ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠩᠭᠠᠬᠠᠢ ᠰᠢᠪᠠᠭᠤᠨ ᠤ᠋ ᠦᠯᠢᠭᠡᠷ Гураван настай гунаган улаан баатар - Ангаахай шувууны үлгэр
ᠠᠩᠭᠠᠬᠠᠢ ᠰᠢᠪᠠᠭᠤᠨ ᠤ᠋ ᠦᠯᠢᠭᠡᠷ
ᠡᠷᠲᠡ ᠤᠷᠢᠳᠤ ᠴᠠᠭ ᠲᠤ᠌ ᠠᠩᠭᠠᠬᠠᠢ ᠰᠢᠪᠠᠭᠤ ᠭᠡᠵᠦ ᠪᠠᠢᠵᠠᠢ᠃ ᠠᠭᠢ ᠶ᠋ᠢᠨ ᠥᠨᠳᠥᠷ ᠠᠭᠤᠯᠠ ᠶ᠋ᠢᠨ ᠠᠷᠤ ᠳ᠋ᠤ᠌ ᠠᠭᠠᠷᠤ ᠽᠠᠨᠳᠠᠨ ᠮᠣᠳᠣᠨ ᠤ᠋ ᠳᠡᠭᠡᠷ᠎ᠡ᠂ ᠠᠯᠲᠠᠨ ᠫᠢᠯᠠ ᠰᠢᠭ᠋ ᠰᠠᠢᠬᠠᠨ ᠡᠭᠦᠷ ᠪᠠᠷᠢᠵᠤ᠂ ᠠᠮᠤᠷ ᠵᠢᠷᠭᠠᠯ ᠲᠠᠢ ᠰᠠᠭᠤᠵᠤ ᠪᠠᠢᠭᠰᠠᠨ ᠪᠥᠭᠡᠳ ᠠᠷᠪᠠᠨ ᠭᠤᠷᠪᠠᠨ ᠥᠨᠳᠡᠭᠡ ᠲᠥᠷᠥᠵᠦ ᠤᠯᠠᠮ ᠪᠠᠶᠠᠷᠲᠠᠢ ᠪᠣᠯᠤᠭᠰᠠᠨ ᠭᠡᠨ᠎ᠡ᠃
ᠵᠠ! ᠲᠡᠷᠡ ᠦᠶ᠎ᠡ ᠳ᠋ᠦ᠍᠂ ᠨᠢᠭᠡᠨ ᠡᠳᠦᠷ᠂ ᠠᠷᠤ ᠶ᠋ᠢᠨ ᠤᠯᠠᠭᠠᠨ ᠦᠨᠡᠭᠡ ᠲᠣᠭᠣᠷᠢᠨ ᠶᠠᠪᠤᠭᠰᠠᠭᠠᠷ ᠪᠠᠢᠭᠠᠳ᠂ ᠠᠭᠠᠷᠤ ᠽᠠᠨᠳᠠᠨ ᠮᠣᠳᠣᠨ ᠤ᠋ ᠳᠣᠣᠷ᠎ᠠ ᠢᠷᠡᠭᠡᠳ᠂ ᠠᠩᠭᠠᠬᠠᠢ ᠰᠢᠪᠠᠭᠤᠨ ᠤ᠋ ᠵᠦᠭ ᠬᠠᠨᠳᠤᠵᠤ᠄《ᠠᠩᠭᠠᠬᠠᠢ ᠰᠢᠪᠠᠭᠤ ᠲᠠ᠂ ᠠᠷᠪᠢᠨ ᠥᠨᠳᠡᠭᠡᠨ ᠡᠴᠡ ᠪᠡᠨ ᠨᠠᠳᠠ ᠨᠢᠭᠡ ᠬᠣᠶᠠᠷ ᠢ᠋ ᠥᠭᠭᠦᠨ᠎ᠡ ᠤᠤ?》 ᠭᠡᠪᠡ᠃
ᠠᠩᠭᠠᠬᠠᠢ ᠰᠢᠪᠠᠭᠤ ᠲᠡᠷᠡ ᠦᠶ᠎ᠡ ᠳ᠋ᠦ᠍ ᠥᠳᠥ ᠵᠢᠭᠦᠷ ᠢ᠋ᠶ᠋ᠡᠨ ᠳᠡᠪᠢᠭᠰᠡᠭᠡᠷ ᠦᠨᠡᠭᠡ ᠶ᠋ᠢᠨ ᠵᠦᠭ ᠬᠡᠯᠡᠭᠰᠡᠨ ᠨᠢ᠄《ᠠᠩᠭᠠᠬᠠᠢ ᠰᠢᠪᠠᠭᠤ ᠪᠢ ᠠᠷᠪᠠᠨ ᠭᠤᠷᠪᠠᠨ ᠥᠨᠳᠡᠭᠡᠨ ᠡᠴᠡ ᠪᠡᠨ ᠦᠨᠡᠭᠡ ᠴᠢᠮ᠎ᠠ ᠳ᠋ᠤ᠌ ᠥᠭᠬᠦ ᠶ᠋ᠢ ᠪᠤᠤ ᠬᠡᠯᠡ! ᠬᠠᠭᠠᠨ ᠢᠷᠡᠪᠡᠴᠦ ᠥᠭᠴᠦ ᠴᠢᠳᠠᠬᠤ ᠦᠭᠡᠢ》 ᠭᠡᠵᠦ ᠬᠡᠯᠡᠪᠡ᠃
ᠦᠨᠡᠭᠡ ᠰᠣᠨᠣᠰᠤᠭᠠᠳ ᠠᠭᠤᠷ ᠬᠦᠷᠴᠦ᠄《ᠠᠩᠭᠠᠬᠠᠢ ᠰᠢᠪᠠᠭᠤ ᠲᠠ ᠥᠨᠳᠡᠭᠡᠨ ᠡᠴᠡ ᠪᠡᠨ ᠥᠭᠬᠦ ᠦᠭᠡᠢ ᠪᠣᠯ᠂ ᠦᠨᠡᠭᠡ ᠪᠢ ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠵᠤ᠂ ᠠᠭᠠᠷᠤ ᠽᠠᠨᠳᠠᠨ ᠮᠣᠳᠣ ᠶ᠋ᠢ ᠴᠢᠨᠢ ᠬᠤᠭᠤ ᠮᠥᠷᠭᠥᠨ᠎ᠡ》 ᠭᠡᠵᠡᠢ᠃
ᠠᠩᠭᠠᠬᠠᠢ ᠰᠢᠪᠠᠭᠤ ᠰᠣᠨᠣᠰᠤᠭᠠᠳ᠂ ᠠᠭᠠᠷᠤ ᠽᠠᠨᠳᠠᠨ ᠮᠣᠳᠣ ᠶ᠋ᠢ ᠮᠢᠨᠢ ᠬᠤᠭᠤ ᠮᠥᠷᠭᠥᠬᠦ ᠶᠦᠮ ᠪᠣᠯ᠂ ᠠᠷᠪᠠᠨ ᠭᠤᠷᠪᠠᠨ ᠥᠨᠳᠡᠭᠡ ᠪᠦᠷ ᠬᠠᠭᠠᠷᠠᠬᠤ ᠪᠥᠭᠡᠳ ᠠᠩᠭᠠᠬᠠᠢ ᠰᠢᠪᠠᠭᠤ ᠪᠢ ᠪᠠᠰᠠ ᠠᠮᠢᠳᠤᠷᠠᠨ ᠰᠠᠭᠤᠬᠤ ᠮᠣᠳᠣ ᠴᠤ᠌ ᠦᠭᠡᠢ ᠪᠣᠯᠤᠨ᠎ᠠ ᠭᠡᠵᠦ ᠠᠶᠤᠭᠠᠳ ᠠᠷᠭ᠎ᠠ ᠦᠭᠡᠢ ᠪᠣᠯᠵᠤ᠂ ᠠᠷᠪᠠᠨ ᠭᠤᠷᠪᠠᠨ ᠥᠨᠳᠡᠭᠡᠨ ᠡᠴᠡ ᠪᠡᠨ ᠨᠢᠭᠡ ᠶ᠋ᠢ ᠠᠪᠴᠤ ᠠᠷᠤ ᠶ᠋ᠢᠨ ᠤᠯᠠᠭᠠᠨ ᠦᠨᠡᠭᠡᠨ ᠳ᠋ᠦ᠍ ᠥᠭᠭᠦᠭᠰᠡᠨ ᠭᠡᠨ᠎ᠡ᠃
ᠲᠡᠷᠡ ᠦᠶ᠎ᠡ ᠳ᠋ᠦ᠍ ᠠᠷᠤ ᠶ᠋ᠢᠨ ᠤᠯᠠᠭᠠᠨ ᠦᠨᠡᠭᠡ ᠮᠢᠨᠦ ᠡᠨᠡ ᠠᠷᠭ᠎ᠠ ᠦᠨᠡᠬᠡᠷ ᠰᠠᠢᠨ ᠪᠣᠯᠪᠠ ᠭᠡᠵᠦ ᠪᠠᠶᠠᠷᠯᠠᠵᠤ ᠨᠢᠭᠡ ᠥᠨᠳᠡᠭᠡ ᠶ᠋ᠢ ᠨᠢ ᠢᠳᠡᠭᠡᠳ᠂ ᠥᠨᠳᠡᠭᠡᠨ ᠦ᠌ ᠠᠮᠲᠠᠨ ᠳ᠋ᠤ᠌ ᠣᠷᠣᠭᠰᠠᠨ ᠲᠤᠯᠠ᠂ ᠡᠳᠦᠷ ᠪᠣᠯᠭᠠᠨ ᠢᠷᠡᠵᠦ᠂《ᠠᠩᠭᠠᠬᠠᠢ ᠰᠢᠪᠠᠭᠤ ᠲᠠ ᠥᠨᠳᠡᠭᠡᠨ ᠡᠴᠡ ᠪᠡᠨ ᠥᠭᠬᠦ ᠦᠭᠡᠢ ᠶᠦᠮ ᠪᠣᠯ᠂ ᠦᠨᠡᠭᠡ ᠪᠢ ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠵᠤ ᠠᠭᠠᠷᠤ ᠽᠠᠨᠳᠠᠨ ᠮᠣᠳᠣ ᠶ᠋ᠢ ᠴᠢᠨᠢ ᠬᠤᠭᠤ ᠮᠥᠷᠭᠥᠨ᠎ᠡ》 ᠭᠡᠵᠦ ᠠᠶᠤᠯᠭᠠᠭᠠᠳ ᠠᠩᠭᠠᠬᠠᠢ ᠰᠢᠪᠠᠭᠤᠨ ᠤ᠋ ᠥᠨᠳᠡᠭᠡ ᠶ᠋ᠢ ᠢᠳᠡᠳᠡᠭ ᠪᠣᠯᠪᠠ᠃
ᠵᠠ! ᠨᠢᠭᠡᠨ ᠠᠭᠢ ᠥᠨᠳᠥᠷ ᠠᠭᠤᠯᠠᠨ ᠤ᠋ ᠠᠷᠪᠠᠨ ᠬᠣᠶᠠᠷ ᠰᠠᠯᠠᠭ᠎ᠠ ᠡᠪᠡᠷ ᠲᠡᠢ ᠪᠤᠭᠤ ᠲᠤᠩᠭᠠᠯᠠᠭ ᠪᠤᠯᠠᠭ ᠤ᠋ᠨ ᠤᠰᠤ ᠪᠠᠨ ᠤᠤᠭᠤᠭᠠᠳ᠂ ᠲᠣᠭᠣᠷᠢᠨ ᠶᠠᠪᠤᠵᠤ ᠪᠠᠢᠭᠠᠳ ᠠᠭᠠᠷᠤ ᠽᠠᠨᠳᠠᠨ ᠮᠣᠳᠣᠨ ᠤ᠋ ᠰᠡᠭᠦᠳᠡᠷ ᠲᠦ᠍ ᠢᠷᠡᠵᠦ ᠵᠣᠭᠰᠣᠵᠤ ᠪᠠᠢᠪᠠ᠃
ᠠᠩᠭᠠᠬᠠᠢ ᠰᠢᠪᠠᠭᠤ ᠠᠷᠭ᠎ᠠ ᠪᠠᠨ ᠪᠠᠷᠠᠵᠤ ᠭᠠᠰᠢᠭᠤᠨ ᠵᠣᠪᠠᠯᠠᠩ ᠲᠠᠢ ᠳᠠᠭᠤᠨ ᠭᠠᠷᠭᠠᠵᠤ ᠨᠢᠳᠦᠨ ᠦ᠌ ᠨᠢᠯᠪᠤᠰᠤ ᠪᠠᠨ ᠤᠨᠠᠭᠠᠵᠤ ᠰᠢᠪᠡᠨᠡᠨ ᠳᠤᠤᠭᠠᠷᠴᠤ ᠪᠠᠢᠵᠠᠢ᠃
ᠪᠤᠭᠤ᠂ ᠲᠡᠷᠡ ᠦᠶ᠎ᠡ ᠳ᠋ᠦ᠍ ᠠᠩᠭᠠᠬᠠᠢ ᠰᠢᠪᠠᠭᠤᠨ ᠤ᠋ ᠵᠣᠪᠠᠯᠠᠩ ᠲᠠᠢ ᠪᠠᠢᠳᠠᠯ ᠢ᠋ ᠰᠣᠨᠣᠰᠤᠭᠠᠳ᠂ ᠠᠩᠭᠠᠬᠠᠢ ᠰᠢᠪᠠᠭᠤᠨ ᠤ᠋ ᠵᠦᠭ ᠬᠠᠨᠳᠤᠵᠤ᠄《ᠠᠩᠬ᠎ᠠ ᠤᠳᠠᠭ᠎ᠠ ᠮᠢᠨᠦ ᠪᠡᠶ᠎ᠡ ᠢᠷᠡᠵᠦ᠂ ᠠᠭᠠᠷᠤ ᠽᠠᠨᠳᠠᠨ ᠮᠣᠳᠣᠨ ᠤ᠋ ᠰᠡᠭᠦᠳᠡᠷ ᠲᠦ᠍ ᠵᠣᠭᠰᠣᠵᠤ ᠪᠠᠢᠭᠠᠳ ᠶᠠᠪᠤᠬᠤ ᠳ᠋ᠤ᠌᠂ ᠠᠩᠭᠠᠬᠠᠢ ᠰᠢᠪᠠᠭᠤ ᠲᠠᠨ ᠤ᠋ ᠪᠡᠶ᠎ᠡ ᠶᠡᠬᠡ ᠪᠠᠶᠠᠷ ᠬᠥᠷ ᠲᠡᠢ ᠪᠠᠢᠭᠰᠠᠨ ᠪᠢᠯᠡ᠃ ᠣᠳᠣ ᠶᠠᠭᠠᠬᠢᠭᠠᠳ ᠡᠨᠡ ᠮᠡᠲᠦ ᠶ᠋ᠢᠨ ᠭᠠᠰᠢᠭᠤᠨ ᠵᠣᠪᠠᠯᠠᠩ ᠲᠠᠢ ᠪᠣᠯᠪᠠ?》 ᠭᠡᠵᠦ ᠠᠰᠠᠭᠤᠪᠠ᠃
ᠲᠡᠷᠡ ᠦᠶ᠎ᠡ ᠳ᠋ᠦ᠍ ᠠᠩᠭᠠᠬᠠᠢ ᠰᠢᠪᠠᠭᠤ ᠵᠢᠷᠭᠠᠯᠠᠩ ᠵᠣᠪᠠᠯᠠᠩ ᠢ᠋ᠶ᠋ᠠᠨ ᠲᠣᠳᠣᠷᠬᠠᠢ ᠪᠠᠷ᠂ ᠪᠤᠭᠤ ᠳ᠋ᠤ᠌ ᠲᠣᠭᠠᠯᠠᠨ ᠬᠡᠯᠡᠭᠰᠡᠨ ᠨᠢ᠄《ᠠᠩᠬ᠎ᠠ ᠤᠳᠠᠭ᠎ᠠ ᠪᠤᠭᠤ ᠲᠠᠨ ᠢ᠋ ᠡᠨᠳᠡ ᠢᠷᠡᠭᠰᠡᠨ ᠲᠡᠷᠡ ᠦᠶ᠎ᠡ ᠳ᠋ᠦ᠍᠂ ᠠᠩᠭᠠᠬᠠᠢ ᠰᠢᠪᠠᠭᠤ ᠪᠢ ᠠᠷᠪᠠᠨ ᠭᠤᠷᠪᠠᠨ ᠥᠨᠳᠡᠭᠡ ᠲᠥᠷᠥᠵᠦ ᠪᠠᠶᠠᠷ ᠬᠥᠷ ᠲᠡᠢ ᠪᠠᠢᠭᠰᠠᠨ ᠶᠤᠮ᠃
ᠭᠡᠲᠡᠯ᠎ᠡ ᠬᠠᠷᠢᠨ ᠠᠷᠤ ᠶ᠋ᠢᠨ ᠤᠯᠠᠭᠠᠨ ᠦᠨᠡᠭᠡ ᠢᠷᠡᠭᠡᠳ᠂ ᠠᠭᠠᠷᠤ ᠽᠠᠨᠳᠠᠨ ᠮᠣᠳᠣ ᠶ᠋ᠢ ᠮᠢᠨᠢ ᠬᠤᠭᠤ ᠮᠥᠷᠭᠥᠨ᠎ᠡ ᠭᠡᠵᠦ ᠠᠶᠤᠯᠭᠠᠬᠤ ᠪᠥᠭᠡᠳ ᠦᠨᠡᠭᠡ ᠶ᠋ᠢᠨ ᠬᠡᠯᠡᠳᠡᠭ ᠦᠭᠡ ᠨᠢ ᠪᠣᠯ᠄《ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠵᠤ ᠠᠭᠠᠷᠤ ᠽᠠᠨᠳᠠᠨ ᠮᠣᠳᠣ ᠶ᠋ᠢ ᠴᠢᠨᠢ ᠬᠤᠭᠤ ᠮᠥᠷᠭᠥᠨ᠎ᠡ》 ᠭᠡᠵᠦ ᠬᠡᠯᠡᠬᠦ ᠳ᠋ᠦ᠍᠂ ᠠᠩᠭᠠᠬᠠᠢ ᠰᠢᠪᠠᠭᠤ ᠪᠢ᠂ ᠠᠭᠠᠷᠤ ᠽᠠᠨᠳᠠᠨ ᠮᠣᠳᠣ ᠮᠢᠨᠢ ᠬᠤᠭᠤ ᠮᠥᠷᠭᠥᠭᠳᠡᠨ ᠤᠨᠠᠬᠤ ᠶᠤᠮ ᠪᠣᠯ ᠠᠷᠪᠠᠨ ᠭᠤᠷᠪᠠᠨ ᠥᠨᠳᠡᠭᠡ ᠮᠢᠨᠢ ᠬᠠᠭᠠᠷᠠᠬᠤ ᠪᠥᠭᠡᠳ ᠠᠩᠭᠠᠬᠠᠢ ᠰᠢᠪᠠᠭᠤ ᠪᠢ ᠴᠦ᠍ ᠠᠮᠢᠳᠤᠷᠠᠨ ᠰᠠᠭᠤᠬᠤ ᠮᠣᠳᠣ ᠦᠭᠡᠢ ᠪᠣᠯᠤᠨ᠎ᠠ ᠭᠡᠵᠦ ᠠᠶᠤᠭᠠᠳ ᠠᠷᠪᠠᠨ ᠭᠤᠷᠪᠠᠨ ᠥᠨᠳᠡᠭᠡᠨ ᠡᠴᠡ ᠪᠡᠨ ᠡᠳᠦᠷ ᠡᠳᠦᠷ ᠨᠢᠭᠡ ᠶ᠋ᠢ ᠥᠭᠴᠦ ᠪᠠᠢᠭᠠᠳ ᠣᠳᠣ ᠳᠣᠯᠣᠭᠠᠨ ᠥᠨᠳᠡᠭᠡ ᠲᠡᠢ ᠪᠣᠯᠪᠠ》 ᠭᠡᠵᠦ ᠵᠣᠪᠠᠯᠠᠩ ᠢ᠋ᠶ᠋ᠠᠨ ᠬᠡᠯᠡᠵᠦ᠂《ᠪᠤᠭᠤ ᠲᠠ᠂ ᠮᠢᠨᠦ ᠵᠣᠪᠠᠯᠠᠩ ᠭᠠᠰᠢᠭᠤᠨ ᠢ᠋ ᠠᠪᠤᠷᠠᠬᠤ ᠪᠣᠯᠪᠠᠤ!》 ᠭᠡᠵᠦ ᠭᠤᠶᠤᠭᠰᠠᠨ ᠭᠡᠨ᠎ᠡ᠃
ᠪᠤᠭᠤ᠂ ᠠᠩᠭᠠᠬᠠᠢ ᠰᠢᠪᠠᠭᠤᠨ ᠤ᠋ ᠭᠠᠰᠢᠭᠤᠨ ᠵᠣᠪᠠᠯᠠᠩ ᠢ᠋ ᠰᠣᠨᠣᠰᠤᠭᠠᠳ᠄《ᠠᠩᠭᠠᠬᠠᠢ ᠰᠢᠪᠠᠭᠤ ᠲᠠ ᠵᠣᠪᠠᠬᠤ ᠬᠡᠷᠡᠭ ᠦᠭᠡᠢ᠃ ᠪᠢ ᠴᠢᠮ᠎ᠠ ᠳ᠋ᠤ᠌ ᠨᠢᠭᠡ ᠦᠭᠡ ᠵᠢᠭᠠᠵᠤ ᠥᠭᠭᠦᠶ᠎ᠡ᠃ ᠲᠠ ᠣᠳᠣ ᠦᠨᠡᠭᠡ ᠢᠷᠡᠪᠡᠯ ᠢᠩᠭᠢᠵᠦ ᠠᠰᠠᠭᠤ᠄《ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠠᠬᠤ ᠠᠴᠠᠲᠠᠢ ᠨᠠᠢ᠍ᠮᠠᠨ ᠲᠤᠭᠤᠷᠠᠢ ᠴᠢᠨᠢ ᠬᠠᠮᠢᠭ᠎ᠠ ᠪᠠᠢᠨ᠎ᠠ ᠪᠣᠢ? ᠠᠭᠠᠷᠤ ᠽᠠᠨᠳᠠᠨ ᠮᠣᠳᠣ ᠶ᠋ᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ ᠪᠣᠢ?》 ᠭᠡᠵᠦ《ᠠᠰᠠᠭᠤ》 ᠭᠡᠵᠦ ᠠᠩᠭᠠᠬᠠᠢ ᠰᠢᠪᠠᠭᠤ ᠳ᠋ᠤ᠌ ᠪᠤᠭᠤ ᠦᠭᠡ ᠪᠡᠨ ᠵᠢᠭᠠᠵᠤ ᠥᠭᠭᠦᠭᠰᠡᠨ ᠪᠥᠭᠡᠳ《ᠡᠨᠡ ᠦᠭᠡ ᠶ᠋ᠢ ᠬᠡᠨ ᠡᠴᠡ ᠬᠡᠯᠡᠵᠦ ᠥᠭᠪᠡ? ᠭᠡᠪᠡᠯ᠂ ᠠᠭᠢ ᠶ᠋ᠢᠨ ᠥᠨᠳᠥᠷ ᠠᠭᠤᠯᠠᠨ ᠤ᠋ ᠠᠷᠪᠠᠨ ᠬᠣᠶᠠᠷ ᠰᠠᠯᠠᠭ᠎ᠠ ᠡᠪᠡᠷ ᠲᠡᠢ ᠪᠤᠭᠤ ᠬᠡᠯᠡᠵᠦ ᠥᠭᠪᠡ ᠭᠡᠵᠦ ᠦᠨᠡᠭᠡᠨ ᠳ᠋ᠦ᠍ ᠬᠡᠯᠡᠵᠦ ᠥᠭ》 ᠭᠡᠪᠡ᠃
ᠵᠠ! ᠲᠡᠷᠡ ᠦᠶ᠎ᠡ ᠳ᠋ᠦ᠍ ᠪᠤᠭᠤ ᠶ᠋ᠢᠨ ᠦᠭᠡ ᠶ᠋ᠢ ᠰᠣᠨᠣᠰᠤᠭᠠᠳ᠂ ᠠᠩᠭᠠᠬᠠᠢ ᠰᠢᠪᠠᠭᠤ ᠶᠡᠬᠡ ᠪᠠᠶᠠᠷᠯᠠᠵᠤ᠂ ᠪᠤᠭᠤ ᠶ᠋ᠢ ᠠᠬ᠎ᠠ ᠪᠠᠨ ᠪᠣᠯᠭᠠᠵᠤ᠂ ᠪᠤᠭᠤ ᠳ᠋ᠤ᠌ ᠶᠡᠬᠡ ᠲᠠᠯᠠᠷᠬᠠᠯ ᠢ᠋ ᠬᠦᠷᠭᠡᠵᠡᠢ᠃ ᠪᠤᠭᠤ ᠦᠭᠡ ᠪᠡᠨ ᠬᠡᠯᠡᠵᠦ ᠪᠠᠷᠠᠭᠠᠳ ᠠᠭᠤᠯᠠᠨ ᠤ᠋ ᠵᠦᠭ ᠢ᠋ᠶ᠋ᠡᠨ ᠠᠭᠠᠵᠢᠮ ᠢ᠋ᠶ᠋ᠠᠷ ᠶᠠᠪᠤᠵᠠᠢ᠃
ᠠᠩᠭᠠᠬᠠᠢ ᠰᠢᠪᠠᠭᠤ ᠪᠤᠭᠤ ᠶ᠋ᠢᠨ ᠬᠡᠯᠡᠭᠰᠡᠨ ᠦᠭᠡ ᠶ᠋ᠢ ᠮᠠᠷᠲᠠᠬᠤ ᠦᠭᠡᠢ ᠲᠣᠭᠲᠠᠭᠠᠵᠤ ᠠᠭᠠᠷᠤ ᠽᠠᠨᠳᠠᠨ ᠮᠣᠳᠣᠨ ᠤ᠋ ᠳᠡᠭᠡᠷ᠎ᠡ ᠪᠡᠨ ᠰᠠᠭᠤᠵᠤ ᠪᠠᠢᠪᠠ᠃
ᠲᠡᠷᠡ ᠦᠶ᠎ᠡ ᠳ᠋ᠦ᠍ ᠤᠳᠠᠭᠰᠠᠨ ᠦᠭᠡᠢ ᠠᠷᠤ ᠶ᠋ᠢᠨ ᠤᠯᠠᠭᠠᠨ ᠦᠨᠡᠭᠡ ᠢᠷᠡᠭᠡᠳ᠂《ᠠᠩᠭᠠᠬᠠᠢ ᠰᠢᠪᠠᠭᠤ ᠥᠨᠳᠡᠭᠡᠨ ᠡᠴᠡ ᠪᠡᠨ ᠲᠦᠷᠭᠡᠨ ᠨᠢᠭᠡ ᠶ᠋ᠢ ᠠᠪᠴᠤ ᠥᠭ》 ᠭᠡᠪᠡ᠃ ᠠᠩᠭᠠᠬᠠᠢ ᠰᠢᠪᠠᠭᠤ ᠵᠣᠷᠢᠭᠲᠠᠢ ᠪᠠᠷ ᠳᠤᠤᠭᠠᠷᠴᠤ᠂《ᠪᠢ ᠣᠳᠣ ᠴᠢᠮ᠎ᠠ ᠳ᠋ᠤ᠌ ᠥᠨᠳᠡᠭᠡᠨ ᠡᠴᠡ ᠪᠡᠨ ᠥᠭᠬᠦ ᠦᠭᠡᠢ》 ᠭᠡᠵᠡᠢ᠃ ᠦᠨᠡᠭᠡ ᠬᠦᠯᠢᠶᠡᠬᠦ ᠦᠭᠡᠢ᠄《ᠴᠢ ᠥᠨᠳᠡᠭᠡᠨ ᠡᠴᠡ ᠪᠡᠨ ᠥᠭᠬᠦ ᠦᠭᠡᠢ ᠶᠦᠮ ᠪᠣᠯ᠂ ᠪᠢ ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠵᠤ ᠠᠭᠠᠷᠤ ᠽᠠᠨᠳᠠᠨ ᠮᠣᠳᠣ ᠶ᠋ᠢ ᠴᠢᠨᠢ ᠬᠤᠭᠤ ᠮᠥᠷᠭᠥᠨ᠎ᠡ》 ᠭᠡᠵᠦ ᠠᠭᠤᠷ ᠲᠠᠢ ᠬᠡᠯᠡᠵᠡᠢ᠃
ᠠᠩᠭᠠᠬᠠᠢ ᠰᠢᠪᠠᠭᠤ ᠪᠤᠭᠤ ᠶ᠋ᠢᠨ ᠵᠢᠭᠠᠵᠤ ᠥᠭᠭᠦᠭᠰᠡᠨ ᠦᠭᠡ ᠶ᠋ᠢ ᠪᠣᠳᠣᠵᠤ ᠪᠠᠢᠭᠠᠳ ᠬᠡᠯᠡᠭᠰᠡᠨ ᠨᠢ᠄《ᠠᠷᠤ ᠶ᠋ᠢᠨ ᠦᠨᠡᠭᠡ ᠴᠢᠮ᠎ᠠ ᠠ᠋ᠴᠠ᠂ ᠪᠢ ᠨᠢᠭᠡ ᠦᠭᠡ ᠠᠰᠠᠭᠤᠶ᠎ᠠ᠃ ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠠᠬᠤ ᠠᠴᠠᠲᠤ ᠨᠠᠢ᠍ᠮᠠᠨ ᠲᠤᠭᠤᠷᠠᠢ ᠴᠢᠨᠢ ᠬᠠᠮᠢᠭ᠎ᠠ ᠪᠠᠢᠨ᠎ᠠ ᠪᠣᠢ? ᠠᠭᠠᠷᠤ ᠽᠠᠨᠳᠠᠨ ᠮᠣᠳᠣ ᠶ᠋ᠢ ᠮᠢᠨᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ ᠪᠣᠢ?》 ᠭᠡᠵᠡᠢ᠃ ᠦᠨᠡᠭᠡ ᠡᠨᠡ ᠦᠭᠡ ᠶ᠋ᠢ ᠰᠣᠨᠣᠰᠤᠭᠠᠳ ᠦᠭᠡ ᠦᠭᠡᠢ ᠪᠣᠯᠵᠤ᠂ ᠨᠢᠳᠦ ᠨᠢ ᠰᠢᠷᠠᠯᠠᠵᠤ᠂ ᠰᠡᠭᠦᠯ ᠢ᠋ᠶ᠋ᠡᠨ ᠰᠢᠷᠪᠠᠵᠤ ᠠᠷᠭ᠎ᠠ ᠦᠭᠡᠢ ᠮᠡᠲᠦ ᠪᠣᠯᠤᠭᠰᠠᠨ ᠪᠣᠯᠪᠠᠴᠤ᠄《ᠡᠨᠡ ᠦᠭᠡ ᠶ᠋ᠢ ᠴᠢᠮ᠎ᠠ ᠳ᠋ᠤ᠌ ᠶᠠᠮᠠᠷ ᠠᠮᠢᠲᠠᠨ ᠬᠡᠯᠡᠵᠦ ᠥᠭᠭᠦᠭᠰᠡᠨ ᠪᠣᠢ?》 ᠭᠡᠵᠦ ᠠᠰᠠᠭᠤᠪᠠ᠃
ᠠᠩᠭᠠᠬᠠᠢ ᠰᠢᠪᠠᠭᠤ ᠠ᠋ᠴᠠ᠄《ᠡᠨᠡ ᠦᠭᠡ ᠶ᠋ᠢ ᠪᠣᠯ᠂ ᠠᠭᠢ ᠶ᠋ᠢᠨ ᠥᠨᠳᠥᠷ ᠠᠭᠤᠯᠠᠨ ᠤ᠋ ᠠᠷᠪᠠᠨ ᠬᠣᠶᠠᠷ ᠰᠠᠯᠠᠭ᠎ᠠ ᠡᠪᠡᠷ ᠲᠡᠢ ᠪᠤᠭᠤ ᠠᠪᠤᠭᠠᠢ ᠬᠡᠯᠡᠵᠦ ᠥᠭᠭᠦᠭᠰᠡᠨ ᠶᠦᠮ》 ᠭᠡᠵᠡᠢ᠃
ᠦᠨᠡᠭᠡ᠄《ᠲᠡᠷᠡ ᠪᠤᠭᠤ ᠬᠠᠮᠢᠭᠠᠰᠢ ᠶᠠᠪᠤᠭᠰᠠᠨ ᠪᠣᠢ? ᠨᠠᠳᠠ ᠬᠡᠯᠡᠵᠦ ᠥᠭ! ᠪᠢ ᠲᠡᠷᠡ ᠪᠤᠭᠤ ᠳ᠋ᠤ᠌ ᠬᠦᠷᠦᠭᠡᠳ ᠬᠡᠷᠡᠭ ᠬᠡᠯᠡᠯᠴᠡᠨ᠎ᠡ》 ᠭᠡᠵᠡᠢ᠃
ᠠᠩᠭᠠᠬᠠᠢ ᠰᠢᠪᠠᠭᠤ᠂ ᠪᠤᠭᠤ ᠶ᠋ᠢᠨ ᠶᠠᠪᠤᠭᠰᠠᠨ ᠵᠠᠮ ᠴᠢᠭ ᠢ᠋ ᠵᠢᠭᠠᠵᠤ ᠥᠭᠭᠦᠭᠰᠡᠨ ᠳ᠋ᠦ᠍᠂ ᠦᠨᠡᠭᠡ ᠲᠡᠷᠡ ᠵᠠᠮ ᠢ᠋ᠶ᠋ᠠᠷ ᠦᠭᠡ ᠳᠠᠭᠤ ᠦᠭᠡᠢ ᠪᠡᠷ ᠶᠠᠪᠤᠪᠠ᠃ ᠦᠨᠡᠭᠡ ᠠᠭᠢ ᠶ᠋ᠢᠨ ᠥᠨᠳᠥᠷ ᠠᠭᠤᠯᠠ ᠶ᠋ᠢᠨ ᠠᠷᠤ ᠪᠠᠷ ᠶᠠᠪᠤᠭᠰᠠᠭᠠᠷ ᠪᠠᠢᠭᠠᠳ᠂ ᠦᠬᠦᠭᠰᠡᠨ ᠮᠠᠯ ᠤ᠋ᠨ ᠬᠠᠭᠤᠴᠢᠨ ᠰᠡᠭ ᠳᠡᠭᠡᠷ᠎ᠡ ᠬᠦᠷᠦᠭᠡᠳ ᠬᠣᠢᠰᠢ ᠣᠷᠣᠭᠰᠢ ᠪᠠᠨ ᠲᠣᠭᠣᠷᠢᠨ ᠶᠠᠪᠤᠵᠤ ᠪᠠᠢᠭᠠᠳ ᠭᠡᠨᠡᠳᠲᠡ ᠠᠩᠴᠢᠨ ᠡᠪᠦᠭᠡᠨ ᠦ᠌ ᠲᠠᠯᠪᠢᠭᠰᠠᠨ ᠬᠠᠪᠬ᠎ᠠ ᠳ᠋ᠤ᠌ ᠬᠥᠯ ᠢ᠋ᠶ᠋ᠡᠨ ᠬᠠᠪᠬᠠᠳᠠᠭᠤᠯᠤᠨ ᠶᠠᠪᠤᠵᠤ ᠴᠢᠳᠠᠬᠤ ᠦᠭᠡᠢ ᠪᠣᠯᠪᠠ᠃
ᠠᠩᠴᠢᠨ ᠡᠪᠦᠭᠡᠨ ᠬᠠᠪᠬ᠎ᠠ ᠪᠠᠨ ᠡᠷᠭᠢᠵᠦ ᠦᠵᠡᠬᠦ ᠪᠡᠷ ᠢᠷᠡᠭᠰᠡᠨ ᠳ᠋ᠦ᠍ ᠬᠠᠪᠬᠠᠨ ᠳ᠋ᠤᠨᠢ ᠨᠢᠭᠡ ᠰᠠᠢᠬᠠᠨ ᠤᠯᠠᠭᠠᠨ ᠦᠨᠡᠭᠡ ᠣᠷᠣᠵᠠᠢ᠃ ᠠᠩᠴᠢᠨ ᠡᠪᠦᠭᠡᠨ ᠪᠠᠶᠠᠷᠲᠠᠢ ᠪᠠᠷ ᠦᠨᠡᠭᠡ ᠶ᠋ᠢ ᠴᠣᠬᠢᠨ ᠠᠯᠠᠵᠤ ᠠᠪᠤᠭᠠᠳ᠂ ᠬᠠᠪᠬ᠎ᠠ ᠪᠠᠨ ᠳᠠᠬᠢᠨ ᠲᠠᠯᠪᠢᠭᠠᠳ ᠦᠨᠡᠭᠡᠨ ᠦ᠌ ᠠᠷᠠᠰᠤ ᠶ᠋ᠢ ᠱᠠᠭᠠᠯᠤᠨ ᠠᠪᠴᠤ ᠥᠪᠡᠷ ᠦ᠋ᠨ ᠭᠡᠷ ᠲᠡᠭᠡᠨ ᠪᠠᠶᠠᠷᠲᠠᠢ ᠬᠠᠷᠢᠵᠠᠢ᠃ ᠠᠩᠭᠠᠬᠠᠢ ᠰᠢᠪᠠᠭᠤ ᠶ᠋ᠢ ᠠᠶᠤᠯᠭᠠᠵᠤ ᠪᠠᠢᠭᠰᠠᠨ ᠠᠷᠤ ᠶ᠋ᠢᠨ ᠤᠯᠠᠭᠠᠨ ᠦᠨᠡᠭᠡ᠂ ᠠᠩᠴᠢᠨ ᠡᠪᠦᠭᠡᠨ ᠦ᠌ ᠭᠠᠨᠵᠤᠭᠠᠨ ᠳ᠋ᠤ᠌ ᠣᠷᠣᠪᠠ᠃ ᠠᠭᠢ ᠶ᠋ᠢᠨ ᠥᠨᠳᠥᠷ ᠠᠭᠤᠯᠠ ᠶ᠋ᠢᠨ ᠠᠷᠪᠠᠨ ᠬᠣᠶᠠᠷ ᠰᠠᠯᠠᠭ᠎ᠠ ᠡᠪᠡᠷ ᠲᠡᠢ ᠪᠤᠭᠤ ᠠᠩᠭᠠᠬᠠᠢ ᠰᠢᠪᠠᠭᠤ ᠶ᠋ᠢ ᠲᠤᠰᠠᠯᠠᠪᠠ᠃ ᠠᠩᠭᠠᠬᠠᠢ ᠰᠢᠪᠠᠭᠤ ᠳᠣᠯᠣᠭᠠᠨ ᠥᠨᠳᠡᠭᠡ ᠲᠡᠢ ᠪᠡᠨ ᠠᠭᠠᠷᠤ ᠽᠠᠨᠳᠠᠨ ᠮᠣᠳᠣᠨ ᠤ᠋ ᠳᠡᠭᠡᠷ᠎ᠡ ᠪᠡᠨ ᠠᠮᠤᠷ ᠵᠢᠷᠭᠠᠯ ᠲᠠᠢ ᠪᠣᠯᠵᠤ᠂ ᠦᠯᠢᠭᠡᠷ ᠲᠡᠭᠦᠰᠪᠡ᠃
ᠠᠮᠢᠯᠠᠭᠤᠯᠤᠭᠴᠢ᠄ ᠨᠠᠷᠠᠨᠲᠤᠶᠠᠭ᠎ᠠ᠂ ᠠᠯᠲᠠᠨᠴᠢᠮᠡᠭ᠂ ᠤᠷᠠᠨᠴᠢᠮᠡᠭ᠂ ᠡᠭᠦᠯᠡᠩᠬᠤᠸᠠᠷ᠂
ᠭᠡᠷᠡᠯ᠂ ᠮᠥᠩᠭᠥᠨ᠂ ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂
ᠪᠠᠶᠠᠨᠴᠡᠴᠡᠭ᠂ ᠪᠦᠦ ᠸᠧᠨ ᠬᠤᠸᠠ
ᠬᠢᠨᠠᠭᠴᠢ ᠪᠠᠭᠰᠢ᠄ ᠣᠳᠬᠠᠨᠰᠣ᠎ᠠ᠂ ᠭᠠᠷᠮ᠎ᠠ᠂ ᠡᠭᠦᠯᠡᠩᠬᠤᠸᠠᠷ᠂ ᠮᠣᠩᠭᠣᠯ ᠰᠦᠨᠡᠰᠦ᠂
ᠪᠤᠤ ᠸᠧᠨ ᠬᠤᠸᠠ᠂ ᠪᠠᠶᠠᠨᠴᠡᠴᠡᠭ
ᠦᠯᠢᠭᠡᠷ ᠲᠡᠭᠦᠰᠪᠡ
ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ
ᠨᠠᠢᠷᠠᠭᠤᠯᠤᠭᠰᠠᠨ ᠨᠢ᠄ ᠺᠠᠨᠵᠤᠤᠷᠵᠠᠪ ᠨᠠᠷ
ᠬᠢᠨᠠᠭᠰᠠᠨ ᠨᠢ᠄ ᠨᠠ᠊· ᠰᠠᠢᠨᠴᠣᠭᠲᠣ
ᠬᠡᠪᠯᠡᠭᠦᠯᠦᠭᠰᠡᠨ ᠨᠢ᠄ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ
ᠬᠡᠪᠯᠡᠭᠰᠡᠨ ᠨᠢ᠄ ᠵᠢᠩ ᠬᠤᠸᠠ ᠬᠡᠪᠯᠡᠬᠦ ᠦᠢᠯᠡᠳᠪᠦᠷᠢ
ᠲᠠᠷᠬᠠᠭᠠᠭᠰᠠᠨ ᠨᠢ᠄ ᠥᠪᠥᠷ ᠮᠣᠩᠭᠣᠯ ᠤ᠋ᠨ ᠰᠢᠨ ᠬᠤᠸᠠ ᠨᠣᠮ ᠤ᠋ᠨ ᠳᠡᠯᠭᠡᠭᠦᠷ
1956 ᠣᠨ ᠤ᠋4 ᠰᠠᠷ᠎ᠠ ᠳ᠋ᠤ᠌ ᠬᠥᠬᠡᠬᠣᠲᠠᠨ᠎ᠠ
ᠠᠩᠬᠠᠳᠤᠭᠠᠷ ᠬᠡᠪᠯᠡᠯ ᠦ᠋ᠨ ᠬᠣᠶᠠᠳᠤᠭᠠᠷ ᠳᠠᠷᠤᠮᠠᠯ
3,561—27,610 ᠳᠡᠪᠲᠡᠷ
ᠨᠣᠮ ᠤ᠋ᠨ ᠨᠣᠮᠧᠷ170
