ᠪᠠᠭᠰᠢ ᠬᠥᠮᠦᠨ ᠵᠣᠭᠰᠣᠵᠤ ᠲᠥᠷᠥᠭᠰᠡᠨ ᠶᠦᠮ- ᠭᠡᠷᠡᠯᠴᠢᠯᠠᠭᠤБагш хүмүүн зогсож дүрсэн юм-Хэрэлчлиу
ᠪᠠᠭᠰᠢ ᠬᠥᠮᠦᠨ ᠵᠣᠭᠰᠣᠵᠤ ᠲᠥᠷᠥᠭᠰᠡᠨ ᠶᠦᠮ
ᠵᠣᠬᠢᠶᠠᠭᠴᠢ᠂ ᠤᠶᠠᠩᠭᠠᠯᠠᠭᠴᠢ᠄ ᠭᠡᠷᠡᠯᠴᠢᠯᠠᠭᠤ
ᠰᠠᠮᠪᠠᠢ ᠬᠠᠳᠠᠭ ᠲᠠᠢ ᠂ᠰᠠᠮᠪᠠᠷ᠎ᠠ ᠢᠷᠦᠭᠡᠯ ᠲᠡᠢ᠂
ᠣ ᠶ᠋ᠢᠨ ᠰᠠᠴᠤᠯᠢ᠂ᠰᠡᠷᠵᠢᠮ ᠢᠳᠠᠮᠯᠠᠵᠤ ᠂ᠨᠠᠷᠠ ᠬᠠᠷᠠᠵᠤ ᠢᠲᠡᠭᠡᠯ ᠵᠢᠭᠦᠷᠯᠡᠭᠰᠡᠨ᠂
ᠵᠣᠷᠢᠭ ᠪᠣᠰᠤᠭ᠎ᠠ ᠪᠠᠭᠰᠢ ᠬᠥᠮᠦᠨ᠂ ᠵᠣᠭᠰᠣᠵᠤ ᠲᠥᠷᠥᠭᠰᠡᠨ ᠶᠦᠮ ᠠ᠋!
ᠭᠡᠪᠡᠴᠦ — ᠲᠦᠷᠦᠮᠡᠭᠴᠡ ᠵᠣᠭᠰᠣᠭ᠎ᠠ ᠪᠢᠰᠢ᠂ᠳᠣᠲ᠋ᠸᠮ ᠤᠭᠰᠠᠭ᠎ᠠ ᠵᠡᠮᠳᠡᠭ ᠪᠢᠰᠢ᠂
ᠦᠶ᠎ᠡ ᠭᠡᠰᠢᠭᠦᠦ ᠳᠤᠲᠠᠭᠤ ᠪᠢᠰᠢ᠂ᠥᠭᠡᠷ᠎ᠡ ᠠᠵᠤ ᠦᠭᠡᠢ ᠪᠤᠰᠤ᠂
ᠦᠷ ᠢ᠋ᠶ᠋ᠡᠷ ᠱᠤᠯᠤᠭᠠᠨᠠᠬᠤ ᠪᠣᠯᠵᠣᠮᠣᠷ᠂ᠦᠳᠡᠰᠢ ᠪᠡᠷ ᠳᠡᠷᠪᠡᠯᠵᠡᠬᠦ ᠡᠷᠪᠡᠬᠡᠢ᠂
ᠡᠳᠦᠷ ᠰᠥᠨᠢ ᠶ᠋ᠢᠨ ᠪᠣᠯᠵᠣᠭᠠᠨ ᠳ᠋ᠤ᠌ ᠭᠠᠯ ᠭᠣᠯᠣᠮᠲᠠ ᠬᠣᠶᠠᠷ ᠭᠡᠵᠦ
ᠬᠡᠷᠰᠡᠦ ᠪᠣᠳᠣᠯ ᠲᠠᠢ ᠠᠮᠢᠳᠤᠷᠠᠳᠠᠭ ᠶᠤᠮ ᠠ᠋!
ᠲᠡᠢᠮᠦ ᠳ᠋ᠦ᠍ ᠪᠡᠨ ᠯᠡ ᠪᠠᠭᠰᠢ ᠬᠥᠮᠦᠨ ᠂ᠬᠡᠦᠬᠡᠳ ᠦᠷ᠎ᠡ ᠶ᠋ᠢᠨ ᠢ᠋ᠶ᠋ᠡᠨ ᠬᠦᠰᠡᠯ ᠦ᠋ᠨ ᠰᠠᠢᠬᠠᠨ
ᠲᠡᠭᠷᠢ ᠮᠢᠯᠢᠶᠠᠵᠤ ᠰᠢᠨᠳᠠᠰᠤ ᠬᠠᠲᠠᠭᠤ ᠂ᠭᠠᠩ ᠵᠣᠷᠢᠭ ᠂ᠰᠡᠳᠬᠢᠯ ᠬᠠᠢᠯᠤᠮᠠ
ᠳᠥᠯᠥ ᠰᠢᠲᠠᠵᠤ ᠂ᠠᠮᠢᠨ ᠰᠠᠬᠢᠭᠤᠰᠤ᠂《ᠠᠶᠤᠰᠢ》 ᠪᠠᠭᠠᠲᠤᠷ ᠰᠢᠭ᠋᠂
ᠭᠠᠯᠪᠠ ᠶ᠋ᠢᠨ ᠭᠠᠯᠪᠠ ᠶ᠋ᠢ ᠲᠡᠭᠰᠢᠷᠡᠲᠡᠯᠡ ᠭᠡᠳᠡᠢᠭᠡᠳ ᠵᠣᠭᠰᠣᠳᠠᠭ ᠶᠤᠮ ᠪᠠᠭᠰᠢ ᠬᠥᠮᠦᠨ!
ᠰᠠᠭᠰᠠᠨ ᠠᠢᠷᠠᠭ ᠤ᠋ᠨ ᠰᠠᠭᠠᠳᠠᠰᠤ ᠰᠠᠨᠠᠭᠤᠯᠵᠤ᠂
ᠰᠠᠢᠬᠠᠨ ᠪᠦᠪᠡᠢ ᠬᠦᠢ ᠵᠠᠯᠭᠠᠭᠤᠯᠵᠤ᠂
ᠥᠷᠯᠥᠭ ᠮᠣᠩᠭᠣᠯ ᠤ᠋ᠨ ᠢ᠋ᠶ᠋ᠠᠨ ᠬᠡᠢᠮᠣᠷᠢᠲᠤ ᠦᠷᠡᠰ ᠲᠦ᠍ ᠪᠡᠨ᠂
ᠤᠳᠬ᠎ᠠ ᠤᠶᠠᠩᠭ᠎ᠠ ᠨᠠᠢᠷᠠᠭᠤᠯᠵᠤ ᠵᠣᠭᠰᠣᠨ᠎ᠠ᠂
ᠪᠢᠯᠢᠭ ᠤᠬᠠᠭᠠᠨ ᠰᠣᠢᠵᠤ ᠵᠣᠭᠰᠣᠨ᠎ᠠ᠂
ᠲᠡᠦᠬᠡ ᠰᠤᠳᠤᠷ ᠰᠡᠴᠡᠯᠡᠵᠦ ᠵᠣᠭᠰᠣᠨ᠎ᠠ᠂
ᠵᠣᠬᠢᠶᠠᠯ ᠪᠦᠲᠦᠭᠡᠯ ᠲᠡᠢ ᠶ᠋ᠢ ᠨᠢ ᠵᠣᠷᠢᠭᠵᠢᠭᠤᠯᠵᠤ ᠵᠣᠭᠰᠣᠨ᠎ᠠ᠂
ᠡᠭᠦᠳᠦᠯᠲᠡ ᠰᠢᠨ᠎ᠡ ᠲᠡᠢ ᠶ᠋ᠢ ᠨᠢ ᠥᠮᠴᠢᠷᠬᠡᠵᠦ ᠵᠣᠭᠰᠣᠨ᠎ᠠ᠂
ᠢᠨᠲ᠋ᠧᠷ ᠰᠦᠯᠵᠢᠶ᠎ᠡ ᠤᠯᠠᠮᠵᠢᠯᠠᠵᠤ ᠵᠣᠭᠰᠣᠨ᠎ᠠ᠂
ᠣᠶᠤᠲᠠᠨ ᠪᠣᠯᠤᠭᠰᠠᠨ ᠢ᠋ ᠨᠢ ᠱᠠᠭᠰᠢᠵᠤ ᠵᠣᠭᠰᠣᠨ᠎ᠠ᠂
ᠠᠰᠫᠢᠷᠠᠨᠲ ᠪᠣᠯᠤᠭᠰᠠᠨ ᠢ᠋ ᠨᠢ ᠪᠢᠰᠢᠷᠡᠵᠦ ᠵᠣᠭᠰᠣᠨ᠎ᠠ᠂
ᠴᠢᠳᠠᠪᠤᠷᠢᠲᠠᠨ ᠪᠣᠯᠬᠤ ᠶ᠋ᠢ ᠨᠢ ᠴᠢᠩᠨᠠᠵᠤ ᠵᠣᠭᠰᠣᠨ᠎ᠠ᠂
ᠰᠠᠨᠰᠠᠷ ᠲᠤ᠌ ᠳᠡᠭᠦᠯᠢᠭᠰᠡᠨ ᠢ᠋ ᠨᠢ ᠰᠠᠢᠰᠢᠶᠠᠵᠤ ᠵᠣᠭᠰᠣᠨ᠎ᠠ᠂
ᠰᠠᠷᠠᠨ ᠳ᠋ᠤ᠌ ᠭᠠᠷᠬᠤ ᠶ᠋ᠢ ᠨᠢ ᠮᠠᠭᠲᠠᠵᠤ ᠵᠣᠭᠰᠣᠨ᠎ᠠ᠂
《ᠮᠢᠩᠭᠠᠲᠤ》 ᠶ᠋ᠢᠨ ᠤᠬᠠᠭᠠᠨ ᠢ᠋ᠶ᠋ᠠᠷ ᠰᠦᠯᠡᠵᠦ ᠵᠣᠭᠰᠣᠨ᠎ᠠ᠂
《ᠢᠨᠵᠠᠨᠨᠠᠰᠢ》 ᠶ᠋ᠢᠨ ᠰᠡᠬᠡᠭᠡᠷᠡᠯ ᠢ᠋ᠶ᠋ᠡᠷ ᠪᠥᠭᠡᠮᠨᠡᠷᠡᠵᠦ ᠵᠣᠭᠰᠣᠨ᠎ᠠ᠂
《ᠳᠤᠷᠠᠳᠬᠠᠯ》 ᠰᠠᠨᠠᠵᠤ ᠳᠤᠭᠤᠢᠯᠠᠵᠤ ᠵᠣᠭᠰᠣᠨ᠎ᠠ᠂
《ᠭᠠᠯᠠᠭᠤᠳ ᠤ᠋ᠨ ᠳᠠᠭᠤᠤ》 ᠲᠠᠢ ᠨᠤᠲᠤᠭᠰᠢᠵᠤ ᠵᠣᠭᠰᠣᠨ᠎ᠠ᠂
ᠭᠠᠵᠠᠷ ᠳᠡᠯᠡᠬᠡᠢ ᠬᠣᠶᠠᠷ ᠲᠤ᠌ ᠪᠠᠨ ᠦᠨᠳᠦᠰᠦ ᠭᠦᠨ ᠬᠠᠳᠬᠤᠵᠤ
ᠮᠥᠩᠬᠡᠳᠡ ᠬᠥᠬᠡᠷᠡᠬᠦ ᠦᠢᠯᠡᠰ ᠬᠤᠷᠤᠢᠯᠠᠵᠤ
ᠣᠮᠣᠭᠯᠠᠩ ᠣᠯᠵᠠ ᠲᠠᠢ ᠵᠣᠭᠰᠣᠵᠤ ᠲᠥᠷᠥᠭᠰᠡᠨ ᠶᠦᠮ ᠪᠠᠭᠰᠢ ᠬᠥᠮᠦᠨ!
ᠦᠰᠦᠭ ᠠᠮᠢᠯᠠᠭᠤᠯᠤᠭᠴᠢ᠄ ᠭᠡᠷᠡᠯᠴᠢᠯᠠᠭᠤ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠲᠣᠳᠤᠭᠡᠷᠡᠯ
