ᠵᠢᠭᠠᠷZaarЗаар ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠭᠠᠷZaarЗаар

ᠵᠢᠭᠠᠷZaarЗаар

2025-12-14

304

ᠵᠢᠭᠠᠷ

   ᠲᠤᠰ ᠡᠮ ᠪᠣᠯ ᠪᠤᠭᠤ ᠶ᠋ᠢᠨ ᠢᠵᠠᠭᠤᠷ ᠤ᠋ᠨ ᠠᠮᠢᠲᠠᠨ ᠪᠣᠯᠬᠤ ᠣᠢ ᠶ᠋ᠢᠨ ᠬᠦᠳᠡᠷᠢ᠂ ᠮᠣᠷᠢᠨ ᠬᠦᠳᠡᠷᠢ᠂ ᠬᠦᠳᠡᠷᠢ ᠶ᠋ᠢᠨ ᠨᠠᠰᠤ ᠭᠦᠢᠴᠡᠭᠰᠡᠨ ᠡᠷᠡᠭᠴᠢᠨ ᠦ᠌ ᠬᠢᠨᠢ ᠵᠢᠭᠠᠷ ᠤ᠋ᠨ ᠤᠭᠤᠲᠠᠨ ᠳ᠋ᠤ᠌ ᠪᠣᠢ ᠪᠣᠯᠤᠭᠰᠠᠨ ᠱᠦᠭᠦᠷᠳᠡᠰᠦ ᠶ᠋ᠢᠨ ᠬᠠᠲᠠᠭᠠᠮᠠᠯ ᠮᠥᠨ᠃ ᠪᠠᠰᠠ ᠯᠠᠷᠽᠢ᠂ ᠯᠠᠪᠠᠨᠣᠷᠪᠤ᠂ ᠽᠢᠮᠡᠭᠢᠢᠳᠠ᠂ ᠪᠤᠶᠤ ᠭᠠᠪᠦ᠋ᠷ  ᠭᠡᠳᠡᠭ᠃
   [ ᠤᠤᠯ ᠠᠮᠢᠲᠠᠨ]1. ᠣᠢ ᠶ᠋ᠢᠨ ᠬᠦᠳᠡᠷᠢ ᠪᠡᠶ᠎ᠡ ᠨᠢ ᠪᠠᠭ᠎ᠠ᠂ ᠪᠡᠶ᠎ᠡ ᠶ᠋ᠢᠨ ᠤᠷᠲᠤ ᠨᠢ70—90cm᠂ ᠣᠬᠣᠷ ᠰᠡᠭᠦᠯ ᠲᠡᠢ᠂ ᠰᠢᠷᠦᠭᠦᠨ ᠬᠠᠲᠠᠭᠤ ᠦᠰᠦ ᠲᠡᠢ᠂ ᠳᠣᠯᠭᠢᠶᠠᠯᠢᠭ ᠮᠤᠷᠤᠢ᠂ ᠬᠢᠯᠪᠠᠷ ᠲᠠᠰᠤᠷᠠᠳᠠᠭ᠂ ᠡᠪᠡᠷ ᠦᠭᠡᠢ᠂ ᠰᠡᠷᠲᠡᠭᠡᠷ ᠤᠷᠲᠤ ᠴᠢᠬᠢ ᠲᠡᠢ᠂ ᠲᠣᠮᠣ ᠲᠣᠭᠣᠷᠢᠭ ᠨᠢᠳᠦ ᠲᠡᠢ᠃ ᠳᠥᠷᠪᠡᠨ ᠮᠥᠴᠢ ᠨᠢ ᠨᠠᠷᠢᠨ᠂ ᠬᠣᠢᠲᠤ ᠮᠥᠴᠢ ᠨᠢ ᠨᠠᠷᠢᠨ ᠤᠷᠲᠤ᠂ ᠪᠦᠬᠦ ᠪᠡᠶ᠎ᠡ ᠶ᠋ᠢᠨ ᠦᠰᠦᠨ ᠦ᠌ ᠥᠩᠭᠡ ᠨᠢ ᠵᠢᠭᠳᠡ᠂ ᠪᠦᠳᠡᠭᠢ ᠤᠯᠠᠪᠢᠷ᠂ ᠨᠢᠷᠤᠭᠤ ᠪᠠᠷ ᠨᠢ ᠰᠢᠷᠣᠢ ᠶ᠋ᠢᠨ ᠥᠩᠭᠡᠲᠦ ᠲᠣᠯᠪᠣ ᠲᠠᠢ ᠪᠥᠭᠡᠳ ᠳᠥᠷᠪᠡ᠂ ᠲᠠᠪᠤᠨ ᠮᠥᠷ ᠪᠣᠯᠵᠤ ᠵᠢᠭᠳᠡᠷᠡᠨ᠎ᠡ᠃ ᠨᠢᠷᠤᠭᠤᠨ ᠬᠡᠰᠡᠭ ᠪᠠ ᠪᠥᠭᠰᠡᠨ ᠬᠡᠰᠡᠭ ᠦ᠋ᠨ ᠬᠣᠶᠠᠷ ᠬᠠᠵᠠᠭᠤ ᠶ᠋ᠢᠨ ᠲᠣᠯᠪᠣ ᠨᠢ ᠨᠡᠯᠢᠶᠡᠳ ᠲᠣᠳᠣᠷᠬᠠᠢ᠃ ᠡᠷᠡᠭᠴᠢᠨ ᠦ᠌ ᠬᠢᠨᠢ ᠰᠣᠶᠣᠭ᠎ᠠ ᠨᠢ ᠬᠥᠭᠵᠢᠯ ᠲᠡᠢ᠂ ᠤᠷᠤᠭᠤᠯ ᠤ᠋ᠨ ᠭᠠᠳᠠᠨ᠎ᠠ ᠴᠤᠬᠤᠢᠵᠤ ᠭᠠᠷᠳᠠᠭ᠃ ᠬᠦᠢᠰᠦᠨ ᠦ᠌ ᠬᠠᠵᠠᠭᠤ ᠳ᠋ᠤ᠌ ᠮᠢᠬ᠎ᠠ ᠠᠷᠠᠰᠤᠨ ᠤ᠋ ᠬᠢᠨᠢ ᠵᠠᠪᠰᠠᠷ ᠥᠨᠳᠡᠭᠡᠯᠵᠢᠨ ᠲᠣᠭᠣᠷᠢᠭ ᠵᠢᠭᠠᠷ ᠤ᠋ᠨ ᠤᠭᠤᠲᠠ ᠲᠠᠢ᠂ ᠤᠭᠤᠲᠠᠨ ᠳᠣᠲᠣᠷ᠎ᠠ ᠨᠢ ᠤᠯᠠᠪᠢᠷ ᠬᠦᠷᠡᠩ ᠮᠥᠬᠥᠯᠢᠭ ᠲᠡᠢ ᠪᠤᠶᠤ ᠴᠠᠪᠠᠤᠯᠢᠭ ᠱᠦᠭᠦᠷᠳᠡᠰᠦ ᠪᠣᠳᠠᠰ ᠲᠠᠢ᠃
   2 ᠮᠣᠷᠢᠨ ᠬᠦᠳᠡᠷᠢ ᠦᠰᠦᠨ ᠦ᠌ ᠥᠩᠭᠡ ᠨᠢ ᠣᠢ ᠶ᠋ᠢᠨ ᠬᠦᠳᠡᠷᠢ ᠲᠡᠢ ᠦᠨᠳᠦᠰᠦᠨ ᠳ᠋ᠡᠭᠡᠨ ᠠᠳᠠᠯᠢ᠂ ᠭᠡᠪᠡᠴᠦ ᠨᠠᠰᠤ ᠭᠦᠢᠴᠡᠭᠰᠡᠨ ᠦ᠌ ᠬᠢᠨᠢ ᠪᠡᠶ᠎ᠡ ᠳᠡᠭᠡᠷ᠎ᠡ ᠨᠢ ᠶᠡᠷᠦ ᠳ᠋ᠡᠭᠡᠨ ᠢᠯᠡᠬᠡᠨ ᠰᠢᠷᠣᠢ ᠶ᠋ᠢᠨ ᠰᠢᠷ᠎ᠠ ᠥᠩᠭᠡ ᠲᠡᠢ ᠠᠯᠠᠭ ᠡᠷᠢᠶᠡᠨ ᠦᠭᠡᠢ᠃ ᠬᠦᠳᠡᠷᠢ ᠲᠡᠢ ᠢᠯᠭᠠᠭᠳᠠᠬᠤ ᠵᠦᠢᠯ ᠨᠢ ᠪᠡᠶ᠎ᠡ ᠶ᠋ᠢᠨ ᠥᠩᠭᠡ ᠨᠢ ᠨᠡᠯᠢᠶᠡᠳ ᠭᠦᠨ᠂ ᠴᠢᠬᠢᠨ ᠦ᠌ ᠠᠷᠤ ᠨᠢ ᠬᠦᠷᠡᠩ ᠪᠤᠶᠤ ᠬᠠᠷ᠎ᠠ ᠬᠦᠷᠡᠩ᠂ ᠴᠢᠬᠢᠨ ᠦ᠌ ᠬᠥᠪᠡᠭᠡ᠂ ᠴᠢᠬᠢᠨ ᠦ᠌ ᠦᠵᠦᠭᠦᠷ ᠨᠢ ᠣᠯᠠᠩᠬᠢ ᠳ᠋ᠠᠭᠠᠨ ᠬᠠᠷ᠎ᠠ ᠬᠦᠷᠡᠩ ᠪᠤᠶᠤ ᠤᠯᠠᠪᠢᠷ ᠬᠦᠷᠡᠩ᠂ ᠴᠢᠬᠢᠨ ᠦ᠌ ᠳᠣᠲᠣᠷ᠎ᠠ ᠨᠢ ᠶᠠᠭᠠᠨ᠃ ᠳᠥᠷᠪᠡᠨ ᠮᠥᠴᠢ ᠶ᠋ᠢᠨ ᠡᠮᠦᠨ᠎ᠡ ᠲᠠᠯ᠎ᠠ ᠨᠢ ᠪᠡᠶ᠎ᠡ ᠶ᠋ᠢᠨ ᠥᠩᠭᠡ ᠲᠡᠢ ᠪᠡᠨ ᠠᠳᠠᠯᠢᠪᠲᠤᠷ ᠪᠣᠯᠪᠠᠴᠤ ᠭᠦᠢᠬᠡᠨ᠂ ᠠᠷᠤ ᠲᠠᠯ᠎ᠠ ᠨᠢ ᠣᠯᠠᠩᠬᠢ ᠳ᠋ᠠᠭᠠᠨ ᠬᠠᠷ᠎ᠠ ᠬᠦᠷᠡᠩ ᠪᠤᠶᠤ ᠬᠠᠷ᠎ᠠ ᠥᠩᠭᠡ ᠲᠡᠢ᠃
   3.ᠬᠦᠳᠡᠷᠢ ᠪᠡᠶ᠎ᠡ ᠨᠢ ᠨᠡᠯᠢᠶᠡᠳ ᠲᠣᠮᠣ᠂85—90cm ᠤᠷᠲᠤ᠃ ᠪᠦᠬᠦ ᠪᠡᠶ᠎ᠡ ᠨᠢ ᠰᠢᠷ᠎ᠠ ᠬᠦᠷᠡᠩ ᠪᠤᠶᠤ ᠴᠠᠢᠪᠤᠷ ᠬᠦᠷᠡᠩ᠂ ᠠᠷᠤ ᠬᠡᠰᠡᠭ ᠨᠢ ᠤᠯᠠᠪᠢᠷ ᠬᠦᠷᠡᠩ ᠳᠡᠢᠯᠦᠩᠭᠦᠢ᠃ ᠨᠢᠭᠤᠷ᠂ ᠬᠠᠴᠠᠷ᠂ ᠮᠠᠩᠨᠠᠢ ᠨᠢ ᠲᠡᠮᠦᠷ ᠦ᠋ᠨ ᠬᠥᠬᠡ ᠥᠩᠭᠡ ᠲᠡᠢ᠂ ᠨᠢᠳᠦᠨ ᠦ᠌ ᠳᠡᠭᠡᠷ᠎ᠡ ᠨᠢ ᠭᠦᠢᠬᠡᠨ ᠰᠢᠷ᠎ᠠ᠂ ᠳᠣᠣᠷ᠎ᠠ ᠨᠢ ᠰᠢᠷᠠᠪᠲᠤᠷ ᠤᠯᠠᠪᠢᠷ ᠥᠩᠭᠡ ᠲᠡᠢ᠃ ᠴᠢᠬᠢᠨ ᠦ᠌ ᠠᠷᠤ ᠦᠵᠦᠭᠦᠷ ᠪᠣᠯᠤᠨ ᠬᠥᠪᠡᠭᠡ ᠨᠢ ᠰᠢᠷᠠᠩᠭᠤᠢ ᠤᠯᠠᠪᠢᠷ ᠥᠩᠭᠡ ᠲᠡᠢ᠃ ᠴᠢᠬᠢᠨ ᠦ᠌ ᠳᠣᠲᠣᠷ᠎ᠠ ᠣᠷᠴᠢᠮ᠂ ᠴᠢᠬᠢᠨ ᠦ᠌ ᠤᠭ ᠨᠢ ᠡᠯᠡᠰᠦᠨ ᠰᠢᠷ᠎ᠠ ᠪᠤᠶᠤ ᠰᠢᠷᠠᠪᠲᠤᠷ ᠤᠯᠠᠪᠢᠷ ᠥᠩᠭᠡ ᠲᠡᠢ᠃ ᠬᠦᠵᠦᠭᠦᠨ ᠦ᠌ ᠠᠷᠤ ᠳ᠋ᠤᠨᠢ ᠬᠠᠯᠢᠭᠤᠨ ᠠᠯᠠᠭ᠂ ᠳᠡᠭᠡᠷ᠎ᠡ ᠨᠢ ᠰᠢᠷᠣᠢ ᠶ᠋ᠢᠨ ᠰᠢᠷ᠎ᠠ ᠥᠩᠭᠡᠲᠦ ᠦᠰᠦ ᠪᠤᠲᠠᠯᠠᠵᠤ᠂4—6 ᠲᠣᠯᠪᠣ ᠬᠣᠶᠠᠷ ᠮᠥᠷ ᠪᠣᠯᠵᠤ ᠵᠡᠷᠭᠡᠴᠡᠳᠡᠭ᠃ ᠬᠦᠵᠦᠭᠦᠨ ᠦ᠌ ᠳᠣᠣᠷ᠎ᠠ ᠨᠢ ᠴᠠᠭᠠᠨ᠂ ᠬᠡᠪᠡᠯᠢ ᠨᠢ ᠰᠢᠷᠣᠢ ᠶ᠋ᠢᠨ ᠰᠢᠷ᠎ᠠ ᠪᠤᠶᠤ ᠤᠯᠠᠪᠢᠷ ᠰᠢᠷ᠎ᠠ ᠥᠩᠭᠡ ᠲᠡᠢ᠃
  [ᠠᠮᠢᠳᠤᠷᠠᠬᠤ ᠣᠷᠴᠢᠨ ᠬᠢᠭᠡᠳ ᠲᠠᠷᠬᠠᠴᠠ] ᠣᠢ ᠶ᠋ᠢᠨ ᠬᠦᠳᠡᠷᠢ ᠪᠣᠯ ᠬᠠᠳᠠ ᠴᠢᠯᠠᠭᠤᠲᠤ ᠠᠭᠤᠯᠠᠷᠬᠠᠭ ᠭᠠᠵᠠᠷ ᠤ᠋ᠨ ᠳᠤᠮᠳᠠ᠂ ᠳᠣᠣᠷ᠎ᠠ ᠬᠡᠰᠡᠭ ᠲᠡᠬᠢ ᠰᠢᠯᠮᠦᠦᠰᠦᠲᠦ ᠣᠢ᠂ ᠥᠷᠭᠡᠨ ᠨᠠᠪᠴᠢᠲᠤ ᠣᠢ ᠶ᠋ᠢᠨ ᠬᠣᠯᠢᠮᠠᠭ ᠣᠢ ᠳ᠋ᠤ᠌ ᠠᠮᠢᠳᠤᠷᠠᠳᠠᠭ᠃ ᠰᠧᠴᠤᠸᠠᠨ᠂ ᠭᠠᠨᠰᠦ᠂ ᠱᠠᠨᠰᠢ᠂ ᠬᠤᠪᠧᠢ᠂ ᠭᠦᠢᠵᠧᠦ ᠳ᠋ᠦ᠍ ᠲᠠᠷᠬᠠᠴᠠ ᠲᠠᠢ᠃ ᠮᠣᠷᠢᠨ ᠬᠦᠳᠡᠷᠢ ᠪᠣᠯ ᠲᠠᠭ ᠤ᠋ᠨ ᠣᠢ ᠶ᠋ᠢᠨ ᠬᠥᠪᠡᠭᠡ ᠪᠡᠷ ᠠᠮᠢᠳᠤᠷᠠᠳᠠᠭ᠃ ᠬᠥᠬᠡᠨᠠᠭᠤᠷ᠂ᠲᠥᠪᠡᠳ ᠦ᠋ᠨ ᠥᠨᠳᠥᠷᠯᠢᠭ ᠲᠦ᠍ ᠲᠠᠷᠬᠠᠴᠠ ᠲᠠᠢ᠃ ᠬᠦᠳᠡᠷᠢ ᠪᠣᠯ ᠲᠠᠭ ᠤ᠋ᠨ ᠰᠢᠯᠮᠦᠦᠰᠦᠲᠦ ᠣᠢ ᠪᠤᠶᠤ ᠰᠢᠯᠮᠦᠦᠰᠦᠲᠦ ᠥᠷᠭᠡᠨ ᠨᠠᠪᠴᠢᠲᠤ ᠶ᠋ᠢᠨ ᠬᠣᠯᠢᠮᠠᠭ ᠣᠢ ᠳ᠋ᠤ᠌ ᠠᠮᠢᠳᠤᠷᠠᠳᠠᠭ᠃ ᠥᠪᠥᠷ ᠮᠣᠩᠭᠣᠯ᠂ ᠵᠡᠭᠦᠨ ᠬᠣᠢᠲᠤ ᠣᠷᠣᠨ ᠤ᠋ ᠶᠡᠬᠡ ᠪᠠᠭ᠎ᠠ ᠬᠢᠩᠭᠠᠨ ᠳᠠᠪᠠᠭ᠎ᠠ᠂ ᠴᠠᠩ ᠪᠠᠢ ᠱᠠᠨ ᠣᠷᠣᠨ᠂ ᠾᠧᠪᠧᠢ ᠳ᠋ᠦ᠍ ᠲᠠᠷᠬᠠᠴᠠ ᠲᠠᠢ᠃
  [ ᠡᠳ᠋ᠰᠢᠭᠦᠯᠦᠨ ᠪᠣᠯᠪᠠᠰᠤᠷᠠᠭᠤᠯᠬᠤ] ᠵᠡᠷᠯᠢᠭ ᠬᠦᠳᠡᠷᠢ ᠶ᠋ᠢ ᠶᠡᠷᠦ ᠳ᠋ᠡᠭᠡᠨ ᠡᠪᠦᠯ᠂ ᠬᠠᠪᠤᠷ ᠠᠩᠨᠠᠭᠰᠠᠨ ᠤ᠋ ᠰᠡᠭᠦᠯᠡᠷ ᠵᠢᠭᠠᠷ ᠤ᠋ᠨ ᠤᠭᠤᠲᠠ ᠶ᠋ᠢ ᠨᠢ ᠣᠭᠲᠣᠯᠤᠨ ᠠᠪᠴᠤ᠂ ᠰᠡᠭᠦᠳᠡᠷ ᠲᠦ᠍ ᠬᠠᠲᠠᠭᠠᠨ᠎ᠠ᠃ ᠡᠭᠦᠨ ᠢ᠋《ᠪᠦᠬᠦᠯᠢ ᠵᠢᠭᠠᠷ 》ᠭᠡᠳᠡᠭ᠃ ᠵᠢᠭᠠᠷ ᠤ᠋ᠨ ᠤᠭᠤᠲᠠ ᠶ᠋ᠢ ᠨᠢ ᠬᠠᠭᠠᠯᠤᠭᠠᠳ ᠤᠭᠤᠲᠠ ᠶ᠋ᠢ ᠨᠢ ᠠᠷᠢᠯᠭᠠᠨ ᠬᠠᠶᠠᠵᠤ᠂ ᠲᠠᠯᠬ᠎ᠠ ᠶ᠋ᠢ ᠨᠢ ᠭᠠᠷᠭᠠᠨ ᠠᠪᠤᠭᠰᠠᠨ ᠢ᠋《 ᠲᠠᠯᠬ᠎ᠠ ᠵᠢᠭᠠᠷ》 ᠭᠡᠳᠡᠭ᠃ ᠲᠡᠵᠢᠭᠡᠮᠡᠯ ᠬᠦᠳᠡᠷᠢ ᠶ᠋ᠢᠨ ᠵᠢᠭᠠᠷ ᠤᠭᠤᠲᠠ ᠠ᠋ᠴᠠ ᠨᠢ ᠭᠠᠷᠭᠠᠨ ᠠᠪᠴᠤ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠣᠰᠢᠭᠤᠨ᠂ ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠃ ᠮᠣᠬᠣᠳᠠᠭ᠂ ᠬᠥᠩᠭᠡᠨ᠂ ᠰᠢᠷᠦᠭᠦᠨ᠂ ᠲᠣᠰᠣᠯᠢᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠣᠣᠷ ᠢ᠋ ᠲᠠᠢᠯᠬᠤ᠂ ᠰᠦᠪᠡ ᠶ᠋ᠢ ᠨᠡᠭᠡᠭᠡᠬᠦ᠂ ᠡᠪᠡᠳᠬᠦ ᠶ᠋ᠢ ᠵᠣᠭᠰᠣᠭᠠᠬᠤ᠂ ᠰᠢᠷ᠎ᠠ ᠤᠰᠤ ᠶ᠋ᠢ ᠠᠷᠢᠯᠭᠠᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠨᠢᠶᠠᠨ ᠡᠪᠡᠳᠴᠢᠨ᠂ ᠬᠢᠵᠢᠭ ᠬᠣᠷᠣᠬᠠᠢ᠂ ᠶᠠᠮ᠎ᠠ᠂ ᠬᠣᠣᠷ ᠤ᠋ᠨ ᠬᠠᠯᠠᠭᠤᠨ᠂ ᠰᠤᠳᠠᠯ ᠤ᠋ᠨ ᠡᠪᠡᠳᠴᠢᠨ᠂ ᠰᠠ᠂ ᠬᠠᠷ᠎ᠠ ᠰᠢᠷ᠎ᠠ ᠤᠰᠤᠨ ᠡᠪᠡᠳᠴᠢᠨ᠂ ᠡᠯᠢᠭᠡ ᠪᠥᠭᠡᠷᠡᠨ ᠦ᠌ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
  [ ᠠᠩᠬᠠᠷᠤᠯ] ᠵᠢᠷᠮᠦᠰᠦᠨ ᠡᠮᠡᠭᠲᠡᠢ ᠬᠡᠷᠡᠭᠯᠡᠬᠦ ᠶ᠋ᠢ ᠴᠡᠭᠡᠷᠯᠡᠨ᠎ᠡ᠃

   ᠬᠢᠲᠠᠳ ᠨᠡᠷ᠎ᠡ᠄麝香(1.林麝2.马麝3.原麝)
   ᠠᠩᠭ᠌ᠯᠢ ᠨᠡᠷ᠎ᠡ᠄1.Moschus berezovskii Flerou 2.Moschus sifanicus Przewalski 3.Moschus moschiferus moschiferus Linnaeus

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠣᠶᠤᠨᠴᠢᠮᠡᠭ