ᠡᠬᠡ ᠶ᠋ᠢᠨ ᠠᠴᠢ -ᠭ· ᠲᠠᠸᠠᠳᠠᠯᠠᠢEgeegiin ach-G·DavaadalaiЭгээгийн ач-Г·Даваадалай ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠶ᠋ᠢᠨ ᠠᠴᠢ -ᠭ· ᠲᠠᠸᠠᠳᠠᠯᠠᠢEgeegiin ach-G·DavaadalaiЭгээгийн ач-Г·Даваадалай

ᠡᠬᠡ ᠶ᠋ᠢᠨ ᠠᠴᠢ -ᠭ· ᠲᠠᠸᠠᠳᠠᠯᠠᠢEgeegiin ach-G·DavaadalaiЭгээгийн ач-Г·Даваадалай

2025-12-15

391

ᠡᠬᠡ ᠶ᠋ᠢᠨ ᠠᠴᠢ


    ᠮᠣᠩᠭᠣᠯ ᠠᠷᠠᠳ ᠤ᠋ᠨ ᠳᠠᠭᠤᠤ 
    — ᠭ· ᠲᠠᠸᠠᠳᠠᠯᠠᠢ ᠳᠠᠭᠤᠯᠠᠨ᠎ᠠ 

ᠪᠥᠮᠪᠥᠷ ᠪᠥᠮᠪᠥᠷ ᠮᠣᠳᠣᠨ ᠳ᠋ᠤ᠌ 
ᠪᠦᠷᠭᠦᠳ ᠰᠢᠪᠠᠭᠤ ᠪᠥᠷᠡᠭᠡᠨ᠎ᠡ ᠳᠡ ᠬᠦ 

ᠪᠥᠭᠡᠷᠡᠩᠬᠡᠢ ᠪᠡᠶ᠎ᠡ ᠶ᠋ᠢ ᠮᠢᠨᠢ ᠥᠰᠬᠡᠭᠰᠡᠨ 
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨᠠᠮ ᠪᠣᠢ ᠬᠦ 
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨᠠᠮ ᠪᠣᠢ ᠬᠦ 

ᠰᠠᠭᠯᠠᠭᠠᠷ ᠰᠠᠭᠯᠠᠭᠠᠷ ᠮᠣᠳᠣᠨ ᠳ᠋ᠤ᠌ 
ᠱᠠᠭᠠᠵᠠᠭᠠᠢ ᠰᠢᠪᠠᠭᠤ ᠱᠠᠭᠰᠢᠷᠠᠨ᠎ᠠ 
ᠰᠠᠢᠬᠠᠨ ᠪᠡᠶ᠎ᠡ ᠶ᠋ᠢ ᠮᠢᠨᠢ ᠥᠰᠬᠡᠭᠰᠡᠨ 
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨᠠᠮ ᠪᠣᠢ ᠬᠦ 
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨᠠᠮ ᠪᠣᠢ ᠬᠦ 

ᠬᠠᠷ᠎ᠠ ᠬᠠᠳᠠᠨ ᠤ᠋  ᠥᠪᠥᠷ ᠲᠦ᠍
ᠬᠠᠯᠢᠭᠤᠨ ᠴᠡᠴᠡᠭ ᠨᠠᠢᠭᠤᠨ᠎ᠠ
ᠬᠠᠷᠠᠩᠭᠤᠢ ᠰᠥᠨᠢ ᠪᠡᠷ ᠬᠥᠬᠥᠭᠦᠯᠦᠭᠰᠡᠨ
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨᠠᠮ ᠪᠣᠢ ᠬᠦ
ᠡᠵᠢ ᠶ᠋ᠢᠨ ᠢ᠋ᠶ᠋ᠡᠨ ᠠᠴᠢ ᠶᠠᠭᠠᠬᠢᠨᠠᠮ ᠪᠣᠢ ᠬᠦ

ᠴᠠᠭᠠᠨ ᠬᠠᠳᠠᠨ ᠤ᠋ ᠥᠪᠥᠷ ᠲᠦ᠍
ᠴᠠᠭᠠᠨ ᠴᠡᠴᠡᠭ ᠨᠠᠢᠭᠤᠨ᠎ᠠ ᠳᠠ ᠬᠦ
ᠴᠠᠭᠠᠨ ᠰᠦ ᠪᠡᠨ ᠰᠢᠮᠡᠭᠦᠯᠦᠭᠰᠡᠨ
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨᠠᠮ ᠪᠣᠢ ᠬᠦ
ᠡᠵᠢ ᠶ᠋ᠢᠨ ᠢ᠋ᠶ᠋ᠡᠨ ᠠᠴᠢ ᠶ᠋ᠢ ᠶᠠᠭᠠᠬᠢᠨᠠᠮ ᠪᠣᠢ ᠬᠦ
       ᠶᠠᠭᠠᠬᠢᠨᠠᠮ ᠪᠣᠢ ᠬᠦ
       ᠶᠠᠭᠠᠬᠢᠨᠠᠮ ᠪᠣᠢ ᠬᠦ

  ᠦᠰᠦᠭ ᠠᠮᠢᠯᠠᠭᠤᠯᠤᠭᠴᠢ᠄ ᠵᠢ᠊· ᠣᠶᠤᠨᠴᠡᠴᠡᠭ
  ᠦᠰᠦᠭ ᠬᠠᠲᠠᠭᠴᠢ᠄  ᠵᠢ᠊· ᠣᠶᠤᠨᠴᠡᠴᠡᠭ
  ᠬᠢᠨᠠᠭᠴᠢ᠄ ᠰᠡᠴᠡᠨᠭᠡᠷᠡᠯ᠂ ᠣᠳᠬᠠᠨᠰᠣ᠎ᠠ