ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠲᠠᠷᠭᠤᠨ ᠴᠠᠭᠠᠨ ᠤᠬᠤᠨ᠎ᠠ ᠲᠠᠢ ᠡᠪᠦᠭᠡᠨ ᠡᠮᠡᠭᠡᠨ ᠬᠣᠶᠠᠷ Гураван настай гунаган улаан баатар - Тарган цагаан ухнатай өвгөн эмгэн хоёр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠲᠠᠷᠭᠤᠨ ᠴᠠᠭᠠᠨ ᠤᠬᠤᠨ᠎ᠠ ᠲᠠᠢ ᠡᠪᠦᠭᠡᠨ ᠡᠮᠡᠭᠡᠨ ᠬᠣᠶᠠᠷ Гураван настай гунаган улаан баатар - Тарган цагаан ухнатай өвгөн эмгэн хоёр

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠲᠠᠷᠭᠤᠨ ᠴᠠᠭᠠᠨ ᠤᠬᠤᠨ᠎ᠠ ᠲᠠᠢ ᠡᠪᠦᠭᠡᠨ ᠡᠮᠡᠭᠡᠨ ᠬᠣᠶᠠᠷ Гураван настай гунаган улаан баатар - Тарган цагаан ухнатай өвгөн эмгэн хоёр

ᠠᠩᠭᠢᠯᠠᠯ:ᠳᠣᠮᠣᠭ ᠦᠯᠢᠭᠡᠷ
2025-12-13

154

ᠲᠠᠷᠭᠤᠨ ᠴᠠᠭᠠᠨ ᠤᠬᠤᠨ᠎ᠠ ᠲᠠᠢ ᠡᠪᠦᠭᠡᠨ ᠡᠮᠡᠭᠡᠨ ᠬᠣᠶᠠᠷ


       ᠡᠷᠲᠡ ᠤᠷᠢᠳᠤ ᠴᠠᠭ ᠲᠤ᠌ ᠡᠪᠦᠭᠡᠨ ᠡᠮᠡᠭᠡᠨ ᠬᠣᠶᠠᠷ ᠠᠵᠤ ᠲᠥᠷᠥᠨ ᠠᠮᠢᠳᠤᠷᠠᠵᠤ ᠪᠠᠢᠵᠤ ᠭᠡᠨ᠎ᠡ᠃ 
       ᠪᠣᠭᠳᠠ ᠠᠭᠤᠯᠠ ᠶ᠋ᠢᠨ ᠡᠩᠭᠡᠷ ᠲᠦ᠍᠂ ᠪᠤᠯᠠᠭ ᠮᠥᠷᠡᠨ ᠦ᠌ ᠵᠠᠬ᠎ᠠ ᠳᠡᠭᠡᠷ᠎ᠡ᠂ ᠪᠤᠭᠤᠷᠤᠯ ᠠᠪᠤ ᠡᠵᠢ ᠶ᠋ᠢᠨ ᠢ᠋ᠶ᠋ᠡᠨ ᠰᠠᠭᠤᠵᠤ ᠪᠠᠢᠭᠰᠠᠨ ᠨᠤᠲᠤᠭ ᠳᠡᠭᠡᠷ᠎ᠡ᠂ ᠥᠨᠳᠡᠭᠡᠨ ᠴᠠᠭᠠᠨ ᠭᠡᠷ ᠲᠡᠢ᠂ ᠲᠠᠷᠭᠤᠨ ᠴᠠᠭᠠᠨ ᠤᠬᠤᠨ᠎ᠠ ᠲᠠᠢ ᠳᠣᠯᠣᠭᠠᠨ ᠡᠮ᠎ᠡ ᠢᠮᠠᠭ᠎ᠠ ᠲᠠᠢ᠂ ᠠᠢᠯ ᠭᠡᠷ ᠢ᠋ᠶ᠋ᠡᠷ ᠢ᠋ᠶ᠋ᠡᠨ ᠠᠮᠢᠳᠤᠷᠠᠵᠤ᠂ ᠠᠵᠤ ᠲᠥᠷᠥᠨ ᠰᠠᠭᠤᠬᠤ ᠳ᠋ᠠᠭᠠᠨ ᠣᠨ ᠢᠷᠡᠬᠦ ᠳᠣᠳᠣᠮ ᠣᠯᠠᠰᠢᠷᠠᠭᠤᠯᠵᠤ᠂ ᠵᠢᠯ ᠢᠷᠡᠬᠦ ᠳᠣᠳᠣᠮ ᠳᠡᠭᠡᠭᠰᠢᠯᠡᠭᠦᠯᠵᠦ ᠪᠠᠢᠳᠠᠭ ᠭᠡᠨ᠎ᠡ᠃ 
       ᠡᠪᠦᠭᠡᠨ ᠡᠳᠦᠷ ᠪᠦᠷᠢ ᠢᠮᠠᠭ᠎ᠠ ᠪᠠᠨ ᠬᠠᠷᠢᠭᠤᠯᠵᠤ ᠶᠠᠪᠤᠬᠤ ᠳ᠋ᠠᠭᠠᠨ ᠪᠣᠭᠳᠠ ᠠᠭᠤᠯᠠ ᠶ᠋ᠢᠨ ᠡᠩᠭᠡᠷ ᠲᠦ᠍᠂ ᠪᠤᠯᠠᠭ ᠮᠥᠷᠡᠨ ᠦ᠌ ᠵᠠᠬ᠎ᠠ ᠪᠠᠷ ᠰᠣᠷᠭᠣᠭ ᠰᠠᠢᠬᠠᠨ ᠪᠡᠯᠴᠢᠭᠡᠷ ᠲᠡᠢ᠂ ᠲᠤᠩᠭᠠᠯᠠᠭ ᠰᠠᠢᠬᠠᠨ ᠤᠰᠤ ᠲᠠᠢ᠂ ᠠᠪᠤ ᠳᠡᠭᠡᠳᠦᠰ ᠦ᠋ᠨ ᠨᠤᠲᠤᠭ ᠭᠡᠵᠦ ᠰᠡᠳᠬᠢᠯ ᠳᠣᠲᠣᠷ᠎ᠠ ᠪᠠᠨ ᠪᠠᠬᠠᠷᠴᠤ ᠬᠡᠯᠡᠳᠡᠭ ᠨᠢ᠄《ᠠᠭᠤᠯᠠ ᠶ᠋ᠢ ᠪᠦᠷᠢᠨ ᠴᠢᠮᠡᠭᠯᠡᠭᠰᠡᠨ ᠠᠭᠠᠷᠤ ᠽᠠᠨᠳᠠᠨ ᠮᠣᠳᠣ ᠲᠠᠢ᠂ ᠠᠭᠤᠵᠢᠮ ᠲᠠᠯ᠎ᠠ ᠳ᠋ᠤᠨᠢ ᠤᠷᠭᠤᠭᠰᠠᠨ ᠠᠲᠠᠷ ᠰᠠᠢᠬᠠᠨ ᠪᠡᠯᠴᠢᠭᠡᠷ ᠲᠡᠢ᠂ ᠠᠷᠠᠯ ᠭᠣᠣᠯ ᠤ᠋ᠨ ᠬᠥᠪᠡᠭᠡ ᠳ᠋ᠦ᠍ᠨᠢ ᠠᠷᠪᠠᠨ ᠥᠩᠭᠡ ᠶ᠋ᠢᠨ ᠴᠡᠴᠡᠭ ᠳᠡᠯᠭᠡᠷᠡᠭᠰᠡᠨ᠂ ᠠᠯᠤᠰ ᠬᠣᠯᠠ ᠶ᠋ᠢᠨ ᠳᠥᠷᠪᠡᠨ ᠵᠦᠭ ᠲᠦ᠍ ᠴᠡᠩᠬᠡᠷ ᠵᠡᠷᠭᠡᠯᠭᠡᠨ ᠲᠠᠲᠠᠵᠤ᠂ ᠵᠤᠨ ᠤ᠋ ᠳᠥᠷᠪᠡᠨ ᠰᠠᠷ᠎ᠠ ᠪᠣᠯᠬᠤ ᠳ᠋ᠤ᠌ ᠵᠢᠭᠦᠷᠲᠡᠨ ᠰᠢᠪᠠᠭᠤᠳ ᠵᠢᠷᠭᠢᠯᠳᠡᠨ᠂ ᠴᠢᠬᠢᠨ ᠦ᠌ ᠴᠢᠮᠡᠭ ᠪᠣᠯᠳᠠᠭ》 ᠭᠡᠵᠦ᠂ ᠠᠭᠤᠯᠠ ᠣᠷᠣᠨ ᠢ᠋ᠶ᠋ᠠᠨ ᠮᠠᠭᠲᠠᠵᠤ᠂ ᠵᠤᠨ ᠤ᠋ ᠤᠯᠠᠷᠢᠯ ᠢ᠋ ᠤᠭᠲᠤᠵᠤ᠂ ᠡᠪᠦᠭᠡᠨ ᠰᠡᠳᠬᠢᠯ ᠳᠦᠭᠦᠷᠡᠩ ᠪᠠᠶᠠᠷᠲᠠᠢ ᠶᠠᠪᠤᠳᠠᠭ ᠪᠠᠢᠨ᠎ᠠ᠃ ᠡᠮᠡᠭᠡᠨ ᠡᠳᠦᠷ ᠪᠦᠷᠢ ᠭᠡᠷ ᠲᠡᠭᠡᠨ ᠰᠦ ᠰᠠᠭᠠᠯᠢ ᠪᠠᠨ ᠰᠠᠭᠠᠵᠤ᠂ ᠬᠤᠷᠤᠳ ᠥᠷᠥᠮ᠎ᠡ ᠪᠡᠨ ᠭᠠᠷᠭᠠᠵᠤ᠂ ᠤᠯᠠᠭᠠᠨ ᠴᠠᠢ ᠪᠠᠨ ᠴᠢᠨᠠᠵᠤ᠂ ᠠᠢᠯ ᠭᠡᠷ ᠢ᠋ᠶ᠋ᠡᠨ ᠠᠯᠳᠠᠷᠠᠭᠤᠯᠬᠤ ᠦᠭᠡᠢ᠂ ᠠᠮᠢᠳᠤᠷᠠᠯᠭ᠎ᠠ ᠪᠠᠨ ᠬᠡᠯᠲᠡᠢᠯᠭᠡᠬᠦ ᠦᠭᠡᠢ ᠬᠢᠳᠡᠭ ᠭᠡᠨ᠎ᠡ᠃  
       ᠵᠠ! ᠨᠢᠭᠡᠨ ᠡᠳᠦᠷ ᠡᠪᠦᠭᠡᠨ ᠢᠮᠠᠭ᠎ᠠ ᠪᠠᠨ ᠬᠠᠷᠢᠭᠤᠯᠵᠤ ᠠᠭᠤᠯᠠᠨ ᠳ᠋ᠤ᠌ ᠶᠠᠪᠤᠵᠤ ᠪᠠᠢᠲᠠᠯ᠎ᠠ᠂ ᠭᠡᠨᠡᠳᠲᠡ ᠵᠡᠭᠦᠨ ᠡᠴᠡ ᠬᠠᠷ᠎ᠠ ᠡᠭᠦᠯᠡ ᠳᠡᠭᠳᠡᠵᠦ᠂ ᠬᠠᠷᠠᠩᠭᠤᠢ ᠰᠠᠯᠬᠢᠨ ᠭᠠᠷᠴᠤ᠂ ᠪᠣᠷᠣᠭᠠᠨ ᠣᠷᠣᠬᠤ ᠰᠢᠭ᠋ ᠪᠣᠯᠪᠠ᠃ ᠡᠪᠦᠭᠡᠨ ᠰᠠᠨᠳᠤᠷᠴᠤ᠂ ᠢᠮᠠᠭ᠎ᠠ ᠪᠠᠨ ᠬᠥᠭᠡᠭᠡᠵᠦ ᠠᠭᠤᠯᠠ ᠶ᠋ᠢᠨ ᠡᠩᠭᠡᠷ ᠨᠥᠮᠦᠷᠢᠲᠡᠢ ᠭᠠᠵᠠᠷ ᠣᠷᠣᠪᠠ᠃ ᠤᠷᠭᠤᠮᠠᠯ ᠮᠣᠳᠣᠨ ᠭᠤᠢᠪᠢᠯᠵᠠᠭᠰᠠᠨ᠂ ᠬᠣᠭ ᠰᠢᠷᠣᠢ ᠳᠡᠭᠳᠡᠭᠰᠡᠨ ᠬᠠᠷᠠᠩᠭᠤᠢ ᠲᠣᠭᠣᠰᠣᠨ ᠣ ᠳᠤᠮᠳᠠ᠂ ᠭᠡᠨᠡᠳᠲᠡ ᠡᠪᠦᠭᠡᠨ ᠦ᠌ ᠵᠡᠭᠦᠨ ᠨᠢᠳᠦᠨ ᠳ᠋ᠦ᠍ ᠨᠢᠭᠡᠨ ᠪᠠᠭ᠎ᠠ ᠶᠠᠭᠤᠮ᠎ᠠ ᠬᠡᠢᠰᠴᠦ ᠣᠷᠣᠭᠰᠠᠨ ᠳ᠋ᠤ᠌᠂ ᠭᠠᠢ ᠲᠠᠢ ᠰᠠᠯᠬᠢᠨ ᠭᠠᠢ ᠪᠣᠯᠪᠠ᠂ ᠲᠣᠢᠳ ᠲᠠᠢ ᠰᠠᠯᠬᠢᠨ ᠲᠣᠢᠳ ᠪᠣᠯᠪᠠ ᠭᠡᠵᠦ ᠠᠭᠤᠷ ᠬᠦᠷᠴᠦ ᠪᠠᠢᠲᠠᠯ᠎ᠠ ᠰᠠᠯᠬᠢᠨ ᠵᠣᠭᠰᠣᠵᠤ ᠶᠡᠬᠡ ᠰᠢᠷᠦᠭᠦᠨ ᠪᠣᠷᠣᠭᠠᠨ ᠣᠷᠣᠭᠰᠠᠨ ᠳ᠋ᠤ᠌ ᠡᠪᠦᠭᠡᠨ ᠨᠣᠷᠬᠤ ᠠ᠋ᠴᠠ ᠠᠶᠤᠭᠠᠳ᠂ ᠲᠠᠷᠭᠤᠨ ᠴᠠᠭᠠᠨ ᠤᠬᠤᠨ᠎ᠠ ᠶ᠋ᠢᠨ ᠰᠠᠬᠠᠯ ᠤ᠋ᠨ ᠳᠣᠣᠷ᠎ᠠ ᠰᠠᠭᠤᠭᠠᠳ᠂ ᠪᠣᠷᠣᠭᠠᠨ ᠳ᠋ᠤ᠌ ᠨᠢᠭᠡᠴᠤ ᠨᠣᠷᠤᠭᠰᠠᠨ ᠦᠭᠡᠢ ᠭᠡᠨ᠎ᠡ᠃  
       ᠪᠣᠷᠣᠭᠠᠨ ᠠᠷᠢᠯᠤᠭᠰᠠᠨ ᠤ᠋ ᠬᠣᠢᠨ᠎ᠠ᠂ ᠢᠮᠠᠭ᠎ᠠ ᠪᠠᠨ ᠬᠥᠭᠡᠭᠡᠵᠦ ᠭᠡᠷ ᠲᠡᠭᠡᠨ ᠬᠦᠷᠦᠭᠰᠡᠨ ᠦ᠌ ᠬᠣᠢᠨ᠎ᠠ᠂ ᠡᠮᠡᠭᠡᠨ ᠦ᠌ ᠪᠡᠯᠡᠳᠬᠡᠭᠰᠡᠨ ᠤᠯᠠᠭᠠᠨ ᠴᠠᠢ ᠶ᠋ᠢ ᠤᠤᠭᠤᠭᠰᠠᠭᠠᠷ ᠡᠮᠡᠭᠡᠨ ᠳ᠋ᠡᠭᠡᠨ᠄《ᠡᠨᠡ ᠡᠳᠦᠷ ᠶᠡᠬᠡ ᠰᠠᠯᠬᠢᠨ ᠭᠠᠷᠴᠤ᠂ ᠠᠭᠤᠯᠠᠨ ᠤ᠋ ᠬᠣᠭ ᠰᠢᠷᠣᠢ ᠬᠥᠳᠡᠯᠦᠭᠡᠳ ᠮᠢᠨᠦ ᠵᠡᠭᠦᠨ ᠨᠢᠳᠦᠨ ᠳ᠋ᠦ᠍ ᠨᠢᠭᠡᠨ ᠪᠠᠭ᠎ᠠ ᠶᠠᠭᠤᠮ᠎ᠠ ᠣᠷᠣᠴᠢᠬᠠᠪᠠ᠃》 ᠭᠡᠰᠡᠨ ᠳ᠋ᠦ᠍ ᠡᠮᠡᠭᠡᠨ ᠨᠢ ᠠᠪᠴᠤ ᠥᠭᠭᠦᠶ᠎ᠡ ᠭᠡᠪᠡ᠃ ᠡᠮᠡᠭᠡᠨ ᠨᠢ ᠦᠵᠡᠭᠡᠳ᠂ ᠪᠠᠭ᠎ᠠ ᠣᠩᠭᠣᠴᠠᠨ ᠳ᠋ᠤ᠌ ᠰᠠᠭᠤᠭᠠᠳ ᠬᠠᠭᠠᠰ ᠴᠠᠭ ᠪᠣᠯᠵᠤ᠂ ᠡᠪᠦᠭᠡᠨ ᠦ᠌ ᠨᠢᠳᠦᠨ ᠡᠴᠡ ᠨᠢᠭᠡᠨ ᠦᠬᠡᠷ ᠦ᠋ᠨ ᠳᠠᠯᠤ ᠶ᠋ᠢᠨ ᠶᠠᠰᠤ ᠶ᠋ᠢ ᠠᠷᠠᠢ ᠴᠢᠷᠠᠢ ᠠᠪᠴᠤ ᠭᠠᠷᠭᠠᠵᠠᠢ᠃  
       ᠲᠡᠷᠡ ᠦᠶ᠎ᠡ ᠳ᠋ᠦ᠍ ᠡᠪᠦᠭᠡᠨ ᠦ᠌ ᠨᠢᠳᠦ ᠡᠪᠡᠳᠬᠦ ᠦᠭᠡᠢ ᠪᠣᠯᠵᠤ᠂ ᠡᠪᠦᠭᠡᠨ ᠪᠦᠳᠦᠭᠦᠨ ᠬᠦᠷᠡᠩ ᠪᠤᠬ᠎ᠠ ᠪᠠᠷ ᠢ᠋ᠶ᠋ᠠᠨ ᠳᠠᠯᠤ ᠶ᠋ᠢᠨ ᠶᠠᠰᠤ ᠶ᠋ᠢ ᠴᠢᠷᠦᠭᠦᠯᠵᠦ ᠭᠡᠷ ᠡᠴᠡ ᠪᠡᠨ ᠡᠮᠦᠨ᠎ᠡ ᠠᠪᠠᠴᠢᠭᠠᠳ ᠬᠠᠶᠠᠭᠰᠠᠨ ᠭᠡᠨ᠎ᠡ᠃  
       ᠨᠢᠭᠡᠨ ᠡᠳᠦᠷ ᠨᠢᠭᠡ ᠬᠠᠷ᠎ᠠ ᠬᠡᠷᠢᠶ᠎ᠡ ᠨᠢᠰᠴᠦ ᠢᠷᠡᠭᠡᠳ ᠲᠡᠷᠡ ᠳᠠᠯᠤ ᠶ᠋ᠢᠨ ᠶᠠᠰᠤ ᠶ᠋ᠢ ᠵᠠᠭᠤᠵᠤ ᠠᠪᠠᠴᠢᠭᠠᠳ ᠨᠡᠯᠢᠶᠡᠳ ᠵᠠᠢᠲᠠᠢ ᠬᠠᠶᠠᠴᠢᠬᠠᠵᠠᠢ ᠭᠡᠨ᠎ᠡ᠃  
       ᠡᠭᠦᠨ ᠡᠴᠡ ᠬᠣᠢᠰᠢ ᠬᠡᠳᠦᠨ ᠵᠢᠯ ᠪᠣᠯᠵᠤ ᠬᠣᠭ ᠰᠢᠷᠣᠢ ᠴᠤᠭᠯᠠᠭᠰᠠᠭᠠᠷ ᠨᠢᠭᠡᠨ ᠪᠠᠭ᠎ᠠ ᠳᠣᠪᠣ ᠪᠣᠯᠵᠠᠢ᠃ 
       ᠵᠠ! ᠨᠢᠭᠡᠨ ᠡᠳᠦᠷ ᠵᠡᠭᠦᠨ ᠭᠤᠷᠪᠠᠨ ᠵᠦᠭ ᠡᠴᠡ ᠵᠦᠭ ᠮᠠᠭᠤ ᠶ᠋ᠢᠨ ᠣᠷᠣᠨ ᠠ᠋ᠴᠠ ᠣᠩᠭᠣᠯ ᠴᠣᠩᠭᠤᠯ ᠭᠠᠵᠠᠷ ᠠ᠋ᠴᠠ ᠠᠷᠪᠠᠨ ᠬᠣᠶᠠᠷ ᠲᠣᠯᠣᠭᠠᠢ ᠲᠠᠢ ᠠᠲᠤᠭᠠᠷ ᠬᠠᠷ᠎ᠠ ᠮᠠᠩᠭᠤᠰ ᠢᠷᠡᠨ᠎ᠡ ᠭᠡᠵᠦ ᠰᠣᠨᠣᠰᠳᠠᠪᠠ ᠭᠡᠨ᠎ᠡ᠃  
       ᠵᠠ! ᠬᠡᠳᠦᠨ ᠡᠳᠦᠷ ᠪᠣᠯᠤᠭᠰᠠᠨ ᠳ᠋ᠤ᠌᠂ ᠨᠢᠭᠡᠨ ᠡᠳᠦᠷ ᠰᠡᠷ ᠰᠡᠷ ᠰᠠᠯᠬᠢᠯᠠᠭᠰᠠᠭᠠᠷ᠂ ᠰᠡᠷᠢᠭᠦᠨ ᠪᠣᠷᠣᠭᠠᠨ ᠣᠷᠣᠭᠰᠠᠭᠠᠷ᠂ ᠦᠮᠡᠬᠡᠢ ᠰᠦᠮᠡᠬᠡᠢ ᠦᠨᠦᠷᠲᠦᠭᠰᠡᠭᠡᠷ᠂ ᠦᠵᠡᠯ ᠮᠠᠭᠤ ᠲᠠᠢ ᠠᠮᠢᠲᠠᠨ ᠨᠤᠭᠤᠳ ᠨᠠᠷᠢᠨ ᠵᠠᠮ ᠢ᠋ᠶ᠋ᠠᠷ ᠴᠤᠪᠤᠷᠠᠵᠤ ᠶᠠᠭ ᠲᠡᠷᠡ ᠲᠠᠯᠤᠨ ᠶᠠᠰᠤᠨ ᠳᠣᠪᠣ ᠳᠡᠭᠡᠷ᠎ᠡ ᠴᠠᠴᠠᠷ ᠮᠠᠢᠬᠠᠨ ᠪᠤᠰᠬᠠᠵᠤ ᠲᠠᠯᠪᠢᠭᠠᠳ ᠴᠡᠷᠢᠭ ᠪᠠᠭᠤᠪᠠ᠃ 
       ᠬᠥᠭᠰᠢᠨ ᠵᠠᠯᠠᠭᠤ ᠬᠡᠯᠡᠯᠴᠡᠭᠡᠨ ᠪᠣᠯᠵᠤ᠂ ᠬᠣᠲᠠᠨ ᠤ᠋ ᠨᠣᠬᠠᠢ ᠬᠣᠷᠭᠣᠭᠣᠵᠤ ᠪᠠᠢᠲᠠᠯ᠎ᠠ᠂ ᠲᠠᠷᠭᠤᠨ ᠴᠠᠭᠠᠨ ᠤᠬᠤᠨ᠎ᠠ ᠲᠠᠢ ᠡᠪᠦᠭᠡᠨ ᠡᠮᠡᠭᠡᠨ ᠬᠣᠶᠠᠷ ᠤ᠋ᠨ ᠬᠣᠲᠠᠴᠢ ᠰᠢᠷ᠎ᠠ ᠨᠣᠬᠠᠢ ᠨᠢ ᠰᠢᠭᠤᠳ ᠰᠢᠩᠰᠢᠨ ᠶᠠᠪᠤᠭᠰᠠᠭᠠᠷ ᠳᠠᠯᠤ ᠶ᠋ᠢᠨ ᠳᠣᠪᠣᠭ ᠢ᠋ ᠲᠣᠭᠣᠷᠢᠨ ᠶᠠᠪᠤᠵᠤ ᠪᠠᠢᠲᠠᠯ᠎ᠠ᠂ ᠬᠣᠭ ᠰᠢᠷᠣᠢ ᠳ᠋ᠤ᠌ ᠳᠠᠷᠤᠭᠳᠠᠭᠰᠠᠨ ᠳᠠᠯᠤ ᠶ᠋ᠢᠨ ᠶᠠᠰᠤᠨ ᠤ᠋ ᠨᠢᠭᠡᠨ ᠥᠨᠴᠥᠭ ᠦᠵᠡᠭᠳᠡᠭᠰᠡᠨ ᠳ᠋ᠦ᠍ ᠲᠡᠷᠡ ᠶᠠᠰᠤᠨ ᠤ᠋ ᠥᠨᠴᠥᠭ ᠢ᠋ ᠰᠢᠷ᠎ᠠ ᠨᠣᠬᠠᠢ ᠵᠠᠭᠤᠭᠠᠳ᠂ ᠬᠦᠴᠦᠨ ᠢ᠋ᠶ᠋ᠡᠷ ᠢ᠋ᠶ᠋ᠡᠨ ᠲᠠᠲᠠᠭᠰᠠᠨ ᠳ᠋ᠤ᠌ ᠲᠡᠷᠡ ᠪᠠᠭ᠎ᠠ ᠳᠣᠪᠣ ᠰᠠᠭᠤᠷᠢ ᠪᠠᠷ ᠢ᠋ᠶ᠋ᠠᠨ ᠳᠠᠢᠪᠠᠯᠵᠠᠨ ᠬᠥᠳᠡᠯᠦᠭᠰᠡᠨ ᠭᠡᠨ᠎ᠡ᠃ 
       ᠳᠣᠪᠣ ᠶ᠋ᠢᠨ ᠳᠡᠭᠡᠷ᠎ᠡ ᠪᠠᠢᠭᠰᠠᠨ ᠠᠷᠪᠠᠨ ᠬᠣᠶᠠᠷ ᠲᠣᠯᠣᠭᠠᠢ ᠲᠠᠢ ᠠᠲᠤᠭᠠᠷ ᠬᠠᠷ᠎ᠠ ᠮᠠᠩᠭᠤᠰ ᠲᠦᠷᠦᠭᠦᠦ ᠲᠡᠢ ᠲᠠᠪᠢᠭᠠᠳ ᠴᠡᠷᠢᠭ ᠰᠠᠨᠳᠤᠷᠤᠨ᠂ ᠡᠨᠡ ᠭᠠᠵᠠᠷ ᠤᠳᠠᠭᠠᠨ ᠰᠠᠭᠤᠵᠤ ᠪᠣᠯᠬᠤ ᠦᠭᠡᠢ ᠭᠡᠳ᠂ ᠴᠠᠴᠠᠷ ᠮᠠᠢᠬᠠᠨ ᠢ᠋ᠶ᠋ᠠᠨ ᠪᠠᠭᠤᠯᠭᠠᠭᠠᠳ᠂ ᠢᠷᠡᠭᠰᠡᠨ ᠵᠠᠮ ᠢ᠋ᠶ᠋ᠠᠷ ᠢ᠋ᠶ᠋ᠠᠨ ᠪᠤᠴᠠᠨ ᠶᠠᠪᠤᠬᠤ ᠳ᠋ᠠᠭᠠᠨ ᠡᠷᠭᠢᠨ ᠡᠷᠭᠢᠨ ᠬᠠᠷᠠᠵᠤ᠂ ᠢᠯᠡᠭᠦᠦ ᠲᠣᠯᠣᠭᠠᠢ ᠪᠠᠨ ᠦᠵᠡᠨ᠂ ᠳᠠᠬᠢᠨ ᠳᠠᠬᠢᠨ ᠬᠠᠷᠠᠵᠤ ᠳᠠᠪᠬᠤᠷ ᠲᠣᠯᠣᠭᠠᠢ ᠪᠠᠨ ᠦᠵᠡᠨ ᠶᠠᠪᠤᠭᠰᠠᠭᠠᠷ ᠣᠷᠣ ᠪᠠᠷ᠎ᠠ ᠦᠭᠡᠢ ᠶᠠᠪᠤᠭᠰᠠᠨ ᠭᠡᠨ᠎ᠡ᠃ 
       ᠡᠪᠦᠭᠡᠨ ᠢ᠋ ᠪᠣᠷᠣᠭᠠᠨ ᠳ᠋ᠤ᠌ ᠨᠣᠷᠭᠠᠭᠰᠠᠨ ᠦᠭᠡᠢ ᠰᠠᠬᠠᠯ ᠲᠠᠢ ᠤᠬᠤᠨ᠎ᠠ ᠪᠦᠳᠦᠭᠦᠨ ᠤᠤ? ᠡᠮᠡᠭᠡᠨ ᠢ᠋ᠶ᠋ᠡᠨ ᠨᠢᠳᠦᠨ ᠳ᠋ᠡᠭᠡᠨ ᠣᠷᠣᠭᠤᠯᠤᠭᠰᠠᠨ ᠡᠪᠦᠭᠡᠨ ᠪᠦᠳᠦᠭᠦᠨ ᠤᠤ? ᠬᠦᠷᠡᠩ ᠪᠤᠬ᠎ᠠ ᠪᠠᠷ ᠴᠢᠷᠦᠭᠦᠯᠵᠦ ᠬᠠᠶᠠᠭᠰᠠᠨ ᠳᠠᠯᠤ ᠶ᠋ᠢᠨ ᠶᠠᠰᠤ ᠶ᠋ᠢ ᠠᠪᠴᠤ ᠭᠠᠷᠭᠠᠭᠰᠠᠨ ᠡᠮᠡᠭᠡᠨ ᠪᠦᠳᠦᠭᠦᠨ ᠤᠤ? ᠲᠡᠷᠡ ᠮᠡᠲᠦ ᠶᠡᠬᠡ ᠶᠠᠰᠤ ᠵᠠᠭᠤᠵᠤ ᠠᠪᠴᠢᠷᠠᠭᠰᠠᠨ ᠬᠠᠷ᠎ᠠ ᠬᠡᠷᠢᠶ᠎ᠡ ᠪᠦᠳᠦᠭᠦᠨ ᠤᠤ? ᠲᠠᠪᠢᠭᠠᠳ ᠴᠡᠷᠢᠭ ᠢ᠋ ᠳᠣᠪᠣ ᠲᠠᠢ ᠬᠥᠳᠡᠯᠭᠡᠭᠰᠡᠨ ᠰᠢᠷ᠎ᠠ ᠨᠣᠬᠠᠢ ᠨᠢ ᠪᠦᠳᠦᠭᠦᠨ ᠤᠤ?  

          ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠠᠯᠲᠠᠨᠴᠢᠮᠡᠭ᠂ ᠤᠷᠠᠨᠴᠢᠮᠡᠭ᠂ ᠡᠭᠦᠯᠡᠩᠬᠤᠸᠠᠷ᠂
                                       ᠭᠡᠷᠡᠯ᠂ ᠮᠥᠩᠭᠥᠨ᠂ ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ 
                                       ᠪᠠᠶᠠᠨᠴᠡᠴᠡᠭ᠂ ᠪᠦᠦ ᠸᠧᠨ ᠬᠤᠸᠠ 
                 ᠬᠢᠨᠠᠭᠴᠢ ᠪᠠᠭᠰᠢ᠄ ᠣᠳᠬᠠᠨᠰᠣ᠎ᠠ᠂ ᠭᠠᠷᠮ᠎ᠠ᠂ ᠡᠭᠦᠯᠡᠩᠬᠤᠸᠠᠷ᠂ ᠮᠣᠩᠭᠣᠯ ᠰᠦᠨᠡᠰᠦ᠂ 
                                     ᠪᠤᠤ ᠸᠧᠨ ᠬᠤᠸᠠ᠂ ᠪᠠᠶᠠᠨᠴᠡᠴᠡᠭ