ᠰᠢᠯᠢᠨ ᠭᠠᠯᠵᠠᠭᠤ ᠪᠠᠭᠠᠲᠤᠷ – ᠵᠥᠭᠡᠢ ᠮᠢᠵᠢᠳ ᠬᠦᠦ(2) Шилэн галзуу баатар – Зөгий мижид хүү(2)
ᠵᠥᠭᠡᠢ ᠮᠢᠵᠢᠳ ᠬᠦᠦ – 2
ᠰᠥᠨᠢ ᠳᠤᠮᠳᠠ ᠶ᠋ᠢᠨ ᠬᠠᠷᠠᠩᠭᠤᠢ ᠪᠠᠷ
ᠬᠦᠷᠭᠡᠨ ᠬᠡᠦᠬᠡᠨ ᠬᠣᠶᠠᠭᠤᠯᠠ ᠪᠠᠨ
ᠬᠦᠯᠦᠭ ᠮᠣᠷᠢᠨ ᠳ᠋ᠠᠭᠠᠨ ᠮᠣᠷᠳᠠᠭᠠᠳ
ᠬᠤᠢ ᠰᠠᠯᠬᠢᠨ ᠮᠡᠲᠦ ᠬᠤᠷᠳᠤᠨ
ᠬᠠᠷᠪᠤᠭᠰᠠᠨ ᠰᠤᠮᠤ ᠮᠡᠲᠦ ᠲᠦᠷᠭᠡᠨ
ᠬᠡᠷᠡᠮ ᠦ᠋ᠨ ᠳᠡᠭᠡᠭᠦᠷ ᠬᠠᠷᠠᠢᠯᠭᠠᠨ ᠭᠠᠷᠴᠤ
ᠦᠳᠡᠰᠢ ᠶ᠋ᠢᠨ ᠰᠥᠨᠢ ᠪᠡᠷ ᠡᠳᠦᠷ ᠬᠢᠵᠦ
ᠦᠨᠡᠭᠡᠨ ᠬᠠᠷᠠᠩᠭᠤᠢ ᠪᠠᠷ ᠦᠳᠡ ᠪᠣᠯᠭᠠᠨ
ᠬᠤᠨ ᠭᠠᠯᠠᠭᠤ ᠰᠢᠭ᠋ ᠳᠠᠭᠤᠤ ᠳᠠᠭᠤᠯᠠᠵᠤ
ᠬᠤᠯᠠᠨ ᠳᠠᠬᠢ ᠰᠢᠭ᠋ ᠲᠣᠭᠣᠰᠣ ᠲᠠᠲᠠᠭᠤᠯᠤᠭᠠᠳ
ᠵᠢᠯ ᠦ᠋ᠨ ᠭᠠᠵᠠᠷ ᠢ᠋ ᠰᠠᠷ᠎ᠠ ᠪᠠᠷ ᠶᠠᠪᠤᠵᠤ
ᠰᠠᠷ᠎ᠠ ᠶ᠋ᠢᠨ ᠭᠠᠵᠠᠷ ᠢ᠋ ᠡᠳᠦᠷ ᠢ᠋ᠶ᠋ᠡᠷ ᠶᠠᠪᠤᠭᠠᠳ
ᠬᠠᠳᠠᠮ ᠤ᠋ᠨ ᠭᠠᠵᠠᠷ ᠣᠢᠷᠠᠲᠤᠯ᠎ᠠ ᠭᠡᠳ
ᠬᠡᠦᠬᠡᠨ ᠳᠣᠲᠣᠷ᠎ᠠ ᠪᠠᠨ ᠪᠠᠶᠠᠷᠯᠠᠵᠠᠢ
ᠬᠠᠷᠢᠵᠤ ᠭᠡᠷ ᠲᠡᠭᠡᠨ ᠢᠷᠡᠯ᠎ᠡ ᠭᠡᠳ
ᠬᠦᠦ ᠶᠡᠬᠡᠳᠡ ᠪᠠᠶᠠᠷᠯᠠᠵᠠᠢ᠃
* * *
ᠨᠤᠲᠤᠭ ᠤ᠋ᠨ ᠢ᠋ᠶ᠋ᠠᠨ ᠣᠢᠷ᠎ᠠ ᠢᠷᠡᠭᠡᠳ
ᠨᠢᠳᠦᠨ ᠦ᠌ ᠦᠵᠦᠭᠦᠷ ᠡᠴᠡ ᠦᠵᠡᠬᠦ ᠳ᠋ᠦ᠍ᠨᠢ
ᠴᠠᠰᠤ ᠴᠠᠭᠠᠨ ᠠᠭᠤᠯᠠ ᠶ᠋ᠢ ᠨᠢ
ᠪᠤᠳᠠᠩ ᠮᠠᠨᠠᠨ ᠪᠦᠷᠬᠦᠵᠦ
ᠷᠠᠰᠢᠶᠠᠨ ᠭᠤᠷᠪᠠᠨ ᠳᠠᠯᠠᠢ ᠨᠢ
ᠪᠤᠷᠵᠠᠩ ᠰᠢᠪᠡᠷ ᠲᠠᠲᠠᠵᠠᠢ᠃
ᠤᠷᠲᠤ ᠥᠷᠥᠭᠡ ᠨᠢ ᠬᠠᠷᠠᠭᠳᠠᠬᠤ ᠦᠭᠡᠢ
ᠤᠯᠤᠰ ᠠᠮᠢᠲᠠᠨ ᠦᠵᠡᠭᠳᠡᠬᠦ ᠦᠭᠡᠢ
ᠤᠢᠳᠬᠠᠷᠲᠤ ᠪᠠᠢᠳᠠᠯ ᠲᠠᠢ ᠲᠣᠬᠢᠶᠠᠯᠳᠤᠵᠤ
ᠤᠴᠢᠷ ᠶᠠᠭᠤ ᠪᠣᠯᠤᠭᠰᠠᠨ ᠢ᠋
ᠣᠢᠯᠠᠭᠠᠬᠤ ᠦᠭᠡᠢ ᠪᠣᠯᠵᠠᠢ᠃
ᠵᠥᠭᠡᠢ ᠮᠢᠵᠢᠳ ᠬᠦᠦ
ᠭᠡᠷᠭᠡᠢ ᠲᠡᠢ ᠪᠡᠨ ᠬᠣᠶᠠᠭᠤᠯᠠ
ᠴᠠᠰᠤ ᠴᠠᠭᠠᠨ ᠠᠠᠭᠤᠯᠠ ᠶ᠋ᠢᠨ ᠢ᠋ᠶ᠋ᠡᠨ
ᠪᠡᠯᠴᠢᠭᠡᠷ ᠢ᠋ ᠲᠣᠭᠣᠷᠢᠵᠤ ᠦᠵᠡᠭᠡᠳ
ᠷᠠᠰᠢᠶᠠᠨ ᠭᠤᠷᠪᠠᠨ ᠳᠠᠯᠠᠢ ᠶ᠋ᠢᠨ
ᠡᠷᠭᠢ ᠪᠡᠷ ᠨᠢ ᠶᠠᠪᠤᠵᠤ ᠦᠵᠡᠭᠡᠳ
ᠪᠠᠭᠤᠴᠠ ᠳᠡᠭᠡᠷ᠎ᠡ ᠪᠡᠨ ᠬᠦᠷᠬᠦ ᠳ᠋ᠦ᠍
ᠥᠷᠥᠭᠡ ᠭᠡᠷ ᠨᠢ ᠰᠢᠳᠡᠵᠦ
ᠦᠨᠡᠰᠦ ᠬᠣᠭ ᠪᠣᠯᠴᠢᠬᠠᠭᠠᠳ
ᠡᠪᠡᠰᠦ ᠨᠣᠭᠣᠭ᠎ᠠ ᠤᠷᠭᠤᠵᠠᠢ᠃
ᠡᠪᠦᠭᠡ ᠳᠡᠭᠡᠳᠦ ᠡᠴᠡ ᠰᠠᠭᠤᠭᠰᠠᠨ
ᠥᠨᠢᠷ ᠰᠠᠢᠬᠠᠭ ᠨᠤᠲᠤᠭ ᠶᠤᠮᠰᠠᠨ
ᠦᠨᠡᠰᠦ ᠲᠣᠭᠣᠰᠣᠨ ᠳ᠋ᠤ᠌ ᠬᠤᠴᠢᠭᠳᠠᠭᠠᠳ
ᠦᠵᠡᠮᠵᠢ ᠦᠭᠡᠢ ᠪᠣᠯᠵᠠᠢ ᠭᠡᠵᠦ
ᠵᠥᠭᠡᠢ ᠮᠢᠵᠢᠳ ᠬᠦᠦ ᠬᠡᠯᠡᠭᠡᠳ
ᠵᠡᠭᠦᠨᠰᠢ ᠪᠠᠷᠠᠭᠤᠨᠰᠢ ᠠᠵᠢᠭᠯᠠᠵᠤ ᠪᠠᠢᠲᠠᠯ᠎ᠠ
ᠭᠣᠯᠣᠮᠳᠠᠨ ᠤ᠋ ᠰᠠᠭᠤᠷᠢ ᠳᠡᠭᠡᠷ᠎ᠡ ᠨᠢ
ᠭᠤᠷᠪᠠᠨ ᠲᠣᠬᠣᠢ ᠮᠣᠳᠣ ᠭᠣᠵᠢᠢᠵᠤ ᠪᠠᠢᠵᠠᠢ
ᠲᠡᠷᠡ ᠮᠣᠳᠣ ᠶ᠋ᠢ ᠪᠤᠯᠭᠤ ᠢᠰᠬᠦᠯᠬᠦ ᠳ᠋ᠦ᠍
ᠳᠣᠲᠣᠷ᠎ᠠ ᠠᠴᠠ ᠨᠢ
ᠲᠣᠭᠳᠣᠢ ᠲᠠᠢ ᠪᠢᠴᠢᠭ ᠭᠠᠷᠴᠠᠢ᠂
ᠵᠠᠬᠢᠳᠠᠯ ᠢ᠋ ᠠᠪᠤᠭᠠᠳ ᠬᠦᠦ
ᠵᠠᠳᠠᠯᠤᠨ ᠤᠩᠰᠢᠵᠤ ᠦᠵᠡᠪᠡᠯ᠄
《ᠠᠷᠪᠠᠨ ᠲᠠᠪᠤᠨ ᠲᠣᠯᠣᠭᠠᠢ ᠲᠠᠢ
ᠠᠨᠳᠠᠯᠠᠢ ᠰᠢᠷ᠎ᠠ ᠮᠠᠩᠭᠤᠰ ᠢᠷᠡᠵᠦ
ᠥᠷᠥᠭᠡ ᠭᠡᠷ ᠢ᠋ ᠴᠢᠨᠢ ᠭᠠᠯᠳᠠᠵᠤ
ᠥᠲᠡᠯᠦᠭᠰᠡᠨ ᠠᠪᠤ ᠡᠵᠢ ᠶ᠋ᠢ ᠴᠢᠨᠢ ᠪᠠᠷᠢᠵᠤ ᠠᠪᠠᠴᠠᠪᠡ᠂
ᠦᠨᠳᠦᠰᠦ ᠶ᠋ᠢ ᠮᠢᠨᠢ ᠵᠠᠯᠭᠠᠵᠤ
ᠡᠷᠦᠬᠡ ᠶ᠋ᠢ ᠮᠢᠨᠢ ᠲᠠᠲᠠᠭᠰᠠᠨ ᠬᠦᠦ ᠮᠢᠨᠢ
ᠦᠢᠯᠡ ᠬᠡᠷᠡᠭ ᠢ᠋ᠶ᠋ᠡᠨ ᠪᠦᠲᠦᠭᠡᠭᠡᠳ
ᠥᠪᠡᠷᠦᠨ ᠨᠤᠲᠤᠭ ᠲᠠᠭᠠᠨ ᠢᠷᠡᠪᠡᠯ
ᠤᠨᠠᠭᠰᠠᠨ ᠭᠠᠵᠠᠷ ᠤ᠋ᠨ ᠰᠢᠷᠣᠢ ᠪᠠᠨ
ᠠᠯᠲᠠᠨ ᠠᠴᠠ ᠢᠯᠡᠭᠦᠦ ᠰᠠᠨᠠᠵᠤ ᠶᠠᠪᠤ
ᠤᠮᠳᠠᠯᠠᠭᠰᠠᠨ ᠭᠣᠣᠯ ᠤ᠋ᠨ ᠤᠰᠤ ᠪᠠᠨ
ᠷᠠᠰᠢᠶᠠᠨ ᠮᠡᠲᠦ ᠡᠩᠬᠦᠷᠡᠢᠯᠡᠵᠦ ᠶᠠᠪᠤ
ᠴᠠᠰᠤ ᠴᠠᠭᠠᠨ ᠠᠭᠤᠯᠠ ᠪᠠᠨ
ᠡᠴᠢᠭᠡ ᠮᠡᠲᠦ ᠪᠣᠳᠣ
ᠷᠠᠰᠢᠶᠠᠨ ᠭᠤᠷᠪᠠᠨ ᠳᠠᠯᠠᠢ ᠪᠠᠨ
ᠡᠬᠡ ᠮᠡᠲᠦ ᠬᠠᠢᠷᠠᠯᠠᠭᠠᠷᠠᠢ᠃
ᠥᠲᠡᠯᠦᠭᠰᠡᠨ ᠪᠢᠳᠡᠨ ᠢ᠋ ᠠᠪᠤᠷᠠᠬᠤ ᠭᠡᠵᠦ
ᠦᠷ᠎ᠡ ᠮᠢᠨᠢ ᠪᠦᠦ ᠶᠠᠪᠤ
ᠥᠪᠡᠷ ᠦ᠋ᠨ ᠨᠤᠲᠤᠭ ᠲᠠᠭᠠᠨ ᠰᠠᠭᠤᠭᠠᠳ
ᠡᠷᠦᠬᠡ ᠡᠭᠦᠳᠡ ᠶ᠋ᠢ ᠮᠢᠨᠢ ᠣᠩᠭᠣᠢᠯᠭᠠ!》 ᠭᠡᠵᠡᠢ᠃
ᠡᠴᠢᠭᠡ ᠶ᠋ᠢᠨ ᠢ᠋ᠶ᠋ᠡᠨ ᠵᠠᠬᠢᠳᠠᠯ ᠢ᠋ ᠤᠩᠰᠢᠭᠠᠳ
ᠡᠬᠡᠨᠡᠷ ᠲᠡᠭᠡᠨ ᠢᠩᠭᠢᠵᠦ ᠬᠡᠯᠡᠵᠡᠢ᠄
《ᠡᠴᠢᠭᠡ ᠶ᠋ᠢᠨ ᠵᠠᠬᠢᠶ᠎ᠠ ᠶ᠋ᠢ ᠳᠠᠭᠠᠵᠤ
ᠠᠳᠠ ᠪᠠᠨ ᠬᠣᠶᠠᠭᠤᠯᠠ ᠪᠠᠨ ᠠᠮᠢᠳᠤᠷᠠᠬᠤ ᠤᠤ?》
ᠡᠬᠡᠨᠡᠷ ᠨᠢ ᠠᠭᠤᠷᠯᠠᠵᠤ
ᠥᠭᠡᠳᠡ ᠡᠴᠡ ᠨᠢ ᠬᠡᠯᠡᠭᠰᠡᠨ ᠨᠢ᠄
《ᠥᠯᠥᠭᠡᠢ ᠰᠠᠢᠬᠠᠨ ᠨᠤᠲᠤᠭ ᠢ᠋ᠶ᠋ᠠᠨ
ᠥᠰᠢᠶᠡᠲᠡᠨ ᠮᠠᠩᠭᠤᠰ ᠲᠤ᠌ ᠰᠦᠢᠳᠭᠡᠭᠦᠯᠦᠭᠡᠳ
ᠥᠲᠡᠯᠦᠭᠰᠡᠨ ᠠᠪᠤ ᠡᠵᠢ ᠪᠡᠨ
ᠥᠯᠮᠡᠢ ᠳᠣᠣᠷ᠎ᠠ ᠨᠢ ᠪᠣᠭᠣᠯᠴᠢᠯᠠᠭᠤᠯᠤᠭᠠᠳ
ᠬᠥᠮᠦᠨ ᠭᠡᠵᠦ ᠠᠮᠢᠳᠤᠷᠠᠭᠠᠳ ᠶᠠᠭᠤ ᠬᠢᠬᠦ ᠪᠣᠢ ?
ᠬᠦᠦ ᠭᠡᠵᠦ ᠲᠥᠷᠥᠭᠰᠡᠨ ᠦ᠌ ᠶᠠᠮᠠᠷ ᠬᠡᠷᠡᠭᠲᠡᠢ ᠪᠣᠢ?
ᠵᠣᠷᠢᠭᠲᠠᠢ ᠳ᠋ᠤ᠌ ᠴᠢᠨᠢ ᠳᠠᠭᠠᠭᠰᠠᠨ ᠰᠠᠨ
ᠵᠢᠷᠤᠮ ᠦᠭᠡᠢ ᠶ᠋ᠢ ᠴᠢᠨᠢ ᠮᠡᠳᠡᠭᠡ ᠦᠭᠡᠢ!》 ᠭᠡᠪᠡ᠃
《ᠡᠬᠡᠨᠡᠷ ᠦ᠋ᠨ ᠮᠢᠨᠢ ᠦᠭᠡ ᠵᠦᠢᠲᠡᠢ
ᠡᠨᠡ ᠳᠣᠣᠷ᠎ᠠ ᠪᠠᠨ ᠮᠣᠷᠳᠠᠨ᠎ᠠ᠃
ᠮᠠᠩᠭᠤᠰ ᠤ᠋ᠨ ᠦᠨᠳᠦᠰᠦ ᠶ᠋ᠢ ᠲᠠᠰᠤᠯᠵᠤ
ᠮᠠᠭᠠᠳ ᠠᠪᠤ ᠡᠵᠢ ᠪᠡᠨ ᠠᠪᠤᠷᠠᠨ᠎ᠠ!》
《ᠬᠠᠷᠭᠢᠰ ᠮᠠᠩᠭᠤᠰ ᠢ᠋ ᠳᠠᠷᠤᠬᠤ ᠳ᠋ᠤ᠌
ᠬᠠᠨᠢ ᠨᠥᠬᠥᠷ ᠬᠡᠷᠡᠭᠲᠡᠢ
ᠬᠠᠳᠠᠮ ᠠᠪᠤ ᠡᠵᠢ ᠶ᠋ᠢ ᠠᠪᠤᠷᠠᠬᠤ ᠪᠠᠷ
ᠬᠣᠶᠠᠭᠤᠯᠠ ᠪᠠᠨ ᠴᠣᠭ ᠶᠠᠪᠤᠶ᠎ᠠ᠃
ᠬᠦᠴᠦᠷᠬᠡᠭ ᠳᠠᠢᠰᠤᠨ ᠢ᠋ ᠳᠠᠷᠤᠬᠤ ᠳ᠋ᠤ᠌
ᠬᠦᠴᠦ ᠵᠣᠷᠢᠭ ᠬᠡᠷᠡᠭᠲᠡᠢ
ᠬᠦᠨᠳᠦᠲᠦ ᠨᠠᠰᠤᠲᠠᠨ ᠨᠤᠭᠤᠳ ᠢ᠋ᠶ᠋ᠠᠨ ᠠᠪᠤᠷᠠᠬᠤ ᠳ᠋ᠤ᠌
ᠠᠷᠭ᠎ᠠ ᠤᠬᠠᠭᠠᠨ ᠴᠢᠬᠤᠯᠠ ᠲᠠᠢ᠃ 》
* * *
ᠠᠷᠤ ᠶ᠋ᠢᠨ ᠭᠤᠷᠪᠠᠨ ᠰᠢᠯᠢ ᠶ᠋ᠢ
ᠠᠭᠲᠠ ᠶ᠋ᠢᠨ ᠬᠦᠴᠦᠨ ᠢ᠋ᠶ᠋ᠡᠷ ᠬᠣᠶᠠᠭᠤᠯᠠ ᠲᠤᠭᠤᠯᠵᠤ
ᠠᠷᠭ᠎ᠠ ᠤᠬᠠᠭᠠᠨ ᠢ᠋ᠶ᠋ᠠᠨ ᠵᠥᠪᠳᠡᠯᠴᠡᠭᠡᠳ
ᠡᠠᠡᠳᠡᠯᠠᠢ ᠮᠠᠩᠭᠤᠰ ᠤ᠋ᠨ ᠨᠤᠲᠤᠭ ᠲᠤ᠌ ᠣᠷᠣᠵᠤ
ᠠᠯᠲᠠᠨ ᠰᠢᠷᠭᠠᠯ ᠮᠣᠷᠢ ᠪᠠᠨ
ᠠᠭᠯᠠᠭ ᠠᠭᠤᠯᠠᠨ ᠳ᠋ᠤ᠌ ᠨᠢᠭᠤᠵᠤ ᠲᠠᠯᠪᠢᠭᠠᠳ
ᠣᠷᠠᠡᠭᠤᠤᠡ ᠠᠪᠠᠬᠠᠢ ᠨᠢ
ᠤᠷᠠᠩᠬᠠᠢ ᠳᠡᠪᠡᠯ ᠲᠡᠢ ᠴᠢᠪᠠᠭᠠᠨᠴᠠ ᠬᠤᠪᠢᠯᠵᠤ
ᠬᠣᠢᠭᠤᠷ ᠤᠷᠳᠤᠭᠤᠷ ᠬᠡᠰᠦᠭᠦᠴᠢᠯᠡᠭᠰᠡᠨ
ᠬᠣᠭᠣᠯᠠ ᠤᠮᠳᠠ ᠭᠤᠶᠤᠭᠰᠠᠨ ᠪᠠᠢᠳᠠᠯ ᠲᠠᠢ ᠪᠠᠷ
ᠦᠵᠡᠭᠰᠡᠨ ᠬᠠᠷᠠᠭᠰᠠᠨ ᠪᠣᠯᠭᠠᠨ ᠳ᠋ᠤ᠌
ᠦᠭᠡᠢᠭᠦᠦ ᠶᠠᠳᠠᠭᠤ ᠪᠠᠨ ᠲᠣᠭᠠᠴᠢᠵᠤ
ᠡᠮᠦᠰᠬᠦ ᠢᠳᠡᠬᠦ ᠡᠷᠢᠭᠡᠴᠢᠨ ᠪᠣᠯᠵᠤ
ᠥᠭᠡᠳᠡ ᠤᠷᠤᠭᠤ ᠪᠠᠨ ᠶᠠᠪᠤᠭᠰᠠᠭᠠᠷ
ᠠᠨᠳᠠᠯᠠᠢ ᠰᠢᠷ᠎ᠠ ᠮᠠᠩᠭᠤᠰ ᠤ᠋ᠨ ᠭᠠᠳᠠᠨ᠎ᠠ ᠬᠦᠷᠴᠦ
ᠠᠶᠠᠭᠠᠴᠢᠨ ᠨᠢᠭᠡᠨ ᠬᠡᠦᠬᠡᠨ ᠲᠡᠢ ᠳᠠᠭᠠᠷᠢᠯᠳᠤᠵᠠᠢ᠃
ᠠᠶᠠᠭᠠᠴᠢᠨ ᠬᠡᠦᠬᠡᠨ ᠴᠢᠪᠠᠭᠠᠨᠴᠠ ᠠ᠋ᠴᠠ
ᠢᠷᠡᠭᠰᠡᠨ ᠤᠴᠢᠷ ᠢ ᠠᠰᠠᠭᠤᠬᠤ ᠳ᠋ᠤ᠌᠄
《ᠡᠷᠲᠡ ᠤᠷᠢᠳᠤ ᠴᠠᠭ ᠲᠠᠭᠠᠨ
ᠵᠥᠭᠡᠢ ᠮᠢᠵᠢᠳ ᠬᠦᠦ ᠶ᠋ᠢᠨ ᠰᠠᠭᠠᠯᠢᠴᠢᠨ
ᠣᠳᠣ ᠪᠣᠯᠵᠤ ᠢᠷᠡᠬᠦ ᠳ᠋ᠦ᠍
ᠣᠯᠠᠨ ᠢ᠋ ᠲᠣᠭᠣᠷᠢᠭᠰᠠᠨ ᠭᠤᠢᠷᠠᠨᠴᠢ᠃
ᠬᠠᠲᠠᠭᠤ ᠵᠥᠭᠡᠯᠡᠨ ᠢ᠋ ᠢᠳᠡᠭᠰᠡᠭᠡᠷ
ᠬᠣᠳᠣᠭᠣᠳᠣ ᠡᠪᠡᠳᠴᠢᠨ ᠲᠡᠢ ᠪᠣᠯᠤᠯ᠎ᠠ
ᠬᠠᠯᠠᠭᠤᠨ ᠬᠦᠢᠲᠡᠨ ᠳ᠋ᠦ᠍ ᠵᠠᠷᠤᠭᠳᠠᠭᠰᠠᠭᠠᠷ
ᠬᠤᠪᠴᠠᠰᠤ ᠦᠭᠡᠢ ᠪᠣᠯᠤᠯ᠎ᠠ᠃
ᠪᠣᠭᠣᠯ ᠤ᠋ᠨ ᠠᠮᠢᠳᠤᠷᠠᠯ ᠠ᠋ᠴᠠ ᠪᠠᠨ ᠰᠠᠯᠬᠤ ᠭᠡᠵᠦ
ᠪᠤᠶᠠᠨᠲᠠᠨ ᠤ᠋ ᠣᠷᠣᠨ ᠳ᠋ᠤ᠌ ᠢᠷᠡᠯ᠎ᠡ
ᠬᠦᠨᠡᠰᠦ ᠬᠣᠭᠣᠯᠠᠨ ᠣᠯᠵᠤ ᠢᠳᠡᠵᠦ
ᠬᠦᠴᠦᠨ ᠢ᠋ᠶ᠋ᠡᠨ ᠡᠷᠭᠦᠬᠦ ᠪᠡᠷ ᠢᠷᠡᠯ᠎ᠡ !》 ᠭᠡᠳ
ᠠᠨᠳᠠᠯᠠᠢ ᠰᠢᠷ᠎ᠠ ᠮᠠᠩᠭᠤᠰ ᠲᠠᠢ ᠠᠭᠤᠯᠵᠠᠬᠤ ᠭᠡᠬᠦ ᠳ᠋ᠦ᠍
ᠠᠶᠠᠭᠠᠴᠢᠨ ᠬᠡᠦᠬᠡᠨ ᠢᠩᠭᠢᠵᠦ ᠬᠠᠷᠢᠭᠤᠯᠵᠠᠢ᠄
《ᠮᠠᠩᠭᠤᠰ ᠬᠠᠨ ᠪᠠᠢᠬᠤ ᠦᠭᠡᠢ
ᠮᠢᠬ᠎ᠠ ᠱᠥᠯᠥ ᠡᠷᠢᠵᠦ ᠶᠠᠪᠤᠪᠠ᠃
ᠤᠳᠠᠯ ᠦᠭᠡᠢ ᠢᠷᠡᠬᠦ ᠪᠠᠢᠬ᠎ᠠ
ᠡᠣᠴᠢᠷ ᠲᠠᠢ ᠪᠣᠯ ᠣᠷᠣᠭᠠᠳ ᠬᠦᠯᠢᠶᠡᠵᠦ ᠪᠠᠢ᠃
ᠰᠠᠢᠬᠠᠨ ᠠᠭᠠᠯᠢ ᠲᠠᠢ ᠢᠷᠡᠪᠡᠯ
ᠰᠡᠷ ᠰᠡᠷ ᠰᠠᠯᠬᠢᠨ ᠲᠠᠢ
ᠰᠢᠪᠡᠷ ᠰᠢᠪᠠᠷ ᠪᠣᠷᠣᠭᠠᠨ ᠲᠠᠢ
ᠰᠢᠳᠠᠮ ᠢ᠋ᠶ᠋ᠠᠷ ᠲᠠᠪᠠᠭ ᠢᠰᠬᠦᠯᠵᠦ ᠢᠷᠡᠨ᠎ᠡ
ᠳᠤᠷ᠎ᠠ ᠮᠠᠭᠤᠲᠠᠢ ᠢᠷᠡᠪᠡᠯ
ᠳᠣᠭᠰᠢᠨ ᠬᠠᠷ᠎ᠠ ᠰᠠᠯᠬᠢ ᠲᠠᠢ
ᠳᠠᠭᠤ ᠲᠠᠢ ᠰᠢᠷᠦᠭᠦᠨ ᠪᠣᠷᠣᠭᠠᠨ ᠲᠠᠢ
ᠦᠬᠡᠷ ᠴᠢᠯᠠᠭᠤ ᠪᠠᠷ ᠲᠡᠪᠡᠭ ᠢᠰᠬᠦᠯᠵᠦ ᠢᠷᠡᠨ᠎ᠡ᠃》
* * *
ᠤᠷᠠᠡᠭᠤᠤᠡ ᠠᠪᠠᠬᠠᠢ ᠨᠢ
ᠤᠷᠠᠩᠬᠠᠢ ᠳᠡᠪᠡᠯ ᠲᠡᠢ ᠴᠢᠪᠠᠭᠠᠨᠴᠠ ᠮᠠᠶᠢᠭ ᠢ᠋ᠶ᠋ᠠᠷ
ᠠᠨᠳᠠᠯᠠᠢ ᠰᠢᠷ᠎ᠠ ᠮᠠᠩᠭᠤᠰ ᠤ᠋ᠨ
ᠥᠷᠥᠭᠡᠨ ᠳ᠋ᠦ᠍ ᠣᠷᠣᠭᠠᠳ
ᠠᠵᠢᠭᠯᠠᠵᠤ ᠰᠢᠨᠵᠢᠯᠡᠵᠦ ᠦᠵᠡᠪᠡᠯ᠄
ᠮᠠᠩᠭᠤᠰ ᠤ᠋ᠨ ᠲᠡᠷᠡ ᠥᠷᠥᠭᠡᠨ ᠡᠴᠡ
ᠮᠢᠬ᠎ᠠ ᠴᠢᠰᠤᠨ ᠤ᠋ ᠦᠨᠦᠷ ᠬᠠᠩᠬᠤᠯᠤᠭᠠᠳ
ᠭᠠᠪᠠᠯᠠ ᠶ᠋ᠢᠨ ᠶᠠᠰᠤᠨ ᠳᠡᠭᠡᠪᠦᠷ ᠲᠡᠢ
ᠭᠠᠷ ᠬᠥᠯ ᠦ᠋ᠨ ᠶᠠᠰᠤᠨ ᠬᠠᠨ᠎ᠠ ᠲᠠᠢ
ᠬᠥᠮᠦᠨ ᠦ᠌ ᠠᠷᠠᠰᠤᠨ ᠪᠦᠷᠢᠶᠡᠰᠦ ᠲᠡᠢ
ᠬᠡᠦᠬᠡᠳ ᠦ᠋ᠨ ᠠᠷᠠᠰᠤᠨ ᠡᠭᠦᠳᠡ ᠲᠡᠢ
ᠬᠠᠨ᠎ᠠ ᠬᠠᠨ᠎ᠠ ᠶ᠋ᠢᠨ ᠲᠣᠯᠣᠭᠠᠢ ᠠ᠋ᠴᠠ
ᠬᠠᠳᠠᠭᠠᠭᠰᠠᠨ ᠬᠥᠮᠦᠨ ᠦ᠌ ᠲᠣᠯᠣᠭᠠᠢ ᠡᠯᠭᠦᠵᠡᠢ
ᠰᠡᠷ ᠰᠡᠷ ᠰᠯᠬᠢ ᠭᠠᠷᠴᠤ
ᠰᠢᠪᠠᠷ ᠰᠢᠪᠠᠷ ᠪᠣᠷᠣᠭᠠᠨ ᠣᠷᠣᠵᠤ
ᠰᠢᠳᠠᠮ ᠢ᠋ᠶ᠋ᠠᠷ ᠲᠡᠪᠡᠭ ᠢᠰᠬᠦᠯᠵᠦ
ᠮᠠᠩᠭᠤᠰ ᠬᠦᠷᠴᠦ ᠢᠷᠡᠭᠡᠳ
ᠠᠶᠠᠭᠠᠴᠢᠨ ᠬᠡᠦᠬᠡᠨ ᠦ᠌ ᠮᠡᠳᠡᠭᠦᠯᠦᠭᠰᠡᠨ ᠢ᠋
ᠠᠵᠢᠭᠯᠠᠵᠤ ᠨᠠᠷᠢᠨ ᠰᠣᠨᠣᠰᠤᠭᠠᠳ
ᠰᠣᠨᠢᠨ ᠴᠢᠮᠡᠭᠡ ᠣᠯᠵᠤ ᠰᠣᠨᠣᠰᠤᠨ᠎ᠠ ᠭᠡᠳ
ᠰᠣᠯᠢᠵᠤ ① ᠴᠢᠪᠠᠭᠠᠨᠴᠠ ᠶ᠋ᠢ ᠠᠪᠴᠢᠷᠠᠵᠤ ᠠᠰᠠᠭᠤᠭᠰᠠᠨ ᠨᠢ᠄
《ᠬᠣᠢᠭᠤᠷ ᠤᠷᠳᠤᠭᠤᠷ ᠬᠡᠰᠦᠵᠦ
ᠬᠣᠭᠣᠯᠠ ᠤᠮᠳᠠ ᠭᠤᠶᠤᠭᠰᠠᠨ ᠡᠮᠡᠭᠡᠨ ᠡᠵᠢ
ᠰᠡᠭᠦᠳᠡᠷ ᠮᠣᠨᠳᠢ ᠵᠥᠭᠡᠢ ᠮᠢᠵᠢᠳ ᠦ᠋ᠨ
ᠰᠡᠭᠦᠯ ᠦ᠋ᠨ ᠴᠢᠮᠡᠭᠡ ᠶ᠋ᠢ ᠰᠣᠨᠣᠰᠪᠠ ᠤᠤ? 》
ᠡᠷᠭᠢᠭᠦᠦ ᠮᠠᠩᠭᠤᠰ ᠢ᠋ ᠬᠠᠭᠤᠷᠴᠤ
ᠡᠮᠡᠭᠡᠨ ᠥᠭᠡᠳᠡ ᠡᠴᠡ ᠨᠢ ᠬᠠᠷᠢᠭᠤᠯᠤᠭᠰᠠᠨ ᠨᠢ᠄
《ᠪᠤᠶᠠᠨ ᠦᠭᠡᠢ ᠬᠥᠮᠦᠨ ᠦ᠌ ᠬᠦᠦ
ᠪᠤᠬ᠎ᠠ ᠪᠣᠯᠵᠤ ᠭᠦᠶᠦᠭᠡᠳ
ᠪᠤᠴᠠᠯᠤᠭᠰᠠᠨ ᠳᠠᠯᠠᠢ ᠳ᠋ᠤ᠌ ᠲᠣᠨᠣᠭᠠᠳ
ᠪᠤᠴᠠᠬᠤ ᠪᠠᠷ᠎ᠠ ᠨᠢ ᠲᠠᠰᠤᠷᠠᠵᠠᠢ ᠭᠡᠨ᠎ᠡ᠃ 》
《ᠶᠠᠭᠠᠬᠢᠭᠰᠠᠨ ᠰᠠᠢᠨ ᠠᠮᠠ ᠲᠠᠢ ᠡᠮᠡᠭᠡᠨ ᠪᠣᠢ
ᠶᠠᠳᠠᠷᠠᠵᠤ ᠵᠦᠳᠡᠷᠡᠵᠦ ᠢᠷᠡᠪᠡ ᠤᠤ?
ᠪᠣᠭᠣᠯ ᠡᠮᠡᠭᠡᠨ ᠡᠪᠦᠭᠡᠨ ᠲᠡᠢ ᠰᠠᠭᠤᠵᠤ
ᠪᠤᠳᠠᠭ᠎ᠠ ᠬᠣᠭᠣᠯᠠ ᠢᠳᠡᠵᠦ ᠪᠠᠢ! 》 ᠭᠡᠵᠡᠢ᠃
* * *
— — — —
① ᠰᠣᠯᠢᠵᠤ —ᠤᠷᠢᠵᠤ
ᠽᠠᠨᠳᠠᠨ ᠬᠣᠯᠠ ᠮᠣᠷᠢ ᠪᠠᠨ
ᠴᠢᠴᠠᠨᠠ ᠲᠠᠢ ᠳᠠᠭ᠎ᠠ ᠬᠤᠪᠢᠷᠠᠭᠤᠯᠵᠤ
ᠵᠥᠭᠡᠢ ᠮᠢᠵᠢᠳ ᠬᠦᠦ ᠥᠪᠡᠷ ᠢ᠋ᠶ᠋ᠡᠨ
ᠨᠢᠰᠤᠬᠠᠢ ᠬᠦᠦ ᠬᠤᠪᠢᠷᠠᠨ ᠶᠠᠪᠤᠵᠤ
ᠲᠣᠢᠭ ᠤ᠋ᠨ ᠴᠢᠨᠡᠭᠡ ᠨᠤᠤᠬ᠎ᠠ ᠲᠠᠢ
ᠲᠣᠬᠣᠢ ᠶ᠋ᠢᠨ ᠴᠢᠨᠡᠭᠡ ᠨᠢᠰᠦ ᠲᠡᠢ ᠡᠪᠦᠭᠡᠨ
ᠳᠠᠯᠠᠨ ᠤᠯᠠᠭᠠᠨ ᠱᠠᠷ ᠲᠤ᠌
ᠮᠥᠰᠥ ᠬᠠᠭᠠᠯᠵᠤ ᠠᠴᠢᠵᠤ ᠪᠠᠢᠬᠤ ᠲᠠᠢ ᠳᠠᠭᠠᠷᠢᠯᠳᠤᠵᠠᠢ᠃
ᠡᠪᠦᠭᠡᠨ ᠬᠦᠦ ᠶ᠋ᠢ ᠦᠵᠡᠭᠡᠳ
ᠥᠭᠡᠳᠡ ᠡᠴᠡ ᠨᠢ ᠠᠰᠠᠭᠤᠵᠤ ᠬᠡᠯᠡᠭᠰᠡᠨ ᠨᠢ᠄
《ᠨᠢᠭᠤᠷ ᠲᠠᠭᠠᠨ ᠭᠠᠯ ᠲᠠᠢ
ᠨᠢᠳᠦᠨ ᠳ᠋ᠡᠭᠡᠨ ᠴᠣᠭ ᠲᠠᠢ
ᠰᠢᠯᠢ ᠳ᠋ᠡᠭᠡᠨ ᠰᠢᠷᠢ ᠲᠡᠢ
ᠰᠢᠯᠪᠢᠨ ᠳ᠋ᠡᠭᠡᠨ ᠴᠢᠮᠥᠭᠡ ᠲᠡᠢ ᠬᠦᠦ ᠶ᠋ᠢᠨ
ᠬᠡᠲᠡ ᠨᠤᠲᠤᠭ ① ᠬᠠᠮᠢᠭ᠎ᠠ ᠪᠣᠢ?
ᠬᠡᠷᠡᠭ ᠵᠣᠷᠢᠭ ᠶᠠᠭᠤᠨ ᠳ᠋ᠤ᠌ ᠪᠣᠢ?》
ᠵᠥᠭᠡᠢ ᠮᠢᠵᠢᠳ ᠬᠦᠦ ᠡᠪᠦᠭᠡᠨ ᠳ᠋ᠦ᠍ ᠬᠠᠷᠢᠭᠤᠯᠤᠭᠰᠠᠨ ᠨᠢ᠄
《ᠲᠡᠨᠳᠡ ᠭᠡᠬᠦ ᠨᠤᠲᠤᠭ ᠦᠭᠡᠢ
ᠲᠡᠷᠡ ᠭᠡᠬᠦ ᠨᠡᠷ᠎ᠡ ᠦᠭᠡᠢ
ᠲᠦᠮᠡᠨ ᠢ᠋ ᠲᠣᠭᠣᠷᠢᠵᠤ ᠬᠡᠰᠦᠵᠦ
ᠲᠦᠩᠭᠡᠯᠴᠡᠭ ② ᠢ᠋ᠶ᠋ᠡᠨ ᠳᠦᠭᠦᠷᠭᠡᠵᠦ ᠶᠠᠪᠤᠳᠠᠭ 》 ᠭᠡᠵᠡᠢ᠃
ᠣᠯᠠᠨ ᠢ᠋ ᠲᠣᠭᠣᠷᠢᠭᠰᠠᠨ ᠬᠥᠮᠦᠨ
ᠣᠯᠵᠤ ᠰᠣᠨᠣᠰᠤᠭᠰᠠᠨ ᠵᠦᠢᠯ ᠣᠯᠠᠨ ᠪᠠᠢᠳᠠᠭ
ᠡᠪᠦᠭᠡᠨ ᠠᠬ᠎ᠠ ᠳ᠋ᠠᠭᠠᠨ ᠳᠡᠭᠦᠦ ᠮᠢᠨᠢ
ᠦᠵᠡᠭᠰᠡᠨ ᠰᠣᠨᠣᠰᠤᠭᠰᠠᠨ ᠢ᠋ᠶ᠋ᠠᠨ ᠬᠡᠯᠡᠭᠡᠴᠢ!
ᠵᠦᠢ ᠮᠡᠷᠭᠡᠨ ᠬᠠᠨ ᠤ᠋ ᠬᠦᠦ
ᠵᠥᠭᠡᠢ ᠮᠢᠵᠢᠳ ᠭᠡᠭᠴᠢ
ᠤᠯᠠᠭᠠᠨ ᠯᠤᠪᠰᠬᠠᠭ᠌ ᠬᠠᠨ ᠤ᠋ ᠥᠬᠢᠨ
ᠤᠷᠠᠨᠭᠤᠸᠠ ᠶ᠋ᠢ ᠪᠠᠭᠤᠯᠭᠠᠬᠤ ᠪᠠᠷ ᠶᠠᠪᠤᠭᠰᠠᠨ ᠶᠤᠮ᠂
ᠡᠷᠭᠢᠵᠦ ᠢᠷᠡᠬᠦ ᠴᠢᠮᠡᠭᠡ ᠲᠡᠢ ᠤᠤ?
ᠡᠳᠦᠭᠡ ᠶᠠᠭᠠᠬᠢᠵᠤ ᠪᠠᠢᠬᠤ ᠶ᠋ᠢ ᠮᠡᠳᠡᠪᠡ ᠤᠤ?》
《ᠪᠤᠶᠠᠨ ᠦᠭᠡᠢ ᠬᠥᠮᠦᠨ ᠦ᠌ ᠬᠦᠦ
ᠪᠤᠬ᠎ᠠ ᠪᠣᠯᠵᠤ ᠭᠦᠶᠦᠭᠡᠳ
ᠪᠤᠴᠠᠯᠤᠭᠰᠠᠨ ᠳᠠᠯᠠᠢ ᠳ᠋ᠤ᠌ ᠲᠣᠨᠣᠭᠠᠳ
ᠪᠤᠴᠠᠬᠤ ᠶ᠋ᠢᠨ ᠪᠠᠷ᠎ᠠ ᠨᠢ ᠲᠠᠰᠤᠷᠠᠵᠠᠢ ᠭᠡᠨ᠎ᠡ᠃ 》
ᠡᠪᠦᠭᠡᠨ ᠦᠭᠡ ᠶ᠋ᠢ ᠰᠣᠨᠣᠰᠤᠭᠠᠳ
ᠡᠪᠴᠢᠭᠦᠦ ᠪᠡᠨ ᠰᠢᠭᠠᠵᠤ ᠤᠬᠢᠯᠠᠵᠠᠢ᠃
《ᠲᠠ ᠶᠠᠮᠠᠷ ᠬᠥᠮᠦᠨ ᠪᠣᠢ?
ᠶᠠᠭᠠᠬᠢᠭᠠᠳ ᠢᠩᠭᠢᠵᠦ ᠤᠬᠢᠯᠠᠨ᠎ᠠ ᠪᠣᠢ?》
《ᠪᠢ ᠲᠡᠭᠦᠨ ᠦ᠌ ᠠᠳᠤᠭᠤᠴᠢᠨ ᠶᠤᠮ
ᠪᠠᠭᠠᠲᠤᠷ ᠲᠡᠷᠡ ᠬᠦᠦ ᠶ᠋ᠢᠨ ᠶᠠᠪᠤᠭᠰᠠᠨ ᠤ᠋ ᠬᠣᠢᠨ᠎ᠠ
ᠮᠠᠩᠭᠤᠰ ᠲᠤ᠌ ᠪᠠᠷᠢᠭᠳᠠᠵᠤ ᠢᠷᠡᠭᠡᠳ
ᠮᠢᠬ᠎ᠠ ᠶᠠᠰᠤᠨ ᠤ᠋ ᠵᠣᠪᠠᠯᠠᠩ ᠦᠵᠡᠵᠦ ᠭᠦᠢᠴᠡᠯ᠎ᠡ᠃
ᠲᠡᠷᠡ ᠪᠠᠭᠠᠲᠤᠷ ᠮᠢᠨᠢ ᠢᠷᠡᠪᠡᠯ
ᠲᠦᠢᠳᠬᠡᠷᠲᠦ ᠮᠠᠩᠭᠤᠰ ᠢ᠋ ᠳᠠᠷᠤᠭᠠᠳ
ᠳᠠᠷᠤᠯᠠᠭᠳᠠᠭᠰᠠᠨ ᠣᠯᠠᠨ ᠢ᠋ᠶ᠋ᠠᠨ ᠠᠪᠤᠷᠠᠵᠤ
ᠳᠠᠷᠬᠠᠨ ᠴᠣᠯᠠ ᠪᠠᠨ ᠮᠠᠨᠳᠤᠭᠤᠯᠤᠨ᠎ᠠ᠃
ᠵᠥᠭᠡᠢ ᠮᠢᠵᠢᠳ ᠰᠦᠢᠳᠦᠭᠰᠡᠨ ᠦ᠌ ᠬᠣᠢᠨ᠎ᠠ
ᠵᠣᠷᠢᠭᠰᠠᠨ ᠬᠦᠰᠡᠯ ᠮᠢᠨᠢ ᠳᠠᠭᠤᠰᠬᠤ ᠨᠢ ᠲᠡᠷᠡ᠂
ᠵᠣᠪᠠᠵᠤ ᠵᠦᠳᠡᠷᠡᠭᠰᠡᠨ ᠠᠮᠢᠲᠠᠨ ᠪᠢ
ᠵᠦᠭᠡᠷ ᠢᠩᠭᠢᠵᠦ ᠠᠮᠢᠳᠤᠷᠠᠭᠠᠳ ᠶᠠᠭᠤ ᠬᠢᠨ᠎ᠡ!》 ᠭᠡᠵᠡᠢ᠃
ᠤᠬᠢᠯᠠᠬᠤ ᠶ᠋ᠢ ᠨᠢ ᠵᠣᠭᠰᠣᠭᠠᠵᠤ ᠴᠢᠳᠠᠬᠤ ᠦᠭᠡᠢ ᠳ᠋ᠡᠭᠡᠨ
ᠤᠭ ᠪᠡᠶ᠎ᠡ ᠪᠡᠷ ᠢ᠋ᠶ᠋ᠡᠨ ᠪᠣᠯᠵᠤ ᠬᠤᠪᠢᠷᠠᠵᠠᠢ᠃
ᠥᠪᠡᠷᠦᠨ ᠪᠠᠭᠠᠲᠤᠷ ᠢ᠋ᠶ᠋ᠠᠨ ᠬᠠᠷᠠᠭᠠᠳ
ᠡᠪᠦᠭᠡᠨ ᠪᠠᠶᠠᠷᠯᠠᠨ ᠳᠠᠭᠤ ᠠᠯᠳᠠᠵᠠᠢ᠃
ᠲᠣᠢᠭ ᠤ᠋ᠨ ᠴᠢᠨᠡᠭᠡ ᠨᠤᠤᠬ᠎ᠠ ᠪᠠᠨ ᠵᠦᠯᠭᠦᠭᠡᠳ
ᠲᠣᠬᠣᠢ ᠶ᠋ᠢᠨ ᠴᠢᠨᠡᠭᠡ ᠨᠢᠰᠦ ᠪᠡᠨ ᠠᠷᠴᠢᠭᠠᠳ ᠡᠪᠦᠭᠡᠨ
ᠬᠦᠰᠡᠵᠦ ᠰᠠᠨᠠᠭᠰᠠᠨ ᠪᠠᠭᠠᠲᠤᠷ ᠲᠠᠭᠠᠨ
ᠬᠥᠨᠥᠭᠡᠯᠲᠦ ᠮᠠᠩᠭᠤᠰ ᠢ᠋ ᠳᠠᠷᠤᠬᠤ ᠶ᠋ᠢ ᠵᠢᠭᠠᠭᠰᠠᠨ ᠨᠢ᠄
《ᠠᠨᠳᠠᠯᠠᠢ ᠰᠢᠷ᠎ᠠ ᠮᠠᠩᠭᠤᠰ ᠲᠤ᠌
ᠠᠶᠤᠯᠲᠤ ᠭᠤᠷᠪᠠᠨ ᠰᠦᠨᠡᠰᠦ ᠲᠡᠢ
ᠠᠶᠤᠯᠲᠤ ᠰᠦᠨᠡᠰᠦ ᠶ᠋ᠢ ᠨᠢ ᠳᠠᠷᠤᠬᠤ ᠦᠭᠡᠢ ᠪᠣᠯ
ᠠᠮᠢ ᠭᠣᠣᠯ ᠢ᠋ ᠨᠢ ᠲᠠᠰᠤᠯᠵᠤ ᠴᠢᠳᠠᠬᠤ ᠦᠭᠡᠢ᠃
ᠶᠣᠳᠠᠷ ᠤ᠋ᠨ ᠲᠣᠯᠣᠭᠠᠢ ᠶ᠋ᠢᠨ ᠠᠷᠤ ᠳ᠋ᠤ᠌
ᠢᠷᠣᠭᠠᠷ ᠦᠭᠡᠢ ᠪᠤᠴᠠᠯᠤᠮ᠎ᠠ ᠳᠠᠯᠠᠢ ᠪᠣᠢ
ᠢᠷᠣᠭᠠᠷ ᠦᠭᠡᠢ ᠪᠤᠴᠠᠯᠤᠮ᠎ᠠ ᠳᠠᠯᠠᠢ ᠶ᠋ᠢᠨ ᠴᠠᠭᠠᠨ᠎ᠠ
ᠳᠠᠪᠬᠤᠷ ᠲᠡᠮᠦᠷ ᠬᠠᠰᠢᠶ᠎ᠠ ᠪᠣᠢ᠃
ᠳᠠᠪᠬᠤᠷ ᠲᠡᠮᠦᠷ ᠬᠠᠰᠢᠶᠠᠨ ᠤ᠋ ᠳᠣᠲᠣᠷ᠎ᠠ
ᠳᠥᠷᠪᠡᠨ ᠠᠯᠲᠠᠨ ᠡᠪᠡᠷ ᠲᠡᠢ
ᠳᠣᠯᠣᠭᠠᠨ ᠠᠯᠲᠠ ᠬᠡᠯᠡ ᠲᠡᠢ
ᠭᠠᠯᠵᠠᠭᠤ ᠤᠯᠠᠭᠠᠨ ᠪᠤᠬ᠎ᠠ ᠪᠣᠢ᠃
ᠡᠪᠡᠷ ᠨᠢ ᠬᠦᠷᠦᠭᠰᠡᠨ ᠭᠠᠵᠠᠷ
ᠡᠲᠡᠭᠡᠰᠢ ᠦᠭᠡᠢ ᠶᠠᠷ᠎ᠠ ᠪᠣᠯᠳᠠᠭ
ᠬᠡᠯᠡ ᠨᠢ ᠬᠦᠷᠦᠭᠰᠡᠨ ᠭᠠᠵᠠᠷ
ᠬᠡᠭᠵᠡᠷᠡᠵᠦ ᠬᠣᠭᠵᠢᠷᠠᠵᠤ ᠤᠨᠠᠳᠠᠭ᠃
ᠠᠬᠢᠭᠠᠳ ᠴᠠᠰᠢ ᠶᠠᠪᠤᠪᠠᠯ
ᠠᠯᠤᠰ ᠤ᠋ᠨ ᠥᠨᠳᠥᠷ ᠠᠭᠤᠯᠠ ᠪᠣᠢ
ᠠᠯᠤᠰ ᠤ᠋ᠨ ᠥᠨᠳᠥᠷ ᠠᠭᠤᠯᠠᠨ ᠳ᠋ᠤ᠌
ᠠᠪᠤᠷᠭᠤ ᠬᠣᠣᠷᠲᠤ ᠮᠣᠭᠠᠢ ᠪᠣᠢ
ᠬᠣᠨᠣᠭ ᠤ᠋ᠨ ᠭᠠᠵᠠᠷ ᠠ᠋ᠴᠠ ᠬᠣᠣᠷᠠᠳᠠᠭᠠᠵᠤ
ᠡᠳᠦᠷ ᠦ᠋ᠨ ᠭᠠᠵᠠᠷ ᠠ᠋ᠴᠠ ᠵᠠᠯᠭᠢᠳᠠᠭ᠃
ᠠᠮᠢᠨ ᠭᠣᠣᠯ ᠰᠦᠨᠡᠰᠦ ᠨᠢ
ᠬᠦᠢᠰᠦᠨ ᠳ᠋ᠦ᠍ᠨᠢ ᠪᠠᠢᠳᠠᠭ ᠶᠤᠮ
ᠬᠣᠣᠷᠲᠤ ᠲᠡᠷᠡ ᠰᠦᠨᠡᠰᠦ ᠶ᠋ᠢ ᠨᠢ ᠳᠠᠷᠤᠪᠠᠯ
ᠬᠥᠨᠥᠭᠡᠯᠲᠦ ᠮᠠᠩᠭᠤᠰ ᠦᠬᠦᠬᠦ ᠶᠦᠮ ! 》 ᠭᠡᠵᠡᠢ᠃
* * *
ᠤᠷᠠᠨᠭᠤᠸᠠ ᠠᠪᠠᠭᠠᠢ ᠨᠢ
ᠤᠷᠠᠩᠬᠠᠢ ᠬᠤᠪᠴᠠᠰᠤ ᠲᠠᠢ ᠴᠢᠪᠠᠭᠠᠨᠴᠠ ᠮᠠᠶᠢᠭ ᠢ᠋ᠶ᠋ᠠᠷ
ᠪᠣᠭᠣᠯ ᠡᠪᠦᠭᠡᠨ ᠡᠮᠡᠭᠡᠨ ᠦ᠌ ᠰᠠᠭᠤᠳᠠᠭ
ᠪᠣᠷᠣ ᠣᠪᠣᠬᠠᠢ ᠳ᠋ᠤ᠌ ᠣᠷᠣᠬᠤ ᠳ᠋ᠤ᠌
ᠬᠡᠯᠲᠡᠷᠬᠡᠢ ᠲᠣᠭᠣᠭ᠎ᠠ ᠲᠠᠢ
ᠰᠡᠲᠡᠷᠬᠡᠢ ᠰᠢᠨᠠᠭ᠎ᠠ ᠲᠠᠢ
ᠡᠷᠡᠦ ᠡᠪᠦᠳᠦᠭ ᠨᠢ ᠨᠡᠢᠯᠡᠭᠰᠡᠨ
ᠡᠮᠡᠭᠡᠨ ᠡᠪᠦᠭᠡᠨ ᠬᠣᠶᠠᠷ ᠪᠠᠢᠵᠠᠢ᠃
ᠠᠮᠤᠷ ᠮᠡᠨᠳᠦ ᠶ᠋ᠢ ᠨᠢ ᠮᠡᠳᠡᠭᠡᠳ
ᠠᠯᠳᠠᠷ ᠨᠡᠷ᠎ᠡ ᠶ᠋ᠢ ᠨᠢ ᠠᠰᠠᠭᠤᠭᠰᠠᠨ ᠳ᠋ᠤ᠌
ᠡᠪᠦᠭᠡᠨ ᠦ᠌ ᠬᠡᠯᠡᠭᠰᠡᠨ ᠨᠢ᠄
《ᠡᠷᠲᠡ ᠤᠷᠢᠳᠤ ᠴᠠᠭ ᠲᠤ᠌ ᠪᠢ
ᠵᠦᠢ ᠮᠡᠷᠭᠡᠨ ᠬᠠᠨ ᠪᠠᠢᠭᠰᠠᠨ ᠶᠤᠮ
ᠡᠳᠦᠭᠡ ᠪᠣᠯᠵᠤ ᠢᠷᠡᠬᠦ ᠳ᠋ᠦ᠍
ᠵᠡᠷᠯᠢᠭ ᠮᠠᠩᠭᠤᠰ ᠤ᠋ᠨ ᠪᠣᠭᠣᠯ ᠪᠣᠯᠪᠠ!》 ᠭᠡᠵᠡᠢ᠃
ᠬᠠᠳᠠᠮ ᠠᠪᠤ ᠡᠵᠢ ᠪᠡᠨ ᠦᠵᠡᠭᠡᠳ
ᠬᠠᠢᠷᠠᠯᠠᠵᠤ ᠦᠷᠦ ᠡᠪᠡᠳᠦᠭᠰᠡᠨ ᠪᠣᠯᠪᠠᠴᠤ
ᠬᠠᠮᠢᠶ᠎ᠠ ᠦᠭᠡᠢ ᠬᠥᠮᠦᠨ ᠦ᠌ ᠪᠠᠢᠳᠠᠯ ᠢ᠋ᠶ᠋ᠠᠷ
ᠳᠠᠬᠢᠭᠠᠳ ᠢᠩᠭᠢᠵᠦ ᠠᠰᠠᠭᠤᠵᠠᠢ᠄
《ᠥᠲᠡᠯᠦᠭᠰᠡᠨ ᠠᠬ᠎ᠠ ᠪᠡᠷᠭᠡᠨ ᠬᠣᠶᠠᠷ ᠲᠤ᠌
ᠦᠷ᠎ᠡ ᠬᠡᠦᠬᠡᠳ ᠦᠭᠡᠢ ᠤᠤ?
ᠦᠷ᠎ᠡ ᠬᠡᠦᠬᠡᠳ ᠴᠢᠨᠢ ᠪᠠᠢᠪᠠᠯ
ᠡᠷᠭᠦᠵᠦ ᠳᠡᠮᠵᠢᠵᠦ ᠠᠪᠬᠤ ᠪᠢᠵᠡ! 》
《ᠦᠨᠳᠦᠰᠦ ᠶ᠋ᠢ ᠮᠢᠨᠢ ᠵᠠᠯᠭᠠᠵᠤ
ᠡᠷᠦᠬᠡ ᠶ᠋ᠢ ᠮᠢᠨᠢ ᠲᠠᠲᠠᠵᠤ ᠲᠥᠷᠥᠭᠰᠡᠨ
ᠵᠢᠷᠦᠬᠡ ᠵᠣᠷᠢᠭᠲᠤ ᠪᠠᠭᠠᠲᠤᠷ
ᠵᠥᠭᠡᠢ ᠮᠢᠵᠢᠳ ᠬᠦᠦ ᠲᠡᠢ ᠶᠦᠮ
ᠤᠯᠠᠭᠠᠨ ᠯᠤᠪᠰᠠᠩ ᠬᠠᠨ ᠤ᠋ ᠥᠬᠢᠨ
ᠤᠷᠠᠨᠭᠣᠤᠠ ᠠᠪᠠᠬᠠᠢ ᠶ᠋ᠢ ᠪᠠᠭᠤᠯᠭᠠᠬᠤ ᠪᠠᠷ ᠶᠠᠪᠤᠵᠤ
ᠣᠨ ᠵᠢᠯ ᠤᠳᠠᠵᠤ ᠪᠠᠢᠨ᠎ᠠ
ᠣᠳᠣ ᠪᠠᠢᠬᠤ ᠡᠰᠡᠬᠦ ᠶ᠋ᠢ ᠮᠡᠳᠡᠬᠦ ᠦᠭᠡᠢ!》 ᠭᠡᠵᠦ
ᠰᠠᠨᠠᠬ᠎ᠠ ᠠᠯᠲᠠᠨ ᠬᠡᠯᠡᠭᠡᠳ
ᠡᠮᠡᠭᠡᠨ ᠬᠠᠨᠴᠤᠢ ᠪᠠᠷ ᠢ᠋ᠶ᠋ᠠᠨ ᠨᠢᠯᠪᠤᠰᠤ ᠪᠠᠨ ᠠᠷᠴᠢᠨ᠎ᠠ᠃
ᠬᠥᠯ ᠭᠠᠷ ᠬᠤᠷᠢᠶᠠᠭᠳᠠᠵᠤ
ᠰᠥᠨᠢ ᠣᠷᠣᠢ ᠪᠣᠯᠤᠭᠰᠠᠨ ᠬᠣᠢᠨ᠎ᠠ
ᠬᠠᠳᠠᠮ ᠠᠪᠤ ᠡᠵᠢ ᠳ᠋ᠡᠭᠡᠨ
ᠬᠠᠮᠤᠭ ᠤᠴᠢᠷ ᠢ᠋ᠶ᠋ᠠᠨ ᠬᠡᠯᠡᠵᠡᠢ᠃
ᠬᠦᠦ ᠶ᠋ᠢᠨ ᠢ᠋ᠶ᠋ᠡᠨ ᠴᠢᠮᠡᠭᠡ ᠶ᠋ᠢ ᠰᠣᠨᠣᠰᠤᠭᠠᠳ
ᠪᠡᠷᠢ ᠲᠡᠢ ᠪᠡᠨ ᠪᠡᠶ᠎ᠡ ᠪᠡᠷ ᠢ᠋ᠶ᠋ᠡᠨ ᠤᠴᠠᠷᠠᠭᠭᠠᠳ
ᠡᠪᠦᠭᠡᠨ ᠡᠮᠡᠭᠡᠨ ᠬᠣᠶᠠᠭᠤᠯᠠ ᠪᠠᠨ
ᠡᠪᠴᠢᠭᠦᠦ ᠪᠡᠨ ᠬᠠᠭᠠᠷᠠᠲᠠᠯ᠎ᠠ ᠪᠠᠶᠠᠷᠯᠠᠵᠠᠢ᠃
ᠮᠠᠷᠭᠠᠰᠢ ᠥᠷᠯᠥᠭᠡ ᠨᠢ ᠪᠣᠯᠬᠤ ᠳ᠋ᠤ᠌
ᠮᠠᠩᠭᠤᠰ ᠤ᠋ᠨ ᠳ᠋ᠤ᠌ ᠬᠦᠷᠴᠦ ᠣᠴᠢᠭᠠᠳ
ᠣᠷᠠᠡᠭᠤᠤᠡ ᠠᠪᠠᠭᠠᠢ ᠤᠬᠠᠭᠠᠨ ᠭᠠᠷᠭᠠᠵᠤ ᠬᠡᠯᠡᠭᠰᠡᠨ ᠨᠢ ᠄
《ᠡᠪᠦᠭᠡᠨ ᠡᠮᠡᠭᠡᠨ ᠬᠣᠶᠠᠷ ᠪᠣᠭᠣᠯ ᠴᠢᠨᠢ
ᠢᠰᠬᠦᠯᠵᠦ ᠨᠠᠮ᠎ᠠ ᠶᠢ ᠭᠠᠳᠠᠨ᠎ᠠ ᠬᠣᠨᠣᠭᠤᠯᠪᠠ
ᠥᠷᠥᠰᠢᠶᠡᠯ ᠢᠪᠡᠭᠡᠯᠲᠦ ᠬᠠᠨ ᠮᠢᠨᠢ
ᠦᠷᠦ ᠡᠪᠡᠳᠴᠦ ᠨᠠᠳᠠ ᠪᠠᠷ
ᠳᠣᠭᠣᠯᠴᠢᠨ ᠢ᠋ᠶ᠋ᠠᠨ ᠪᠣᠯᠭᠠᠨ᠎ᠠ ᠤᠤ?》 ᠭᠡᠪᠡ᠃
ᠦᠭᠡ ᠶ᠋ᠢ ᠨᠢ ᠮᠠᠩᠭᠤᠰ ᠵᠥᠪᠰᠢᠶᠡᠷᠡᠵᠦ
ᠥᠪᠡᠷ ᠦ᠋ᠨ ᠢ᠋ᠶ᠋ᠡᠨ ᠲᠤᠭᠤᠯᠴᠢᠨ ᠪᠣᠯᠭᠠᠵᠠᠢ᠃
* * *
ᠲᠣᠢᠭ ᠤ᠋ᠨ ᠴᠢᠨᠡᠭᠡ ᠨᠤᠤᠬ᠎ᠠ ᠲᠠᠢ
ᠲᠣᠬᠣᠢ ᠴᠢᠨᠡᠭᠡ ᠨᠢᠰᠦ ᠲᠡᠢ ᠪᠠᠢᠭᠰᠠᠨ
ᠠᠳᠤᠭᠤᠴᠢᠨ ᠡᠪᠦᠭᠡᠨ ᠦ᠌ ᠪᠡᠨ
ᠵᠢᠭᠠᠵᠤ ᠥᠭᠭᠦᠭᠰᠡᠨ ᠶᠣᠰᠣᠭᠠᠷ
ᠵᠥᠭᠡᠢ ᠮᠢᠵᠢᠳ ᠬᠦᠦ
ᠵᠡᠭᠦᠨ ᠬᠣᠢᠰᠢ ᠶᠠᠪᠤᠵᠤ
ᠶᠣᠳᠠᠷ ᠤ᠋ᠨ ᠲᠣᠯᠣᠭᠠᠢ ᠶ᠋ᠢᠨ ᠠᠷᠤ ᠪᠠᠷ ᠭᠠᠷᠬᠤ ᠳ᠋ᠤ᠌
ᠢᠷᠣᠭᠠᠷ ᠦᠭᠡᠢ ᠪᠤᠴᠠᠯᠤᠮ᠎ᠠ ᠳᠠᠯᠠᠢ ᠳᠠᠭᠠᠷᠢᠯᠳᠤᠵᠠᠢ᠃
ᠵᠢᠯᠠᠬᠠ ᠶ᠋ᠢᠨ ᠴᠢᠨᠡᠭᠡ ᠠᠮᠠ ᠲᠠᠢ
ᠵᠢᠷᠠᠨ ᠳᠥᠷᠪᠡᠨ ᠰᠣᠶᠣᠭ᠎ᠠ ᠲᠠᠢ
ᠵᠠᠭᠤᠨ ᠲᠥᠭᠡ ᠴᠢᠬᠢ ᠲᠡᠢ
ᠽᠠᠨᠳᠠᠨ ᠬᠣᠯᠠ ᠮᠣᠷᠢ ᠨᠢ᠄
《ᠡᠵᠡᠨ ᠮᠢᠨᠢ ᠴᠢ
ᠬᠠᠪᠴᠢᠬᠤ ᠪᠠᠷ ᠢ᠋ᠶ᠋ᠠᠨ ᠬᠠᠪᠴᠢ
ᠡᠷ᠎ᠡ ᠮᠣᠷᠢ ᠪᠢ ᠬᠠᠷᠠᠢᠬᠤ ᠪᠠᠷ ᠢ᠋ᠶ᠋ᠠᠨ ᠬᠠᠷᠠᠢᠶᠠ! 》 ᠭᠡᠳ
ᠢᠷᠣᠭᠠᠷ ᠦᠭᠡᠢ ᠪᠤᠴᠠᠯᠤᠮ᠎ᠠ ᠳᠠᠯᠠᠢ ᠶ᠋ᠢ
ᠳᠣᠷᠣᠯ ᠦᠭᠡᠢ ᠬᠠᠷᠠᠢᠭᠠᠳ ᠴᠠᠭᠠᠨ᠎ᠠ ᠨᠢ ᠭᠠᠷᠴᠠᠢ᠃
ᠵᠥᠭᠡᠢ ᠮᠢᠵᠢᠳ ᠬᠦᠦ ᠥᠪᠡᠷ ᠢ᠋ᠶ᠋ᠡᠨ
ᠳᠠᠪᠬᠤᠷ ᠲᠡᠮᠦᠷ ᠬᠠᠰᠢᠶ᠎ᠠ ᠶ᠋ᠢ ᠨᠢ
ᠳᠠᠯᠠᠨ ᠲᠡᠭᠡ ᠶ᠋ᠢᠨ ᠡᠪᠡᠷ ᠢ᠋
ᠳᠠᠪᠲᠠᠵᠤ ᠬᠢᠭᠰᠡᠨ
ᠶᠡᠷᠡᠨ ᠲᠡᠭᠡ ᠶ᠋ᠢᠨ ᠡᠪᠡᠷ ᠢ᠋
ᠢᠩᠳᠡᠵᠦ ᠬᠢᠭᠰᠡᠨ
ᠳᠠᠬᠢ ᠶ᠋ᠢᠨ ᠱᠠᠭ᠎ᠠ ᠳᠡᠪᠬᠡ ᠲᠡᠢ
ᠲᠡᠮᠡᠭᠡᠨ ᠰᠢᠨᠳᠠᠰᠤᠨ ᠬᠥᠪᠴᠢ ᠲᠡᠢ ᠨᠤᠮᠤ ᠳ᠋ᠠᠭᠠᠨ
ᠬᠢᠩᠭ᠎ᠠ ᠶ᠋ᠢᠨ ᠥᠨᠳᠥᠷ ᠪᠣᠷ ᠭᠠᠯᠤ ᠪᠠᠷ ᠬᠢᠭᠰᠡᠨ
ᠬᠠᠨ ᠭᠠᠷᠤᠳᠢ ᠶ᠋ᠢᠨ ᠰᠣᠳᠣ ᠶ᠋ᠢ ᠬᠠᠪᠴᠢᠭᠤᠯᠤᠭᠰᠠᠨ
ᠡᠷᠳᠡᠨᠢ ᠶ᠋ᠢᠨ ᠴᠠᠭᠠᠨ ᠰᠤᠮᠤ ᠶ᠋ᠢ ᠣᠨᠢᠯᠠᠵᠤ
ᠡᠷᠡᠬᠡᠢ ᠮᠡᠳᠡᠨ ᠲᠠᠲᠠᠭᠠᠳ ᠬᠠᠷᠪᠤᠬᠤ ᠳ᠋ᠤ᠌
ᠡᠷᠭᠢ ᠮᠡᠲᠦ ᠡᠮᠲᠡᠷᠡᠨ ᠤᠨᠠᠵᠤ
ᠭᠠᠯᠵᠠᠭᠤ ᠤᠯᠠᠭᠠᠨ ᠪᠤᠬ᠎ᠠ ᠨᠢ
ᠭᠠᠯ ᠤᠯᠠᠭᠠᠨ ᠬᠡᠯᠡ ᠪᠡᠨ ᠭᠢᠯᠪᠠᠯᠵᠠᠭᠤᠯᠤᠨ
ᠡᠷᠲᠡᠭᠡᠷ ᠬᠣᠶᠠᠷ ᠡᠪᠡᠷ ᠢ᠋ᠶ᠋ᠡᠨ
ᠡᠷᠪᠡᠯᠵᠡᠭᠦᠯᠦᠨ ᠳᠠᠭᠠᠷᠢᠭᠠᠳ ᠢᠷᠡᠬᠦ ᠳ᠋ᠦ᠍
ᠳ᠋ᠠᠮ ᠬᠠᠷ᠎ᠠ ᠢᠯᠳᠦ ᠪᠡᠷ ᠢ᠋ᠶ᠋ᠡᠨ ᠴᠠᠪᠴᠢᠯᠠᠵᠤ
ᠳᠠᠯᠠᠨ ᠬᠡᠰᠡᠭ ᠲᠠᠰᠤᠳᠠᠨ ᠬᠠᠶᠠᠵᠠᠢ᠃
ᠠᠬᠢᠭᠠᠳ ᠴᠠᠰᠢ ᠶᠠᠪᠤᠵᠤ
ᠠᠯᠤᠰ ᠤ᠋ᠨ ᠥᠨᠳᠥᠷ ᠠᠠᠭᠤᠯᠠ ᠬᠠᠷᠠᠭᠳᠠᠵᠤ
ᠬᠣᠨᠣᠭ ᠤ᠋ᠨ ᠭᠠᠵᠠᠷ ᠠ᠋ᠴᠠ ᠬᠣᠣᠷᠠᠳᠠᠭᠠᠵᠤ
ᠡᠳᠦᠷ ᠦ᠋ᠨ ᠭᠠᠵᠠᠷ ᠠ᠋ᠴᠠ ᠵᠠᠯᠭᠢᠳᠠᠭ
ᠠᠪᠤᠷᠭᠤ ᠬᠣᠣᠷᠠᠲᠤ ᠮᠣᠭᠠᠢ ᠨᠢ
ᠠᠷᠪᠠᠯᠵᠠᠵᠤ ᠬᠥᠳᠡᠯᠵᠦ ᠪᠠᠢᠲᠠᠯ᠎ᠠ
ᠬᠤᠷᠴᠠ ᠲᠥᠷᠥᠭᠰᠡᠨ ᠵᠥᠭᠡᠢ ᠮᠢᠵᠢᠳ ᠬᠦᠦ
ᠬᠣᠷᠣᠮᠬᠠᠨ ᠵᠠᠭᠤᠷ᠎ᠠ ᠬᠠᠷᠪᠤᠭᠠᠳ ᠠᠯᠠᠵᠠᠢ᠃
— — — —
① ᠬᠡᠲᠡ ᠨᠤᠲᠤᠭ — ᠤᠭ ᠨᠤᠲᠤᠭ᠂ ᠭᠣᠯᠣᠮᠲᠠ ᠪᠣᠯᠤᠭᠰᠠᠨ ᠨᠤᠲᠤᠭ
② ᠲᠦᠩᠭᠡᠯᠴᠡᠭ —ᠲᠦᠩᠭᠡᠷᠴᠡᠭ
* * *
ᠠᠨᠳᠠᠯᠠᠢ ᠰᠢᠷ᠎ᠠ ᠮᠠᠩᠭᠤᠰ
ᠠᠮᠢᠳᠤ ᠬᠥᠮᠦᠨ ᠪᠠᠷᠢᠵᠤ ᠢᠳᠡᠬᠦ ᠪᠡᠷ
ᠠᠩ ᠭᠥᠷᠦᠭᠡᠨ ᠳ᠋ᠡᠭᠡᠨ ᠶᠠᠪᠤᠵᠤ ᠪᠠᠢᠭᠠᠳ
ᠠᠷᠪᠠᠨ ᠲᠠᠪᠤᠨ ᠲᠣᠯᠣᠭᠠᠢ ᠨᠢ ᠡᠪᠡᠳᠦᠭᠡᠳ
ᠲᠣᠭᠰᠢᠨ ᠬᠠᠷ᠎ᠠ ᠰᠠᠯᠬᠢ ᠳᠡᠭᠳᠡᠭᠡᠵᠦ
ᠳᠠᠭᠤ ᠲᠠᠢ ᠰᠢᠷᠦᠭᠦᠨ ᠪᠣᠷᠣᠭᠠᠨ ᠣᠷᠣᠭᠤᠯᠵᠤ
ᠦᠬᠡᠷ ᠴᠢᠯᠠᠭᠤ ᠪᠠᠷ ᠲᠠᠪᠠᠭ ᠢᠰᠬᠦᠯᠵᠦ ᠢᠷᠡᠭᠡᠳ
ᠦᠬᠦᠭᠰᠡᠨ ᠰᠢᠭ ᠲᠣᠯᠣᠭᠠᠢ ᠪᠠᠨ ᠣᠷᠢᠶᠠᠨ ᠬᠡᠪᠲᠡᠵᠡᠢ᠃
* * *
ᠣᠷᠠᠡᠭᠤᠤᠡ ᠠᠪᠠᠭᠠᠢ
ᠤᠯᠤᠰ ᠠᠮᠢᠳᠠᠨ᠎ᠠ ᠠ᠋ᠴᠠ ᠳᠠᠯᠳᠠᠯᠠᠵᠤ
ᠲᠤᠭᠤᠯ ᠬᠠᠷᠢᠭᠤᠯᠤᠭᠰᠠᠨ ᠬᠥᠮᠦᠨ ᠪᠣᠯᠵᠤ
ᠲᠣᠬᠢᠷᠠᠭᠰᠠᠨ ᠭᠠᠵᠠᠷ ᠲᠠᠭᠠᠨ ᠬᠦᠷᠦᠭᠡᠳ
ᠠᠮᠠᠷᠠᠭ ᠨᠥᠬᠥᠷ ᠲᠡᠢ ᠪᠡᠨ ᠠᠠᠭᠤᠯᠵᠠᠵᠤ
ᠠᠪᠤ ᠡᠵᠢ ᠶ᠋ᠢᠨ ᠢ᠋ᠶ᠋ᠡᠨ ᠪᠠᠢᠳᠠᠯ ᠢ᠋ ᠬᠡᠯᠡᠭᠡᠳ
ᠠᠷᠭ᠎ᠠ ᠤᠬᠠᠭᠠᠨ ᠢ᠋ᠶ᠋ᠠᠨ ᠵᠥᠪᠳᠡᠵᠦ ᠪᠤᠴᠠᠭᠠᠳ
ᠠᠨᠳᠠᠯᠠᠢ ᠰᠢᠷ᠎ᠠ ᠮᠠᠩᠭᠤᠰ ᠲᠤ᠌ ᠣᠴᠢᠵᠤ ᠬᠡᠯᠡᠭᠰᠡᠨ ᠨᠢ᠄
《ᠪᠤᠷᠤᠭᠤ ᠬᠡᠷᠡᠭ ᠬᠢᠯ᠎ᠡ
ᠪᠢᠷᠠᠭᠤ ᠲᠤᠭᠤᠯ ᠢ᠋ ᠴᠢᠨᠢ ᠰᠢᠪᠠᠷᠳᠠᠭᠤᠯᠴᠢᠪᠠ᠃
ᠪᠣᠭᠣᠯ ᠡᠪᠦᠭᠡᠨ ᠡᠮᠡᠭᠡᠨ ᠢ᠋ ᠴᠢᠨᠢ ᠠᠪᠠᠴᠢᠵᠤ
ᠪᠤᠰᠢᠭᠤᠬᠠᠨ ᠲᠠᠲᠠᠭᠤᠯᠵᠤ ᠭᠠᠷᠭᠠᠶ᠎ᠠ!》 ᠭᠡᠵᠡᠢ᠃
ᠠᠷᠪᠠᠨ ᠲᠠᠪᠤᠨ ᠲᠣᠯᠣᠭᠠᠢ ᠲᠠᠢ
ᠠᠨᠳᠠᠯᠠᠢ ᠰᠢᠷ᠎ᠠ ᠮᠠᠩᠭᠤᠰ᠄
《ᠲᠤᠭᠤᠯ ᠪᠢᠷᠠᠭᠤ ᠬᠠᠮᠢᠶᠠᠷᠬᠤ ᠠ᠋ᠴᠠ
ᠲᠣᠯᠣᠭᠠᠢ ᠲᠠᠷᠢᠬᠢ ᠤᠨᠠᠮᠠᠷ ᠪᠠᠢᠨ᠎ᠠ
ᠪᠣᠭᠣᠯ ᠡᠪᠦᠭᠡᠨ ᠡᠮᠡᠭᠡᠨ ᠢ᠋ ᠵᠠᠷᠤᠬᠤ ᠳ᠋ᠤ᠌
ᠪᠣᠯᠭᠣᠭᠠᠵᠤ ᠨᠠᠳᠠ ᠠ᠋ᠴᠠ ᠠᠰᠠᠭᠤᠭᠠᠳ ᠶᠠᠭᠠᠬᠢᠨ᠎ᠠ! 》 ᠭᠡᠵᠡᠢ᠃
ᠠᠪᠤ ᠡᠵᠢ ᠪᠡᠨ ᠳᠠᠭᠠᠭᠤᠯᠤᠭᠠᠳ ᠪᠡᠷᠢ ᠨᠢ
ᠠᠭᠯᠠᠭ ᠠᠭᠤᠯᠠᠨ ᠳ᠋ᠤ᠌ ᠣᠴᠢᠵᠤ
ᠠᠯᠲᠠᠨ ᠰᠢᠷᠭᠠᠯ ᠮᠣᠷᠢ ᠪᠠᠨ ᠠᠪᠤᠭᠠᠳ
ᠠᠯᠤᠰ ᠤ᠋ᠨ ᠨᠤᠲᠤᠭ ᠲᠠᠭᠠᠨ ᠶᠠᠪᠤᠵᠠᠢ᠃
※ ※ ※ ※
ᠵᠢᠰᠤᠷ ᠮᠠᠩᠭᠤᠰ ᠢ᠋ ᠳᠠᠷᠤᠬᠤ ᠪᠠᠷ
ᠵᠥᠭᠡᠢ ᠮᠢᠵᠢᠳ ᠬᠦᠦ ᠶᠠᠪᠤᠵᠤ
ᠠᠨᠳᠠᠯᠠᠢ ᠰᠢᠷ᠎ᠠ ᠮᠠᠩᠭᠤᠰ ᠤ᠋ᠨ ᠭᠠᠳᠠᠨ᠎ᠠ ᠬᠦᠷᠦᠭᠡᠳ
ᠠᠶᠤᠩᠭ᠎ᠠ ᠶ᠋ᠢᠨ ᠳᠠᠭᠤ ᠰᠢᠭ᠋ ᠪᠠᠷᠬᠢᠷᠠᠭᠰᠠᠨ ᠨᠢ᠄
《ᠬᠥᠮᠦᠨ ᠦ᠌ ᠮᠢᠬ᠎ᠠ ᠪᠠᠷ ᠠᠮᠢᠳᠤᠷᠠᠭᠰᠠᠨ
ᠬᠥᠨᠥᠭᠡᠯᠲᠦ ᠮᠠᠩᠭᠤᠰ ᠭᠠᠷᠴᠤ ᠢᠷ᠎ᠡ!
ᠠᠷᠠᠰᠤ ᠮᠢᠬ᠎ᠠ ᠶ᠋ᠢ ᠴᠢᠨᠢ ᠰᠠᠯᠭᠠᠵᠤ
ᠠᠮᠢ ᠭᠣᠣᠯ ᠢ᠋ ᠴᠢᠨᠢ ᠲᠠᠰᠤᠯᠤᠶᠠ! 》 ᠭᠡᠵᠡᠢ᠃
ᠣᠷᠣᠢ ᠶ᠋ᠢᠨ ᠦᠰᠦ ᠨᠢ ᠥᠷᠪᠥᠰᠬᠢᠵᠦ
ᠣᠭᠣᠴᠢ ᠶ᠋ᠢᠨ ᠰᠠᠬᠠᠯ ᠨᠢ ᠰᠡᠷᠪᠡᠰᠬᠢᠵᠦ
ᠠᠷᠪᠠᠨ ᠲᠠᠪᠤᠨ ᠲᠣᠯᠣᠭᠠᠢ ᠨᠢ ᠠᠷᠵᠠᠢᠰᠬᠢᠵᠦ
ᠠᠨᠳᠠᠯᠠᠢ ᠰᠢᠷ᠎ᠠ ᠮᠠᠩᠭᠤᠰ ᠬᠠᠷᠠᠢᠨ ᠪᠣᠰᠴᠤ
ᠭᠠᠯ ᠤᠯᠠᠭᠠᠨ ᠪᠢᠯᠠᠭᠤ ᠪᠠᠨ
ᠭᠠᠷ ᠲᠠᠭᠠᠨ ᠰᠢᠭᠦᠷᠡᠨ ᠠᠪᠤᠭᠠᠳ
ᠭᠠᠳᠠᠭᠰᠢ ᠭᠦᠶᠦᠵᠦ ᠭᠠᠷᠤᠭᠠᠳ
ᠭᠠᠪᠰᠢᠭᠠᠢ ᠪᠠᠭᠠᠲᠤᠷ ᠲᠠᠢ ᠲᠤᠯᠤᠯᠳᠤᠵᠠᠢ᠃
ᠭᠠᠯ ᠤᠯᠠᠭᠠᠨ ᠪᠢᠯᠠᠭᠤ ᠪᠠᠷ ᠢᠶᠠᠨ
ᠭᠠᠯᠵᠠᠭᠤ ᠮᠠᠩᠭᠤᠰ ᠴᠣᠬᠢᠨ᠎ᠠ᠂
ᠭᠠᠩ ᠪᠣᠯᠣᠳ ᠰᠡᠯᠡᠮ᠎ᠡ ᠪᠡᠷ ᠢ᠋ᠶ᠋ᠡᠨ
ᠭᠠᠪᠰᠢᠭᠠᠢ ᠪᠠᠭᠠᠲᠤᠷ ᠴᠠᠪᠴᠢᠨ᠎ᠠ᠃
ᠠᠷᠠᠭ᠎ᠠ ᠰᠢᠳᠦ ᠪᠡᠨ ᠬᠠᠪᠢᠷᠴᠤ
ᠠᠨᠳᠠᠯᠠᠢ ᠮᠠᠩᠭᠤᠰ ᠴᠣᠬᠢᠨ᠎ᠠ᠂
ᠠᠭᠤᠷ ᠬᠢᠯᠢᠩ ᠨᠢ ᠪᠠᠳᠠᠷᠠᠭᠠᠳ
ᠠᠪᠤᠷᠭᠤ ᠪᠠᠭᠠᠲᠤᠷ ᠴᠠᠪᠴᠢᠯ᠎ᠠ᠃
ᠥᠨᠳᠥᠷ ᠥᠨᠳᠥᠷ ᠠᠠᠭᠤᠯᠠ ᠨᠢ
ᠥᠨᠳᠡᠯᠵᠡᠨ ᠥᠨᠳᠡᠯᠵᠡᠨ ᠬᠥᠳᠡᠯᠦᠨ᠎ᠡ
ᠥᠷᠭᠡᠨ ᠥᠷᠭᠡᠨ ᠮᠥᠷᠡᠨ ᠨᠢ
ᠥᠭᠡᠳᠡ ᠤᠷᠤᠭᠤ ᠪᠠᠨ ᠴᠠᠯᠭᠢᠨ᠎ᠠ᠂
ᠬᠤᠸᠠ ᠳᠣᠪᠣ ᠭᠠᠵᠠᠷ ᠨᠢ
ᠬᠣᠪᠬᠤ ᠬᠣᠪᠬᠤ ᠦᠰᠦᠷᠦᠨ᠎ᠡ
ᠬᠣᠲᠣᠭᠣᠷ ᠬᠥᠨᠳᠡᠢ ᠭᠠᠵᠠᠷ ᠨᠢ
ᠤᠰᠤ ᠱᠠᠯᠪᠠᠭ ᠲᠣᠭᠲᠠᠨ᠎ᠠ᠃
ᠠᠷᠢᠶᠠᠲᠠᠨ ᠵᠢᠭᠦᠷᠲᠡᠨ ᠦᠢᠮᠡᠯᠳᠦᠵᠦ
ᠠᠷᠪᠠᠨ ᠵᠦᠭ ᠲᠡᠭᠡᠨ ᠪᠤᠲᠠᠷᠠᠨ᠎ᠠ
ᠠᠳᠤᠭᠤ ᠮᠠᠯ ᠦᠷᠭᠦᠵᠦ
ᠵᠦᠭ ᠴᠢᠭ ᠦᠭᠡᠢ ᠳᠠᠪᠬᠢᠨ᠎ᠠ᠃
ᠭᠠᠩ ᠵᠡᠪᠰᠡᠭ ᠦ᠋ᠨ ᠬᠠᠷᠰᠢᠯᠭᠠᠨ ᠳ᠋ᠤ᠌
ᠭᠠᠯ ᠪᠠᠳᠠᠷᠠᠨ ᠨᠣᠴᠣᠵᠤ
ᠬᠣᠣᠷᠠᠲᠤ ᠮᠠᠭᠤ ᠮᠠᠩᠭᠤᠰ ᠤ᠋ᠨ
ᠬᠣᠷᠢᠶ᠎ᠠ ᠬᠠᠰᠢᠶ᠎ᠠ ᠨᠢ ᠰᠢᠲᠠᠵᠤ
ᠥᠷᠥᠭᠡ ᠭᠡᠷ ᠨᠢ ᠨᠤᠷᠠᠵᠤ
ᠥᠲᠡᠯᠦᠭᠰᠡᠨ ᠨᠢᠯᠬ᠎ᠠ ᠨᠢ ᠳᠠᠷᠤᠭᠳᠠᠵᠤ
ᠭᠡᠳᠡᠭᠡᠷ ᠰᠢᠷ᠎ᠠ ᠠᠪᠠᠭᠠᠢ ᠶ᠋ᠢᠨ ᠬᠢᠨᠢ
ᠭᠡᠷ ᠴᠢᠨᠡᠭᠡ ᠭᠡᠳᠡᠰᠦ ᠨᠢ ᠨᠢᠯᠲᠠᠷᠠᠵᠠᠢ᠃
ᠠᠨᠳᠠᠯᠠᠢ ᠰᠢᠷ᠎ᠠ ᠮᠠᠩᠭᠤᠰ
ᠠᠯᠠᠯᠳᠤᠬᠤ ᠵᠠᠭᠤᠷ᠎ᠠ ᠪᠠᠨ ᠪᠣᠳᠣᠭᠰᠠᠨ ᠨᠢ᠄
《ᠠᠪᠤ ᠡᠵᠢ ᠦᠬᠦᠪᠡᠯ ᠦᠬᠦᠭ
ᠠᠪᠠᠭᠠᠢ ᠬᠡᠦᠬᠡᠳ ᠨᠢᠯᠲᠠᠷᠠᠪᠠᠯ ᠨᠢᠯᠲᠠᠷᠠᠭ
ᠠᠮᠢ ᠭᠣᠣᠯ ᠲᠠᠢ ᠪᠠᠨ ᠦᠯᠡᠳᠡᠪᠡᠯ
ᠠᠵᠠ ᠵᠠᠪᠰᠢᠶᠠᠨ ᠲᠡᠷᠡ ᠮᠥᠨ!》 ᠭᠡᠵᠡᠢ᠃
ᠵᠢᠷᠦᠬᠡ ᠵᠣᠷᠢᠭᠲᠤ ᠪᠠᠭᠠᠲᠤᠷ
ᠵᠥᠭᠡᠢ ᠮᠢᠵᠢᠳ ᠰᠠᠨᠠᠭᠰᠠᠨ ᠨᠢ᠄
《ᠬᠣᠮᠣᠬᠠᠢ ᠮᠠᠩᠭᠤᠰ ᠢ ᠳᠠᠷᠤᠬᠤ ᠦᠭᠡᠢ ᠪᠣᠯ
ᠬᠣᠣᠷ᠎ᠠ ᠶ᠋ᠢᠨ ᠦᠨᠳᠦᠰᠦ ᠲᠠᠰᠤᠷᠠᠬᠤ ᠦᠭᠡᠢ
ᠥᠰᠢᠶ᠎ᠡ ᠬᠣᠷᠣᠰᠤᠯ ᠢ᠋ᠶ᠋ᠠᠨ ᠠᠪᠬᠤ ᠦᠭᠡᠢ ᠪᠣᠯ
ᠥᠪᠴᠢᠨ ᠳᠡᠯᠡᠬᠡᠢ ᠳ᠋ᠦ᠍ ᠬᠥᠮᠦᠨ ᠪᠣᠯᠬᠤ ᠦᠭᠡᠢ!》 ᠭᠡᠵᠦ
ᠠᠭᠤᠷ ᠬᠢᠯᠢᠩ ᠨᠢ ᠪᠠᠳᠠᠷᠠᠵᠤ
ᠤᠨᠲᠠᠵᠤ ᠢᠳᠡᠬᠦ ᠪᠦᠷ ᠮᠠᠷᠲᠠᠵᠤ
ᠣᠮᠣᠭ ᠬᠦᠴᠦᠨ ᠨᠢ ᠨᠡᠮᠡᠭᠳᠡᠵᠦ
ᠣᠯᠠᠨ ᠬᠣᠨᠣᠭ ᠢ᠋ᠶ᠋ᠠᠷ ᠪᠠᠢᠯᠳᠤᠵᠤ ᠪᠠᠢᠭᠠᠳ
ᠠᠳᠤᠭᠤᠴᠢᠨ ᠡᠪᠦᠭᠡᠨ ᠦ᠌ ᠪᠡᠨ ᠬᠡᠯᠡᠭᠰᠡᠨ ᠢ᠋
ᠭᠱᠠᠨ ᠵᠠᠭᠤᠷ᠎ᠠ ᠰᠠᠨᠠᠵᠤ ᠣᠯᠤᠭᠠᠳ
ᠮᠠᠩᠭᠤᠰ ᠤ᠋ᠨ ᠭᠣᠣᠯ ᠰᠦᠨᠡᠰᠦ ᠨᠢ
ᠬᠦᠢᠰᠦᠨ ᠳ᠋ᠦ᠍ᠨᠢ ᠪᠠᠢᠳᠠᠭ ᠭᠡᠵᠦ
ᠬᠦᠢᠰᠦᠨ ᠤᠷᠤᠭᠤ ᠨᠢ ᠵᠢᠳᠠᠯᠠᠬᠤ ᠳ᠋ᠤ᠌
ᠬᠥᠨᠥᠭᠡᠯᠲᠦ ᠮᠠᠩᠭᠤᠰ ᠳᠠᠭᠤ ᠠᠯᠲᠠᠨ ᠤᠨᠠᠵᠤ
ᠵᠥᠭᠡᠢ ᠮᠢᠵᠢᠳ ᠳᠡᠭᠡᠷ᠎ᠡ ᠨᠢ ᠭᠢᠰᠬᠢᠭᠡᠳ
ᠵᠢᠷᠦᠬᠡᠨ ᠤᠷᠤᠭᠤ ᠨᠢ ᠬᠢᠲᠤᠭ᠎ᠠ ᠰᠢᠭᠠᠬᠤ ᠳ᠋ᠤ᠌
ᠠᠨᠳᠠᠯᠠᠢ ᠰᠢᠷ᠎ᠠ ᠮᠠᠩᠭᠤᠰ
ᠠᠮᠠᠨ ᠲᠠᠩᠭᠠᠷᠢᠭ ᠢ᠋ᠶ᠋ᠠᠨ ᠥᠭᠴᠦ᠄
《ᠬᠡᠭᠡᠷ᠎ᠡ ᠶ᠋ᠢᠨ ᠠᠳᠤᠭᠤ ᠶ᠋ᠢ ᠴᠢᠨᠢ ᠦᠷᠭᠦᠭᠡᠬᠦ ᠦᠭᠡᠢ
ᠬᠡᠪᠲᠡᠭᠰᠡᠨ ᠬᠣᠨᠢ ᠶ᠋ᠢ ᠴᠢᠨᠢ ᠪᠤᠰᠬᠠᠬᠤ ᠦᠭᠡᠢ᠃
ᠨᠣᠮᠣᠬᠠᠨ ᠮᠣᠷᠢᠨ ᠤ᠋ ᠴᠢᠨᠢ
ᠨᠣᠭᠲᠣ ᠪᠣᠯᠤᠶ᠎ᠠ
ᠲᠣᠭᠰᠢᠨ ᠮᠣᠷᠢᠨ ᠤ᠋ ᠴᠢᠨᠢ
ᠴᠢᠳᠥᠷ ᠪᠣᠯᠤᠶ᠎ᠠ
ᠮᠠᠯᠠᠭᠠᠢ ᠶ᠋ᠢᠨ ᠴᠢᠨᠢ
ᠲᠠᠯᠪᠢᠭᠤᠷ ᠪᠣᠯᠤᠶ᠎ᠠ
ᠮᠢᠬᠠᠨ ᠢᠳᠡᠬᠦ ᠳ᠋ᠦ᠍ ᠴᠢᠨᠢ
ᠰᠢᠷᠡᠭᠡ ᠪᠣᠯᠤᠶ᠎ᠠ!》 ᠭᠡᠬᠦ ᠳ᠋ᠦ᠍
ᠵᠥᠭᠡᠢ ᠮᠢᠵᠢᠳ ᠬᠦᠦ
ᠵᠢᠰᠤᠷ ᠮᠠᠩᠭᠤᠰ ᠲᠤ᠌᠄
《ᠥᠷᠥᠨ ᠳ᠋ᠦ᠍ ᠴᠢᠨᠢ ᠬᠢᠲᠤᠭ᠎ᠠ ᠰᠢᠨ᠋ᠭᠠᠬᠤ ᠳ᠋ᠤ᠌
ᠥᠷᠥᠰᠢᠶᠡᠯ ᠭᠤᠶᠤᠬᠤ ᠪᠠᠨ ᠰᠠᠨᠠᠪᠠ ᠤᠤ?
ᠥᠲᠡᠯᠦᠭᠰᠡᠨ ᠠᠪᠤ ᠡᠵᠢ ᠶ᠋ᠢ ᠮᠢᠨᠢ ᠪᠣᠭᠣᠯᠴᠢᠯᠠᠬᠤ ᠳ᠋ᠠᠭᠠᠨ
ᠦᠷᠦ ᠡᠪᠡᠳᠴᠦ ᠬᠠᠢᠷᠠᠯᠠᠵᠤ ᠶᠠᠪᠤᠪᠠ ᠤᠤ?》 ᠭᠡᠳ
ᠬᠣᠨᠢᠨ ᠤ᠋ ᠮᠠᠶᠢᠭ ᠢ᠋ᠶ᠋ᠠᠷ ᠠᠯᠠᠵᠤ
ᠦᠬᠡᠷ ᠦ᠋ᠨ ᠮᠠᠶᠢᠭ ᠢ᠋ᠶ᠋ᠠᠷ ᠡᠪᠳᠡᠵᠦ
ᠦᠬᠡᠷ ᠣᠷᠬᠢᠷᠠᠬᠤ ᠰᠡᠪᠡᠰᠦ ᠦᠭᠡᠢ
ᠦᠨᠡᠭᠡ ᠰᠢᠭᠰᠢᠬᠦ ᠶᠠᠰᠤ ᠦᠭᠡᠢ ᠭᠠᠯᠳᠠᠵᠠᠢ᠃
ᠳᠠᠢᠰᠤᠨ ᠢ᠋ᠶ᠋ᠠᠨ ᠳᠠᠷᠤᠵᠤ
ᠳᠠᠷᠬᠠᠨ ᠴᠣᠯᠠ ᠪᠠᠨ ᠣᠯᠵᠤ
ᠥᠰᠢᠶᠡᠲᠡᠨ ᠢ᠋ᠶ᠋ᠡᠨ ᠳᠠᠷᠤᠵᠤ
ᠥᠷᠭᠡᠨ ᠴᠣᠯᠠ ᠪᠠᠨ ᠣᠯᠤᠭᠠᠳ
ᠥᠪᠡᠷ ᠦ᠋ᠨ ᠨᠤᠲᠤᠭ ᠲᠠᠭᠠᠨ ᠬᠠᠷᠢᠵᠤ
ᠠᠪᠤ ᠡᠵᠢ ᠪᠠ ᠠᠪᠠᠭᠠᠢ ᠲᠠᠢ ᠪᠠᠨ ᠠᠭᠤᠯᠵᠠᠵᠤ
ᠦᠪᠡᠳᠡᠭᠰᠢ ᠶᠡᠬᠡ ᠨᠠᠢᠷ ᠬᠢᠵᠦ
ᠥᠨᠢ ᠮᠥᠩᠬᠡᠲᠡ ᠵᠢᠷᠭᠠᠵᠠᠢ᠃
ᠦᠰᠦᠭ ᠠᠮᠢᠯᠠᠭᠤᠯᠤᠭᠰᠠᠨ ᠨᠢ᠄ ᠬᠥᠬᠡ ᠮᠣᠩᠭᠣᠯ
ᠬᠢᠨᠠᠭᠴᠢ᠄ ᠤᠷᠠᠨᠴᠢᠮᠡᠭ
