ᠰᠢᠯᠢᠨ ᠭᠠᠯᠵᠠᠭᠤ ᠪᠠᠭᠠᠲᠤᠷ – ᠵᠥᠭᠡᠢ ᠮᠢᠵᠢᠳ ᠬᠦᠦ(1) Шилэн галзуу баатар – Зөгий мижид хүү(1)
ᠵᠥᠭᠡᠢ ᠮᠢᠵᠢᠳ ᠬᠦᠦ – 1

ᠴᠠᠰᠤ ᠴᠠᠭᠠᠨ ᠠᠭᠤᠯᠠ ᠶ᠋ᠢᠨ
ᠡᠩᠭᠡᠷ ᠳᠡᠭᠡᠷ᠎ᠡ ᠨᠤᠲᠤᠭ ᠲᠠᠢ
ᠷᠠᠰᠢᠶᠠᠨ ᠭᠤᠷᠪᠠᠨ ᠳᠠᠯᠠᠢ ᠶ᠋ᠢᠨ
ᠡᠷᠭᠢ ᠳᠡᠭᠡᠷ᠎ᠡ ᠨᠤᠲᠤᠭ ᠲᠠᠢ
ᠵᠦᠢ ᠮᠡᠷᠭᠡᠨ ᠬᠠᠨ ᠤ᠋ ᠬᠦᠦ
ᠵᠦᠭᠡᠢ ᠮᠢᠵᠢᠳ ᠭᠡᠵᠦ ᠪᠠᠢᠵᠠᠢ᠃
* * *
ᠰᠠᠭᠤᠳᠠᠭ ᠤᠷᠲᠤ ᠶ᠋ᠢ ᠨᠢ ᠬᠡᠯᠡᠪᠡᠯ᠄
ᠴᠠᠭᠠᠨ ᠮᠥᠩᠭᠥᠨ ᠳᠡᠭᠡᠪᠦᠷ ᠲᠡᠢ
ᠴᠠᠢᠪᠤᠷ ᠮᠥᠩᠭᠥᠨ ᠲᠤᠭᠤᠷᠭ᠎ᠠ ᠲᠠᠢ
ᠬᠦᠷᠡᠭ ᠽᠠᠨᠳᠠᠨ ᠬᠠᠨ᠎ᠠ ᠲᠠᠢ
ᠤᠯᠠᠭᠠᠨ ᠽᠠᠨᠳᠠᠨ ᠣᠨᠢ ᠲᠠᠢ
ᠬᠠᠩᠪᠤ ᠲᠣᠷᠭᠠᠨ ᠡᠭᠦᠳᠡ ᠲᠡᠢ
ᠬᠣᠷᠭᠣᠢ ᠮᠠᠩᠨᠤᠭ ᠡᠷᠦᠬᠡ ᠲᠡᠢ
ᠡᠢᠮᠦ ᠰᠠᠢᠬᠠᠨ ᠤᠷᠲᠤ ᠲᠠᠢ ᠶᠤᠮᠰᠠᠨᠵᠠᠢ᠃
* * *
ᠪᠠᠷᠢᠳᠠᠭ ᠨᠤᠮᠤ ᠰᠤᠮᠤ ᠶ᠋ᠢ ᠨᠢ ᠬᠡᠯᠡᠪᠡᠯ
ᠬᠢᠩᠭ᠎ᠠ ᠶ᠋ᠢᠨ ᠥᠨᠳᠥᠷ ᠪᠤᠷᠭᠠᠰᠤ ᠶ᠋ᠢ
ᠬᠠᠳᠤᠵᠤ ᠬᠢᠭᠰᠡᠨ
ᠬᠠᠨ ᠭᠠᠷᠤᠳᠢ ᠶ᠋ᠢᠨ ᠥᠳᠥ ᠶ᠋ᠢ
ᠬᠠᠪᠴᠢᠭᠤᠯᠵᠤ ᠥᠳᠥᠯᠡᠭᠰᠡᠨ
ᠪᠠᠯᠪᠤ ᠶ᠋ᠢᠨ ᠳᠠᠷᠬᠠᠨ ①
ᠪᠠᠯᠪᠠᠴᠢᠵᠤ ᠬᠢᠭᠰᠡᠨ
ᠥᠭᠡᠯᠡᠳ ᠦ᠋ᠨ ᠳᠠᠷᠬᠠᠨ ②
ᠦᠭᠡᠯᠡᠵᠦ ᠬᠢᠭᠰᠡᠨ
ᠬᠠᠳᠠ ᠬᠠᠷᠪᠤᠪᠠᠯ ᠬᠠᠭᠠᠯᠳᠠᠭ
ᠭᠠᠨᠳᠠᠭᠠᠢ ᠬᠠᠷᠪᠤᠪᠠᠯ ᠰᠢᠪᠲᠤᠯᠳᠠᠭ
ᠬᠠᠷᠢ ᠳ᠋ᠤ᠌ ᠶᠠᠪᠤᠪᠠᠯ ᠬᠠᠨᠢ ᠪᠣᠯᠳᠠᠭ
ᠬᠠᠷᠭᠢᠰ ᠳᠠᠢᠰᠤᠨ ᠳ᠋ᠤ᠌ ᠳᠠᠷᠤᠯᠭ᠎ᠠ ᠪᠣᠯᠳᠠᠭ
ᠡᠷᠳᠡᠨᠢ ᠶ᠋ᠢᠨ ᠴᠠᠭᠠᠨ ᠰᠤᠮᠤ ᠲᠠᠢ᠃
ᠳᠠᠯᠠᠨ ᠲᠡᠭᠡ ᠶ᠋ᠢᠨ ᠡᠪᠡᠷ ᠢ
ᠳᠠᠪᠲᠠᠵᠤ ᠬᠢᠭᠰᠡᠨ
ᠶᠡᠷᠡᠨ ᠲᠡᠭᠡ ᠶ᠋ᠢᠨ ᠡᠪᠡᠷ ᠢ
ᠢᠩᠳᠡᠵᠦ ᠬᠢᠭᠰᠡᠨ
ᠳᠠᠬᠢ ᠶ᠋ᠢᠨ ᠬᠣᠶᠠᠷ ᠱᠠᠬ᠎ᠠ ᠪᠠᠷ
ᠲᠡᠪᠬᠡ ᠶ᠋ᠢ ᠨᠢ ᠬᠢᠭᠰᠡᠨ
ᠲᠡᠮᠡᠭᠡᠨ ᠦ᠌ ᠤᠷᠲᠤ ᠰᠢᠨᠳᠠᠰᠤ ᠪᠠᠷ
ᠬᠥᠪᠴᠢ ᠶ᠋ᠢ ᠨᠢ ᠬᠢᠭᠰᠡᠨ
ᠡᠯᠢᠭᠡᠨ ᠲᠠᠯ᠎ᠠ ᠳ᠋ᠤᠨᠢ
ᠡᠯᠢᠶ᠎ᠡ ᠪᠦᠷᠭᠦᠳ ᠨᠢᠰᠬᠡᠭᠰᠡᠨ
ᠠᠷᠤ ᠲᠠᠯ᠎ᠠ ᠳ᠋ᠤᠨᠢ
ᠠᠷᠭᠠᠯᠢ ᠤᠭᠠᠯᠵᠠ ᠵᠥᠷᠢᠯᠳᠦᠭᠦᠯᠦᠭᠰᠡᠨ
ᠳᠡᠪᠬᠡᠨ ᠳᠡᠭᠡᠷ᠎ᠡ ᠨᠢ
ᠲᠡᠭᠡ ᠬᠤᠴᠠ ᠮᠥᠷᠭᠦᠯᠳᠦᠭᠦᠯᠦᠭᠰᠡᠨ
ᠬᠥᠪᠴᠢᠨ ᠳᠡᠭᠡᠷ᠎ᠡ ᠨᠢ
ᠬᠣᠣᠰ ᠯᠤᠤ ᠣᠷᠢᠶᠠᠯᠭᠠᠭᠰᠠᠨ
ᠡᠢᠮᠦ ᠰᠠᠢᠬᠠᠨ ᠨᠤᠮᠤ ᠲᠠᠢ᠃
* * *
ᠤᠨᠤᠳᠠᠭ ᠮᠣᠷᠢ ᠶ᠋ᠢ ᠨᠢ ᠬᠡᠯᠡᠪᠡᠯ᠄
ᠡᠮᠦᠨ᠎ᠡ ᠡᠴᠡ ᠨᠢ ᠬᠠᠷᠠᠪᠠᠯ
ᠥᠨᠳᠥᠷ ᠠᠭᠤᠯᠠ ᠭᠡᠮᠡᠷ
ᠡᠪᠴᠢᠭᠦᠦ ᠴᠡᠭᠡᠵᠢ ᠶ᠋ᠢ ᠨᠢ ᠬᠠᠷᠠᠵᠤ
ᠮᠣᠷᠢ ᠭᠡᠵᠦ ᠲᠠᠨᠢᠳᠠᠭ
ᠬᠠᠵᠠᠭᠤ ᠠ᠋ᠴᠠ ᠨᠢ ᠬᠠᠷᠠᠪᠠᠯ
ᠬᠠᠳᠠ ᠴᠢᠯᠠᠭᠤ ᠭᠡᠮᠡᠷ
ᠬᠠᠪᠢᠷᠭ᠎ᠠ ᠭᠡᠳᠡᠰᠦ ᠶ᠋ᠢ ᠨᠢ ᠬᠠᠷᠠᠵᠤ
ᠮᠣᠷᠢ ᠭᠡᠵᠦ ᠲᠠᠨᠢᠳᠠᠭ
ᠬᠣᠢᠨ᠎ᠠ ᠠ᠋ᠴᠠ ᠨᠢ ᠬᠠᠷᠠᠪᠠᠯ
ᠬᠤᠸᠠ ᠳᠣᠪᠣ ᠭᠡᠮᠡᠷ
ᠬᠣᠩᠭᠣ ᠭᠤᠶ᠎ᠠ ᠶ᠋ᠢ ᠨᠢ ᠬᠠᠷᠠᠵᠤ
ᠮᠣᠷᠢ ᠭᠡᠵᠦ ᠲᠠᠨᠢᠳᠠᠭ
ᠵᠢᠯᠠᠭ᠎ᠠ ᠶ᠋ᠢᠨ ᠴᠢᠨᠡᠭᠡ ᠠᠮᠠ ᠲᠠᠢ
ᠵᠢᠷᠠᠨ ᠳᠥᠷᠪᠡᠨ ᠰᠣᠶᠣᠭ᠎ᠠ ᠲᠠᠢ
ᠵᠠᠭᠤᠨ ᠲᠥᠭᠡ ᠴᠢᠬᠢ ᠲᠡᠢ
ᠽᠠᠨᠳᠠᠨ ᠬᠣᠯᠠ ᠮᠣᠷᠢ ᠲᠠᠢ᠃
* * *
ᠠᠷᠤ ᠶ᠋ᠢᠨ ᠠᠠᠭᠤᠯᠠ ᠶ᠋ᠢ ᠪᠦᠷᠬᠦᠭᠰᠡᠨ
ᠠᠢ ᠲᠦᠮᠡᠨ ᠠᠳᠤᠭᠤ ᠲᠠᠢ
ᠥᠪᠥᠷ ᠦ᠋ᠨ ᠲᠣᠬᠣᠢ ᠶ᠋ᠢ ᠪᠦᠷᠬᠦᠭᠰᠡᠨ
ᠦᠢ ᠲᠦᠮᠡᠨ ᠦᠬᠡᠷ ᠲᠡᠢ
ᠳᠠᠩᠬᠠ ᠶ᠋ᠢᠨ ᠲᠠᠯ᠎ᠠ ᠶ᠋ᠢ ᠪᠦᠷᠬᠦᠭᠰᠡᠨ
ᠲᠠᠷᠯᠠᠭ ᠪᠣᠷᠣᠯᠠᠭ ᠬᠣᠨᠢ ᠢᠮᠠᠭ᠎ᠠ ᠲᠠᠢ
ᠳᠥᠩᠭᠡ ᠶ᠋ᠢᠨ ᠬᠥᠨᠳᠡᠢ ᠶ᠋ᠢ ᠪᠦᠷᠬᠦᠭᠰᠡᠨ
ᠲᠦᠮᠡ ᠪᠤᠮᠠᠨ ᠲᠡᠮᠡᠭᠡ ᠲᠡᠢ᠃
* * *
ᠨᠢᠭᠡᠨ ᠰᠠᠢᠨ ᠡᠳᠦᠷ
ᠵᠥᠭᠡᠢ ᠮᠢᠵᠢᠳ ᠬᠦᠦ
ᠠᠷᠤ ᠶ᠋ᠢᠨ ᠠᠭᠤᠯᠠ ᠶ᠋ᠢ ᠪᠦᠷᠬᠦᠭᠰᠡᠨ
ᠠᠢ ᠲᠦᠮᠡᠨ ᠠᠳᠤᠭᠤᠨ ᠠ᠋ᠴᠠ ᠪᠠᠨ ᠢᠷᠡᠭᠡᠳ
ᠥᠲᠡᠯᠦᠭᠰᠡᠨ ᠠᠪᠤ ᠡᠵᠢ ᠳ᠋ᠡᠭᠡᠨ ᠣᠴᠢᠵᠤ
ᠥᠯᠮᠡᠢ ᠳᠠᠷᠤᠵᠤ ᠮᠡᠨᠳᠦᠯᠡᠭᠡᠳ᠄
《ᠡᠨᠡ ᠪᠡᠶ᠎ᠡ ᠮᠢᠨᠢ ᠥᠰᠴᠦ
ᠡᠷ᠎ᠡ ᠶ᠋ᠢᠨ ᠴᠡᠭᠡᠯ ᠳ᠋ᠦ᠍ ᠬᠦᠷᠦᠯ᠎ᠡ
ᠲᠣᠪᠴᠢ ᠶ᠋ᠢ ᠮᠢᠨᠢ ᠲᠣᠷᠭᠣᠳᠠᠭ
ᠰᠢᠯᠪᠢ ᠶ᠋ᠢ ᠮᠢᠨᠢ ᠰᠢᠭᠡᠳᠬᠡᠳᠡᠭ
ᠥᠪᠡᠷ ᠦ᠋ᠨ ᠪᠡᠶ᠎ᠡ ᠳ᠋ᠦ᠍ ᠮᠢᠨᠢ ᠬᠠᠨᠢ ᠪᠣᠯᠬᠤ
ᠥᠨᠳᠡᠭᠡᠨ ᠰᠦᠢᠲᠦ ᠨᠥᠬᠥᠷ ᠪᠠᠢᠨ᠎ᠠ ᠤᠤ? 》 ᠭᠡᠵᠡᠢ᠃
《ᠪᠠᠢᠯ ᠦᠭᠡᠢ ᠶᠠᠭᠠᠬᠢᠬᠤ ᠪᠣᠢ? ᠬᠦᠦ ᠮᠢᠨᠢ
ᠪᠠᠷᠠᠭᠤᠨ ᠤᠷᠲᠤ ᠲᠢᠪ ᠢ᠋ ᠡᠵᠡᠯᠡᠭᠰᠡᠨ
ᠤᠯᠠᠭᠠᠨ ᠯᠣᠪᠰᠠᠨ᠋ᠭ᠌ ᠬᠠᠨ ᠤ᠋ ᠥᠬᠢᠨ
ᠤᠷᠨᠭᠣᠤᠠ ᠠᠪᠠᠬᠠᠢ ᠳ᠋ᠤ᠌
ᠤᠷᠢᠳᠤ ᠴᠢᠮᠠᠶ᠋ᠢ ᠪᠠᠭ᠎ᠠ ᠪᠠᠢᠬᠤ ᠳ᠋ᠤ᠌
ᠤᠷᠤᠭ ᠤ᠋ᠨ ᠰᠦᠢ ᠲᠠᠯᠪᠢᠭᠰᠠᠨ ᠶᠤᠮ᠃
ᠲᠡᠷᠡ ᠬᠡᠦᠬᠡᠨ ᠦ᠌ ᠲᠥᠷᠥᠭᠰᠡᠨ ᠨᠢ
ᠨᠠᠷᠠ ᠰᠢᠬ ᠭᠡᠷᠡᠯ ᠲᠡᠢ
ᠨᠠᠪᠴᠢ ᠰᠢᠬ ᠴᠡᠪᠡᠷᠬᠡᠨ
ᠰᠠᠷ᠎ᠠ ᠰᠢᠭ ᠲᠤᠶᠠᠭ᠎ᠠ ᠲᠠᠢ
ᠴᠡᠴᠡᠭ ᠰᠢᠭ᠋ ᠭᠣᠶᠣᠬᠠᠨ
ᠲᠤᠩ ᠴᠠᠭᠠᠨ ᠰᠢᠳᠦ ᠲᠡᠢ
ᠳᠤᠷᠠᠨ ᠬᠠᠷ᠎ᠠ ᠨᠢᠳᠦ ᠲᠡᠢ
ᠬᠦᠷᠢ ᠬᠣᠷᠣᠬᠠᠢ ᠶ᠋ᠢᠨ ᠬᠥᠮᠥᠰᠬᠡ ᠲᠡᠢ
ᠬᠥᠪᠥᠩ ᠵᠥᠭᠡᠯᠡᠨ ᠭᠠᠷ ᠲᠠᠢ
ᠲᠡᠢᠮᠦ ᠰᠠᠢᠬᠠᠨ ᠬᠡᠦᠬᠡᠨ ᠭᠡᠨ᠎ᠡ ᠪᠢᠯᠡ! 》 ᠭᠡᠵᠦ
ᠠᠪᠤ ᠡᠵᠢ ᠬᠣᠶᠠᠷ ᠨᠢ
ᠠᠮᠠ ᠠᠮᠠᠨ ᠳ᠋ᠠᠭᠠᠨ ᠬᠡᠯᠡᠵᠡᠢ᠃
《ᠪᠡᠯᠡᠭ ᠦ᠋ᠨ ᠬᠠᠷᠢᠭᠤ ᠨᠡᠬᠡᠶ᠎ᠡ
ᠪᠢ ᠣᠳᠣ ᠮᠣᠷᠳᠠᠶ᠎ᠠ! 》
《ᠨᠠᠰᠤ ᠴᠢᠨᠢ ᠪᠠᠭ᠎ᠠ
ᠴᠢᠰᠤ ᠴᠢᠨᠢ ᠰᠢᠩᠭᠡᠨ
ᠲᠤᠷᠤᠭ ᠰᠢᠪᠠᠭᠤ ᠲᠤᠷᠠᠭᠠᠳ ᠬᠦᠷᠳᠡᠭ
ᠲᠤᠭᠤᠷᠠᠢᠲᠤ ᠮᠣᠷᠢ ᠡᠴᠡᠭᠡᠳ ᠬᠦᠷᠳᠡᠭ
ᠲᠡᠢᠮᠦ ᠬᠣᠯᠠ ᠭᠠᠵᠠᠷ ᠲᠤ᠌
ᠴᠢ ᠭᠠᠠᠴᠠᠭᠠᠷ ᠶᠠᠭᠠᠬᠢᠵᠤ ᠶᠠᠪᠤᠨ᠎ᠠ?》
《ᠡᠷ᠎ᠡ ᠬᠥᠮᠦᠨ ᠵᠣᠷᠢᠭᠰᠠᠨ ᠳ᠋ᠠᠭᠠᠨ
ᠡᠮᠡᠭᠡᠯᠲᠦ ᠮᠣᠷᠢ ᠬᠠᠷᠠᠢᠭᠰᠠᠨ ᠳ᠋ᠠᠭᠠᠨ
ᠡᠨᠡᠦᠬᠡᠨ ᠬᠡᠷᠡᠭ ᠢ᠋ ᠪᠦᠲᠦᠭᠡᠬᠦ ᠦᠭᠡᠢ ᠪᠣᠯ
ᠡᠷ᠎ᠡ ᠭᠡᠵᠦ ᠶᠠᠭᠤᠨ ᠳ᠋ᠤ᠌ ᠲᠥᠷᠥᠪᠡ?
ᠡᠳᠦᠢᠬᠡᠨ ᠭᠠᠵᠠᠷ ᠶᠠᠪᠤᠬᠤ ᠦᠭᠡᠢ ᠪᠣᠯ
ᠡᠮᠡᠭᠡᠯᠲᠦ ᠮᠣᠷᠢ ᠶᠠᠭᠤᠨ ᠳ᠋ᠤ᠌ ᠵᠠᠶᠠᠭᠠᠪᠠ? 》 ᠭᠡᠵᠦ
ᠠᠷᠤ ᠶ᠋ᠢᠨ ᠠᠭᠤᠯᠠ ᠶ᠋ᠢ ᠪᠦᠷᠬᠦᠭᠰᠡᠨ
ᠠᠢ ᠲᠦᠮᠡᠨ ᠠᠳᠤᠭᠤᠨ ᠳ᠋ᠠᠭᠠᠨ ᠣᠴᠢᠵᠤ
ᠠᠷᠳᠠᠭ ᠽᠠᠨᠳᠠᠨ ᠬᠣᠯᠠ ᠪᠠᠨ ᠠᠪᠴᠢᠷᠠᠭᠠᠳ
ᠠᠯᠲᠠᠨ ᠽᠠᠨᠳᠠᠨ ᠤᠶᠠᠭᠠᠨ ᠡᠴᠡ ᠪᠡᠨ ᠰᠣᠢᠵᠠᠢ᠃
ᠭᠤᠷᠪᠠᠨ ᠬᠣᠨᠣᠭ ᠤᠶᠠᠵᠤ
ᠭᠤᠶ᠎ᠠ ᠶ᠋ᠢᠨ ᠮᠢᠬ᠎ᠠ ᠶ᠋ᠢ ᠨᠢ ᠴᠢᠩᠭᠠᠷᠠᠭᠤᠯᠵᠤ
ᠳᠥᠷᠪᠡᠨ ᠬᠣᠨᠣᠭ ᠤᠶᠠᠵᠤ
ᠳᠥᠷᠦᠭᠡᠨ ᠮᠢᠬ᠎ᠠ ᠶ᠋ᠢ ᠨᠢ ᠴᠢᠨ᠋ᠩᠭᠠᠷᠠᠭᠤᠯᠵᠤ
ᠲᠠᠪᠤᠨ ᠬᠣᠨᠣᠭ ᠤᠶᠠᠵᠤ
ᠲᠠᠰᠢᠶᠠᠨ ᠤᠮᠢᠬᠠ ᠶ᠋ᠢ ᠨᠢ ᠴᠢᠩᠭᠠᠷᠠᠭᠤᠯᠵᠤ
ᠵᠢᠷᠭᠤᠭᠠᠨ ᠬᠣᠨᠣᠨ ᠤᠶᠠᠵᠤ
ᠵᠤᠷᠠᠭᠠᠨ ᠤ᠋ ᠮᠢᠬ᠎ᠠ ᠶ᠋ᠢ ᠨᠢ ᠴᠢᠩᠭᠠᠷᠠᠭᠤᠯᠵᠤ
ᠳᠣᠯᠣᠭᠠᠨ ᠬᠣᠨᠣᠭ ᠤᠶᠠᠵᠤ
ᠲᠤᠷᠪᠢ ᠬᠦᠴᠦ ᠶ᠋ᠢ ᠨᠢ ᠪᠦᠷᠢᠳᠦᠭᠦᠯᠦᠭᠡᠳ
ᠮᠢᠩᠭᠠᠨ ᠯᠠᠩ ᠤ᠋ᠨ ᠬᠠᠵᠠᠭᠠᠷ ᠢ᠋
ᠮᠠᠩᠨᠠᠢ ᠤᠷᠤᠭᠤ ᠨᠢ ᠲᠠᠭᠠᠷᠠᠭᠤᠯᠵᠤ
ᠲᠦᠮᠡᠨ ᠯᠠᠩ ᠤ᠋ᠨ ᠡᠮᠡᠭᠡᠯ ᠢ᠋
ᠲᠦᠨᠲᠦᠭᠦᠷ ᠲᠦ᠋ᠨᠢ ᠳᠤᠬᠤᠵᠠᠢ᠃
ᠨᠠᠷᠠᠨ ᠰᠠᠷᠠᠨ ᠳᠥᠷᠥᠭᠡ ᠨᠢ
ᠨᠠᠭᠠᠨ᠎ᠠ ᠴᠠᠭᠠᠨ᠎ᠠ ᠨᠢ ᠭᠢᠯᠠᠯᠵᠠᠵᠤ
ᠨᠠᠢ᠍ᠮᠠ ᠨᠠᠢ᠍ᠮᠠᠨ ᠭᠠᠨᠵᠤᠭ᠎ᠠ ᠨᠢ
ᠨᠠᠮᠢᠷᠠᠨ ᠨᠠᠮᠢᠷᠠᠨ ᠳᠡᠷᠪᠡᠢᠵᠡᠢ᠃
ᠤᠷᠠᠨ ᠠᠪᠠᠭᠠᠢ ᠶ᠋ᠢᠨ ᠬᠢᠭᠰᠡᠨ
ᠤᠯᠠᠭᠠᠨ ᠮᠢᠨᠳᠠᠰᠤᠨ ᠣᠯᠣᠮ③ ᠢ᠋
ᠤᠷᠲᠤ ᠰᠤᠭᠤ ᠶ᠋ᠢ ᠨᠢ ᠳᠠᠭᠠᠭᠤᠯᠤᠨ
ᠤᠭᠰᠠᠷᠠᠨ ᠭᠤᠷᠪᠠ ᠲᠠᠲᠠᠵᠠᠢ᠃
ᠰᠠᠢᠨ ᠠᠪᠠᠭᠠᠢ ᠶ᠋ᠢᠨ ᠬᠢᠭᠰᠡᠨ
ᠴᠠᠭᠠᠨ ᠮᠢᠨᠳᠠᠰᠤᠨ ᠣᠯᠣᠮ ᠢ᠋
ᠴᠠᠪᠢ ᠶ᠋ᠢᠨ ᠤᠷᠳᠤᠭᠤᠷ ᠲᠠᠭᠠᠷᠠᠭᠤᠯᠤᠨ
ᠴᠢᠩᠭᠠᠭᠠᠨ ᠴᠢᠩᠭᠠᠭᠠᠨ ᠲᠠᠲᠠᠵᠠᠢ᠃
ᠬᠦᠳᠡᠷ ᠰᠠᠢᠬᠠᠨ ᠴᠡᠭᠡᠵᠢ ᠶ᠋ᠢ ᠨᠢ
ᠬᠥᠨᠳᠡᠢ ᠶ᠋ᠢᠨ ᠭᠣᠣᠯ ᠢ᠋ ᠴᠢᠭᠯᠡᠭᠦᠯᠵᠦ
ᠬᠦᠵᠦᠭᠦᠦ ᠲᠣᠯᠣᠭᠠᠢ ᠬᠣᠶᠠᠷ ᠢ᠋ ᠨᠢ
ᠪᠠᠷᠠᠭᠤᠨ ᠤᠷᠤᠭᠰᠢ ᠴᠢᠭᠯᠡᠭᠦᠯᠦᠭᠡᠳ
ᠬᠥᠬᠡ ᠮᠥᠩᠭᠥᠨ ᠲᠡᠭᠷᠢ ᠶ᠋ᠢᠨ
ᠳᠣᠭᠤᠤᠷᠬᠠᠨ ᠬᠠᠷᠠᠢᠯᠭᠠᠵᠤ
ᠬᠥᠷᠥᠰᠥᠲᠦ ᠠᠯᠲᠠᠨ ᠳᠡᠯᠡᠬᠡᠢ ᠶ᠋ᠢᠨ
ᠳᠡᠭᠡᠭᠦᠷᠬᠡᠨ ᠬᠠᠲᠠᠷᠢᠭᠤᠯᠵᠤ
ᠪᠦᠳᠦᠭᠦᠨ ᠡᠪᠡᠰᠦ ᠶ᠋ᠢ
ᠪᠥᠬᠥᠯᠵᠡᠭᠦᠯᠦᠨ ᠴᠣᠭᠭᠢᠭᠤᠯᠵᠤ
ᠨᠠᠷᠢᠨ ᠡᠪᠡᠰᠦ ᠶ᠋ᠢ
ᠨᠠᠢᠭᠤᠯᠵᠠᠭᠤᠯᠤᠨ ᠬᠠᠲᠠᠷᠢᠭᠤᠯᠵᠤ
ᠬᠥᠨᠳᠡᠢ ᠶ᠋ᠢᠨ ᠭᠣᠣᠯ ᠢ᠋ᠶ᠋ᠠᠷ ᠶᠠᠪᠤᠬᠤ ᠳ᠋ᠤ᠌
ᠬᠦᠳᠡᠩ ᠮᠠᠨᠠᠨ ᠲᠠᠲᠠᠭᠤᠯᠵᠤ
ᠠᠭᠤᠯᠠ ᠳᠠᠪᠠᠭ᠎ᠠ ᠳᠠᠪᠠᠬᠤ ᠳ᠋ᠤ᠌
ᠤᠨᠢᠶᠠᠷ ᠮᠠᠨᠠᠨ ᠲᠠᠲᠠᠭᠤᠯᠵᠤ
ᠭᠠᠵᠠᠷ ᠤ᠋ᠨ ᠳᠤᠮᠳᠠ ᠬᠦᠷᠬᠦ ᠳ᠋ᠦ᠍
ᠭᠠᠭᠴᠠ ᠨᠢᠭᠡ ᠤᠷᠲᠤ ᠦᠵᠡᠭᠳᠡᠵᠡᠢ᠃
ᠽᠠᠨᠳᠠᠨ ᠬᠣᠯᠠ ᠮᠣᠷᠢ ᠪᠠᠨ
ᠴᠢᠴᠠᠭ᠎ᠠ ᠲᠠᠢ ᠪᠣᠷᠣ ᠳᠠᠭ᠎ᠠ ᠪᠣᠯᠭᠠᠵᠤ
ᠥᠪᠡᠷ ᠢ᠋ᠶ᠋ᠡᠨ ᠬᠣᠯᠠ ᠶ᠋ᠢᠨ ᠬᠥᠮᠦᠨ ᠪᠢᠰᠢ
ᠬᠣᠨᠢᠴᠢᠨ ᠬᠦᠦ ᠶ᠋ᠢᠨ ᠰᠢᠨᠵᠢ ᠲᠡᠢ
ᠬᠤᠷᠢᠮ ᠳ᠋ᠤ᠌ ᠶᠠᠪᠤᠬᠤ ᠪᠢᠰᠢ
ᠬᠣᠭᠣᠯᠠ ᠡᠷᠢᠭᠰᠡᠨ ᠪᠠᠢᠳᠠᠯ ᠲᠠᠢ ᠬᠤᠪᠢᠷᠠᠭᠠᠳ
ᠡᠭᠦᠳᠡᠨ ᠳ᠋ᠦ᠍ᠨᠢ ᠬᠦᠷᠴᠦ ᠪᠠᠭᠤᠭᠠᠳ
ᠥᠷᠥᠭᠡᠨ ᠳ᠋ᠦ᠍ᠨᠢ ᠣᠷᠣᠵᠤ ᠣᠴᠢᠭᠠᠳ
ᠠᠮᠤᠷ ᠢ᠋ ᠨᠢ ᠠᠰᠠᠭᠤᠬᠤ ᠳ᠋ᠤ᠌
ᠠᠩᠵᠠᠭᠠᠷᠠᠭᠰᠠᠨ ᠬᠥᠮᠦᠨ ᠦᠭᠡᠢ
ᠪᠠᠷᠠᠭᠤᠨ ᠲᠠᠯ᠎ᠠ ᠳ᠋ᠤᠨᠢ
ᠭᠤᠷᠪᠠᠨ ᠵᠠᠯᠠᠭᠤ ᠰᠠᠭᠤᠵᠤ
ᠵᠡᠭᠦᠨ ᠲᠠᠯ᠎ᠠ ᠳ᠋ᠤᠨᠢ
ᠭᠤᠷᠪᠠᠨ ᠬᠡᠦᠬᠡᠨ ᠰᠠᠭᠤᠭᠠᠳ
ᠡᠨᠡ ᠲᠡᠷᠡ ᠶ᠋ᠢ ᠬᠡᠯᠡᠯᠴᠡᠵᠦ
ᠡᠯᠳᠡᠪ ᠵᠣᠭᠣᠭ ᠶᠠᠷᠢᠯᠴᠠᠵᠤ ᠪᠠᠢᠵᠠᠢ᠃
— — — —
① ᠪᠠᠯᠪᠤ ᠶ᠋ᠢᠨ ᠳᠠᠷᠬᠠᠨ— ᠲᠡᠮᠦᠷ ᠳᠠᠪᠲᠠᠵᠤ ᠬᠠᠲᠠᠭᠠᠬᠤ ᠳ᠋ᠠᠭᠠᠨ ᠮᠡᠷᠭᠡᠰᠢᠭᠰᠡᠨ ᠳᠠᠷᠬᠠᠨ᠃
② ᠳᠠᠷᠬᠠᠨ— ᠮᠣᠳᠣᠨ ᠤ᠋ ᠠᠵᠢᠯ ᠳ᠋ᠤ᠌ ᠮᠡᠷᠭᠡᠰᠢᠭᠰᠡᠨ ᠤᠷᠠᠨ ᠳᠠᠷᠬᠠᠨ᠃
③ ᠣᠯᠣᠮ— ᠣᠯᠣᠩ
ᠬᠠᠮᠤᠭ ᠤ᠋ᠨ ᠳᠡᠭᠡᠷ᠎ᠡ ᠰᠠᠭᠤᠭᠰᠠᠨ ᠵᠠᠯᠠᠭᠤ ᠨᠢ
ᠬᠠᠩᠬᠤᠯᠵᠡᠵᠦ ᠪᠡᠶ᠎ᠡ ᠪᠡᠨ ᠲᠣᠭᠣᠵᠤ ᠬᠡᠯᠡᠭᠰᠡᠨ ᠨᠢ᠄
《ᠨᠡᠷᠡᠲᠦ ᠡᠨᠡ ᠶᠢᠷᠲᠢᠨᠴᠦ ᠳᠡᠭᠡᠷ᠎ᠡ
ᠨᠠᠳᠠ ᠰᠢᠨ ᠪᠠᠭᠠᠲᠤᠷ ᠬᠠᠮᠢᠬ᠎ᠠ ᠪᠠᠢᠨ᠎ᠠ?》
ᠳᠣᠣᠷᠠᠲᠤ ᠲᠠᠯ᠎ᠠ ᠳ᠋ᠤ᠌ ᠰᠠᠭᠤᠭᠰᠠᠨ ᠬᠡᠦᠬᠡᠨ
ᠳᠤᠷᠠᠮᠵᠢᠬᠠᠨ ᠲᠡᠭᠦᠨ ᠢ᠋ ᠬᠠᠷᠠᠭᠠᠳ ᠬᠡᠯᠡᠭᠰᠡᠨ ᠨᠢ᠄
《ᠠᠮᠠᠨ ᠳ᠋ᠠᠭᠠᠨ ᠪᠠᠭᠲᠠᠬᠤ ᠦᠭᠡᠢ ᠦᠭᠡ ᠶ᠋ᠢ
ᠠᠬ᠎ᠠ ᠲᠠ ᠶᠠᠭᠠᠬᠢᠵᠤ ᠣᠯᠵᠤ ᠬᠡᠯᠡᠪᠡ?
ᠠᠯᠠᠭ ᠨᠢᠳᠦ ᠪᠡᠷ ᠢ᠋ᠶ᠋ᠡᠨ ᠬᠠᠷᠠᠭ᠎ᠠ ᠦᠭᠡᠢ ᠪᠣᠯᠪᠠᠴᠤ
ᠠᠬ᠎ᠠ ᠳᠡᠭᠦᠦ ᠶ᠋ᠢᠨ ᠶᠠᠷᠢᠶᠠᠨ ᠠ᠋ᠴᠠ ᠰᠣᠨᠣᠰᠬᠤ ᠳ᠋ᠤ᠌
ᠵᠡᠭᠦᠨ ᠬᠣᠢᠲᠤ ᠲᠢᠪ ᠢ᠋ ᠡᠵᠡᠯᠡᠭᠰᠡᠨ
ᠵᠦᠢ ᠮᠡᠷᠭᠡᠨ ᠬᠠᠨ ᠤ ᠬᠦᠦ
ᠵᠥᠭᠡᠢ ᠮᠢᠵᠢᠳ ᠭᠡᠵᠦ
ᠵᠢᠷᠦᠬᠡ ᠵᠣᠷᠢᠭᠲᠤ ᠪᠠᠭᠠᠲᠤᠷ ᠪᠠᠢᠨ᠎ᠠ ᠭᠡᠳᠡᠭ᠃
ᠲᠡᠭᠦᠨ ᠦ᠌ ᠬᠦᠴᠦ ᠶ᠋ᠢ ᠬᠡᠯᠡᠪᠡᠯ
ᠲᠡᠭᠷᠢ ᠶ᠋ᠢᠨ ᠣᠷᠣᠨ᠎ᠠ ᠳ᠋ᠤ᠌ ᠠᠯᠳᠠᠷᠰᠢᠭᠰᠠᠨ
ᠳᠡᠪᠭᠡᠯᠵᠢᠨ ᠪᠥᠬᠡ ᠡᠴᠡ ᠥᠭᠡᠷ᠎ᠡ
ᠲᠡᠩᠴᠡᠵᠦ ᠣᠢᠷᠠᠲᠤᠬᠤ ᠬᠥᠮᠦᠨ ᠦᠭᠡᠢ ᠭᠡᠨ᠎ᠡ ᠲᠠ
ᠭᠤᠷᠪᠠᠭᠤᠯᠠ ᠪᠠᠢᠲᠤᠭᠠᠢ
ᠲᠠᠪᠤᠭᠤᠯᠠ ᠪᠣᠯᠤᠭᠰᠠᠨ ᠴᠤ᠌
ᠳᠡᠢᠯᠬᠦ ᠦᠭᠡᠢ ᠪᠢᠵᠡ!》
ᠳᠣᠣᠷᠠᠲᠤ ᠲᠠᠯ᠎ᠠ ᠳ᠋ᠤ᠌ ᠰᠠᠭᠤᠭᠰᠠᠨ ᠵᠠᠯᠠᠭᠤ
ᠲᠣᠰᠴᠤ ᠡᠯᠭᠦᠨ ᠠᠪᠤᠭᠠᠳ ᠬᠡᠯᠡᠭᠰᠡᠨ ᠨᠢ᠄
《ᠪᠠᠭᠠᠲᠤᠷ ᠲᠡᠭᠦᠨ ᠦ᠌ ᠰᠦᠢᠲᠦ ᠬᠡᠦᠬᠡᠨ
ᠪᠠᠷᠠᠭᠤᠨ ᠤᠷᠲᠤ ᠲᠢᠪ ᠢ᠋ ᠡᠵᠡᠯᠡᠭᠰᠡᠨ
ᠤᠯᠠᠭᠠᠨ ᠯᠤᠪᠰᠠᠩ ᠬᠠᠨ ᠤ᠋ ᠥᠬᠢᠨ
ᠣᠷᠠᠩᠭᠣᠸᠠ ᠠᠪᠠᠬᠠᠢ ᠭᠡᠳᠡᠭ ᠪᠣᠯ
ᠨᠠᠷᠠ ᠰᠢᠭ᠋ ᠭᠡᠷᠡᠯ ᠲᠡᠢ
ᠨᠠᠪᠴᠢ ᠰᠢᠭ ᠴᠡᠪᠡᠷᠬᠡᠨ
ᠰᠠᠷᠨ ᠰᠢᠭ᠋ ᠲᠤᠶᠠᠭ᠎ᠠ ᠲᠠᠢ
ᠴᠡᠴᠡᠭ ᠰᠢᠭ᠋ ᠭᠣᠶᠣᠬᠠᠨ
ᠲᠤᠩ ᠴᠠᠭᠠᠨ ᠰᠢᠳᠦ ᠲᠡᠢ
ᠳᠤᠷᠠᠨ ᠬᠠᠷ᠎ᠠ ᠨᠢᠳᠦ ᠲᠡᠢ
ᠬᠦᠷᠢ ᠬᠣᠷᠣᠬᠠᠢ ᠶ᠋ᠢᠨ ᠬᠥᠮᠥᠰᠬᠡ ᠲᠡᠢ
ᠬᠥᠪᠥᠩ ᠵᠥᠭᠡᠯᠡᠨ ᠭᠠᠷ ᠲᠠᠢ ᠭᠡᠨ᠎ᠡ᠃
ᠲᠠ ᠭᠤᠷᠪᠠᠨ ᠬᠡᠦᠬᠡᠨ ᠴᠤ᠌
ᠲᠡᠭᠦᠨ ᠢ᠋ ᠬᠠᠪᠢᠳᠠᠬᠤ ᠦᠭᠡᠢ ᠨᠢ ᠠ᠋!》
ᠡᠨᠡ ᠦᠭᠡ ᠶ᠋ᠢ ᠰᠣᠨᠣᠰᠤᠭᠠᠳ
ᠥᠨᠥ ᠭᠤᠷᠪᠠᠨ ᠬᠡᠦᠬᠡᠨ
ᠭᠤᠨᠢᠷᠠᠨ ᠵᠣᠪᠠᠭᠠᠳ
ᠭᠤᠯᠲᠤᠷᠢᠨ ᠭᠠᠷᠴᠤ ᠶᠠᠪᠤᠵᠠᠢ᠃
ᠭᠤᠷᠪᠠᠨ ᠵᠠᠯᠠᠭᠤ ᠴᠤ᠌ ᠭᠤᠳᠤᠷᠠᠨ
ᠭᠤᠯᠵᠢᠢᠨ ᠲᠡᠨᠳᠡ ᠪᠡᠨ ᠬᠡᠪᠲᠡᠵᠡᠢ᠃
ᠵᠥᠭᠡᠢ ᠮᠢᠵᠢᠳ ᠬᠦᠦ
ᠨᠢᠭᠡᠨ ᠵᠠᠯᠠᠭᠤ ᠠ᠋ᠴᠠ ᠠᠰᠠᠭᠤᠭᠰᠠᠨ ᠨᠢ᠄
《ᠶᠠᠪᠤᠠᠰᠠᠭᠠᠷ ᠪᠠᠢᠭᠠᠳ ᠲᠥᠭᠡᠷᠢᠴᠢᠬᠡᠯ᠎ᠡ
ᠶᠠᠮᠠᠷ ᠨᠡᠷ᠎ᠡ ᠲᠡᠢ ᠭᠠᠵᠠᠷ ᠪᠣᠢ?》
《ᠭᠠᠩ ᠭᠤᠷᠪᠠᠨ ᠰᠢᠯᠢ ᠶ᠋ᠢᠨ
ᠭᠠᠨᠲᠠᠨ᠋ ᠴᠠᠭᠠᠨ ᠤᠷᠲᠤ》 ᠭᠡᠵᠡᠢ᠃
《ᠬᠣᠨᠢᠴᠢᠨ ᠬᠦᠦ ᠶᠦᠮ ᠪᠢ
ᠬᠣᠳᠣᠭᠣᠳᠣ ᠮᠢᠨᠢ ᠬᠣᠭᠣᠰᠣᠷᠠᠭᠠᠳ ᠪᠠᠢᠨ᠎ᠠ
ᠬᠣᠭᠣᠯᠠ ᠤᠮᠳᠠ ᠠ᠋ᠴᠠ ᠪᠠᠨ
ᠢᠯᠡᠭᠦᠴᠢᠯᠡᠵᠦ ᠬᠠᠢᠷᠠᠯᠠᠵᠤ ᠨᠠᠳᠠ ᠥᠭᠭᠦᠨ᠎ᠡ ᠤᠤ?》
《ᠲᠣᠭᠣᠭᠠᠨ ᠤ᠋ ᠢᠷᠣᠭᠠᠷ ᠢ᠋ ᠬᠤᠰᠤ ᠳᠠ
ᠲᠣᠷᠬᠠᠨ ᠤ᠋ ᠢᠷᠣᠭᠠᠷ ᠢ᠋ ᠳᠤᠯᠢᠶ᠎ᠠ ᠳᠠ! 》
ᠵᠥᠭᠡᠢ ᠮᠢᠵᠢᠳ ᠬᠦᠦ
ᠥᠪᠡᠷ ᠢ᠋ᠶ᠋ᠡᠨ ᠪᠣᠰᠴᠤ
ᠲᠣᠭᠣᠭ᠎ᠠ ᠶ᠋ᠢ ᠨᠢ ᠬᠤᠰᠤᠵᠤ
ᠨᠢᠭᠡ ᠠᠶᠠᠭ᠎ᠠ ᠬᠤᠰᠤᠮ ᠢᠳᠡᠵᠦ
ᠲᠣᠷᠬ᠎ᠠ ᠶ᠋ᠢ ᠨᠢ ᠰᠢᠪᠠᠬᠠᠵᠤ
ᠨᠢᠭᠡ ᠠᠶᠠᠭ᠎ᠠ ᠴᠠᠢ ᠤᠤᠭᠤᠭᠠᠳ ᠶᠠᠪᠤᠵᠠᠢ᠃
ᠲᠡᠷᠡ ᠭᠤᠷᠪᠠᠨ ᠵᠠᠯᠠᠭᠤ
ᠵᠥᠭᠡᠢ ᠮᠢᠵᠢᠳ ᠬᠦᠦ ᠶ᠋ᠢ ᠬᠠᠷᠠᠭᠠᠳ
ᠡᠷᠳᠡᠨᠢ ᠶ᠋ᠢᠨ ᠽᠠᠨᠳᠠᠨ ᠬᠣᠯᠠ ᠶ᠋ᠢ ᠨᠢ
ᠡᠮᠨᠢᠭ ᠳᠠᠭ᠎ᠠ ᠪᠠᠷ ᠡᠨᠳᠡᠭᠦᠷᠡᠵᠦ
ᠬᠤᠯᠤᠰᠤᠨ ᠨᠤᠮᠤ ᠰᠤᠮᠤ ᠲᠠᠢ ᠳ᠋ᠤᠨᠢ
ᠬᠤᠯᠤᠭᠠᠨ᠎ᠠ ᠬᠠᠷᠪᠤᠬᠤ ᠪᠠᠷ ᠪᠣᠳᠣᠵᠤ
ᠬᠤᠪᠢᠯᠭᠠᠨ ᠪᠡᠶ᠎ᠡ ᠶ᠋ᠢ ᠨᠢ ᠠᠵᠢᠭᠯᠠᠭᠠᠳ
ᠬᠣᠨᠢᠴᠢᠨ ᠬᠦᠦ ᠪᠡᠷ ᠰᠠᠨᠠᠵᠠᠢ᠃
* * *
ᠡᠷ᠎ᠡ ᠬᠦᠯᠦᠭ ᠦ᠋ᠨ ᠰᠠᠢᠨ ᠢ᠋ᠶ᠋ᠠᠷ
ᠡᠭᠡᠷᠡᠮ᠎ᠡ ᠲᠠᠯ᠎ᠠ ᠶ᠋ᠢ ᠲᠤᠭᠤᠯᠵᠤ
ᠡᠴᠡᠵᠦ ᠶᠠᠳᠠᠬᠤ ᠪᠠᠨ ᠮᠠᠷᠲᠠᠭᠠᠳ
ᠡᠯᠡᠰᠦ ᠮᠠᠩᠬ᠎ᠠ ᠶ᠋ᠢ ᠭᠡᠲᠦᠯᠵᠡᠢ᠂
ᠡᠭᠦᠯᠡ ᠭᠡᠬᠦ ᠳ᠋ᠦ᠍ ᠡᠭᠦᠯᠡ ᠪᠢᠰᠢ
ᠤᠰᠤ ᠭᠡᠬᠦ ᠳ᠋ᠦ᠍ ᠤᠰᠤ ᠪᠢᠰᠢ ᠰᠢᠭ ᠶᠠᠭᠤᠮ᠎ᠠ
ᠤᠷᠲᠤ ᠨᠢ ᠨᠡᠯᠦᠢᠵᠦ ᠬᠠᠷᠠᠭᠳᠠᠵᠠᠢ᠃
ᠣᠢᠷᠠᠲᠤᠵᠤ ᠣᠴᠢᠭᠠᠳ ᠦᠵᠡᠬᠦ ᠳ᠋ᠦ᠍
ᠣᠯᠣᠮ ᠬᠥᠪᠡᠭᠡ ᠨᠢ ᠮᠡᠳᠡᠭᠳᠡᠬᠦ ᠦᠭᠡᠢ
ᠢᠷᠣᠭᠠᠷ ᠦᠭᠡᠢ ᠭᠦᠨ ᠳᠠᠯᠠᠢ ᠪᠠᠢᠵᠠᠢ᠃
ᠤᠮᠪᠠᠭᠤᠯᠤᠨ ᠭᠠᠷᠬᠤ ᠭᠡᠬᠦ ᠳ᠋ᠦ᠍
ᠣᠷᠭᠢᠯᠤᠨ ᠪᠤᠴᠠᠯᠵᠤ ᠪᠠᠢᠵᠠᠢ
ᠣᠩᠭᠣᠴᠠ ᠪᠠᠷ ᠭᠠᠷᠬᠤ ᠭᠡᠬᠦ ᠳ᠋ᠦ᠍
ᠤᠰᠤᠴᠢᠨ ᠦᠭᠡᠢ ᠪᠠᠢᠵᠠᠢ᠃
《ᠶᠠᠭᠠᠬᠢᠵᠤ ᠭᠠᠷᠬᠤ ᠪᠣᠢ?》 ᠭᠡᠵᠦ ᠠᠰᠠᠭᠤᠬᠤ ᠳ᠋ᠤ᠌
ᠽᠠᠨᠳᠠᠨ ᠬᠣᠯᠠ ᠮᠣᠷᠢ ᠨᠢ ᠬᠡᠯᠡᠵᠡᠢ᠄
《ᠡᠷ᠎ᠡ ᠬᠥᠮᠦᠨ ᠵᠣᠷᠢᠭᠰᠠᠨ ᠳ᠋ᠠᠭᠠᠨ
ᠡᠮᠡᠭᠡᠯᠲᠦ ᠮᠣᠷᠢ ᠬᠠᠷᠠᠢᠭᠰᠠᠨ ᠳ᠋ᠠᠭᠠᠨ
ᠡᠷᠡᠭᠡᠢᠲᠦ ᠮᠡᠷᠭᠡᠨ ᠡᠵᠡᠨ ᠮᠢᠨᠢ
ᠡᠷᠳᠡᠨᠢ ᠶ᠋ᠢᠨ ᠰᠤᠮᠤ ᠪᠠᠨ ᠬᠠᠷᠪᠤᠵᠤ
ᠡᠨᠡ ᠳᠠᠯᠠᠢ ᠶ᠋ᠢᠨ ᠳᠤᠮᠳᠠ ᠲᠤᠰᠬᠠᠭᠠᠳ
ᠡᠷ᠎ᠡ ᠴᠢᠳᠠᠯ ᠢ᠋ᠶ᠋ᠠᠷ ᠢ᠋ᠶ᠋ᠠᠨ ᠬᠠᠪᠴᠢ
ᠡᠮᠡᠭᠡᠯᠲᠦ ᠮᠣᠷᠢ ᠴᠢᠨᠢ ᠪᠢ
ᠡᠷᠴᠢᠲᠦ ᠬᠦᠴᠦᠨ ᠢ᠋ᠶ᠋ᠡᠷ ᠬᠠᠷᠠᠢᠶᠠ!》
ᠡᠷᠳᠡᠨᠢ ᠶ᠋ᠢᠨ ᠰᠤᠮᠤ ᠪᠠᠨ ᠬᠠᠷᠪᠤᠭᠠᠳ
ᠡᠭᠴᠡ ᠭᠣᠣᠯ ᠳ᠋ᠤᠨᠢ ᠭᠣᠵᠢᠢᠲᠠᠯᠠ ᠲᠤᠰᠬᠠᠵᠠᠢ
ᠡᠷ᠎ᠡ ᠬᠦᠯᠦᠭ ᠨᠢ ᠬᠠᠷᠠᠢᠭᠠᠳ
ᠣᠨᠢ ᠳᠡᠭᠡᠷ᠎ᠡ ᠨᠢ ᠭᠢᠰᠬᠢᠭᠡᠳ ᠭᠠᠷᠴᠠᠢ᠃
* * *
ᠤᠯᠠᠭᠠᠨ ᠯᠤᠪᠰᠠᠩ ᠬᠠᠨ ᠤ᠋
ᠤᠯᠤᠰ ᠭᠦᠷᠦᠨ ᠳ᠋ᠦ᠍ ᠬᠦᠷᠴᠡᠢ
ᠬᠡᠳᠦᠨ ᠵᠠᠯᠠᠭᠤ ᠬᠦᠷᠴᠦ ᠢᠷᠡᠭᠡᠳ
ᠬᠡᠳᠡᠷᠯᠡᠵᠦ ᠬᠦᠦ ᠶ᠋ᠢ ᠳᠣᠷᠣᠮᠵᠢᠯᠠᠨ ᠬᠡᠯᠡᠭᠰᠡᠨ ᠨᠢ᠄
《ᠬᠥᠮᠦᠨ ᠠᠮᠢᠲᠠᠨ ᠳ᠋ᠤ᠌ ᠦᠵᠡᠭᠳᠡᠭᠡ ᠦᠭᠡᠢ
ᠰᠡᠭᠦᠳᠡᠷ ᠮᠣᠨᠳᠢ ᠰᠢᠭ᠋ ᠠᠮᠢᠲᠠᠨ ᠪᠠᠢᠨ᠎ᠠ
ᠠᠮᠢᠲᠠᠨ ᠬᠥᠮᠦᠨ ᠳ᠋ᠦ᠍ ᠦᠵᠡᠭᠳᠡᠭᠡ ᠦᠭᠡᠢ
ᠠᠳᠠ ᠮᠤᠨᠳᠢ ᠰᠢᠭ᠋ ᠠᠮᠢᠲᠠᠨ ᠪᠠᠢᠨ᠎ᠠ 》 ᠭᠡᠵᠡᠭᠡᠵᠦ
ᠬᠡᠨ ᠬᠥᠮᠦᠨ ᠦ᠌ ᠬᠦᠦ ᠪᠣᠢ?
ᠭᠡᠵᠢᠢᠡ ᠡᠨᠳᠡ ᠢᠷᠡᠪᠡ?
ᠬᠡᠲᠡ ᠨᠤᠲᠤᠭ ᠬᠠᠮᠢᠬ᠎ᠠ ᠪᠣᠢ?
ᠬᠡᠷᠡᠭ ᠵᠣᠷᠢᠭ ᠶᠠᠭᠤᠨ ᠳ᠋ᠤ᠌ ᠪᠣᠢ? ᠭᠡᠳ
ᠣᠯᠠᠨ ᠣᠯᠠᠨ ᠠᠰᠠᠭᠤᠭᠠᠳ ᠪᠠᠢᠬᠤ ᠳ᠋ᠤ᠌
ᠠᠭᠤᠷ ᠬᠢᠯᠢᠩ ᠨᠢ ᠬᠦᠷᠦᠭᠡᠳ
《ᠣᠭᠲᠠᠷᠭᠤᠢ ᠲᠡᠭᠷᠢ ᠶ᠋ᠢᠨ ᠳᠣᠣᠷ᠎ᠠ ᠪᠠᠢᠳᠠᠭ
ᠣᠷᠴᠢᠯᠠᠩ ᠶᠢᠷᠲᠢᠨᠴᠦ ᠳᠡᠭᠡᠷ᠎ᠡ ᠪᠠᠢᠳᠠᠭ 》 ᠭᠡᠵᠡᠢ᠃
《ᠡᠨᠳᠡ ᠣᠭᠲᠣ ᠦᠵᠡᠭᠳᠡᠭᠡ ᠦᠭᠡᠢ
ᠡᠲᠡᠭᠡᠳ ᠠᠮᠢᠲᠠᠨ ᠪᠠᠢᠨ᠎ᠠ
ᠡᠵᠡᠨ ᠬᠠᠨ ᠳ᠋ᠠᠭᠠᠨ ᠮᠡᠳᠡᠭᠦᠯᠵᠦ
ᠡᠷᠲᠡᠬᠡᠨ ᠴᠢᠮᠠᠢ ᠪᠠᠷᠢᠨ᠎ᠠ ! 》
《ᠪᠠᠷᠢᠬᠤ ᠭᠡᠪᠡᠯ ᠪᠢᠴᠠᠷᠠᠨᠠ
ᠪᠠᠢᠯᠳᠤᠭᠠᠨ ᠬᠢᠪᠡᠯ ᠳᠡᠢᠯᠦᠭᠳᠡᠨ᠎ᠡ!
ᠣᠮᠣᠭ ᠭᠠᠷᠭᠠᠪᠠᠯ ᠰᠦᠢᠳᠦᠨᠡ !
ᠤᠷᠤᠯᠳᠤᠭᠠᠨ ᠬᠢᠪᠡᠯ ᠬᠣᠴᠣᠷᠤᠨ᠎ᠠ! 》
ᠦᠭᠡ ᠶᠠᠷᠢᠶᠠᠨ ᠤ᠋ ᠱᠤᠤᠭᠢᠶᠠᠨ ᠳ᠋ᠤ᠌
ᠡᠪᠦᠭᠡᠨ ᠵᠠᠯᠠᠭᠤ ᠣᠯᠠᠨ ᠴᠤᠭᠯᠠᠷᠠᠵᠠᠢ᠄
ᠪᠤᠷᠭᠠᠰᠤ ᠴᠢᠷᠦᠭᠰᠡᠨ ᠬᠣᠨᠢᠴᠢᠨ
ᠪᠢᠯᠠᠭᠤ ᠪᠠᠷᠢᠭᠰᠠᠨ ᠠᠩᠴᠢᠨ
ᠠᠷᠤᠭ ᠡᠭᠦᠷᠦᠭᠰᠡᠨ ᠡᠮᠡᠭᠡᠨ
ᠠᠳᠤᠭᠤ ᠬᠠᠷᠠᠭᠰᠠᠨ ᠵᠠᠯᠠᠭᠤ
ᠡᠨᠳᠡ ᠲᠡᠨᠳᠡ ᠡᠴᠡ ᠢᠷᠡᠵᠦ
ᠡᠷᠭᠢᠨ ᠲᠣᠭᠣᠷᠢᠨ ᠵᠣᠭᠰᠣᠵᠠᠢ᠃
ᠴᠤᠭᠯᠠᠷᠠᠭᠰᠠᠨ ᠣᠯᠠᠨ ᠤ᠋ ᠳᠣᠲᠣᠷ᠎ᠠ ᠠ᠋ᠴᠠ
ᠪᠥᠭᠲᠥᠷᠬᠡᠨ ᠨᠢᠷᠤᠭᠤ ᠲᠠᠢ
ᠪᠤᠭᠤᠷᠤᠯ ᠲᠣᠯᠣᠭᠠᠢ ᠲᠠᠢ
ᠥᠨᠳᠥᠷᠬᠡᠨ ᠪᠡᠶ᠎ᠡ ᠲᠡᠢ
ᠡᠪᠴᠢᠭᠦᠨ ᠳ᠋ᠡᠭᠡᠨ ᠲᠤᠯᠤᠭᠰᠠᠨ ᠰᠠᠬᠠᠯ ᠲᠠᠢ
ᠨᠢᠭᠡᠨ ᠡᠪᠦᠭᠡᠨ ᠠᠰᠠᠭᠤᠭᠰᠠᠨ ᠨᠢ᠄
《ᠨᠢᠭᠤᠷ ᠲᠠᠭᠠᠨ ᠭᠠᠯ ᠲᠠᠢ
ᠨᠢᠳᠦᠨ ᠳ᠋ᠡᠭᠡᠨ ᠴᠣᠭ ᠲᠠᠢ
ᠰᠢᠯᠢᠨ ᠳ᠋ᠡᠭᠡᠨ ᠰᠢᠷᠢ ᠲᠡᠢ
ᠰᠢᠯᠪᠢᠨ ᠳ᠋ᠡᠭᠡᠨ ᠴᠢᠮᠥᠭᠡ ᠲᠡᠢ ᠬᠦᠦ
ᠬᠠᠮᠢᠬ᠎ᠠ ᠠ᠋ᠴᠠ ᠶᠠᠪᠤᠵᠤ ᠪᠠᠢᠨ᠎ᠠ?
ᠬᠠᠮᠢᠭ᠎ᠠ ᠬᠦᠷᠬᠦ ᠪᠣᠢ?》 ᠭᠡᠵᠡᠢ᠃
ᠡᠪᠦᠭᠡᠨ ᠢ᠋ ᠬᠠᠷᠠᠭᠠᠳ ᠬᠦᠦ
ᠡᠪᠦᠳᠦᠭ ᠳᠠᠷᠤᠵᠤ ᠮᠡᠨᠳᠦᠯᠡᠭᠡᠳ
ᠡᠮᠦᠨ᠎ᠡ ᠨᠢ ᠬᠦᠷᠴᠦ ᠵᠣᠭᠰᠣᠭᠠᠳ
ᠦᠨᠡᠨ ᠤᠴᠢᠷ ᠢ᠋ᠶ᠋ᠠᠨ ᠬᠡᠯᠡᠵᠡᠢ᠃
ᠡᠪᠦᠭᠡᠨ ᠡᠭᠦᠨ ᠢ ᠰᠣᠨᠣᠰᠤᠭᠠᠳ
ᠦᠷᠦ ᠡᠪᠡᠳᠴᠦ ᠬᠦᠦ ᠶ᠋ᠢ ᠬᠠᠢᠷᠠᠯᠠᠭᠠᠳ
ᠬᠠᠨ ᠤ᠋ ᠤᠷᠲᠤ ᠶ᠋ᠢ ᠵᠢᠭᠠᠵᠤ ᠦᠭᠭᠦᠭᠡᠳ
ᠬᠠᠷᠠᠵᠤ ᠦᠳᠡᠵᠦ ᠮᠣᠷᠳᠠᠭᠤᠯᠵᠠᠢ᠃
ᠳᠠᠭ᠎ᠠ ᠪᠠᠨ ᠤᠨᠤᠭᠠᠳ
ᠳᠠᠪᠬᠢᠵᠤ ᠳᠠᠪᠬᠢᠵᠤ ᠣᠴᠢᠭᠠᠳ
ᠬᠠᠨ ᠤ᠋ ᠳ᠋ᠤ᠌ ᠬᠦᠷᠦᠭᠡᠳ
ᠬᠥᠮᠦᠨ ᠮᠣᠷᠢ ᠤᠶᠠᠭᠤᠯᠳᠠᠭ ᠦᠭᠡᠢ
ᠬᠦᠷᠡᠩ ᠼᠠᠨᠳᠠᠨ᠋ ᠤᠶᠠᠭᠠᠨ ᠠ᠋ᠴᠠ ᠨᠢ
ᠴᠢᠴᠡᠨᠠ ᠲᠠᠢ ᠳᠠᠭ᠎ᠠ ᠪᠠᠨ ᠤᠶᠠᠭᠠᠳ
ᠬᠥᠮᠦᠨ ᠣᠷᠣᠭᠤᠯᠳᠠᠭ ᠦᠭᠡᠢ
ᠬᠦᠷᠡᠯ ᠳᠡᠭᠡᠪᠦᠷ ᠲᠡᠢ ᠭᠡᠷ ᠲᠦ᠋ᠨᠢ
ᠣᠷᠣᠵᠤ ᠣᠴᠢᠭᠠᠳ ᠰᠠᠭᠤᠵᠠᠢ᠃
ᠬᠠᠭᠠᠯᠭᠠᠴᠢᠨ ᠵᠠᠷᠤᠴᠠ ᠨᠠᠷ ᠨᠢ ᠱᠤᠤᠭᠢᠯᠳᠤᠵᠤ
ᠬᠠᠨ ᠳ᠋ᠠᠭᠠᠨ ᠣᠴᠢᠭᠠᠳ ᠮᠡᠳᠡᠭᠦᠯᠵᠡᠢ᠃
ᠬᠠᠨ ᠨᠢ ᠪᠡᠶ᠎ᠡ ᠪᠡᠷ ᠬᠦᠷᠴᠦ ᠢᠷᠡᠭᠡᠳ
ᠬᠦᠦ ᠡᠴᠡ ᠢᠩᠭᠢᠵᠦ ᠠᠰᠠᠭᠤᠵᠠᠢ᠄
《ᠬᠡᠲᠡ ᠨᠤᠲᠤᠭ ᠬᠠᠮᠢᠬ᠎ᠠ ᠪᠣᠢ?
ᠬᠡᠨ ᠬᠥᠮᠦᠨ ᠦ᠌ ᠦᠷ᠎ᠡ ᠪᠣᠢ?
ᠬᠡᠷᠡᠭ ᠵᠣᠷᠢᠭ ᠶᠠᠭᠤᠨ ᠳ᠋ᠤ᠌ ᠪᠣᠢ?
ᠬᠡᠪ ᠶᠣᠰᠣ ᠶᠠᠭᠤᠨ ᠳ᠋ᠤ᠌ ᠵᠥᠷᠢᠴᠡᠵᠦ ᠪᠠᠢᠨ᠎ᠠ?》 ᠭᠡᠬᠦ ᠳ᠋ᠦ᠍
ᠤᠯᠠᠭᠠᠨ ᠯᠤᠪᠰᠠᠩ ᠬᠠᠨ ᠳ᠋ᠤ᠌ ᠮᠨᠲᠦᠯᠡᠭᠡᠳ
ᠤᠴᠢᠷ ᠶᠠᠪᠤᠳᠠᠯ ᠢ᠋ᠶ᠋ᠠᠨ ᠬᠡᠯᠡᠬᠦ ᠳ᠋ᠦ᠍
ᠬᠠᠨ ᠦᠭᠡ ᠶ᠋ᠢ ᠨᠢ ᠰᠣᠨᠣᠰᠤᠭᠠᠳ
ᠬᠠᠭᠠᠯᠭᠠᠴᠢᠨ ᠳ᠋ᠠᠭᠠᠨ ᠢᠩᠭᠢᠵᠦ ᠬᠡᠯᠡᠵᠡᠢ᠄
《ᠬᠣᠨᠢᠴᠢᠨ ᠬᠦᠦ ᠶ᠋ᠢᠨ ᠰᠢᠨᠵᠢ ᠲᠡᠢ
ᠳᠣᠭᠣᠯᠴᠢᠨ ᠬᠦᠦ ᠶ᠋ᠢᠨ ᠲᠥᠯᠥᠪ ᠲᠡᠢ ᠡᠭᠦᠨ ᠢ
ᠬᠣᠨᠢᠴᠢᠨ ᠳᠣᠭᠣᠯᠴᠢᠨ ᠤ᠋ ᠭᠡᠷ ᠲᠦ᠍ ᠠᠪᠠᠴᠢᠵᠤ
ᠬᠣᠨᠣᠭᠤᠯᠵᠤ ᠤᠨᠲᠠᠭᠤᠯᠵᠤ ᠪᠠᠢ》 ᠭᠡᠵᠡᠢ᠃
《ᠴᠢᠷᠦᠭᠡᠳ ᠭᠠᠷᠭᠠᠪᠠᠯ ᠨᠢ
ᠰᠢᠳᠢ ᠦᠵᠡᠯᠴᠡᠬᠦ ᠳ᠋ᠦ᠍ ᠬᠦᠷᠦᠨ᠎ᠡ!
ᠴᠢᠭ ᠦᠭᠡᠢ ᠠᠭᠠᠰᠢᠯᠠᠪᠠᠯ
ᠶᠣᠰᠣ ᠠᠯᠳᠠᠨ᠎ᠠ!》ᠭᠡᠵᠦ ᠪᠣᠳᠣᠭᠠᠳ
ᠬᠦᠦ ᠳᠤᠭᠤᠢ ᠭᠠᠷᠴᠤ ᠣᠴᠢᠭᠠᠳ
ᠲᠤᠭᠤᠯᠴᠢᠨ ᠲᠠᠢ ᠨᠢ ᠬᠣᠨᠣᠬᠤ ᠪᠠᠷ ᠣᠴᠢᠵᠠᠢ᠃
ᠣᠷᠣᠢ ᠶ᠋ᠢᠨ ᠬᠣᠭᠣᠯᠠ ᠪᠣᠯᠬᠤ ᠳ᠋ᠤ᠌
ᠵᠥᠭᠡᠢ ᠮᠢᠵᠢᠳ ᠬᠦᠦ ᠶ᠋ᠢ ᠳᠣᠷᠣᠮᠵᠢᠯᠠᠵᠤ
ᠪᠤᠷᠵᠠᠩ ᠲᠠᠢ ᠴᠠᠢ ᠤᠤᠭᠤᠯᠭᠠᠵᠤ
ᠪᠣᠭᠲᠣᠰ ᠱᠠᠭᠠᠨᠲᠤ ᠢᠳᠡᠭᠦᠯᠵᠡᠢ᠃
* * *
ᠥᠷ ᠦ᠋ᠨ ᠭᠡᠭᠡ ᠴᠠᠢᠬᠤ ᠦᠶ᠎ᠡ ᠳ᠋ᠤ᠌
ᠥᠪᠡᠷ ᠦ᠋ᠨ ᠳᠦᠷᠢ ᠳ᠋ᠡᠭᠡᠨ ᠬᠤᠪᠢᠯᠤᠭᠠᠳ
ᠵᠥᠭᠡᠢ ᠮᠢᠵᠢᠳ ᠬᠦᠦ
ᠬᠠᠨ ᠤ᠋ ᠳ᠋ᠤ᠌ ᠬᠦᠷᠴᠦ ᠣᠴᠢᠭᠠᠳ
ᠬᠥᠮᠦᠨ ᠦ᠌ ᠮᠣᠷᠢ ᠤᠶᠠᠭᠤᠯᠳᠠᠭ ᠦᠭᠡᠢ
ᠬᠦᠷᠡᠩ ᠽᠠᠨᠳᠠᠨ ᠤᠶᠠᠭᠠᠨ ᠳ᠋ᠤᠨᠢ
ᠽᠠᠨᠳᠠᠨ ᠬᠣᠯᠠ ᠮᠣᠷᠢ ᠪᠠᠨ ᠤᠶᠠᠭᠠᠳ᠂
ᠬᠥᠮᠦᠨ ᠣᠷᠣᠭᠤᠯᠳᠠᠭ ᠦᠭᠡᠢ
ᠬᠦᠷᠡᠯ ᠳᠡᠭᠡᠪᠦᠷ ᠲᠡᠢ ᠭᠡᠷ ᠲᠦ᠋ᠨᠢ ᠣᠷᠣᠬᠤ ᠳ᠋ᠠᠭᠠᠨ
ᠬᠣᠣᠷᠲᠠᠨ ᠳᠠᠢᠰᠤᠨ ᠢ᠋ ᠳᠠᠷᠤᠬᠤ ᠳ᠋ᠤ᠌ ᠪᠣᠯ
ᠬᠤᠷᠴᠠ ᠵᠡᠪᠰᠡᠭ ᠢ᠋ᠶ᠋ᠡᠨ ᠪᠠᠷᠢᠭᠠᠳ ᠣᠷᠣᠳᠠᠭ
ᠬᠣᠲᠠ ᠤᠷᠤᠭ ᠪᠣᠯᠬᠤ ᠭᠡᠵᠦ ᠪᠠᠢᠬᠤ ᠪᠣᠯᠬᠣᠷ
ᠨᠤᠮᠤ ᠰᠤᠮᠤ ᠪᠠᠨ ᠠᠪᠴᠤ
ᠭᠡᠷ ᠳᠡᠭᠡᠷ᠎ᠡ ᠨᠢ ᠲᠠᠯᠪᠢᠭᠠᠳ ᠣᠷᠣᠵᠠᠢ᠃
ᠬᠦᠷᠡᠩ ᠽᠠᠨᠳᠠᠨ ᠤᠶᠠᠭ᠎ᠠ ᠨᠢ
ᠤᠭ ᠢ᠋ᠶ᠋ᠠᠷ ᠢ᠋ᠶ᠋ᠠᠨ ᠭᠤᠢᠪᠢᠯᠵᠠᠵᠤ
ᠬᠦᠷᠡᠯ ᠳᠡᠭᠡᠪᠦᠷ ᠲᠡᠢ ᠥᠷᠥᠭᠡ ᠨᠢ
ᠬᠣᠲᠣᠢᠵᠤ ᠮᠠᠢᠵᠢᠢᠵᠠᠢ᠃
ᠬᠥᠮᠦᠨ ᠠᠮᠢᠲᠠᠨ ᠭᠠᠢᠬᠠᠯᠳᠤᠵᠤ
ᠬᠥᠯ ᠦᠢᠮᠡᠭᠡᠨ ᠪᠣᠯᠵᠠᠢ᠃
ᠬᠠᠲᠤᠨ ᠭᠠᠷᠴᠤ ᠬᠠᠷᠠᠭᠠᠳ
ᠬᠠᠵᠠᠭᠠᠷ ᠡᠮᠡᠭᠡᠯ ᠢ᠋ ᠨᠢ ᠱᠠᠭᠰᠢᠵᠠᠢ᠂
ᠡᠵᠡᠨ ᠪᠡᠶ᠎ᠡ ᠪᠡᠷ ᠢ᠋ᠶ᠋ᠡᠨ ᠢᠷᠡᠵᠦ
ᠡᠷᠳᠡᠨᠢᠲᠦ ᠪᠡᠶ᠎ᠡ ᠶ᠋ᠢ ᠨᠢ ᠰᠢᠨᠵᠢᠭᠡᠳ
《ᠬᠤᠪᠢᠯᠭᠠᠨ ᠬᠦᠷᠭᠡᠨ ᠮᠢᠨᠢ ᠬᠦᠷᠦᠭᠡᠳ ᠢᠷᠡᠵᠡᠢ
ᠬᠤᠷᠢᠮ ᠢ᠋ᠶ᠋ᠠᠨ ᠬᠤᠷᠳᠤᠬᠠᠨ ᠪᠡᠯᠡᠳᠬᠡᠶ᠎ᠡ 》 ᠭᠡᠵᠡᠢ᠃
ᠬᠠᠲᠤᠨ ᠲᠣᠰᠴᠤ ᠠᠪᠤᠭᠠᠳ
ᠬᠠᠩᠭᠢᠨᠠᠵᠤ ᠮᠡᠳᠡᠮᠡᠬᠡᠢᠷᠡᠵᠦ ᠬᠡᠯᠡᠭᠰᠡᠨ ᠨᠢ᠄
《ᠬᠠᠮᠢᠭ᠎ᠠ ᠭᠠᠵᠠᠷ ᠤ᠋ᠨ ᠬᠥᠮᠦᠨ ᠢ ᠮᠡᠳᠡᠬᠦ ᠦᠭᠡᠢ
ᠬᠠᠷᠠᠩᠭᠤᠲᠠ ᠥᠬᠢᠨ ᠢ᠋ᠶ᠋ᠡᠨ ᠥᠭᠳᠡᠭ ᠶᠦᠮ ᠤᠤ?
ᠡᠷᠳᠡᠮ ᠴᠢᠳᠠᠯ ᠢ᠋ ᠨᠢ ᠦᠵᠡᠵᠦ
ᠡᠷ᠎ᠡ ᠬᠦᠴᠦ ᠶ᠋ᠢ ᠨᠢ ᠰᠢᠯᠭᠠᠨ᠎ᠠ!》 ᠭᠡᠵᠡᠢ᠃
ᠵᠥᠭᠡᠢ ᠮᠢᠵᠢᠳ ᠬᠦᠦ ᠶ᠋ᠢ ᠳᠠᠭᠤᠳᠠᠵᠤ ᠠᠪᠠᠴᠢᠭᠠᠳ
ᠵᠢᠰᠤᠷ ᠬᠠᠲᠤᠨ ᠢᠩᠭᠢᠵᠦ ᠵᠠᠷᠯᠢᠭ ᠪᠠᠭᠤᠭᠰᠠᠨ ᠨᠢ᠄
《ᠠᠷᠤ ᠶ᠋ᠢᠨ ᠭᠤᠷᠪᠠᠨ ᠰᠢᠯᠢ ᠶ᠋ᠢ ᠲᠤᠭᠤᠯᠵᠤ
ᠠᠷᠬᠢᠨᠳᠤ ᠠᠭᠤᠯᠠ ᠶ᠋ᠢᠨ ᠣᠷᠣᠢ ᠳ᠋ᠤ᠌ ᠭᠠᠷᠴᠤ
ᠬᠠᠨ ᠭᠠᠷᠤᠳᠠᠢ ᠰᠢᠪᠠᠭᠤ ᠶ᠋ᠢ ᠠᠯᠠᠭᠠᠳ
ᠬᠢᠲᠤᠭᠠᠨ ᠭᠤᠷᠪᠠᠨ ᠰᠣᠳᠣ ᠶ᠋ᠢ ᠨᠢ ᠠᠪᠴᠢᠷᠠᠵᠤ ᠥᠭ 》 ᠭᠡᠵᠡᠢ᠃
* * *
ᠠᠷᠤ ᠵᠢᠢ ᠭᠤᠷᠪᠠᠨ ᠰᠢᠯᠢ ᠶ᠋ᠢ ᠲᠤᠭᠤᠯᠬᠤ ᠳ᠋ᠤ᠌
ᠠᠶᠤᠮᠰᠢᠭᠲᠤ ᠮᠠᠭᠤᠬᠠᠢ ᠰᠥᠨᠢ ᠪᠣᠯᠵᠠᠢ
ᠠᠷᠭᠢᠨᠲᠦ ᠠᠭᠤᠯᠠ ᠶ᠋ᠢᠨ ᠡᠩᠭᠡᠷ ᠬᠦᠷᠴᠦ
ᠠᠬᠳᠠ ᠬᠦᠯᠦᠭ ᠢ᠋ᠶ᠋ᠡᠨ ᠲᠡᠨᠳᠡ ᠣᠷᠬᠢᠭᠠᠳ
ᠡᠷᠳᠡᠨᠢ ᠶ᠋ᠢᠨ ᠨᠤᠮᠤ ᠰᠤᠮᠤ ᠪᠠᠨ ᠪᠠᠷᠢᠭᠠᠳ
ᠡᠭᠴᠡ ᠥᠨᠳᠥᠷ ᠣᠷᠣᠢ ᠥᠭᠡᠳᠡ ᠳᠠᠪᠠᠵᠠᠢ᠃
ᠰᠠᠯᠬᠢ ᠲᠣᠭᠣᠰᠣ ᠳᠡᠭᠳᠡᠵᠦ
ᠴᠠᠰᠤ ᠮᠥᠨᠳᠥᠷ ᠪᠠᠭᠤᠵᠤ
ᠰᠢᠷ᠎ᠠ ᠰᠢᠪᠠᠭᠤ ᠳᠣᠩᠭᠣᠳᠴᠤ
ᠴᠢᠨᠣ᠎ᠠ ᠦᠨᠡᠭᠡ ᠣᠯᠢᠵᠠᠢ᠃
ᠠᠭᠤᠯᠠ ᠶ᠋ᠢᠨ ᠣᠷᠣᠢ ᠳ᠋ᠤ᠌ ᠭᠠᠷᠬᠤ ᠳ᠋ᠤ᠌
ᠤᠯᠠᠮ ᠬᠦᠴᠦᠲᠡᠢ ᠪᠣᠯᠵᠤ
ᠰᠢᠷᠣᠢ ᠶ᠋ᠢᠨ ᠪᠣᠷᠣᠭᠠᠨ ᠣᠷᠣᠵᠤ
ᠴᠢᠯᠠᠭᠤᠨ ᠮᠥᠨᠳᠥᠷ ᠪᠠᠭᠤᠵᠠᠢ᠃
ᠦᠷ ᠴᠠᠢᠬᠤ ᠶ᠋ᠢᠨ ᠡᠮᠦᠨ᠎ᠡ
ᠡᠭᠦᠯᠡ ᠪᠣᠯᠪᠠᠤ ᠭᠡᠬᠦ ᠳ᠋ᠦ᠍ ᠡᠭᠦᠯᠡ ᠪᠢᠰᠢ
ᠦᠯᠡᠮᠵᠢ ᠲᠣᠮᠣ ᠨᠢᠭᠡᠨ ᠠᠮᠢᠲᠠᠨ
ᠥᠭᠡᠳᠡ ᠡᠴᠡ ᠨᠢ ᠳᠠᠭᠠᠷᠢᠭᠠᠳ ᠢᠷᠡᠬᠦ ᠳ᠋ᠦ᠍
ᠠᠰᠯᠠᠭᠤᠯᠵᠤ ᠠᠰᠯᠠᠭᠤᠯᠵᠤ ᠪᠠᠢᠭᠠᠳ
ᠣᠨᠢᠯᠠᠭᠰᠠᠨ ᠰᠤᠮᠤ ᠪᠠᠨ ᠲᠠᠯᠪᠢᠪᠠ᠃
ᠠᠭᠤᠯᠠ ᠨᠤᠷᠠᠬᠤ ᠰᠢᠭ᠋ ᠳᠠᠭᠤ ᠭᠠᠷᠤᠭᠠᠳ
ᠠᠪᠤᠷᠭᠤ ᠠᠮᠢᠲᠠᠨ ᠤᠨᠠᠯ᠎ᠠ
ᠣᠷᠣᠭᠰᠢ ᠣᠴᠢᠭᠠᠳ ᠬᠠᠷᠠᠬᠤ ᠳ᠋ᠤ᠌
ᠤᠯᠠᠭᠠᠨ ᠪᠤᠯᠠᠭ ᠤᠷᠤᠰᠴᠤ ᠪᠠᠢᠨ᠎ᠠ
ᠤᠷᠤᠰᠬᠠᠯ ᠢ᠋ ᠨᠢ ᠰᠥᠷᠦᠭᠡᠳ ᠶᠠᠪᠤᠬᠤ ᠳ᠋ᠤ᠌
ᠴᠢᠰᠤ ᠨᠢ ᠤᠷᠤᠰᠤᠭᠠᠳ ᠭᠠᠷᠤᠲᠠᠢ ᠦᠬᠦᠵᠡᠢ᠃
ᠬᠦᠵᠦᠭᠦᠨ ᠡᠴᠡ ᠨᠢ ᠠᠪᠤᠶ᠎ᠠ ᠭᠡᠬᠦ ᠳ᠋ᠦ᠍
ᠭᠠᠷ ᠨᠢ ᠬᠦᠷᠬᠦ ᠦᠭᠡᠢ
ᠰᠡᠭᠦᠯ ᠡᠴᠡ ᠨᠢ ᠴᠢᠷᠦᠶᠡ ᠭᠡᠬᠦ ᠳ᠋ᠦ᠍
ᠰᠡᠭᠦᠯ ᠨᠢ ᠪᠠᠷᠢᠭᠳᠠᠬᠤ ᠦᠭᠡᠢ᠃
ᠬᠣᠢᠨ᠎ᠠ ᠤᠷᠲᠤ ᠨᠢ ᠭᠠᠷᠤᠨ ᠰᠢᠨᠵᠢᠭᠰᠡᠭᠡᠷ
ᠬᠢᠲᠤᠭᠠᠨ ᠭᠤᠷᠪᠠᠨ ᠰᠣᠳᠣ ᠶ᠋ᠢ ᠨᠢ ᠬᠠᠷᠠᠯ᠎ᠠ
ᠬᠠᠷ᠎ᠠ ᠬᠦᠴᠦ ᠪᠡᠷ ᠢ᠋ᠶ᠋ᠡᠨ ᠪᠤᠯᠭᠤ ᠲᠠᠲᠠᠭᠠᠳ
ᠬᠠᠳᠠᠨ ᠠᠴᠠ ᠪᠠᠭᠤᠵᠤ
ᠬᠠᠯᠲᠤᠷᠢᠨ ᠤᠨᠠᠵᠤ
ᠠᠭᠤᠯᠠᠨ ᠠᠴᠠ ᠪᠠᠭᠤᠵᠤ
ᠥᠩᠬᠥᠷᠢᠨ ᠤᠨᠠᠵᠤ ᠶᠠᠪᠤᠭᠰᠠᠭᠠᠷ
ᠮᠣᠷᠢᠨ ᠤ᠋ ᠪᠠᠨ ᠳᠡᠷᠭᠡᠳᠡ ᠢᠷᠡᠵᠦ
ᠪᠢᠲᠡᠭᠦᠦ ᠭᠤᠷᠪᠠᠨ ᠰᠣᠳᠣ ᠪᠠᠨ
ᠪᠦᠭᠦᠷᠭᠡ ᠳ᠋ᠡᠭᠡᠨ ᠬᠠᠪᠴᠢᠭᠤᠯᠤᠭᠠᠳ
ᠪᠥᠬᠡ ᠬᠥᠮᠦᠨ ᠣ ᠪᠠᠢᠳᠠᠯ ᠲᠠᠢ ᠪᠠᠷ
ᠠᠭᠲᠠ ᠮᠣᠷᠢᠨ ᠳ᠋ᠠᠭᠠᠨ ᠮᠣᠷᠳᠠᠭᠠᠳ
ᠪᠦᠳᠦᠭᠦᠨ ᠡᠪᠡᠰᠦ ᠶ᠋ᠢ ᠪᠥᠬᠦᠯᠵᠡᠭᠦᠯᠦᠨ
ᠨᠠᠷᠢᠨ ᠡᠪᠡᠰᠦ ᠶ᠋ᠢ ᠨᠠᠢᠭᠤᠯᠵᠠᠭᠤᠯᠤᠨ
ᠬᠣᠨᠣᠭ ᠤ᠋ᠨ ᠭᠠᠵᠠᠷ ᠢ᠋
ᠬᠣᠷᠣᠮᠬᠠᠨ ᠢ᠋ᠶ᠋ᠠᠷ ᠥᠩᠭᠡᠷᠡᠵᠦ
ᠡᠡᠷᠦ ᠶ᠋ᠢᠨ ᠭᠤᠷᠪᠠᠨ ᠰᠢᠯᠢ ᠶ᠋ᠢ
ᠭᠱᠠᠨ ᠵᠠᠭᠤᠷ᠎ᠠ ᠳᠤᠭᠤᠯᠤᠭᠠᠳ
ᠤᠯᠠᠭᠠᠨ ᠯᠤᠪᠰᠠᠩ ᠬᠠᠨ ᠤ᠋ ᠣᠷᠳᠣᠨ ᠳ᠋ᠤᠨᠢ ᠬᠦᠷᠦᠭᠡᠳ
ᠬᠢᠲᠤᠭᠠᠨ ᠭᠤᠷᠪᠠᠨ ᠰᠣᠳᠣ ᠪᠠᠨ ᠠᠪᠠᠴᠢᠵᠤ
ᠬᠠᠨ ᠠᠪᠤ ᠳ᠋ᠠᠭᠠᠨ ᠪᠠᠷᠢᠯ᠎ᠠ᠃
《ᠪᠠᠭᠠᠲᠤᠷ ᠬᠦᠷᠭᠡᠨ ᠦ᠌ ᠪᠡᠨ ᠠᠪᠴᠢᠷᠠᠭᠰᠠᠨ ᠢ᠋
ᠪᠤᠷᠬᠠᠨ ᠳ᠋ᠠᠭᠠᠨ ᠨᠢᠭᠡ ᠶ᠋ᠢ ᠡᠷᠭᠦᠶ᠎ᠡ
ᠪᠤᠮᠪᠠᠨ ᠳ᠋ᠠᠭᠠᠨ ᠨᠢᠭᠡ ᠶ᠋ᠢ ᠳᠠᠭᠠᠷᠠᠭᠤᠯᠤᠶᠠ
ᠤᠲᠤᠭᠠᠨ ᠳ᠋ᠠᠭᠠᠨ ᠨᠢᠭᠡ ᠶ᠋ᠢ ᠬᠢᠶ᠎ᠡ 》 ᠭᠡᠵᠦ
ᠬᠠᠨ ᠪᠠᠶᠠᠷᠯᠠᠭᠠᠳ ᠠᠪᠤᠪᠠ
ᠬᠠᠲᠤᠨ ᠬᠠᠵᠠᠭᠤ ᠠᠴᠠ ᠨᠢ ᠬᠡᠯᠡᠯ᠎ᠡ᠄
《ᠪᠠᠭᠠᠲᠤᠷ ᠬᠦᠷᠭᠡᠨ ᠦ᠌ ᠪᠡᠨ ᠬᠦᠴᠦ ᠶ᠋ᠢ
ᠪᠠᠰᠠ ᠨᠢᠭᠡ ᠤᠳᠠᠬ᠎ᠠ ᠦᠵᠡᠶ᠎ᠡ
ᠲᠡᠭᠷᠢ ᠶ᠋ᠢᠨ ᠲᠡᠪᠡᠭᠡᠯᠵᠢᠨ ᠪᠥᠬᠡ ᠲᠡᠢ
ᠲᠡᠪᠡᠷᠢᠯᠳᠦᠵᠦ ᠪᠠᠷᠢᠯᠳᠤᠬᠤ ᠶ᠋ᠢ ᠨᠢ ᠬᠠᠷᠠᠶ᠎ᠠ! 》ᠭᠡᠵᠡᠢ᠃
* * *
ᠲᠡᠭᠷᠢ ᠶ᠋ᠢᠨ ᠲᠡᠪᠡᠭᠡᠯᠵᠢᠨ ᠪᠥᠬᠡ ᠶ᠋ᠢ
ᠲᠡᠮᠦᠷ ᠠᠷᠠᠯ ᠲᠠᠢ ᠲᠡᠷᠭᠡᠨ ᠳ᠋ᠦ᠍ ᠰᠠᠭᠤᠯᠭᠠᠭᠠᠳ
ᠳᠠᠯᠠᠨ ᠲᠣᠮᠣ ᠱᠠᠷ ᠢ᠋ᠶ᠋ᠠᠷ ᠵᠢᠳᠬᠦᠭᠦᠯᠦᠭᠡᠳ
ᠳᠠᠯᠠᠨ ᠬᠥᠮᠦᠨ ᠳᠠᠭᠠᠵᠤ ᠬᠥᠭᠵᠢᠮᠳᠡᠭᠡᠳ ᠢᠷᠡᠵᠡᠢ᠃
ᠬᠥᠭᠡᠷᠦᠦ ᠰᠠᠭᠰᠠᠭᠤ ᠪᠥᠬᠡ ᠶ᠋ᠢᠨ
ᠭᠥᠭᠯᠡᠵᠦ ᠬᠠᠷᠠᠢᠨ ᠪᠠᠭᠤᠬᠤ ᠳ᠋ᠤ᠌
ᠲᠡᠮᠦᠷ ᠠᠷᠠᠯ ᠨᠢ ᠭᠤᠷᠪᠠ ᠲᠠᠰᠤᠷᠠᠵᠤ
ᠲᠡᠨᠳᠡᠬᠢ ᠡᠨᠳᠡᠬᠢ ᠤᠯᠤᠰ ᠭᠠᠢᠬᠠᠯᠳᠤᠨ ᠬᠠᠷᠠᠪᠠ᠃
ᠦᠷᠴᠢᠵᠦ ᠠᠷᠵᠢᠢᠭᠰᠠᠨ ᠴᠢᠷᠠᠢ ᠳ᠋ᠤᠨᠢ
ᠥᠩᠭᠡᠲᠦ ᠪᠡᠶ᠎ᠡ ᠭᠤᠳᠤᠴᠢᠮᠠᠷ᠃
ᠦᠮᠡᠬᠡᠢ ᠮᠠᠭᠤᠬᠠᠢ ᠦᠨᠦᠷ ᠲᠤᠨᠢ
ᠢᠳᠡᠭᠰᠡᠨ ᠤᠤᠭᠤᠭᠰᠠᠨ ᠭᠠᠷᠴᠢᠮᠠᠷ ᠪᠠᠢᠪᠠ᠃
* * *
ᠵᠢᠰᠤᠷ ᠵᠠᠯᠢᠲᠤ ᠬᠠᠲᠤᠨ ᠵᠥᠭᠡᠢ
ᠮᠢᠵᠢᠳ ᠬᠦᠦ ᠶ᠋ᠢ ᠬᠣᠣᠷᠯᠠᠬᠤ ᠭᠡᠵᠦ
ᠬᠠᠮᠷᠡ ᠠᠷᠢᠬᠢ ᠪᠠᠷ ᠰᠢᠬᠠᠵᠤ
ᠬᠠᠯᠠᠭᠤᠷᠠᠲᠠᠯᠠ ᠨᠢ ᠤᠤᠭᠤᠯᠭᠠᠭᠠᠳ
ᠬᠠᠯᠠᠭᠤᠨ ᠥᠭᠡᠬᠦ ᠪᠡᠷ ᠶᠠᠩᠨᠠᠵᠤ
ᠮᠠᠩᠰᠢᠭᠤᠰᠢᠷᠡᠳᠡᠯᠡ ᠨᠢ ᠢᠳᠡᠭᠦᠯᠦᠭᠡᠳ
ᠦᠳᠡ ᠵᠢᠮ ᠭᠣᠣᠯ ᠤ᠋ᠨ ᠬᠠᠯᠠᠭᠤᠨ ᠳ᠋ᠤ᠌
ᠦᠮᠡᠬᠡᠢ ᠪᠥᠬᠡ ᠲᠡᠢ ᠪᠠᠷᠢᠯᠳᠤᠪᠠ᠃
ᠭᠠᠷ ᠭᠠᠷ ᠢ᠋ᠶ᠋ᠠᠨ ᠰᠢᠭᠦᠷᠴᠦ
ᠭᠠᠯᠵᠠᠭᠤ ᠪᠠᠷᠰ ᠲᠣᠭᠯᠠᠬᠤ ᠰᠢᠭ᠋
ᠮᠥᠷᠥ ᠮᠥᠷᠦᠨ ᠡᠴᠡ ᠪᠡᠨ ᠠᠪᠴᠤ
ᠮᠥᠷᠭᠥᠯᠳᠦᠵᠦ ᠪᠠᠢᠭ᠎ᠠ ᠪᠤᠬ᠎ᠠ ᠰᠢᠭ᠋
ᠵᠥᠷᠢᠨ ᠵᠥᠷᠢᠨ ᠬᠠᠪᠰᠤᠷᠴᠤ
ᠵᠠᠭᠤᠷᠠᠨ ᠵᠠᠭᠤᠷᠠᠨ ᠨᠣᠴᠣᠯᠳᠤᠵᠤ
ᠡᠷ᠎ᠡ ᠶ᠋ᠢᠨ ᠴᠢᠳᠠᠯ ᠢ᠋ᠶ᠋ᠠᠨ ᠭᠠᠷᠭᠠᠯᠴᠠᠵᠤ
ᠡᠷᠳᠡᠮ ᠮᠡᠬᠡ ᠪᠡᠨ ᠦᠵᠡᠯᠴᠡᠵᠦ
ᠦᠳᠡ ᠶ᠋ᠢᠨ ᠬᠠᠯᠠᠭᠤᠨ ᠢ᠋ᠶ᠋ᠠᠷ ᠤᠴᠠᠷᠠᠭᠠᠳ
ᠥᠲᠡᠰᠢ ᠶ᠋ᠢᠨ ᠰᠡᠷᠢᠭᠦᠨ ᠣᠷᠣᠬᠤ ᠳ᠋ᠤ᠌
ᠵᠥᠭᠡᠢ ᠮᠢᠵᠢᠳ ᠬᠦᠴᠦ ᠨᠡᠮᠡᠵᠦ
ᠵᠥᠨᠥᠭ ᠲᠡᠷᠡ ᠪᠥᠬᠡ ᠶ᠋ᠢ
ᠡᠷᠭᠢᠭᠦᠯᠵᠦ ᠡᠷᠭᠢᠭᠦᠯᠵᠦ
ᠡᠷᠡᠬᠡᠢ ᠶ᠋ᠢᠨ ᠴᠢᠨᠡᠭᠡ ᠪᠣᠯᠭᠠᠵᠤ
ᠬᠤᠮᠢᠵᠤ ᠬᠤᠮᠢᠵᠤ
ᠬᠤᠷᠤᠭᠤᠪᠴᠢ ᠶ᠋ᠢᠨ ᠴᠢᠨᠡᠭᠡ ᠪᠣᠯᠭᠠᠨ ᠰᠠᠪᠠᠬᠤ ᠳ᠋ᠤ᠌
ᠠᠮᠠᠨ ᠤ᠋ ᠬᠢᠨ ᠰᠠᠬᠠᠯ ᠨᠢ ᠠᠷᠵᠢᠰᠬᠢᠵᠦ
ᠠᠷᠠᠭᠠᠨ ᠰᠢᠲᠦ ᠨᠢ ᠶᠡᠷᠵᠢᠰᠬᠡᠵᠦ
ᠬᠤᠢᠬᠠᠨ ᠶᠠᠰᠤ ᠨᠢ ᠬᠣᠳᠣᠢᠰᠬᠢᠵᠦ
ᠬᠢᠮᠤᠰᠤ ᠬᠤᠷᠤᠭᠤ ᠨᠢ ᠰᠠᠷᠪᠠᠢᠵᠤ ᠤᠨᠠᠬᠤ ᠳ᠋ᠤ᠌
ᠬᠠᠷᠠᠵᠤ ᠪᠠᠢᠭᠰᠠᠨ ᠤᠯᠤᠰ
ᠬᠠᠳᠠᠭᠠᠨᠠᠲᠠᠯ᠎ᠠ ᠢᠨᠢᠶᠡᠵᠦ
ᠦᠵᠡᠵᠦ ᠪᠠᠢᠭᠰᠠᠨ ᠬᠥᠮᠦᠰ
ᠦᠢᠮᠡᠯᠳᠦᠨ ᠶᠠᠷᠢᠯᠴᠠᠵᠤ
ᠵᠥᠭᠡᠢ ᠮᠢᠵᠢᠳ ᠬᠦᠦ ᠶ᠋ᠢ
ᠱᠠᠭᠰᠢᠨ ᠭᠠᠢᠬᠠᠵᠤ ᠮᠠᠭᠨᠳᠠᠵᠤ
ᠲᠡᠭᠷᠢ ᠶ᠋ᠢᠨ ᠲᠡᠪᠡᠭᠡᠯᠵᠢᠨ ᠪᠥᠬᠡ ᠶ᠋ᠢ
ᠱᠣᠭᠯᠠᠨ ᠭᠤᠯᠤᠩᠨᠡᠨ ᠵᠢᠭᠰᠢᠵᠡᠢ᠃
* * *
ᠵᠥᠭᠡᠢ ᠮᠢᠵᠢᠣᠨ᠋ ᠬᠦᠦ
ᠬᠠᠨ ᠬᠠᠲᠤᠨ ᠤ᠋ ᠡᠮᠦᠨ᠎ᠡ ᠣᠴᠢᠭᠠᠳ᠄
《ᠬᠦᠨᠳᠦᠲᠦ ᠬᠠᠳᠠᠮ ᠠᠪᠤ ᠡᠵᠢ ᠮᠢᠨᠢ
ᠬᠦᠴᠦ ᠶ᠋ᠢ ᠮᠢᠨᠢ ᠰᠢᠯᠭᠠᠵᠤ ᠳᠠᠭᠤᠰᠪᠠ ᠤᠤ?
ᠬᠡᠦᠬᠡᠨ ᠢ᠋ᠶ᠋ᠡᠨ ᠨᠠᠳᠠ ᠳ᠋ᠤ᠌ ᠥᠭᠬᠦ
ᠬᠤᠷᠢᠮ ᠢ᠋ᠶ᠋ᠠᠨ ᠣᠳᠣ ᠪᠡᠯᠡᠳᠬᠡᠨ᠎ᠡ ᠤᠤ?》ᠭᠡᠬᠦ ᠳ᠋ᠦ᠍
ᠤᠯᠠᠭᠠᠨ ᠯᠣᠪᠰᠠᠭ᠌ ᠬᠠᠨ
ᠤᠷᠢᠳᠠ ᠠᠴᠠ ᠨᠢ ᠢᠩᠭᠢᠵᠦ ᠬᠡᠯᠡᠪᠡ᠄
《ᠬᠤᠷᠢᠮ ᠢ᠋ ᠶᠠᠭᠠᠷᠠᠬᠤ ᠶᠠᠭᠤ ᠪᠠᠢᠨ᠎ᠠ
ᠬᠣᠶᠠᠷ ᠤᠯᠤᠰ ᠤ᠋ᠨ ᠬᠠᠨ
ᠬᠣᠲᠠ ᠤᠷᠤᠭ ᠪᠣᠯᠤᠯᠴᠠᠭᠠᠳ
ᠬᠡᠦᠬᠡᠨ ᠢ᠋ᠶ᠋ᠡᠨ ᠰᠤᠨᠳᠠᠯᠠᠭᠤᠯᠤᠭᠠᠳ ᠶᠠᠪᠤᠭᠤᠯᠤᠨ᠎ᠠ ᠤᠤ
ᠡᠷᠬᠡ ᠥᠬᠢᠨ ᠦ᠌ ᠮᠢᠨᠢ ᠤᠨᠤᠵᠤ ᠶᠠᠪᠤᠬᠤ
ᠡᠷᠳᠡᠨᠢ ᠶ᠋ᠢᠨ ᠠᠯᠲᠠᠨ ᠰᠢᠷᠭᠠᠯ ᠮᠣᠷᠢ
ᠭᠠᠳᠠᠭᠠᠳᠤ ᠳᠠᠯᠠᠢ ᠶ᠋ᠢᠨ ᠬᠥᠪᠡᠭᠡᠨ ᠳ᠋ᠦ᠍ ᠪᠠᠢᠨ᠎ᠠ
ᠭᠠᠪᠰᠢᠭᠠᠢ ᠬᠦᠴᠦᠲᠦ ᠬᠦᠷᠭᠡᠨ ᠮᠢᠨᠢ ᠪᠠᠷᠢᠭᠠᠳ ᠢᠷ᠎ᠡ᠃》
* * *
ᠠᠯᠤᠰ ᠤ᠋ᠨ ᠪᠠᠷᠲᠠᠭᠠᠲᠤ ᠵᠠᠮ ᠢ᠋ ᠳᠤᠭᠤᠯᠤᠭᠠᠳ
ᠠᠯᠲᠠᠨ ᠰᠢᠷᠭᠠᠯ ᠮᠣᠷᠢ ᠶ᠋ᠢ ᠪᠠᠷᠢᠬᠤ ᠪᠠᠷ ᠣᠴᠢᠵᠠᠢ᠃
ᠵᠥᠭᠡᠢ ᠮᠢᠵᠢᠳ ᠬᠦᠦ ᠶ᠋ᠢᠨ ᠡᠣᠴᠢᠬᠤ ᠳ᠋ᠤ᠌
ᠲᠡᠷᠡ ᠮᠣᠷᠢᠨ ᠤ᠋ ᠬᠡᠯᠡᠭᠰᠡᠨ ᠨᠢ᠄
《ᠬᠥᠮᠦᠨ ᠳ᠋ᠦ᠍ ᠪᠠᠷᠢᠭᠤᠯᠵᠤ ᠦᠵᠡᠭᠡ ᠦᠭᠡᠢ
ᠬᠥᠯᠦᠰᠦᠳᠦ ᠲᠣᠬᠣᠮ ᠲᠣᠬᠣᠭᠤᠯᠵᠤ ᠦᠵᠡᠭᠡ ᠦᠭᠡᠢ
ᠤᠷᠭ᠎ᠠ ᠪᠠᠷ ᠪᠠᠷᠢᠭᠤᠯᠬᠤ ᠦᠭᠡᠢ
ᠤᠷᠢᠯᠲᠠ ᠪᠠᠷ ᠪᠠᠷᠢᠭᠤᠯᠤᠨ᠎ᠠ᠃
ᠭᠤᠢᠪᠢ② ᠪᠠᠷ ᠪᠠᠷᠢᠭᠤᠯᠬᠤ ᠦᠭᠡᠢ
ᠭᠤᠶᠤᠯᠲᠠ ᠪᠠᠷ ᠪᠠᠷᠢᠭᠤᠯᠤᠨ᠎ᠠ! 》ᠭᠡᠵᠡᠢ᠃
《ᠤᠨᠠᠭᠠᠨ ᠵᠢᠷᠭᠤᠭᠠᠨ ᠬᠦᠵᠦᠭᠦᠨ ᠳ᠋ᠦ᠍
ᠤᠷᠭ᠎ᠠ ᠠᠯᠳᠠᠵᠤ ᠦᠵᠡᠭᠡ ᠦᠭᠡᠢ
ᠤᠨᠤᠭ᠎ᠠ ᠮᠣᠷᠢ ᠶ᠋ᠢ ᠪᠠᠷᠢᠬᠤ ᠳ᠋ᠤ᠌
ᠤᠷᠢᠨ᠎ᠠ ᠭᠡᠵᠦ ᠰᠣᠨᠣᠰᠤᠭ᠎ᠠ ᠦᠭᠡᠢ! 》ᠭᠡᠳ
ᠬᠦᠵᠦᠭᠦᠨ ᠳ᠋ᠦ᠍ᠨᠢ ᠤᠷᠭ᠎ᠠ ᠪᠠᠨ ᠬᠠᠶᠠᠬᠤ ᠳ᠋ᠤ᠌
ᠬᠥᠭᠯᠡᠵᠦ ᠮᠣᠷᠢ ᠬᠠᠷᠠᠢᠨ ᠴᠢᠷᠴᠦ
ᠭᠠᠳᠠᠭᠠᠳᠤ ᠳᠠᠯᠠᠢ ᠶ᠋ᠢᠨ ᠡᠷᠭᠢ ᠶ᠋ᠢ
ᠭᠤᠷᠪᠠᠨᠲᠠ ᠣᠷᠢᠶᠠᠨ ᠴᠢᠷᠴᠦ
ᠭᠠᠵᠠᠷ ᠲᠡᠭᠷᠢ ᠶ᠋ᠢᠨ ᠣᠷᠣᠨ
ᠳᠠᠭᠤᠰᠲᠠᠯ᠎ᠠ ᠲᠣᠭᠣᠷᠢᠵᠤ ᠴᠢᠷᠦᠭᠡᠳ
ᠬᠦᠯᠦᠭ ᠦ᠋ᠨ ᠬᠦᠴᠦ ᠰᠤᠯᠠᠷᠠᠬᠤ ᠳ᠋ᠤ᠌
ᠬᠦᠦ ᠲᠡᠭᠦᠨ ᠢ᠋ ᠲᠡᠳᠡᠨ ᠵᠣᠭᠰᠣᠭᠠᠭᠠᠳ
ᠬᠣᠶᠠᠷ ᠴᠢᠬᠢᠨ ᠡᠴᠡ ᠨᠢ ᠲᠠᠲᠠᠵᠤ
ᠬᠤᠯᠮᠠᠢᠲᠠᠯᠠ ᠨᠢ ᠳᠠᠷᠤᠵᠤ ᠨᠣᠭᠲᠣᠯᠠᠭᠠᠳ
ᠬᠣᠣᠰ ᠮᠣᠷᠢ ᠲᠠᠢ ᠪᠣᠯᠤᠭᠠᠳ
ᠬᠤᠨ ᠭᠠᠯᠠᠭᠤ ᠨᠢᠰᠬᠦ ᠰᠢᠭ
ᠬᠤᠯᠠᠨ ᠴᠢᠬᠢᠲᠦ ᠳᠠᠪᠬᠢᠬᠤ ᠰᠢᠭ᠋
ᠬᠤᠷᠳᠤᠯᠠᠨ ᠳᠣᠪᠲᠣᠯᠵᠤ ᠪᠤᠴᠠᠭᠠᠨ ᠢᠷᠡᠬᠦ ᠳ᠋ᠦ᠍
ᠬᠣᠯᠠ ᠶᠢᠨ ᠬᠥᠮᠦᠰ ᠭᠠᠢᠬᠠᠯᠳᠤᠵᠤ
ᠣᠢᠷ᠎ᠠ ᠶ᠋ᠢᠨ ᠬᠥᠮᠦᠰ ᠱᠤᠤᠭᠢᠯᠳᠤᠵᠠᠢ
ᠵᠢᠰᠤᠷ ᠵᠠᠯᠢᠲᠤ ᠬᠠᠨ ᠬᠠᠲᠤᠨ ᠬᠣᠶᠠᠷ
ᠵᠥᠭᠡᠢ ᠮᠢᠵᠢᠳ ᠬᠦᠦ ᠶ᠋ᠢ ᠳᠡᠢᠯᠬᠦ ᠦᠭᠡᠢ ᠳ᠋ᠡᠭᠡᠨ
ᠬᠡᠦᠬᠡᠨ ᠢ᠋ᠶ᠋ᠡᠨ ᠥᠭᠭᠦ ᠶ᠋ᠢ ᠵᠥᠰᠢᠶᠡᠷᠡᠭᠡᠳ
ᠬᠤᠷᠢᠮ ᠨᠠᠢᠷ ᠪᠡᠯᠡᠳᠬᠡᠵᠦ
ᠭᠤᠨᠵᠢᠨ ᠦᠨᠢᠶ᠎ᠡ ᠠᠯᠠᠵᠤ
ᠭᠤᠷᠪᠠᠨ ᠬᠣᠨᠣᠭ ᠨᠠᠢᠷ ᠬᠢᠵᠦ
ᠳᠦᠨᠵᠢᠨ ᠦᠨᠢᠶ᠎ᠡ ᠠᠯᠠᠵᠤ
ᠳᠥᠷᠪᠡᠨ ᠬᠣᠨᠣᠭ ᠨᠠᠢᠷ ᠬᠢᠵᠡᠢ᠃
ᠵᠥᠭᠡᠢ ᠮᠢᠵᠢᠳ ᠬᠦᠦ
ᠤᠷᠠᠭᠤᠤᠠ ᠠᠪᠠᠬᠠᠢ ᠶ᠋ᠢ ᠬᠠᠷᠠᠬᠤ ᠳ᠋ᠤ᠌
ᠨᠠᠷᠠ ᠰᠢᠭ᠋ ᠭᠡᠷᠡᠯ ᠲᠡᠢ
ᠨᠠᠪᠴᠢ ᠰᠢᠭ᠋ ᠴᠡᠪᠡᠷᠬᠡᠨ
ᠰᠠᠷ᠎ᠠ ᠰᠢᠭ᠋ ᠲᠤᠶᠠᠭ᠎ᠠ ᠲᠠᠢ
ᠴᠡᠴᠡᠭ ᠰᠢᠭ ᠭᠣᠶᠣᠬᠠᠨ
ᠲᠤᠩ ᠴᠠᠭᠠᠨ ᠰᠢᠳᠦ ᠲᠡᠢ
ᠳᠤᠷᠠᠨ ᠬᠠᠷ᠎ᠠ ᠨᠢᠳᠦ ᠲᠡᠢ
ᠬᠦᠷᠢ ᠬᠣᠷᠣᠬᠠᠢ ᠶ᠋ᠢᠨ ᠬᠥᠮᠥᠰᠬᠡ ᠲᠡᠢ
ᠬᠥᠪᠥᠩ ᠵᠥᠭᠡᠯᠡᠨ ᠭᠠᠷ ᠲᠠᠢ
ᠣᠯᠠᠨ ᠬᠥᠮᠦᠨ ᠦ᠌ ᠳᠤᠮᠳᠠ ᠠ᠋ᠴᠠ
ᠣᠨᠴᠣᠭᠠᠢ ᠭᠠᠭᠴᠠ ᠬᠡᠦᠬᠡᠳ ᠢ᠋ ᠬᠠᠷᠠᠵᠤ
ᠤᠬᠠᠭᠠᠨ ᠰᠠᠨᠠᠭ᠎ᠠ ᠨᠢ ᠪᠠᠯᠠᠢᠷᠠᠵᠤ
ᠣᠯᠪᠣᠭ ᠠ᠋ᠴᠠ ᠪᠠᠨ ᠭᠤᠯᠭᠤᠵᠠᠢ᠃
ᠴᠡᠭᠡᠵᠢ ᠳᠦᠭᠦᠷᠡᠩ ᠪᠠᠶᠠᠷᠯᠠᠵᠤ
ᠰᠡᠳᠬᠢᠯ ᠬᠠᠨᠲᠠᠯ᠎ᠠ ᠢᠨᠢᠶᠡᠵᠦ
ᠬᠡᠳᠦᠨ ᠡᠳᠦᠷ ᠦ᠋ᠨ ᠬᠤᠷᠢᠮ ᠢ᠋
ᠬᠣᠶᠠᠷ ᠨᠢᠳᠦ ᠴᠠᠪᠴᠢᠬᠤ ᠰᠢᠭ᠋ ᠥᠩᠭᠡᠷᠡᠭᠡᠵᠡᠢ᠃
* * *
ᠬᠦᠷᠭᠡᠨ ᠬᠡᠦᠬᠡᠨ ᠬᠣᠶᠠᠷ ᠤ᠋ᠨ ᠬᠣᠭᠣᠷᠣᠨᠳᠣ
ᠬᠥᠷᠥᠰᠥᠲᠦ ᠳᠡᠯᠡᠬᠡᠢ ᠡᠴᠡ ᠵᠤᠵᠠᠭᠠᠨ
ᠬᠥᠬᠡ ᠲᠩᠷᠢ ᠡᠴᠡ ᠥᠨᠳᠥᠷ
ᠬᠦᠨᠳᠦᠳᠬᠡᠯ ᠬᠠᠢᠷ᠎ᠠ ᠲᠠᠢ ᠪᠣᠯᠵᠠᠢ᠃
ᠭᠡᠷ ᠲᠡᠭᠡᠨ ᠬᠠᠷᠢᠬᠤ ᠶ᠋ᠢ ᠰᠠᠨᠠᠭᠠᠳ
ᠬᠦᠦ ᠭᠡᠷᠭᠡᠢ ᠲᠡᠢ ᠪᠡᠨ ᠵᠥᠪᠳᠡᠵᠦ ᠲᠣᠬᠢᠷᠠᠭᠠᠳ
ᠬᠠᠨ ᠬᠠᠲᠤᠨ ᠳ᠋ᠤ᠌ ᠬᠣᠶᠠᠭᠤᠯᠠ ᠪᠠᠨ ᠣᠴᠢᠭᠠᠳ
ᠬᠠᠷᠢᠬᠤ ᠪᠤᠴᠠᠬᠤ ᠤᠴᠢᠷ ᠢ᠋ᠶ᠋ᠠᠨ ᠬᠡᠯᠡᠵᠡᠢ᠃
ᠠᠭᠠᠰᠢ ᠵᠠᠩ ᠨᠢ ᠬᠤᠪᠢᠷᠠᠵᠤ
ᠠᠶᠠᠭ᠎ᠠ ᠲᠠᠢ ᠴᠠᠢ ᠪᠠᠨ ᠰᠠᠪᠠᠵᠤ
ᠬᠠᠷᠭᠢᠰ ᠬᠠᠲᠤᠨ ᠬᠠᠩᠭᠢᠨᠠᠵᠤ
ᠬᠠᠷᠢᠭᠤ ᠥᠭᠡᠳᠡ ᠡᠴᠡ ᠨᠢ ᠬᠡᠯᠡᠭᠰᠡᠨ ᠨᠢ᠄
《ᠡᠯᠢᠭᠡᠨ ᠳ᠋ᠡᠭᠡᠨ ᠲᠡᠪᠡᠷᠢᠨ ᠥᠰᠬᠡᠭᠰᠡᠨ
ᠡᠨᠡᠷᠢᠯᠲᠦ ᠦᠷ᠎ᠡ ᠮᠢᠨᠢ ᠴᠢ
ᠡᠵᠢ ᠠᠪᠤ ᠪᠠᠨ ᠣᠷᠬᠢᠭᠠᠳ
ᠡᠩ ᠦ᠋ᠨ ᠬᠥᠮᠦᠨ ᠢ᠋ ᠳᠠᠭᠠᠨ᠎ᠠ ᠭᠡᠭᠴᠢ ᠶᠠᠭᠤ ᠪᠣᠢ?》 ᠭᠡᠵᠡᠢ᠃
《ᠬᠠᠲᠠᠭᠤ ᠭᠤᠷᠪᠠᠨ ᠪᠡᠷᠬᠡ ᠶ᠋ᠢ ᠳᠠᠪᠠᠭᠤᠯᠵᠤ
ᠬᠠᠨᠢᠯᠢᠡᠠᠤ ᠬᠦᠷᠭᠡᠨ ᠰᠣᠩᠭᠣᠵᠤ ᠥᠭᠭᠦᠭᠡᠳ
ᠬᠠᠢᠷᠠᠯᠠᠨ᠎ᠠ ᠭᠡᠵᠦ ᠬᠡᠦᠬᠡᠨ ᠢ᠋ᠶ᠋ᠡᠨ
ᠬᠠᠳᠠᠮ ᠳ᠋ᠤᠨᠢ ᠣᠴᠢᠭᠤᠯᠬᠤ ᠦᠭᠡᠢ ᠪᠣᠯᠳᠠᠭ ᠤᠤ?
ᠥᠨᠥᠳᠥᠷ ᠦ᠋ᠨ ᠨᠠᠷᠠ ᠣᠷᠣᠢ ᠪᠣᠯᠪᠠ
ᠦᠷᠯᠦᠭᠡᠳᠦᠷ ᠦ᠋ᠨ ᠨᠠᠷᠠ ᠡᠷᠲᠡ ᠪᠢᠰᠢᠦ! 》 ᠭᠡᠵᠦ
ᠬᠡᠦᠬᠡᠨ ᠡᠵᠢ ᠳ᠋ᠡᠭᠡᠨ ᠬᠠᠷᠢᠭᠤᠯᠤᠭᠠᠳ
ᠬᠦᠷᠭᠡᠨ ᠢ᠋ᠶ᠋ᠡᠨ ᠳᠠᠭᠠᠭᠤᠯᠤᠨ ᠭᠠᠷᠴᠤ ᠢᠷᠡᠭᠡᠳ
ᠴᠢᠨᠦ ᠽᠠᠨᠳᠠᠨ ᠬᠦᠷᠡᠩ ᠮᠣᠷᠢᠨ ᠤ᠋
ᠴᠢᠳᠠᠯ ᠬᠦᠴᠦ ᠶ᠋ᠢ ᠪᠢ ᠮᠡᠳᠡᠬᠦ ᠦᠭᠡᠢ
ᠮᠢᠨᠦ ᠠᠯᠲᠠᠨ ᠰᠢᠷᠭ᠎ᠠ ᠮᠣᠷᠢ ᠪᠣᠯ
ᠠᠭᠤᠯᠠ ᠶ᠋ᠢ ᠭᠡᠲᠦᠯᠬᠦ ᠳ᠋ᠦ᠍ ᠬᠦᠯᠦᠭ
ᠤᠰᠤ ᠶ᠋ᠢ ᠭᠡᠲᠦᠯᠬᠦ ᠳ᠋ᠦ᠍ ᠣᠩᠭᠣᠴᠠ
ᠣᠷᠣᠢ ᠬᠠᠷᠠᠩᠭᠤᠢ ᠪᠣᠯᠤᠭᠰᠠᠭᠠᠷ ᠶᠠᠪᠤᠶ᠎ᠠ ᠭᠡᠵᠦ
ᠠᠭᠠᠷᠤ ᠽᠠᠳᠠᠨ ᠡᠮᠡᠭᠡᠯ ᠢ᠋ᠶ᠋ᠡᠨ ᠠᠪᠴᠤ
ᠠᠯᠲᠠᠨ ᠰᠢᠷᠭ᠎ᠠ ᠮᠣᠷᠢᠨ ᠳ᠋ᠠᠭᠠᠨ ᠳᠤᠬᠤᠵᠠᠢ᠃
ᠵᠦᠢᠲᠡᠢ ᠦᠭᠡ ᠶ᠋ᠢ ᠨᠢ ᠰᠣᠨᠣᠰᠤᠭᠠᠳ
ᠵᠥᠭᠡᠢ ᠮᠢᠵᠢᠳ ᠬᠦᠦ
ᠥᠪᠡᠷ ᠢ᠋ᠶ᠋ᠡᠨ ᠰᠠᠭᠠᠳᠠᠭ ᠨᠤᠮᠤ ᠪᠠᠨ ᠠᠭᠰᠠᠵᠤ
ᠽᠠᠨᠳᠠᠨ ᠬᠣᠯᠠ ᠮᠣᠷᠢ ᠪᠠᠨ ᠡᠮᠡᠭᠡᠯᠯᠡᠵᠡᠢ᠃
ᠬᠠᠨ ᠬᠠᠲᠤᠨ ᠬᠣᠶᠠᠷ ᠮᠡᠳᠡᠭᠡᠳ
ᠬᠠᠭᠠᠯᠭᠠᠴᠢᠨ ᠵᠠᠷᠤᠴᠠ ᠨᠠᠷ ᠲᠠᠭᠠᠨ ᠬᠡᠯᠡᠭᠰᠡᠨ ᠨᠢ᠄
《ᠬᠦᠷᠭᠡᠨ ᠬᠡᠦᠬᠡᠨ ᠬᠣᠶᠠᠷ ᠢ᠋ ᠶᠠᠪᠤᠭᠤᠯᠵᠤ ᠪᠣᠯᠬᠤ ᠦᠭᠡᠢ
ᠬᠦᠷᠢᠶ᠎ᠡ ᠬᠠᠰᠢᠶ᠎ᠠ ᠪᠠᠨ ᠰᠠᠢᠨ ᠳᠠᠷᠤ!》 ᠭᠡᠵᠡᠢ᠃
* * *
— — — —
① ᠤᠲᠤᠭᠠᠨ— ᠤᠲᠤᠭ᠎ᠠ᠂ ᠭᠠᠪᠢᠶᠠᠨ ᠤ᠋ ᠲᠡᠮᠳᠡᠭ ᠪᠣᠯᠭᠠᠵᠤ ᠮᠠᠯᠠᠭᠠᠢ ᠳ᠋ᠠᠭᠠᠨ ᠬᠠᠲᠠᠵᠤ ᠬᠡᠷᠡᠭ᠌ᠯᠠᠡᠵᠤ ᠪᠠᠢᠭᠰᠠᠨ ᠥᠳᠥ ᠰᠣᠳᠣ᠃
② ᠭᠤᠢᠪᠢ —ᠬᠤᠢᠪᠢ
~ ᠦᠷᠭᠦᠯᠵᠢᠯᠡᠯ ᠪᠣᠢ~
