ᠽᠠᠨᠳᠠᠨ ᠬᠦᠷᠡᠩ -ᠠ᠊· ᠬᠣᠣᠰᠪᠠᠶᠠᠷ Zandan khüren-A·KhosbayarЗандан хүрэн-А·Хосбаяр ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠽᠠᠨᠳᠠᠨ ᠬᠦᠷᠡᠩ -ᠠ᠊· ᠬᠣᠣᠰᠪᠠᠶᠠᠷ Zandan khüren-A·KhosbayarЗандан хүрэн-А·Хосбаяр

ᠽᠠᠨᠳᠠᠨ ᠬᠦᠷᠡᠩ -ᠠ᠊· ᠬᠣᠣᠰᠪᠠᠶᠠᠷ Zandan khüren-A·KhosbayarЗандан хүрэн-А·Хосбаяр

2025-12-15

542

ᠽᠠᠨᠳᠠᠨ ᠬᠦᠷᠡᠩ


   ᠣᠷᠳᠣᠰ ᠠᠷᠠᠳ ᠤ᠋ᠨ ᠳᠠᠭᠤᠤ 
   ᠳᠠᠭᠤᠴᠢᠨ᠄  ᠠ᠊· ᠬᠣᠣᠰᠪᠠᠶᠠᠷ  

ᠽᠠᠨᠳᠠᠨ ᠬᠦᠷᠡᠩ ᠢ᠋ᠶ᠋ᠡᠨ ᠤᠨᠤᠭᠠᠳ 
ᠽᠠᠨᠳᠠᠨ ᠵᠣᠣ ᠳ᠋ᠠᠭᠠᠨ ᠮᠥᠷᠭᠥᠶ᠎ᠡ ᠳ᠋ᠣᠣ 
ᠽᠠᠮᠪᠤᠲᠢᠪ ᠤ᠋ᠨ ᠨᠠᠷᠠᠨ ᠳᠣᠣᠷ᠎ᠠ 
ᠠᠮᠤᠷ ᠵᠢᠷᠭᠠᠬᠤ ᠪᠣᠯᠲᠤᠭᠠᠢ 

ᠠᠯᠲᠠᠨ ᠲᠣᠪᠴᠢ ᠨᠢ ᠪᠠᠢᠭᠰᠠᠭᠠᠷ 
ᠠᠯᠳᠠᠵᠤ ᠶᠠᠪᠤᠳᠠᠭ ᠨᠢ ᠶᠠᠭᠤᠨ ᠤ᠋ ᠬᠢ ᠪᠣᠢ 
ᠠᠳᠠᠯᠢᠬᠠᠨ ᠦᠷ᠎ᠡ ᠨᠢ ᠪᠠᠢᠭᠰᠠᠭᠠᠷ 
ᠢᠯᠭᠠᠳᠠᠭ ᠨᠢ ᠶᠠᠭᠤᠨ ᠤ᠋ ᠬᠢ ᠪᠣᠢ 

ᠮᠥᠰᠥᠨ ᠳᠡᠭᠡᠭᠦᠷ ᠭᠦᠶᠦᠳᠡᠯ ᠲᠡᠢ
ᠮᠥᠩᠭᠥᠨ ᠴᠣᠬᠣᠷ ᠮᠣᠷᠢ ᠮᠢᠨᠢ ᠠ᠋
ᠮᠥᠩᠭᠥ ᠱ᠌ᠢᠷᠦ ᠨᠢ ᠴᠢᠮᠡᠭ ᠲᠡᠢ
ᠬᠡᠦᠬᠡᠨ ᠦᠷ᠎ᠡ ᠮᠢᠨᠢ ᠬᠥᠮᠦᠨ ᠦ᠌ ᠬᠢ ᠳᠡ

ᠮᠠᠩᠬᠠᠨ ᠭᠠᠵᠠᠷ ᠢ᠋ᠶ᠋ᠠᠷ ᠭᠦᠶᠦᠳᠡᠯ ᠲᠡᠢ
ᠮᠠᠩᠨᠠᠢ ᠬᠠᠯᠵᠠᠨ ᠮᠣᠷᠢ ᠮᠢᠨᠢ ᠠ᠋
ᠮᠠᠩᠨᠤᠭ ᠲᠣᠷᠭᠠᠨ ᠴᠢᠮᠡᠭ ᠲᠡᠢ
ᠬᠡᠦᠬᠡᠨ ᠦᠷ᠎ᠡ ᠮᠢᠨᠢ ᠬᠥᠮᠦᠨ ᠦ᠌ ᠬᠢ ᠳᠡ
ᠽᠠᠮᠪᠤᠲᠢᠪ ᠤ᠋ᠨ ᠨᠠᠷᠠᠨ ᠳᠣᠣᠷ᠎ᠠ
ᠠᠮᠤᠷ ᠵᠢᠷᠭᠠᠬᠤ ᠪᠣᠯᠲᠤᠭᠠᠢ

  ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ᠄ ᠰᠣᠨᠢᠨᠪᠠᠶᠠᠷ