭᠡᠢ
ᠡᠮᠦᠨᠡᠰᠢ ᠪᠡᠨ ᠳᠠᠪᠬᠢᠭᠠᠳ ᠪᠠᠢᠵᠠᠢ᠃
* * *
ᠠᠭ ᠰᠠᠬᠠᠯᠲᠠᠢ ᠡᠪᠦᠭᠡᠨ ᠦ᠌ ᠬᠣᠢᠨ᠎ᠠ ᠠ᠋ᠴᠠ
ᠠᠯᠲᠠᠨ ᠭᠠᠯᠠᠭᠤ ᠨᠡᠬᠡᠵᠦ
ᠠᠯᠳᠠᠯ ᠦᠭᠡᠢ ᠳᠠᠪᠬᠢᠵᠤ
ᠭᠤᠷᠪᠠᠨ ᠬᠣᠨᠣᠭ ᠶᠠᠪᠤᠵᠠᠢ᠃
ᠠᠭ ᠰᠠᠬᠠᠯᠲᠠᠢ ᠡᠪᠦᠭᠡᠨ ᠳᠤᠲᠠᠭᠠᠵᠤ ᠪᠠᠢᠭᠠᠳ
ᠭᠱᠠᠨ ᠵᠠᠭᠤᠷ᠎ᠠ ᠰᠠᠨᠠᠭᠰᠠᠨ ᠨᠢ ᠄
《ᠲᠣᠭᠣᠰ ᠬᠦᠷᠡᠩ ᠮᠣᠷᠢᠨ ᠠ᠋ᠴᠠ ᠥᠭᠡᠷ᠎ᠡ
ᠲᠣᠭᠣᠰᠣ ᠶ᠋ᠢ ᠨᠢ ᠦᠵᠡᠬᠦ ᠮᠣᠷᠢ ᠬᠣᠪᠣᠷ》ᠭᠡᠳ
ᠡᠷᠭᠢᠵᠦ ᠬᠣᠢᠰᠢ ᠬᠠᠷᠠᠭᠠᠳ
ᠢᠩᠭᠢᠵᠦ ᠡᠪᠦᠭᠡᠨ ᠬᠠᠰᠬᠢᠷᠴᠠᠢ᠄
《ᠠᠭᠤᠢ ᠤᠯᠠᠭᠠᠨ ᠬᠠᠨ ᠤ᠋ ᠬᠦᠦ
ᠠᠯᠲᠠᠨ ᠭᠠᠯᠠᠭᠤ ᠮᠥᠨ ᠶᠦᠮ ᠪᠣᠯ
ᠬᠠᠨ ᠭᠠᠷᠤᠳᠢ ᠶ᠋ᠢᠨ ᠰᠣᠳᠣᠳᠤ ᠰᠤᠮᠤ ᠪᠠᠨ
ᠬᠠᠷᠪᠤᠵᠤ ᠨᠠᠳᠠ ᠳ᠋ᠤ᠌ ᠲᠠᠨᠢᠭᠳᠠ!》
ᠠᠭ ᠰᠠᠬᠠᠯᠲᠠᠢ ᠡᠪᠦᠭᠡᠨ ᠦ᠌ ᠬᠡᠯᠡᠭᠰᠡᠨ ᠢ᠋
ᠠᠯᠲᠠᠨ ᠭᠠᠯᠠᠭᠤ ᠣᠯᠵᠤ ᠰᠣᠨᠣᠰᠤᠭᠠᠳ
ᠳᠡᠭᠡᠭᠦᠷ ᠬᠠᠷᠪᠤᠪᠠᠯ
ᠡᠪᠦᠭᠡᠨ ᠢ᠋ ᠠᠯᠠᠬᠤ ᠠ᠋ᠴᠠ ᠠᠶᠤᠵᠤ
ᠳᠣᠤᠭᠤᠷ ᠬᠠᠷᠪᠤᠪᠠᠯ
ᠮᠣᠷᠢ ᠶ᠋ᠢ ᠨᠢ ᠠᠯᠠᠬᠤ ᠠ᠋ᠴᠠ ᠪᠣᠯᠭᠣᠮᠵᠢᠯᠠᠵᠤ
ᠳᠤᠮᠳᠠᠭᠤᠷ ᠨᠢ ᠵᠢᠭᠠᠭᠠᠳ ᠬᠠᠷᠪᠤᠬᠤ ᠳ᠋ᠤ᠌
ᠡᠮᠡᠭᠡᠯ ᠤᠨ ᠬᠣᠩᠬᠣᠷ ᠢ᠋ᠶ᠋ᠠᠷ ᠰᠤᠮᠤ ᠨᠢ ᠣᠷᠣᠵᠠᠢ᠃
ᠡᠪᠦᠭᠡᠨ ᠦᠵᠡᠵᠦ ᠲᠠᠨᠢᠭᠠᠳ
ᠦᠰᠦᠷᠦᠭᠡᠳ ᠮᠣᠷᠢᠨ ᠠ᠋ᠴᠠ ᠪᠠᠨ ᠪᠠᠭᠤᠵᠠᠢ᠃
ᠡᠪᠦᠭᠡᠨ ᠵᠠᠯᠠᠭᠤ ᠬᠣᠶᠠᠭᠤᠯᠠ ᠠᠭᠤᠯᠵᠠᠭᠠᠳ
ᠥᠰᠢᠶ᠎ᠡ ᠬᠣᠷᠣᠰᠤᠯ ᠲᠣᠭᠠᠴᠢᠨ ᠤᠬᠢᠯᠠᠭᠠᠳ
ᠬᠠᠨᠳᠠᠯ᠎ᠠ ᠬᠣᠶᠠᠭᠤᠯᠠ ᠶᠠᠷᠢᠯᠴᠠᠭᠠᠳ
ᠬᠠᠷᠢᠵᠤ ᠨᠤᠲᠤᠭ ᠲᠠᠭᠠᠨ ᠪᠤᠴᠠᠭᠠᠳ
ᠠᠳᠤᠭᠤᠨ ᠤ᠋ ᠠᠭ ᠰᠠᠬᠠᠯᠲᠠᠢ ᠡᠪᠦᠭᠡᠨ ᠢ᠋ᠶ᠋ᠡᠨ
ᠠᠩᠬᠠᠨ ᠤ᠋ ᠨᠤᠲᠤᠭ ᠲᠠᠭᠠᠨ ᠬᠣᠴᠣᠷᠭᠠᠵᠤ
ᠠᠯᠲᠠᠨ ᠭᠠᠯᠠᠭᠤ ᠥᠪᠡᠷ ᠢ᠋ᠶ᠋ᠡᠨ
ᠡᠡᠯᠤᠰ ᠤ᠋ᠨ ᠲᠡᠢᠨ ᠳ᠋ᠦ᠍ ᠮᠣᠷᠳᠠᠵᠠᠢ᠃
* * *
ᠬᠥᠨᠳᠡᠢ ᠭᠤᠷᠪᠠ ᠥᠩᠭᠡᠷᠡᠵᠦ
ᠬᠥᠲᠥᠯ ᠭᠤᠷᠪᠠ ᠶ᠋ᠢ ᠳᠠᠪᠠᠲᠠᠯ᠎ᠠ᠂
ᠬᠥᠭᠡᠷᠦᠬᠦᠨ ᠨᠢᠭᠡ ᠬᠡᠦᠬᠡᠳ
ᠬᠥᠨᠳᠡᠯᠢᠳᠦᠨ ᠡᠮᠦᠨ᠎ᠡ ᠨᠢ ᠪᠠᠢᠵᠠᠢ᠃
ᠠᠯᠲᠠᠨ ᠭᠠᠯᠠᠭᠤ ᠮᠣᠷᠢᠨ ᠠ᠋ᠴᠠ ᠪᠠᠨ ᠪᠠᠭᠤᠨ
ᠠᠵᠢᠭᠯᠠᠵᠤ ᠬᠦᠦ ᠶ᠋ᠢ ᠬᠠᠷᠠᠪᠠᠯ
ᠨᠢᠭᠤᠷ ᠲᠠᠭᠠᠨ ᠭᠠᠯ ᠲᠠᠢ
ᠨᠢᠳᠦᠨ ᠳ᠋ᠡᠭᠡᠨ ᠴᠣᠭ ᠲᠠᠢ
ᠠᠯᠲᠠᠨ ᠴᠡᠭᠡᠵᠢ ᠲᠡᠢ
ᠮᠥᠩᠭᠥᠨ ᠪᠥᠭᠰᠡ ᠲᠡᠢ
ᠲᠣᠬᠣᠢ ᠶ᠋ᠢᠨ ᠴᠢᠨᠡᠭᠡ ᠪᠡᠶ᠎ᠡ ᠲᠡᠢ ᠬᠦᠦ
ᠲᠡᠮᠦᠷ ᠥᠯᠥᠭᠡᠢ ᠳᠣᠲᠣᠷ᠎ᠠ
ᠲᠣᠬᠢᠲᠠᠢᠬᠠᠨ ᠬᠡᠪᠲᠡᠵᠦ
ᠲᠣᠷᠮᠣᠯᠵᠠᠩᠬᠠᠨ ᠬᠠᠷᠠᠵᠤ ᠪᠠᠢᠵᠠᠢ᠃
ᠠᠪᠴᠤ ᠬᠦᠦ ᠶ᠋ᠢ ᠲᠡᠪᠡᠷᠢᠭᠡᠳ
ᠠᠯᠲᠠᠨ ᠭᠠᠯᠠᠭᠤ ᠠᠰᠠᠭᠤᠭᠰᠠᠨ ᠨᠢ᠄
《ᠶᠠᠮᠠᠷ ᠬᠥᠮᠦᠨ ᠦ᠌ ᠬᠦᠦ ᠪᠤᠢ?
ᠶᠠᠭᠠᠬᠢᠭᠠᠳ ᠡᠨᠳᠡ ᠪᠠᠢᠬᠤ ᠶᠤᠮ ᠪᠣᠢ?》
ᠠᠯᠲᠠᠨ ᠴᠡᠭᠡᠵᠢ ᠲᠡᠢ ᠬᠦᠦ
ᠠᠩᠭᠠᠯᠵᠠᠵᠤ ᠢᠨᠢᠶᠡᠭᠡᠳ ᠬᠠᠷᠢᠭᠤᠯᠤᠭᠰᠠᠨ ᠨᠢ᠄
ᠠᠯᠲᠠᠨ ᠭᠠᠯᠠᠭᠤ ᠠᠪᠤ ᠲᠠᠢ ᠰᠠᠨ
ᠤᠰᠤᠨ ᠪᠣᠯᠣᠷ ᠡᠵᠢ ᠲᠡᠢ ᠰᠠᠨ
ᠮᠠᠩᠭᠤᠰ ᠲᠤ᠌ ᠪᠠᠷᠢᠭᠳᠠᠭᠠᠳ ᠶᠠᠪᠤᠬᠤ ᠳ᠋ᠠᠭᠠᠨ
ᠮᠢᠨᠦ ᠡᠵᠢ ᠨᠠᠮᠠᠶ᠋ᠢ ᠦᠯᠡᠳᠡᠭᠡᠵᠦ᠄
<ᠠᠲᠠᠭᠠᠲᠠᠨ ᠳᠠᠢᠰᠤᠨ ᠤ᠋ ᠨᠤᠲᠤᠭ ᠲᠤ᠌
ᠠᠪᠴᠤ ᠶᠠᠪᠤᠬᠤ ᠦᠭᠡᠢ ᠴᠢᠮᠠᠶ᠋ᠢ ᠪᠠᠨ
ᠥᠰᠪᠡᠴᠦ ᠥᠪᠡᠷ ᠦ᠋ᠨ ᠴᠢᠨᠢ ᠨᠤᠲᠤᠭ
ᠦᠬᠦᠪᠡᠴᠦ ᠥᠪᠡᠷ ᠦ᠋ᠨ ᠴᠢᠨᠢ ᠨᠤᠲᠤᠭ!> ᠭᠡᠵᠦ
ᠠᠩᠭᠢᠷ ᠤᠭᠤᠷᠠᠭ ᠢ᠋ᠶ᠋ᠠᠨ ᠰᠢᠮᠡᠭᠦᠯᠦᠭᠡᠳ
ᠠᠯᠲᠠᠨ ᠨᠢᠯᠪᠤᠰᠤ ᠪᠠᠨ ᠪᠥᠮᠪᠥᠷᠢᠭᠦᠯᠦᠭᠡᠳ ᠶᠠᠪᠤᠪᠠ᠃》
《ᠬᠡᠨ ᠴᠢᠮᠠᠶ᠋ᠢ ᠲᠡᠵᠢᠭᠡᠵᠦ ᠪᠠᠢᠬᠤ ᠪᠣᠢ?
ᠬᠡᠷᠬᠢᠨ ᠴᠢ ᠥᠰᠴᠦ ᠪᠠᠢᠬᠤ ᠪᠣᠢ?》
ᠲᠩᠷᠢ ᠶ᠋ᠢᠨ ᠭᠤᠷᠪᠠᠨ ᠳᠠᠭᠢᠨᠢ
ᠲᠡᠵᠢᠭᠡᠵᠦ ᠪᠠᠢᠳᠠᠭ ᠶᠤᠮ
ᠡᠳᠦᠷ ᠦ᠋ᠨ ᠭᠤᠷᠪᠠᠨ ᠠᠶᠠᠭ᠎ᠠ ᠰᠦ ᠪᠡᠷ
ᠥᠰᠬᠡᠵᠦ ᠪᠠᠢᠳᠠᠭ ᠶᠤᠮ᠃》
ᠨᠢᠯᠬ᠎ᠠ ᠦᠷ᠎ᠡ ᠪᠡᠨ ᠦᠵᠡᠭᠡᠳ
ᠨᠢᠳᠦᠨ ᠦ᠌ ᠨᠢᠯᠪᠤᠰᠤ ᠪᠠᠨ ᠤᠨᠠᠭᠠᠵᠤ
ᠠᠯᠲᠠᠨ ᠭᠠᠯᠠᠭᠤ ᠠᠪᠤ ᠨᠢ ᠬᠦᠦ ᠪᠡᠨ
ᠠᠷᠤ ᠭᠡᠷ ᠲᠡᠭᠡᠨ ᠠᠪᠠᠴᠢᠵᠤ
ᠠᠭ ᠰᠠᠬᠠᠯᠲᠠᠢ ᠡᠪᠦᠭᠡᠨ ᠳ᠋ᠡᠭᠡᠨ ᠥᠭᠭᠦᠭᠡᠳ
ᠠᠬᠢᠭᠠᠳ ᠲᠡᠢᠨ ᠳ᠋ᠡᠭᠠᠨ ᠮᠣᠷᠳᠠᠵᠠᠢ᠃
ᠬᠦᠦ ᠶ᠋ᠢᠨ ᠪᠠᠢᠭᠰᠠᠨ ᠠ᠋ᠴᠠ ᠥᠩᠭᠡᠷᠡᠵᠦ
ᠬᠥᠲᠥᠯ ᠭᠤᠷᠪᠠ ᠶᠢ ᠳᠠᠪᠠᠲᠠᠯ᠎ᠠ
ᠲᠥᠭᠡ ᠴᠢᠨᠡᠭᠡ ᠴᠢᠬᠢ ᠲᠡᠢ
ᠲᠡᠮᠦᠷ ᠬᠥᠬᠡ ᠤᠨᠠᠭ᠎ᠠ ᠲᠠᠭᠠᠷᠠᠯᠳᠤᠵᠠᠢ᠃
《ᠶᠠᠮᠠᠷ ᠭᠡᠭᠦᠨ ᠦ᠌ ᠤᠨᠠᠭ᠎ᠠ ᠪᠣᠢ?
ᠶᠠᠭᠠᠬᠢᠭᠠᠳ ᠡᠨᠳᠡ ᠪᠠᠢᠨ᠎ᠠ ᠪᠣᠢ?》ᠭᠡᠬᠦ ᠳ᠋ᠦ᠍
《ᠠᠯᠲᠠᠨ ᠭᠠᠯᠠᠭᠤ ᠶ᠋ᠢᠨ ᠠᠳᠤᠭᠤᠨ ᠤ᠋
ᠠᠮᠠ ᠴᠠᠭᠠᠨ ᠬᠤᠯᠠᠭᠴᠢ ᠭᠡᠭᠦᠦ ᠶ᠋ᠢᠨ ᠤᠨᠠᠭ᠎ᠠ
ᠠᠯᠲᠠᠨ ᠴᠡᠭᠡᠵᠢ ᠲᠡᠢ
ᠮᠥᠩᠭᠥᠨ ᠪᠥᠭᠰᠡ ᠲᠡᠢ ᠬᠦᠦ ᠶ᠋ᠢᠨ ᠤᠨᠤᠭ᠎ᠠ ᠮᠥᠨ
ᠡᠵᠡᠨ ᠦ᠌ ᠪᠡᠨ ᠥᠰᠬᠦ ᠶ᠋ᠢ ᠬᠦᠯᠢᠶᠡᠵᠦ
ᠡᠨᠳᠡ ᠪᠢ ᠬᠦᠯᠢᠶᠡᠵᠦ ᠪᠠᠢᠨ᠎ᠠ!》 ᠭᠡᠵᠡᠢ᠃
ᠦᠷᠦ ᠡᠪᠡᠳᠴᠦ ᠤᠨᠠᠭ᠎ᠠ ᠶ᠋ᠢ ᠬᠠᠢᠷᠠᠯᠠᠭᠠᠳ
ᠥᠨᠳᠥᠷ ᠰᠢᠯᠢ ᠶ᠋ᠢᠨ ᠣᠷᠣᠢ ᠳᠡᠭᠡᠷ᠎ᠡ ᠭᠠᠷᠭᠠᠵᠤ
ᠥᠪᠡᠷ ᠦ᠋ᠨ ᠨᠤᠲᠤᠭ ᠢ᠋ᠶ᠋ᠠᠨ ᠵᠢᠭᠠᠵᠤ ᠦᠬᠦᠭᠡᠳ
ᠡᠮᠦᠨᠡᠰᠢ ᠳᠠᠪᠬᠢᠭᠠᠳ ᠶᠠᠪᠤᠵᠠᠢ᠃
* * *
~ ᠦᠷᠭᠦᠯᠵᠢᠯᠡᠯ ᠪᠤᠢ ~
