ᠵᠤᠯᠠ ᠶ᠋ᠢᠨ ᠢᠷᠦᠭᠡᠯChristmas greetingsЗулын ерөөл ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠤᠯᠠ ᠶ᠋ᠢᠨ ᠢᠷᠦᠭᠡᠯChristmas greetingsЗулын ерөөл

ᠵᠤᠯᠠ ᠶ᠋ᠢᠨ ᠢᠷᠦᠭᠡᠯChristmas greetingsЗулын ерөөл

2025-12-14

908

ᠵᠤᠯᠠ ᠶ᠋ᠢᠨ ᠢᠷᠦᠭᠡᠯ


   ᠠᠳᠢᠱᠠ ᠭᠡᠭᠡᠨᠲᠡᠨ ᠲᠤᠭᠤᠷᠪᠢᠵᠤ᠂
   ᠲᠠᠷᠠᠬᠠᠨᠮᠣᠩᠭᠤᠯ ᠣᠷᠴᠢᠭᠤᠯᠪᠠ 
ᠵᠤᠯᠠ ᠶ᠋ᠢᠨ ᠰᠠᠪᠠ ᠮᠢᠨᠦ ᠭᠤᠷᠪᠠᠨ ᠮᠢᠩᠭᠠᠨ 
ᠶᠡᠬᠡ ᠮᠢᠩᠭᠠᠨ ᠶᠢᠷᠲᠢᠨᠴᠦ ᠯᠤᠭ᠎ᠠ ᠰᠠᠴᠠᠭᠤ ᠪᠣᠯᠲᠤᠭᠠᠢ᠂
ᠵᠤᠯᠠ ᠶ᠋ᠢᠨ ᠭᠣᠣᠯ ᠮᠢᠨᠦ ᠰᠦᠮᠪᠦᠷ ᠠᠭᠤᠯᠠ ᠶ᠋ᠢᠨ 
ᠴᠢᠨᠡᠭᠡᠨ ᠲᠣᠮᠣ ᠪᠣᠯᠬᠤ ᠪᠣᠯᠲᠤᠭᠠᠢ᠂
ᠵᠤᠯᠠ ᠶ᠋ᠢᠨ ᠲᠣᠰᠣᠨ ᠮᠢᠨᠦ ᠠᠨᠠᠪᠠᠳ ᠳᠠᠯᠠᠢ ᠮᠡᠲᠦ ᠠᠬᠤᠢ ᠪᠣᠯᠬᠤ ᠪᠣᠯᠲᠤᠭᠠᠢ᠂
ᠵᠤᠯᠠ ᠶ᠋ᠢᠨ ᠲᠣᠭ᠎ᠠ ᠮᠢᠨᠦ ᠪᠤᠷᠬᠠᠨ ᠪᠦᠷᠢ ᠶ᠋ᠢᠨ ᠡᠮᠦᠨ᠎ᠡ ᠳ᠋ᠦᠩᠰᠢᠭᠤᠷ ᠪᠣᠯᠬᠤ ᠪᠣᠯᠲᠤᠭᠠᠢ᠂
ᠵᠤᠯᠠ ᠶ᠋ᠢᠨ ᠭᠡᠷᠡᠯ ᠢ᠋ᠶ᠋ᠡᠷ ᠣᠷᠴᠢᠯᠠᠩ ᠤ᠋ᠨ ᠣᠷᠭᠢᠯ ᠠ᠋ᠴᠠ ᠲᠠᠮᠤ ᠶ᠋ᠢᠨ ᠢᠷᠣᠭᠠᠷ ᠬᠦᠷᠲᠡᠯᠡᠬᠢ᠂
ᠵᠣᠪᠠᠯᠠᠩᠲᠤ ᠠᠮᠢᠲᠠᠨ ᠪᠦᠬᠦᠨ ᠦ᠌ ᠮᠤᠩᠬᠠᠭ ᠤ᠋ᠨ ᠬᠠᠷᠠᠩᠭᠤᠢ ᠠᠷᠢᠯᠲᠤᠭᠠᠢ᠂
ᠵᠤᠯᠠ ᠶ᠋ᠢᠨ ᠭᠡᠷᠡᠯ ᠢ᠋ᠶ᠋ᠡᠷ ᠠᠷᠪᠠᠨ ᠵᠦᠭ ᠦ᠋ᠨ ᠬᠠᠮᠤᠭ ᠪᠤᠷᠬᠠᠨ ᠪᠣᠳᠢᠰᠠᠳ᠋ᠸ᠎ᠠ ᠶ᠋ᠢᠨ᠂
ᠠᠷᠢᠯᠤᠭᠰᠠᠨ ᠣᠷᠣᠨ ᠪᠦᠭᠦᠳᠡᠭᠡᠷ ᠦᠵᠡᠭᠳᠡᠨ
ᠲᠣᠳᠣᠷᠠᠬᠤ ᠪᠣᠯᠲᠤᠭᠠᠢ᠂
ᢀ ᠣᠮ ᠪᠠᠽᠠᠷ ᠠᠯᠤᠬ᠌ᠸ ᠠ ᠬᠣᠩ᠃
ᠡᠸᠮᠡᠡᡁᠣ᠌ᠣ᠌
ᠭᠠᠢᠬᠠᠮᠰᠢᠭᠲᠤ ᠨᠠᠨᠳᠢᠨ ᠭᠡᠭᠡᠨ ᠵᠤᠯᠠ ᠡᠭᠦᠨ ᠢ᠋᠂
ᠰᠠᠢᠨ ᠭᠠᠯᠪᠠ ᠶ᠋ᠢᠨ ᠮᠢᠩᠭᠠᠨ ᠪᠤᠷᠬᠠᠨ ᠲᠡᠷᠢᠭᠦᠲᠡᠨ ᠂
ᠠᠬᠤᠢ ᠶᠡᠬᠡ ᠠᠷᠪᠠᠨ ᠵᠦᠭ ᠦ᠋ᠨ ᠠᠷᠢᠯᠤᠭᠰᠠᠨ ᠣᠷᠣᠨ ᠪᠦᠬᠦᠨ ᠦ᠌ ᠂
ᠪᠠᠭᠰᠢ ᠢᠳᠠᠮ ᠪᠠᠭᠠᠲᠤᠷ ᠳᠠᠭᠢᠨᠢᠰ ᠨᠣᠮ ᠤ᠋ᠨ ᠰᠠᠬᠢᠭᠤᠯᠰᠤᠨ ᠪᠠ ᠂
ᠬᠣᠲᠠ ᠮᠠᠨᠳᠠᠯ ᠤ᠋ᠨ ᠪᠤᠷᠬᠠᠨ ᠤ᠋ ᠴᠢᠭᠤᠯᠭᠠᠨ ᠳ᠋ᠤᠷ ᠡᠷᠭᠦᠵᠦ᠂
ᠡᠴᠢᠭᠡ ᠡᠬᠡ ᠪᠡᠷ ᠮᠢᠨᠢ ᠭᠣᠣᠯᠯᠠᠭᠰᠠᠨ ᠠᠮᠢᠲᠠᠨ ᠭᠣᠣᠯᠳᠠᠨ ᠪᠦᠭᠦᠳᠡᠭᠡᠷ᠂
ᠡᠨᠡ ᠨᠠᠰᠤᠨ ᠬᠢᠭᠡᠳ ᠲᠥᠷᠥᠯ ᠦ᠋ᠨ ᠣᠷᠣᠨ ᠪᠦᠬᠦᠨ ᠳ᠋ᠦ᠍᠂
ᠢᠯᠠᠭᠤᠭᠰᠠᠨ ᠤ᠋ ᠠᠷᠢᠭᠤᠨ ᠣᠷᠤᠳ ᠢ᠋ ᠢᠯᠡᠳᠲᠡ ᠦᠵᠡᠵᠦ᠂
ᠢᠲᠡᠭᠡᠯ ᠠᠪᠢᠳᠠ ᠶ᠋ᠢᠨ ᠴᠢᠨᠠᠷ ᠯᠤᠭ᠎ᠠ ᠢᠯᠭᠠᠯ ᠦᠭᠡᠢ ᠪᠣᠯᠲᠤᠭᠠᠢ᠂
ᠳᠡᠭᠡᠳᠦ ᠭᠤᠷᠪᠠᠨ ᠡᠷᠳᠡᠨᠢ ᠪᠠ ᠢᠵᠠᠭᠤᠷ ᠤ᠋ᠨ ᠭᠤᠷᠪᠠᠨ ᠪᠣᠷᠠᠬᠤᠨ ᠮᠢᠨᠢ ᠂
ᠦᠨᠡᠨ ᠮᠥᠨ ᠦ᠌ ᠬᠦᠴᠦᠨ ᠢ᠋ᠶ᠋ᠡᠷ ᠥᠴᠦᠬᠡᠨ ᠮᠢᠨᠦ ᠢᠷᠥᠭᠡᠭᠰᠡᠨ ᠢ᠋᠂
ᠦᠳᠲᠡᠷ ᠲᠦᠷᠭᠡᠨ ᠪᠦᠲᠦᠭᠡᠬᠦᠢ ᠪᠡᠷ ᠥᠷᠥᠰᠢᠶᠡᠨ ᠠᠳᠢᠰᠯᠠᠵᠤ ᠰᠣᠶᠣᠷᠬ᠎ᠠ ᠃

      ᠦᠰᠦᠭ ᠠᠮᠢᠯᠠᠭᠤᠯᠤᠭᠴᠢ᠄ ᠲᠡᠭᠰᠢᠮᠥ᠋ᠩᠬᠡ
      ᠬᠢᠨᠠᠭᠴᠢ᠄ ᠮᠣᠩᠭᠤᠯᠵᠠᠶᠠᠭ᠎ᠠ