ᠱᠢ ᠲᠧᠦ ᠬᠡ ᠬᠡ -ᠨᠠᠢᠷ ᠬᠠᠮᠲᠤᠯᠢᠭ Shi düü ge ge-Nair khamtlagШи дүү гэ гэ-Найр хамтлаг ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠢ ᠲᠧᠦ ᠬᠡ ᠬᠡ -ᠨᠠᠢᠷ ᠬᠠᠮᠲᠤᠯᠢᠭ Shi düü ge ge-Nair khamtlagШи дүү гэ гэ-Найр хамтлаг

ᠱᠢ ᠲᠧᠦ ᠬᠡ ᠬᠡ -ᠨᠠᠢᠷ ᠬᠠᠮᠲᠤᠯᠢᠭ Shi düü ge ge-Nair khamtlagШи дүү гэ гэ-Найр хамтлаг

2025-12-15

325

ᠱᠢ ᠲᠧᠦ ᠬᠡ ᠬᠡ

      ᠠᠷᠠᠳ ᠤ᠋ᠨ ᠳᠠᠭᠤᠤ 
       ᠳᠠᠭᠤᠴᠢᠨ᠄ ᠨᠠᠢᠷ ᠬᠠᠮᠲᠤᠯᠢᠭ 

ᠬᠠᠰᠢᠶᠠᠨ ᠳ᠋ᠤ᠌ ᠪᠠᠨ ᠲᠠᠷᠢᠭᠰᠠᠨ ᠬᠠᠢᠲᠠᠩ ᠯᠢᠩᠬᠤ᠎ᠠ ᠴᠡᠴᠡᠭ ᠨᠢ 
ᠬᠤᠷ᠎ᠠ ᠪᠣᠷᠣᠭᠠᠨ ᠢ᠋ᠶ᠋ᠠᠨ ᠦᠵᠡᠪᠡᠯ ᠰᠡᠷᠪᠡᠯᠵᠡᠨ᠎ᠡ ᠬᠦ 
ᠰᠠᠢᠬᠠᠨ ᠲᠥᠷᠥᠭᠰᠡᠨ ᠰᠢᠵᠢᠳ ᠠᠩᠭ᠎ᠠ ᠴᠢᠨᠢ 
ᠱᠢ ᠲᠧᠦ ᠬᠡ ᠬᠡ ᠪᠡᠨ ᠦᠵᠡᠪᠡᠯ ᠪᠠᠶᠠᠷᠯᠠᠴᠢᠬᠠᠨ᠎ᠠ ᠬᠦ 
ᠪᠠᠶᠠᠷᠯᠠᠬᠤ ᠦᠭᠡᠢ ᠶᠠᠭᠠᠬᠢᠨ᠎ᠠ ᠳᠠ ᠬᠦ 


ᠨᠠᠷᠢᠨ ᠴᠢᠭᠢᠭ ᠲᠡᠭᠡᠨ ᠲᠠᠷᠢᠭᠰᠠᠨ ᠨᠠᠷᠢᠮᠤ ᠪᠤᠳᠠᠭ᠎ᠠ ᠴᠢᠨᠢ ᠬᠦ 
ᠨᠠᠷᠠᠨ ᠬᠤᠷ᠎ᠠ ᠪᠠᠨ ᠦᠵᠡᠪᠡᠯ ᠨᠠᠢᠭᠤᠭᠠᠳ ᠪᠠᠢᠨ᠎ᠠ ᠬᠦ 
ᠨᠠᠮᠤᠭᠤᠬᠠᠨ ᠲᠥᠷᠥᠭᠰᠡᠨ ᠰᠢᠵᠢᠳ ᠠᠩᠭ᠎ᠠ ᠴᠢᠨᠢ 
ᠱᠢ ᠲᠧᠦ ᠬᠡ ᠬᠡ ᠪᠡᠨ ᠪᠣᠳᠣᠪᠠᠯ ᠳᠤᠷᠠᠰᠤᠭᠠᠳ ᠪᠠᠢᠨ᠎ᠠ ᠬᠦ 
ᠲᠡᠭᠡᠭᠡᠳ ᠳᠤᠷᠠᠰᠬᠤ ᠦᠭᠡᠢ ᠪᠡᠷ ᠪᠣᠯᠤᠨ᠎ᠠ ᠤᠤ ᠳᠠ ᠬᠦ

ᠬᠠᠰᠢᠶᠠᠨ ᠳ᠋ᠤ᠌ ᠪᠠᠨ ᠵᠠᠢᠯᠠᠭᠰᠠᠨ ᠬᠠᠢᠲᠠᠩ ᠯᠢᠩᠬᠤ᠎ᠠ ᠴᠡᠴᠡᠭ ᠨᠢ
ᠬᠤᠷ᠎ᠠ ᠪᠣᠷᠣᠭᠠᠨ ᠢ᠋ᠶ᠋ᠠᠨ ᠦᠵᠡᠪᠡᠯ ᠰᠡᠷᠪᠡᠯᠵᠡᠨ᠎ᠡ ᠬᠦ
ᠰᠠᠢᠬᠠᠨ ᠲᠥᠷᠥᠭᠰᠡᠨ ᠰᠢᠵᠢᠳ ᠠᠩᠭ᠎ᠠ ᠴᠢᠨᠢ
ᠱᠢ ᠲᠧᠦ ᠬᠡ ᠬᠡ ᠪᠡᠨ ᠦᠵᠡᠪᠡᠯ ᠮᠦᠰᠢᠶᠡᠯᠵᠡᠨ᠎ᠡ ᠳᠡ ᠬᠦ
ᠮᠦᠰᠢᠯᠵᠡᠬᠦ ᠦᠭᠡᠢ ᠶᠠᠭᠠᠬᠢᠨ᠎ᠠ ᠳᠠ ᠬᠦ

ᡂᠢ ᠰᠢ ᠳ᠋ᠦ᠍ ᠪᠡᠨ ᠲᠠᠷᠢᠭᠰᠠᠨ ᠰᠢᠰᠢ ᠪᠤᠳᠠᠭ᠎ᠠ
ᠴᠢᠭᠢᠭ ᠬᠤᠷ᠎ᠠ ᠪᠠᠨ ᠦᠵᠡᠪᠡᠯ ᠰᠡᠷᠪᠡᠯᠵᠡᠨ᠎ᠡ ᠬᠦ 
ᠴᠡᠪᠡᠷᠬᠡᠨ ᠲᠥᠷᠥᠭᠰᠡᠨ ᠰᠢᠵᠢᠳ ᠠᠩᠭ᠎ᠠ ᠴᠢᠨᠢ
ᠱᠢ ᠲᠧᠦ ᠬᠡ ᠬᠡ ᠪᠡᠨ ᠦᠵᠡᠪᠡᠯ ᠰᠠᠷᠪᠠᠯᠵᠠᠨ᠎ᠠ ᠬᠦ
ᠰᠡᠷᠪᠡᠯᠵᠡᠬᠦ ᠦᠭᠡᠢ ᠶᠠᠭᠠᠬᠢᠨ᠎ᠠ ᠳᠠ ᠬᠦ

ᠬᠠᠢᠨᠠᠨ ᠬᠣᠲᠠᠨ ᠠ᠋ᠴᠠ ᠪᠠᠨ ᠠᠪᠤᠭᠠᠳ ᠢᠷᠡᠭᠰᠡᠨ
ᠬᠥᠬᠡ ᠴᠦ᠍ ᠰᠠᠢᠬᠠᠨ ᠲᠣᠷᠭ᠎ᠠ ᠶᠤᠮ ᠬᠦ
ᠬᠠᠷᠠᠩᠭᠤᠢ ᠰᠥᠨᠢ ᠶ᠋ᠢᠨ ᠭᠦᠨ ᠢ᠋ᠶ᠋ᠡᠷ ᠢ᠋ᠶ᠋ᠡᠨ
ᠬᠤᠪᠢ ᠪᠠᠷ ᠢ᠋ᠶ᠋ᠠᠨ ᠣᠶᠣᠭᠠᠳ ᠥᠭᠭᠦᠭᠰᠡᠨ ᠶᠦᠮ ᠠ᠋
ᠬᠡᠨ ᠳ᠋ᠦ᠍ ᠣᠶᠣᠵᠤ ᠥᠭᠭᠦᠭᠰᠡᠨ ᠶᠦᠮ ᠪᠥᠭᠡᠷ᠎ᠡ ᠠ᠋
ᠱᠢ ᠲᠧᠦ ᠬᠡ ᠬᠡ ᠳ᠋ᠦ᠍ ᠪᠡᠨ ᠬᠦ

  ᠦᠰᠦᠭ ᠬᠠᠲᠠᠭᠰᠠᠨ ᠨᠢ᠄ ᠮᠥᠩᠭᠥᠨ
  ᠦᠰᠦᠭ ᠠᠮᠢᠯᠠᠭᠤᠯᠤᠭᠴᠢ᠄ ᠮᠥᠩᠭᠥᠨ