ᠲᠡᠭᠷᠢ ᠶ᠋ᠢᠨ ᠰᠦᠨᠡᠰᠦ ᠲᠡᠢ ᠪᠣᠰᠤᠭ᠎ᠠ ᠮᠣᠩᠭᠣᠯ ᠦᠰᠦᠭ ᠢ᠋ᠶ᠋ᠡᠨ ᠦᠷᠭᠦᠯᠵᠢ ᠪᠢᠴᠢᠶ᠎ᠡ-ᠪᠤᠤᠬᠢᠶ᠎ᠠ 20251213
1. ᠦᠵᠢᠶᠡᠳ᠂ ᠡᠷᠳᠡᠨᠢᠴᠡᠴᠡᠭ
ᠮᠣᠩᠭᠣᠯ ᠭᠡᠷ - ᠠᠷᠲᠠᠢ
ᠲᠣᠭᠠᠯᠠᠬᠤ ᠨᠠᠰᠤ ᠶ᠋ᠢ ᠨᠡᠮᠡᠵᠦ ᠲᠥᠭᠡᠯᠡᠬᠦ ᠪᠡᠶ᠎ᠡ ᠶ᠋ᠢ ᠬᠡᠮᠵᠢᠵᠦ
ᠲᠣᠲᠣᠭᠣᠨ ᠮᠣᠳᠣᠷ ᠢ᠋ᠶ᠋ᠠᠷ ᠠᠳᠢᠰᠯᠠᠭᠰᠠᠨ ᠲᠦᠪᠰᠢᠨ ᠴᠠᠭᠠᠨ ᠪᠣᠭᠳᠠ ᠪᠠᠢᠨᠠᠮ ᠲᠠ᠂
ᠬᠠᠨᠠᠨ ᠤ᠋ ᠤᠷᠠᠨ ᠰᠢᠯᠪᠢ ᠪᠡᠷ ᠭᠠᠵᠠᠷ ᠤ᠋ᠨ ᠰᠤᠳᠠᠯ ᠢ᠋ ᠪᠠᠷᠢᠭᠰᠠᠨ
ᠬᠠᠯᠠᠭᠤᠨ ᠬᠣᠰᠢᠭᠤᠲᠤ ᠮᠠᠯ ᠲᠠᠢ ᠭᠠᠩᠭᠠᠩ ᠲᠠᠯ᠎ᠠ ᠶ᠋ᠢᠨ ᠡᠮᠴᠢ ᠪᠠᠢᠨᠠᠮ ᠲᠠ᠂
ᠠᠷᠪᠠᠨ ᠲᠠᠪᠤᠨ ᠤ᠋ ᠰᠠᠷ᠎ᠠ ᠶ᠋ᠢ ᠴᠠᠢᠲᠠᠯ᠎ᠠ ᠬᠠᠶᠠᠭᠠᠨ ᠳ᠋ᠤ᠌ ᠪᠠᠨ ᠬᠣᠲᠠᠯᠠᠭᠰᠠᠨ
ᠠᠯᠲᠠᠢ ᠶ᠋ᠢᠨ ᠨᠠᠰᠤ ᠲᠠᠢ ᠬᠤᠷᠠᠭ ᠴᠠᠭᠠᠨ ᠪᠤᠭᠤᠷᠤᠯ ᠮᠠᠨᠠᠭᠠᠴᠢ ᠪᠠᠢᠨᠠᠮ ᠲᠠ
ᠲᠠᠯ᠎ᠠ ᠶ᠋ᠢᠨ ᠭᠤᠸ᠎ᠠ ᠳᠠᠭᠢᠨᠢ ᠲᠠᠶᠠᠭᠯᠠᠨ ᠡᠷᠦᠬᠡ ᠪᠡᠨ ᠰᠡᠬᠦᠵᠦ
ᠴᠡᠩᠭᠡᠯ ᠦ᠋ᠨ ᠮᠥᠩᠭᠥᠨ ᠬᠢᠭᠢᠯᠢ ᠪᠠᠢᠨᠠᠮ ᠲᠠ
ᠤᠷᠲᠤ ᠲᠡᠦᠬᠡ ᠶ᠋ᠢᠨ ᠡᠷᠭᠢᠯᠭᠡᠨ ᠳ᠋ᠦ᠍ ᠣᠭ᠌ᠶᠤ ᠲᠠᠩᠭᠢᠰ ᠤ᠋ᠨ ᠳᠠᠪᠠᠯᠭᠠᠨ ᠳ᠋ᠤ᠌
ᠤᠷᠤᠰᠬᠠᠯ ᠰᠥᠷᠦᠨ ᠳᠡᠪᠢᠯᠬᠢᠯᠡᠭᠰᠡᠨ ᠤᠯᠠᠭᠠᠨ ᠬᠠᠯᠵᠠᠨ ᠬᠤᠨ ᠪᠠᠢᠨᠠᠮ ᠲᠠ᠃
2. ᠵᠢᠩᠵᠢᠬᠤᠸᠠᠷ
ᠨᠠᠷᠠ᠂ ᠰᠠᠷ᠎ᠠ᠂ ᠣᠳᠣ ᠶ᠋ᠢ《ᠭᠠᠯᠪᠠ ᠶ᠋ᠢᠨ ᠭᠤᠷᠪᠠᠨ ᠵᠤᠯᠠ》᠃
ᠨᠠᠢᠵᠠ᠂ ᠨᠥᠬᠥᠷ᠂ ᠬᠠᠨᠢ ᠶ᠋ᠢ《ᠠᠮᠢᠳᠤᠷᠠᠯ ᠤ᠋ᠨ ᠭᠤᠷᠪᠠᠨ ᠲᠦᠰᠢᠭ》᠃
ᠪᠣᠷᠣᠭ᠎ᠠ᠂ ᠴᠠᠰᠤ᠂ ᠰᠢᠭᠦᠳᠡᠷᠢ ᠶ᠋ᠢ《ᠪᠠᠢᠭᠠᠯᠢ ᠶ᠋ᠢᠨ ᠭᠤᠷᠪᠠᠨ ᠷᠠᠰᠢᠶᠠᠨ》᠃
3. ᠭᠠᠸᠠ
ᠳᠤᠷᠠᠲᠠᠢ ᠶᠠᠭᠤᠮ᠎ᠠ ᠪᠠᠨ ᠣᠯᠵᠤ ᠦᠵᠡᠭᠰᠡᠨ ᠬᠥᠮᠦᠨ ᠵᠢᠷᠭᠠᠯᠲᠠᠢ ᠪᠠᠢᠳᠠᠭ᠃— ᠫᠷᠦᠰ
4. ᠪᠣᠷᠣᠨᠠ
ᠪᠠᠶᠠᠨ ᠪᠠᠷᠭᠤ ( ᠨᠢᠭᠡ )
ᠵᠣᠬᠢᠶᠠᠭᠴᠢ᠄ ᠴᠣ᠂ ᠳᠤᠭᠠᠷᠵᠠᠪ
ᠪᠠᠶᠠᠨ ᠭᠡᠳᠡᠭ ᠪᠡᠯᠭᠡᠲᠦ ᠦᠭᠡ ᠨᠤᠲᠤᠭ ᠲᠤ᠌ ᠮᠢᠨᠢ ᠵᠠᠶᠠᠭᠠᠭᠰᠠᠨ ᠬᠡᠰᠢᠭ
ᠪᠠᠷᠭᠤ ᠭᠡᠳᠡᠭ ᠢᠷᠠᠭᠤ ᠳᠠᠭᠤᠳᠠᠯᠭ᠎ᠠ ᠤᠳᠤᠮ ᠳ᠋ᠤ᠌ ᠮᠢᠨᠢ ᠬᠠᠢᠷᠠᠯᠠᠭᠰᠠᠨ ᠠᠯᠳᠠᠷ
ᠳᠡᠯᠡᠬᠡᠢ ᠳ᠋ᠦ᠍ ᠠᠯᠳᠠᠷᠲᠠᠢ ᠬᠥᠯᠥᠨ ᠪᠤᠢᠷ ᠳᠡᠯᠭᠡᠷ ᠪᠠᠶᠠᠨ ᠮᠣᠩᠭᠣᠯ ᠨᠤᠲᠤᠭ᠃
ᠳᠡᠭᠡᠳᠦᠰ ᠦ᠋ᠨ ᠦᠶ᠎ᠡ ᠡᠴᠡ ᠨᠤᠲᠤᠭᠯᠠᠵᠤ ᠢᠷᠡᠭᠰᠡᠨ ᠳ᠋ᠧᠪᠠᠵᠠᠨ ᠠᠳᠠᠯᠢ ᠠᠮᠤᠭᠤᠯᠠᠩ ᠣᠷᠣᠨ᠃
ᠮᠥᠩᠬᠡ ᠳᠠᠷᠬᠠᠯᠠᠭᠰᠠᠨ ᠬᠥᠬᠡ ᠲᠩᠷᠢ ᠬᠤᠷᠠᠭᠠᠨ ᠡᠭᠦᠯᠡᠨ ᠦ᠌ ᠠᠲᠠᠷ ᠪᠡᠯᠴᠢᠭᠡᠷ
ᠮᠥᠩᠭᠥᠨ ᠴᠠᠭᠠᠨ ᠡᠪᠦᠯ ᠦ᠋ᠨ ᠴᠠᠰᠤ ᠨᠢ ᠨᠣᠭᠣᠭᠠᠨ ᠲᠠᠯ᠎ᠠ ᠶ᠋ᠢᠨ ᠬᠦᠳᠦᠰᠦᠨ ᠥᠯᠥᠭᠡᠢ
ᠥᠭᠡᠳᠡᠩ ᠲᠣᠷᠭ᠎ᠠ ᠰᠢᠭ᠋ ᠬᠠᠨᠠᠭᠠᠷ ᠲᠠᠯ᠎ᠠ ᠥᠨᠢᠷ ᠰᠦᠷᠦᠭ ᠦ᠋ᠨ ᠦᠷᠡᠵᠢᠯ ᠦ᠋ᠨ ᠰᠢᠮ᠎ᠡ
ᠥᠭᠯᠢᠭᠡᠴᠢ ᠪᠠᠶᠠᠨ ᠮᠠᠯᠴᠢᠨ ᠪᠠᠷᠭᠤ ᠶ᠋ᠢᠨ ᠡᠭᠦᠷᠢᠳᠡ ᠣᠷᠣᠰᠢᠬᠤ ᠠᠯᠲᠠᠨ ᠥᠯᠥᠭᠡᠢ᠃
5. ᠭᠠᠹᠠᠯᠮ᠎ᠠ
ᠦᠭᠡ ᠬᠡᠯᠡ ᠮᠢᠨᠢ ᠬᠠᠮᠢᠭ᠎ᠠ ᠪᠠᠢᠪᠠᠯ ᠥᠯᠥᠭᠡᠢ ᠨᠤᠲᠤᠭ ᠮᠢᠨᠢ ᠲᠡᠨᠳᠡ ᠪᠣᠢ!
ᠦᠰᠦᠭ ᠪᠢᠴᠢᠭ ᠮᠢᠨᠢ ᠬᠠᠮᠢᠭ᠎ᠠ ᠪᠠᠢᠪᠠᠯ ᠦᠨᠳᠦᠰᠦ ᠬᠣᠢᠴᠢᠰ ᠮᠢᠨᠢ ᠲᠡᠨᠳᠡ ᠪᠣᠢ!
6. ᠠᠯᠲᠠᠨᠴᠢᠮᠡᠭ
ᠡᠵᠢ ᠶ᠋ᠢᠨ ᠬᠠᠢᠷ᠎ᠠ ᠡᠬᠡ ᠶ᠋ᠢᠨ ᠬᠠᠢᠷ᠎ᠠ ᠶ᠋ᠢ ᠲᠩᠷᠢ ᠭᠡᠪᠡᠯ ᠡᠨᠡ ᠬᠣᠷᠸ᠎ᠠ ᠠᠯᠠᠭᠠᠨ ᠴᠢᠨᠡᠭᠡᠨ ᠂
ᠠᠩᠭᠢᠷ ᠤᠭᠤᠷᠠᠭ ᠢ᠋ ᠲᠠᠩᠭᠢᠰ ᠭᠡᠪᠡᠯ ᠡᠩ ᠦᠭᠡᠢ ᠳᠠᠯᠠᠢ ᠱᠠᠯᠪᠠᠭ ᠤ᠋ᠨ ᠴᠢᠨᠡᠭᠡᠨ!
7. ᠰᠣᠨᠢᠨᠴᠡᠴᠡᠭ
ᠡᠨᠡ ᠤᠳᠠᠭᠠᠨ ᠤ᠋ ᠰᠢᠯᠤᠭᠤᠨ ᠪᠢᠴᠢᠭᠯᠡᠭᠦᠷ ᠦ᠋ᠨ ᠤᠷᠤᠯᠳᠤᠭᠠᠨ ᠳ᠋ᠤ᠌ ᠣᠷᠣᠯᠴᠠᠭᠠᠳ ᠥᠨᠳᠥᠷ ᠠᠮᠵᠢᠯᠲᠠ ᠳ᠋ᠤ᠌ ᠬᠦᠷᠦᠭᠰᠡᠨ ᠦᠭᠡᠢ ᠴᠦ᠍ ᠤᠷᠤᠯᠳᠤᠭᠠᠨ ᠳ᠋ᠤ᠌ ᠣᠷᠣᠯᠴᠠᠵᠤ ᠴᠢᠳᠠᠭᠰᠠᠨ ᠳ᠋ᠤ᠌ ᠪᠠᠨ ᠰᠡᠳᠬᠢᠯ ᠥᠨᠳᠥᠷ ᠪᠠᠢᠨ᠎ᠠ᠃ ᠪᠢᠳᠡ ᠮᠣᠩᠭᠣᠯ ᠢ᠋ᠶ᠋ᠠᠨ ᠭᠡᠰᠡᠨ ᠦᠨᠡᠨ ᠪᠣᠳᠣᠯ ᠰᠡᠳᠬᠢᠯ ᠲᠡᠢ ᠪᠣᠯ ᠦᠨᠡᠨᠴᠢ ᠤᠬᠠᠮᠰᠠᠷ ᠠ᠋ᠴᠠ ᠪᠠᠨ ᠮᠣᠩᠭᠣᠯ ᠦᠰᠦᠭ ᠢ᠋ᠶ᠋ᠡᠨ ᠲᠡᠷᠢᠭᠦᠨ ᠳ᠋ᠦ᠍ᠨᠢ ᠪᠢᠴᠢᠵᠦ ᠪᠠᠢᠶ᠎ᠠ!
8. ᠮᠡᠷᠬᠡᠨᠪᠢᠯᠢᠭ
ᠨᠤᠲᠤᠭ ᠡᠴᠡ ᠪᠡᠨ ᠭᠠᠷᠴᠤ ᠬᠥᠮᠦᠨ ᠦ᠌ ᠭᠠᠵᠠᠷ ᠬᠦᠴᠦ ᠶᠠᠪᠤᠨ᠎ᠠ ᠭᠡᠳᠡᠭ ᠬᠦᠴᠢᠷ ᠡᠴᠡ ᠬᠦᠴᠢᠷ᠂
ᠵᠣᠷᠢᠭᠤᠳᠠ ᠣᠴᠢᠭᠰᠠᠨ ᠭᠠᠵᠠᠷ ᠲᠤ᠌ ᠪᠠᠨ ᠳᠠᠰᠬᠤ ᠦᠭᠡᠢ ᠭᠡᠵᠦ ᠶᠠᠭᠠᠬᠢᠬᠤ ᠪᠣᠢ᠂
ᠰᠠᠷ᠎ᠠ ᠰᠢᠭ᠋ ᠬᠣᠯᠠ ᠶ᠋ᠢᠨ ᠨᠤᠲᠤᠭ ᠢ᠋ᠶ᠋ᠠᠨ ᠰᠠᠨᠠᠬᠤ ᠦᠭᠡᠢ ᠭᠡᠳ ᠶᠠᠭᠠᠬᠢᠬᠤᠪ ᠳᠠ!
9. ᠮᠥᠩᠭᠥᠨ
ᠬᠥᠬᠡᠷᠡᠬᠦ— ᠡᠪᠡᠰᠦ ᠬᠥᠬᠡᠷᠡᠬᠦ
ᠬᠥᠭᠡᠷᠦᠬᠦ — ᠪᠠᠶᠠᠷᠯᠠᠵᠤ ᠬᠥᠭᠡᠷᠦᠬᠦ
ᠬᠥᠭᠡᠷᠬᠦ— ᠰᠦ ᠬᠥᠭᠡᠷᠬᠦ
ᠮᠠᠨᠳᠠᠯ— ᠴᠡᠴᠡᠭ ᠦ᠋ᠨ ᠮᠠᠨᠳᠠᠯ
ᠮᠠᠨᠳᠤᠯ— ᠮᠠᠨᠳᠤᠯ ᠬᠥᠭᠵᠢᠯ
ᠬᠥᠬᠥᠭᠡ— ᠬᠥᠬᠥᠭᠡ ᠰᠢᠪᠠᠭᠤ
ᠬᠥᠬᠡᠭᠡ— ᠬᠥᠬᠡᠭᠡ ᠡᠪᠦᠯ
ᠳᠦᠷᠢ— ᠪᠠᠢᠳᠠᠯ ᠳᠦᠷᠢ
ᠲᠦᠷᠡᠢ — ᠭᠤᠲᠤᠯ ᠤ᠋ᠨ ᠲᠦᠷᠡᠢ
ᠡᠪᠦᠷ — ᠡᠪᠦᠷ ᠳᠤᠯᠠᠭᠠᠨ
ᠥᠪᠥᠷ — ᠠᠷᠤ ᠥᠪᠥᠷ
(ᠦᠭᠡᠰ ᠦ᠋ᠨ ᠰᠠᠩ) ᠭᠡᠬᠦ ᠨᠣᠮ
10. ᠨᠣᠷᠤᠮᠠ
ᠭᠤᠷᠪᠠᠨ ᠡᠷᠬᠢᠮ
ᠠᠵᠢᠯᠴᠢ ᠪᠣᠷᠣᠭᠵᠢᠭᠤᠨ ᠨᠢᠭᠡ ᠡᠷᠬᠢᠮ
ᠠᠯᠤᠰ ᠢ᠋ ᠪᠣᠳᠣᠬᠤ ᠨᠢᠭᠡ ᠡᠷᠬᠢᠮ
ᠠᠵᠢᠭᠯᠠᠵᠤ ᠪᠠᠢᠴᠠᠭᠠᠬᠤ ᠨᠢᠭᠡ ᠡᠷᠬᠢᠮ
11. ᠦᠵᠢᠶᠡᠳ ᠡᠷᠳᠡᠨᠢᠴᠡᠴᠡᠭ
ᠳᠡᠪᠡᠯ - ᠠᠷᠲᠠᠢ
ᠬᠥᠬᠡ ᠮᠠᠩᠬᠠᠨ ᠲᠩᠷᠢ ᠳ᠋ᠦ᠍ ᠪᠡᠨ ᠰᠠᠴᠤᠯᠢ ᠨᠢᠭᠡ ᠶ᠋ᠢ ᠡᠷᠭᠦᠵᠦ
ᠬᠥᠪᠥᠩᠲᠡᠢ ᠳᠡᠪᠡᠯ ᠢ᠋ᠶ᠋ᠡᠨ ᠨᠥᠮᠥᠷᠦᠭᠡᠳ ᠰᠢᠯᠦᠭ ᠨᠢᠭᠡ ᠶ᠋ᠢ ᠪᠢᠴᠢᠶᠦ
ᠳᠡᠪᠡᠯ ᠪᠣᠯ ᠲᠠᠩᠭᠢᠰ ᠤ᠋ᠨ ᠵᠦᠢᠳᠡᠰᠦ
ᠳᠡᠪᠡᠯ ᠪᠣᠯ ᠴᠢᠩᠭᠢᠰ ᠦ᠋ᠨ ᠳᠡᠭᠡᠳᠦᠰ
ᠳᠡᠪᠡᠯ ᠪᠣᠯ《 ᠨᠢᠭᠤᠴᠠ ᠲᠣᠪᠴᠢᠶᠠᠨ》 ᠤ᠋ ᠭᠠᠳᠠᠷ
ᠳᠡᠪᠡᠯ ᠪᠣᠯ ᠨᠢᠭᠤᠬᠤ ᠦᠭᠡᠢ ᠢᠯᠡ ᠨᠢᠭᠤᠴᠠ᠃
ᠤᠷᠭᠤᠬᠤ ᠨᠠᠷᠠᠨ ᠲᠠᠢ ᠠᠭᠰᠢᠭᠠᠮᠠᠯ ᠴᠡᠩᠬᠡᠷ ᠠᠭᠤᠯᠠ ᠪᠣᠯ ᠳᠡᠪᠡᠯ
ᠤᠶᠠᠩᠭ᠎ᠠ ᠪᠦᠰᠡᠯᠡᠭᠰᠡᠨ ᠦᠩᠰᠦᠮᠡᠯ ᠨᠣᠭᠣᠭᠠᠨ ᠲᠠᠯ᠎ᠠ ᠪᠣᠯ ᠳᠡᠪᠡᠯ
ᠤᠷᠢᠳᠤ ᠶ᠋ᠢᠨ ᠣᠨ ᠰᠠᠷ᠎ᠠ ᠶ᠋ᠢ ᠰᠢᠬᠢᠷ ᠰᠢᠭ ᠲᠦᠭᠡᠭᠡᠵᠦ ᠪᠠᠢᠭ᠎ᠠ ᠡᠨᠡ ᠡᠪᠦᠭᠡᠨ ᠪᠣᠯ ᠳᠡᠪᠡᠯ᠃
12. ᠨᠠᠮᠵᠢᠯ
ᠮᠠᠨ ᠤ᠋ ᠤᠯᠤᠰ ᠤ᠋ᠨ《 ᠦᠨᠳᠦᠰᠦᠨ ᠬᠠᠤᠯᠢ》 ᠶ᠋ᠢᠨ ᠳᠥᠷᠪᠡᠳᠦᠭᠡᠷ ᠵᠤᠷᠪᠤᠰ ᠲᠤ᠌᠄ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠡᠯ᠎ᠡ ᠦᠨᠳᠦᠰᠦᠲᠡᠨ ᠨᠦ᠍ᠭᠦᠳ ᠪᠦᠷ ᠡᠷᠬᠡ ᠲᠡᠭᠰᠢ ᠭᠡᠵᠦ ᠲᠣᠭᠲᠠᠭᠠᠭᠰᠠᠨ ᠪᠠᠢᠳᠠᠭ᠃
13.ᠪᠣᠷᠵᠢᠭᠢᠨ · ᠤᠷᠠᠨᠴᠡᠴᠡᠭ
ᠶᠢᠷᠲᠢᠨᠴᠦ ᠶ᠋ᠢᠨ ᠲᠤᠢᠯ ᠤ᠋ᠨ ᠦᠨᠡᠨ ᠪᠣᠯ ᠭᠠᠰᠢᠭᠤᠨ ᠪᠥᠭᠡᠳ ᠬᠠᠲᠠᠭᠤ᠃
ᠦᠨᠡᠨ ᠦᠭᠡ ᠭᠡᠳᠡᠭ ᠦᠬᠦᠯ ᠰᠢᠭ ᠬᠠᠲᠠᠭᠤ ᠪᠠᠢᠬᠤ ᠶᠣᠰᠣᠲᠠᠢ᠃
ᠪᠡᠶ᠎ᠡ ᠪᠡᠨ ᠳᠠᠰᠬᠠᠯᠵᠢᠭᠤᠯᠬᠤ ᠦᠭᠡᠢ ᠪᠣᠯ ᠮᠠᠬᠠᠪᠣᠳ ᠤ᠋ᠨ ᠲᠤᠷᠠᠭᠠᠯ ᠳ᠋ᠤ᠌ ᠣᠷᠣᠨ᠎ᠠ᠃
ᠲᠣᠯᠣᠭᠠᠢ ᠪᠠᠨ ᠳᠠᠰᠬᠠᠯᠵᠢᠭᠤᠯᠬᠤ ᠦᠭᠡᠢ ᠪᠣᠯ ᠪᠢᠯᠢᠭ ᠦ᠋ᠨ ᠲᠤᠷᠠᠭᠠᠯ ᠳ᠋ᠤ᠌ ᠣᠷᠣᠨ᠎ᠠ᠃
14. ᠮᠣᠩᠭᠣᠯ ᠰᠦᠨᠡᠰᠦ
ᠥᠪᠡᠷ ᠦ᠋ᠨ ᠬᠢ ᠪᠡᠷ ᠢ᠋ᠶ᠋ᠡᠨ ᠪᠠᠢᠵᠤ ᠴᠢᠳᠠᠨ᠎ᠠ ᠭᠡᠳᠡᠭ ᠶᠡᠬᠡ ᠠᠮᠠᠷᠬᠠᠨ ᠰᠢᠭ᠋ ᠴᠦ᠍ ᠵᠢᠪ ᠵᠢᠩᠬᠢᠨᠢ ᠥᠪᠡᠷ ᠦ᠋ᠨ ᠬᠢ ᠪᠡᠷ ᠪᠠᠢᠨ᠎ᠠ᠃ ᠭᠡᠳᠡᠭ ᠶᠡᠬᠡ ᠬᠦᠴᠦ ᠬᠥᠳᠡᠯᠮᠦᠷᠢ ᠵᠠᠷᠤᠴᠠᠭᠤᠯᠬᠤ ᠶᠤᠮ ᠪᠠᠢᠨ᠎ᠠ᠃
15. ᠬᠡᠷᠡᠢᠳ ᠨᠠᠷᠠᠰᠤ
ᠮᠣᠩᠭᠣᠯ ᠪᠣᠯ ᠲᠡᠭᠷᠢ ᠶ᠋ᠢᠨ ᠰᠦᠨᠡᠰᠦ ᠲᠡᠢ
ᠬᠢᠲᠠᠳ ᠲᠡᠨᠦᠭᠦᠯ ᠰᠦᠨᠡᠰᠦ ᠲᠡᠢ ᠭᠡᠳᠡᠭ᠃
16.ᠤᠤᠭᠠᠨᠵᠢᠳ
ᠳᠥᠷᠪᠡᠨ ᠠᠷᠢᠭᠤᠨ
ᠡᠨᠡᠷᠢᠯᠲᠦ ᠡᠵᠢ ᠶ᠋ᠢᠨ ᠰᠦ ᠨᠢᠭᠡ ᠠᠷᠢᠭᠤᠨ
ᠡᠴᠢᠭᠡ ᠬᠥᠮᠦᠨ ᠦ᠌ ᠰᠡᠳᠬᠢᠯ ᠨᠢᠭᠡ ᠠᠷᠢᠭᠤᠨ
ᠡᠷᠳᠡᠮᠲᠦ ᠪᠠᠭᠰᠢ ᠶ᠋ᠢᠨ ᠰᠤᠷᠭᠠᠯ ᠨᠢᠭᠡ ᠠᠷᠢᠭᠤᠨ
ᠡᠬᠡ ᠣᠷᠣᠨᠴᠢ ᠶ᠋ᠢᠨ ᠵᠢᠳᠬᠦᠯ ᠨᠢᠭᠡ ᠠᠷᠢᠭᠤᠨ᠃
17. ᠪᠠ᠊᠂ ᠲᠣᠭᠣᠰ
ᠨᠣᠮ ᠪᠣᠯᠪᠠᠰᠤ ᠡᠷᠳᠡᠨᠢᠲᠦ ᠡᠮ ᠪᠣᠯᠠᠢ᠂ ᠣᠯᠠᠨᠲᠠ ᠳᠠᠬᠢᠨ ᠳᠠᠪᠲᠠᠨ ᠤᠩᠰᠢᠪᠠᠰᠤ᠂ᠮᠤᠩᠬᠠᠭ ᠡᠪᠡᠳᠴᠢᠨ ᠢ᠋ ᠵᠠᠰᠠᠮᠤᠢ᠃
ᠬᠥᠳᠡᠯᠭᠡᠭᠡᠨ ᠪᠣᠯᠪᠠᠰᠤ ᠣᠶᠤᠨ ᠤᠬᠠᠭᠠᠨ ᠂ ᠪᠡᠶ᠎ᠡ ᠮᠠᠬᠠᠪᠣᠳ᠂ ᠰᠡᠳᠬᠢᠯ ᠰᠠᠨᠠᠭ᠎ᠠ ᠶ᠋ᠢ ᠠᠨᠠᠭᠠᠬᠤ ᠡᠷᠳᠡᠨᠢᠲᠦ ᠡᠮ ᠪᠣᠯᠠᠢ᠃
ᠨᠣᠮ ᠰᠤᠳᠤᠷ᠂ ᠲᠠᠷᠨᠢ ᠮᠠᠨᠢ ᠪᠣᠯᠪᠠᠰᠤ ᠴᠢᠨᠳᠠᠮᠤᠨᠢ ᠡᠷᠳᠡᠨᠢᠲᠦ ᠡᠮ ᠪᠣᠯᠠᠢ᠃
ᠦᠷᠭᠦᠯᠵᠢ ᠤᠩᠰᠢᠵᠤ ᠤᠷᠢᠵᠤ ᠪᠠᠢᠪᠠᠰᠤ᠂ᠠᠰᠢᠳᠠ ᠶ᠋ᠢᠨ ᠠᠮᠤᠷ ᠠᠮᠤᠭᠤᠯᠠᠩ ᠢ᠋ ᠣᠯᠵᠤ᠂ᠡᠪᠡᠳᠴᠢᠨ ᠵᠣᠪᠠᠯᠠᠩ ᠠ᠋ᠴᠠ ᠰᠠᠯᠵᠤ ᠴᠢᠳᠠᠮᠤᠢ᠃
ᠲᠠᠯᠠᠷᠬᠠᠯ ᠤ᠋ᠨ ᠰᠡᠳᠬᠢᠯ ᠪᠣᠯᠪᠠᠰᠤ ᠠᠯᠢᠪᠠ ᠶ᠋ᠢ ᠠᠨᠠᠭᠠᠬᠤ ᠲᠡᠭᠦᠰ ᠴᠢᠳᠠᠪᠤᠷᠢ ᠲᠠᠢ ᠡᠷᠳᠡᠨᠢᠲᠦ ᠡᠮ ᠪᠣᠯᠠᠢ᠃
ᠠᠮᠢᠳᠤᠷᠠᠯ ᠤ᠋ᠨ ᠮᠥᠴᠡ ᠪᠦᠬᠦᠨ ᠢ᠋ ᠲᠠᠯᠠᠷᠬᠠᠯ ᠢ᠋ᠶ᠋ᠠᠷ ᠰᠦᠯᠡᠵᠦ ᠴᠢᠳᠠᠪᠠᠰᠤ ᠡᠷᠡᠭᠦᠯ ᠪᠡᠶ᠎ᠡ ᠰᠠᠷᠠᠭᠤᠯ ᠤᠬᠠᠭᠠᠨ ᠲᠠᠢ ᠪᠣᠯᠵᠤ ᠴᠢᠳᠠᠮᠤᠢ᠃
18. ᠰᠣᠨᠢᠨᠴᠡᠴᠡᠭ ᠂
ᠬᠠᠯᠠᠭᠤᠨ ᠡᠯᠢᠭᠡᠨ ᠨᠤᠲᠤᠭ
ᠦᠭᠡ᠄ ᠵ᠊· ᠪᠠᠳᠠᠷᠠ ᠠᠶ᠎ᠠ᠄ ᠴ᠊· ᠨᠠᠮᠰᠠᠷᠠᠢᠵᠠᠪ
ᠡᠯᠢᠭᠡ ᠵᠢᠷᠦᠬᠡᠨ ᠡᠴᠡ ᠤᠶᠠᠭ᠎ᠠ ᠲᠠᠢ ᠡᠩᠬᠦᠷᠡᠢ ᠮᠣᠩᠭᠣᠯ ᠨᠤᠲᠤᠭ ᠮᠢᠨᠢ
ᠡᠴᠢᠭᠡ ᠡᠬᠡ ᠡᠴᠡ ᠵᠠᠶᠠᠭ᠎ᠠ ᠲᠠᠢ ᠡᠷᠳᠡᠨᠢ ᠶ᠋ᠢᠨ ᠠᠯᠲᠠᠨ ᠥᠯᠥᠭᠡᠢ ᠮᠢᠨᠢ᠃
ᠴᠡᠴᠡᠭ ᠦ᠋ᠨ ᠰᠢᠮ᠎ᠡ ᠶ᠋ᠢ ᠲᠡᠳᠬᠦᠭᠰᠡᠨ ᠴᠡᠩᠭᠡᠯ ᠦ᠋ᠨ ᠬᠠᠪᠤᠷ ᠠᠢᠯᠴᠢᠯᠠᠬᠤ ᠳ᠋ᠤ᠌
ᠮᠥᠷᠡᠨ ᠭᠣᠣᠯ ᠨᠢ ᠳᠠᠭᠤᠤ ᠪᠠᠨ ᠳᠠᠭᠤᠯᠠᠵᠤ ᠮᠥᠩᠭᠥᠨ ᠰᠠᠷᠢᠳᠠᠭ ᠨᠢ ᠮᠢᠰᠢᠶᠡᠳᠡᠭ ᠠ᠋᠃
ᠰᠡᠷᠢᠭᠦᠨ ᠰᠠᠯᠬᠢ ᠰᠡᠪᠰᠡᠭᠦᠯᠦᠨ ᠬᠠᠴᠠᠷ ᠨᠢᠭᠤᠷ ᠢ᠋ ᠦᠨᠦᠰᠦᠨ ᠪᠠᠢᠵᠤ
ᠰᠡᠳᠬᠢᠯ ᠳᠣᠲᠣᠷ᠎ᠠ ᠶ᠋ᠢ ᠠᠷᠢᠭᠤᠯᠠᠭᠰᠠᠨ ᠬᠠᠯᠠᠭᠤᠨ ᠡᠯᠢᠭᠡᠨ ᠨᠤᠲᠤᠭ ᠮᠢᠨᠢ᠃
19. ᠲᠡᠮᠦᠷᠭᠤᠤᠯᠲᠥ
ᠬᠥᠯ ᠳ᠋ᠦ᠍ ᠣᠷᠣᠬᠤ ᠳ᠋ᠤ᠌ ᠪᠠᠨ ᠤᠨᠠᠵᠤ ᠪᠣᠰᠤᠨ ᠮᠥᠷ ᠢ᠋ᠶ᠋ᠡᠨ ᠭᠠᠷᠭᠠᠵᠤ᠂
ᠬᠦᠢᠲᠡᠨ ᠪᠤᠯᠠᠭ ᠤ᠋ᠨ ᠤᠰᠤᠨ ᠠ᠋ᠴᠠ ᠨᠢ ᠰᠢᠲᠦ ᠪᠡᠨ ᠲᠠᠰᠢᠷᠠᠳᠠᠯᠠ ᠵᠠᠯᠭᠢᠯᠠᠵᠤ᠂
ᠲᠠᠯ᠎ᠠ ᠶ᠋ᠢᠨ ᠲᠣᠭᠣᠷᠤᠤ᠂ ᠨᠠᠭᠤᠷ ᠤ᠋ᠨ ᠠᠩᠭᠢᠷ ᠦᠷᠭᠦᠭᠡᠵᠦ
ᠳᠠᠭᠠᠨ᠎ᠠ ᠶ᠋ᠢᠨ ᠲᠣᠯᠣᠭᠠᠢ ᠴᠡᠴᠡᠭ ᠦ᠋ᠨ ᠳᠡᠯᠪᠢ ᠶ᠋ᠢ ᠲᠡᠭᠦᠵᠦ ᠶᠠᠪᠤᠭᠰᠠᠨ ᠪᠣᠯᠬᠤᠢ ᠭᠠᠵᠠᠷ ᠰᠢᠷᠣᠢ ᠳ᠋ᠤ᠌ ᠪᠠᠨ ᠬᠠᠢᠷᠠᠲᠠᠢ᠃
20. ᠵᠢᠷᠠᠨᠲᠠᠢ
ᠲᠣᠭᠠᠴᠢᠬᠤ ᠵᠣᠪᠠᠯᠠᠩ ᠢ ᠴᠢᠨᠢ ᠰᠣᠨᠣᠰᠳᠠᠭ
ᠨᠠᠢᠵᠠ ᠲᠠᠢ ᠪᠠᠢᠬᠤ ᠭᠡᠳᠡᠭ ᠠᠵᠠ ᠶᠤᠮ
ᠲᠤᠭᠤᠯᠬᠤ ᠵᠣᠪᠠᠯᠠᠩ ᠢ᠋ ᠴᠢᠨᠢ ᠬᠤᠪᠢᠶᠠᠯᠴᠠᠳᠠᠭ
ᠬᠠᠨᠢ ᠲᠠᠢ ᠪᠠᠢᠬᠤ ᠭᠡᠳᠡᠭ ᠵᠢᠷᠭᠠᠯ ᠶᠤᠮ᠃
21. ᠦᠵᠢᠶᠡᠳ ᠡᠷᠳᠡᠨᠢᠴᠡᠴᠡᠭ
ᠰᠠᠪᠠᠷ ᠣᠭᠣᠰᠣᠷ ᠢ᠋ ᠴᠢᠨᠢ ᠵᠦᠢᠷᠯᠡᠭᠡᠳ
ᠰᠠᠯᠠᠭ᠎ᠠ ᠵᠠᠮ ᠮᠢᠨᠢ ᠲᠥᠷᠥᠭᠰᠡᠨ ᠪᠠᠢᠵᠠᠢ᠃
ᠰᠠᠢᠬᠠᠨ ᠬᠡᠪᠢᠰ ᠢ᠋ ᠴᠢᠨᠢ ᠵᠣᠢᠭᠡᠳ
ᠰᠠᠷᠠᠭᠤᠯᠬᠠᠨ ᠲᠠᠯ᠎ᠠ ᠮᠢᠨᠢ ᠠᠯᠠᠭᠯᠠᠭᠰᠠᠨ ᠪᠠᠢᠵᠠᠢ᠃
ᠬᠤᠷᠠᠭᠤᠯ ᠤ᠋ᠨ ᠴᠢᠨᠢ ᠤᠲᠤᠭᠠᠨ ᠳ᠋ᠤ᠌ ᠤᠲᠤᠭᠳᠠᠭᠠᠳ
ᠬᠣᠷᠸ᠎ᠠ ᠶ᠋ᠢᠨ ᠵᠤᠯᠠᠢ ᠴᠡᠩᠬᠡᠷᠲᠦᠭᠰᠡᠨ ᠪᠠᠢᠵᠠᠢ
ᠬᠣᠢᠮᠣᠷ ᠤ᠋ᠨ ᠴᠢᠨᠢ ᠰᠦᠷ ᠲᠦ᠍ ᠳᠠᠷᠤᠭᠳᠠᠭᠠᠳ
ᠬᠣᠷᠮᠣᠢ ᠪᠠᠨ ᠵᠤᠳ ᠳᠡᠪᠢᠰᠳᠡᠭ ᠪᠠᠢᠵᠠᠢ᠃
ᠳᠡᠯᠡᠩᠲᠦ ᠶ᠋ᠢᠨ ᠰᠦ ᠪᠡᠷ ᠮᠢᠯᠢᠶᠠᠭᠳᠠᠵᠤ
ᠳᠡᠭᠡᠪᠦᠷ ᠲᠤᠭᠤᠷᠭ᠎ᠠ ᠴᠢᠨᠢ ᠭᠡᠢᠭᠰᠡᠨ ᠪᠠᠢᠵᠠᠢ
ᠳᠡᠨᠵᠢᠳᠦ ᠶ᠋ᠢᠨ ᠰᠢᠲᠦᠭᠡᠨ ᠪᠣᠯᠭᠠᠵᠤ
ᠳᠡᠯᠡᠬᠡᠢ ᠴᠢᠮ᠎ᠠ ᠶ᠋ᠢ ᠳᠠᠬᠢᠳᠠᠭ ᠪᠠᠢᠵᠠᠢ᠃
22. ᠰᠢᠨ ᠴᠦᠨ
ᠦᠭᠡ ᠬᠡᠯᠡ ᠮᠢᠨᠢ ᠬᠠᠮᠢᠭ᠎ᠠ ᠪᠠᠢᠪᠠᠯ
ᠥᠯᠥᠭᠡᠢ ᠨᠤᠲᠤᠭ ᠮᠢᠨᠢ ᠲᠡᠨᠳᠡ ᠪᠣᠢ
ᠦᠰᠦᠭ ᠪᠢᠴᠢᠭ ᠮᠢᠨᠢ ᠬᠠᠮᠢᠭ᠎ᠠ ᠪᠠᠢᠪᠠᠯ
ᠦᠨᠳᠦᠰᠦ ᠤᠭᠰᠠᠭ᠎ᠠ ᠮᠢᠨᠢ ᠲᠡᠨᠳᠡ ᠪᠣᠢ᠃
23. ᠭᠠᠸᠠ
ᠰᠠᠢᠨ ᠳ᠋ᠤ᠌ ᠨᠢᠭᠡ ᠮᠠᠭᠤ ᠪᠠᠢᠳᠠᠭ ᠰᠠᠷᠠᠨ ᠳ᠋ᠤ᠌ ᠨᠢᠭᠡ ᠲᠣᠯᠪᠣ ᠪᠠᠢᠳᠠᠭ— ᠣᠶᠤᠨ ᠪᠢᠴᠢᠭᠯᠡᠭᠦᠷ ᠦ᠋ᠨ ᠵᠦᠢᠷ ᠦᠭᠡ
24. ᠪᠣᠷᠵᠢᠭᠢᠨ · ᠤᠷᠠᠨᠴᠡᠴᠡᠭ
ᠬᠥᠮᠦᠨ ᠬᠥᠮᠦᠨ ᠡᠴᠡ ᠪᠡᠨ ᠬᠦᠰᠡᠳᠡᠭ ᠬᠠᠮᠤᠭ ᠤ᠋ᠨ ᠲᠣᠮᠣ ᠪᠡᠯᠡᠭ ᠪᠣᠯ ᠰᠡᠳᠬᠢᠯ᠂ ᠢᠲᠡᠭᠡᠯ᠂ ᠬᠠᠢᠷ᠎ᠠ ᠭᠤᠷᠪᠠ ᠪᠣᠯᠤᠨ᠎ᠠ᠃
25. ᠳᠠᠯᠠᠨᠲᠠᠢ
ᠰᠡᠳᠬᠢᠯ ᠡᠴᠡ ᠪᠡᠨ ᠬᠡᠷᠡᠯᠳᠦᠵᠦ ᠶᠠᠪᠤᠶ᠎ᠠ ᠲᠡᠢᠮᠦ ᠠ᠋᠂ ᠲᠠ ᠴᠢᠳᠠᠨ᠎ᠠ᠃
ᠪᠣᠳᠣᠯ ᠢ᠋ᠶ᠋ᠠᠷ ᠢ᠋ᠶ᠋ᠠᠨ ᠭᠡᠭᠡᠷᠡᠵᠦ ᠪᠠᠰᠠ ᠬᠡᠨ ᠪᠦᠬᠦᠨ ᠴᠢᠳᠠᠨ᠎ᠠ᠂
ᠪᠢᠳᠡ ᠵᠦᠭᠡᠷ ᠯᠡ ᠭᠡᠷᠡᠯᠲᠦᠵᠡᠢ᠂ ᠭᠡᠷᠡᠯ ᠢ᠋ᠶ᠋ᠡᠨ ᠲᠦᠭᠡᠭᠡ᠂ ᠲᠡᠢᠮᠦ ᠠ᠋
ᠭᠣᠶᠣ ᠣᠷᠴᠢᠯᠠᠩ ᠪᠢᠳᠡᠨ ᠢ᠋ ᠦᠷᠭᠦᠯᠵᠢ ᠬᠦᠯᠢᠶᠡᠵᠦ ᠪᠠᠢᠨ᠎ᠠ ᠭᠡᠳᠡᠭ ᠢ᠋ ᠰᠠᠨᠠᠭᠠᠷᠠᠢ!
26. ᠠᠯᠲᠠᠨᠴᠢᠮᠡᠭ
ᠮᠢᠨᠦ ᠮᠡᠳᠡᠬᠦ ᠪᠦᠬᠦᠨ ᠳᠡᠯᠭᠡᠷᠡᠵᠡᠢ
ᠮᠢᠨᠦ ᠮᠡᠳᠡᠬᠦ ᠦᠭᠡᠢ ᠪᠦᠬᠦᠨ ᠳᠡᠯᠭᠡᠷᠡᠵᠡᠢ
ᠭᠠᠭᠴᠠ ᠪᠢ ᠥᠲᠡᠯᠵᠦ ᠪᠠᠢᠭ᠎ᠠ ᠶ᠋ᠢ
ᠬᠡᠨ ᠴᠦ᠍ ᠮᠡᠳᠡᠬᠦ ᠦᠭᠡᠢ ᠥᠩᠭᠡᠷᠡᠵᠡᠢ᠃
ᠴᠠᠰᠤ ᠪᠠᠷ ᠬᠠᠨᠢᠯᠠᠭᠰᠠᠨ ᠬᠠᠢᠷ᠎ᠠ
ᠨᠠᠷᠠ ᠶ᠋ᠢ ᠦᠵᠡᠪᠡᠯ ᠤᠷᠤᠰᠤᠨ᠎ᠠ
ᠨᠠᠰᠤ ᠪᠠᠷ ᠬᠠᠨᠢᠯᠠᠭᠰᠠᠨ ᠬᠠᠢᠷ᠎ᠠ
ᠭᠠᠯ ᠢ᠋ᠶ᠋ᠠᠷ ᠰᠢᠷᠠᠭᠰᠠᠨ ᠴᠤ᠌ ᠵᠠᠩᠭᠠᠷ ᠃
27. ᠨᠠᠷᠠᠨᠲᠣᠭᠣᠰ
ᠨᠠᠢᠷ ᠬᠢᠪᠡᠯ ᠢᠷᠦᠭᠡᠳᠡᠭ ᠨᠠᠭᠠᠳᠤᠮ ᠪᠣᠯᠪᠠᠯ ᠣᠷᠣᠯᠳᠣᠳᠠᠭ
ᠨᠠᠰᠤ ᠠᠬᠢᠪᠠᠯ ᠲᠣᠮᠣᠭᠠᠵᠢᠳᠠᠭ ᠨᠠᠨᠳᠢᠨ ᠮᠣᠩᠭᠣᠯ ᠤᠬᠠᠭᠠᠨ᠃
28. ᠰᠢᠨ ᠴᠦᠨ
ᠥᠰᠬᠦ ᠡᠴᠡ ᠰᠤᠷᠤᠭᠰᠠᠨ ᠦᠨᠳᠦᠰᠦᠨ ᠬᠡᠯᠡ
ᠮᠠᠷᠲᠠᠵᠤ ᠪᠣᠯᠣᠰᠢ ᠦᠭᠡᠢ ᠰᠣᠶᠣᠯ
ᠦᠬᠦᠲᠡᠯ᠎ᠡ ᠣᠷᠣᠰᠢᠬᠤ ᠲᠥᠷᠥᠯᠬᠢ ᠨᠤᠲᠤᠭ
ᠰᠠᠯᠵᠤ ᠪᠣᠯᠣᠰᠢ ᠦᠭᠡᠢ ᠣᠷᠣᠨ
29. ᠨᠤᠮᠤᠴᠢᠨ ᠪᠢᠯᠢᠭ
ᠵᠣᠭᠣᠰ ᠢ᠋ ᠡᠭᠦᠷᠢᠳᠡ ᠣᠯᠤᠭᠠᠳ ᠪᠠᠷᠠᠬᠤ ᠦᠭᠡᠢ ᠶᠦᠮ᠃ ᠬᠠᠷᠢᠨ ᠠᠮᠢ ᠪᠣᠯ ᠬᠢᠵᠠᠭᠠᠷ ᠲᠠᠢ ᠪᠠᠢᠳᠠᠭ᠂ ᠠᠮᠢ ᠪᠠᠷ ᠢ᠋ᠶ᠋ᠠᠨ ᠵᠣᠭᠣᠰ ᠢ᠋ ᠰᠣᠯᠢᠵᠤ ᠪᠣᠯᠤᠨ᠎ᠠ᠂ ᠭᠡᠲᠡᠯ᠎ᠡ ᠵᠣᠭᠣᠰ ᠢ᠋ᠶ᠋ᠠᠷ ᠠᠮᠢ ᠶ᠋ᠢ ᠰᠣᠯᠢᠵᠤ ᠣᠯᠬᠤ ᠦᠭᠡᠢ ᠪᠠᠢᠳᠠᠭ᠂ ᠡᠢᠮᠦ ᠡᠴᠡ ᠵᠣᠭᠣᠰ ᠠᠷᠪᠢᠨ ᠪᠠᠭ᠎ᠠ ᠬᠠᠮᠢᠶ᠎ᠠ ᠦᠭᠡᠢ ᠵᠠᠷᠤᠭᠠᠳ ᠭᠦᠢᠴᠡᠪᠡᠯ ᠪᠣᠯᠴᠢᠬᠠᠨ᠎ᠠ ᠭᠡᠳᠡᠭ ᠢ᠋ ᠰᠠᠨᠠᠵᠤ ᠶᠠᠪᠤᠭᠠᠷᠠᠢ !
30. ᠤᠶᠤᠠᠭᠡᠷᠡᠯ
ᠪᠦᠬᠦ ᠶᠠᠭᠤᠮ᠎ᠠ ᠰᠠᠢᠬᠠᠨ ᠪᠣᠯᠤᠨ᠎ᠠ ᠂ ᠢᠨᠢᠶᠡᠬᠦ
31. ᠮᠥᠩᠭᠥᠨ
ᠵᠡᠭᠦᠨᠭᠠᠷ ᠤ᠋ᠨ ᠴᠡᠩᠬᠡᠷ ᠨᠤᠲᠤᠭ
ᠭ᠂ ᠴᠢᠩᠪᠠᠭᠠᠲᠤᠷ
ᠵᠡᠭᠦᠨᠭᠠᠷ ᠤ᠋ᠨ ᠴᠡᠩᠬᠡᠷ ᠨᠤᠲᠤᠭ ᠢ᠋ᠶ᠋ᠠᠷ
ᠵᠡᠭᠦᠳᠦᠨ ᠮᠡᠲᠦ ᠣᠨ ᠵᠢᠯ ᠤᠷᠤᠰᠤᠨ
ᠵᠢᠩ ᠦ᠋ᠨ ᠴᠤᠪᠤᠭ᠎ᠠ ᠰᠢᠭ᠋ ᠠᠭᠤᠯᠠᠰ ᠥᠷᠲᠡᠭᠡᠯᠡᠨ
《ᠵᠢᠩᠭᠠᠷ 》 ᠬᠠᠢᠯᠠᠬᠤ ᠮᠡᠲᠦ ᠰᠠᠯᠬᠢᠨ ᠬᠥᠭᠡᠮᠡᠢᠯᠡᠨᠡᠮ᠃
ᠡᠷᠲᠡᠨ ᠦ᠌ ᠬᠣᠲᠠ ᠶ᠋ᠢᠨ ᠪᠠᠭᠤᠷᠢᠨ ᠳᠡᠭᠡᠷ᠎ᠡ
ᠡᠯᠢᠭᠡ ᠡᠮᠲᠡᠷᠡᠨ ᠵᠣᠭᠰᠣᠬᠤᠢ ᠳ᠋ᠤ᠌
ᠰᠠᠢᠷ ᠤ᠋ᠨ ᠠᠭᠤᠯᠠ ᠶ᠋ᠢᠨ ᠰᠠᠯᠬᠢᠨ
ᠰᠡᠳᠬᠢᠯ ᠰᠡᠢᠴᠢᠨ ᠰᠠᠷᠴᠢᠭᠢᠨᠠᠨᠠᠮ!
ᠤᠤᠬᠠᠢ ᠳᠠᠭᠤᠯᠠᠭᠰᠠᠨ ᠪᠠᠭᠠᠲᠤᠳ ᠢ᠋ᠶ᠋ᠠᠨ
ᠦᠭᠡᠢᠯᠡᠨ ᠦᠭᠡᠢᠯᠡᠨ ᠰᠡᠭᠦᠷᠡᠰᠦᠯᠡᠬᠦᠢ ᠳ᠋ᠦ᠍
ᠬᠣᠪᠤᠭ ᠤ᠋ᠨ ᠭᠣᠣᠯ ᠤ᠋ᠨ ᠤᠰᠤᠨ
ᠬᠣᠶᠠᠷ ᠨᠢᠳᠦᠨ ᠡᠴᠡ ᠮᠢᠨᠢ ᠠᠰᠬᠠᠷᠠᠨᠠᠮ!
32. ᠰᠣᠨᠢᠨᠴᠡᠴᠡᠭ ᠂
ᠮᠢᠨᠦ ᠮᠣᠩᠭᠣᠯ ᠽᠠᠮᠪᠤᠯᠢᠩ
ᠪᠠᠲᠤᠲᠤᠭᠲᠠᠬᠤ
ᠲᠠᠨᠠᠨ ᠴᠠᠭᠠᠨ ᠭᠡᠷ ᠲᠡᠢ ᠮᠣᠩᠭᠣᠯ
ᠲᠠᠪᠤᠨ ᠬᠣᠰᠢᠭᠤ ᠮᠠᠯ ᠲᠠᠢ ᠮᠣᠩᠭᠣᠯ
ᠲᠠᠷᠠᠭ ᠠᠢᠷᠠᠭ ᠰᠦ ᠲᠡᠢ ᠮᠣᠩᠭᠣᠯ
ᠲᠠᠪᠢᠯᠠᠩ ᠵᠠᠶᠠᠭ᠎ᠠ ᠪᠠᠷ ᠠᠵᠠ ᠲᠠᠢ ᠮᠣᠩᠭᠣᠯ ᠠ᠋᠃
ᠠᠷᠢᠭᠤᠨ ᠴᠡᠪᠡᠷ ᠠᠭᠠᠷ ᠲᠠᠢ ᠮᠣᠩᠭᠣᠯ
ᠠᠯᠠᠭ ᠴᠡᠴᠡᠭ ᠦ᠋ᠨ ᠮᠢᠷᠠᠯᠵᠠᠭᠠᠨ ᠲᠠᠢ ᠮᠣᠩᠭᠣᠯ
ᠠᠳᠤᠭᠤ ᠮᠠᠯ ᠤ᠋ᠨ ᠪᠡᠯᠴᠢᠭᠡᠷ ᠲᠡᠢ ᠮᠣᠩᠭᠣᠯ
ᠠᠭᠯᠠᠭ ᠠᠭᠤᠯᠠ ᠲᠠᠯ᠎ᠠ ᠲᠠᠢ ᠮᠣᠩᠭᠣᠯ ᠠ᠋᠃
ᠤᠷᠲᠤ ᠶ᠋ᠢᠨ ᠳᠠᠭᠤᠤ ᠶ᠋ᠢᠨ ᠤᠳᠤᠮ ᠲᠠᠢ ᠮᠣᠩᠭᠣᠯ
ᠤᠷᠭᠠᠴᠢᠨ ᠡᠮᠨᠢᠭᠴᠢᠨ ᠪᠥᠬᠡᠴᠢᠳ ᠲᠡᠢ ᠮᠣᠩᠭᠣᠯ
ᠤᠰᠤᠨ ᠵᠢᠷᠣᠭ᠎ᠠ ᠮᠣᠷᠢᠳ ᠲᠠᠢ ᠮᠣᠩᠭᠣᠯ
ᠤᠯᠠᠮᠵᠢᠯᠠᠭᠰᠠᠨ ᠬᠥᠬᠡ ᠲᠤᠭ ᠲᠠᠢ ᠮᠣᠩᠭᠣᠯ ᠠ᠋᠃
33. ᠭᠠᠹᠠᠯᠮ᠎ᠠ
ᠳᠡᠯᠡᠬᠡᠢ ᠶ᠋ᠢ ᠪᠠᠷᠠᠯᠠᠬᠤ ᠭᠡᠭᠡᠨ ᠴᠣᠩᠬᠣ ᠪᠣᠯ ᠪᠢᠴᠢᠭ ᠡᠷᠳᠡᠮ
ᠳᠡᠭᠵᠢᠷᠡᠯ ᠢ᠋ ᠠᠪᠴᠢᠷᠠᠬᠤ ᠰᠠᠷᠠᠭᠤᠯ ᠵᠠᠮ ᠪᠣᠯ ᠮᠡᠷᠭᠡᠨ ᠪᠣᠳᠣᠯᠭ᠎ᠠ᠃
ᠨᠣᠮ ᠤ᠋ᠨ ᠡᠭᠦᠳᠡᠨ ᠡᠴᠡ ᠪᠢᠯᠢᠭ ᠦ᠋ᠨ ᠬᠤᠷ᠎ᠠ ᠪᠠᠭᠤᠨᠠᠮ
ᠪᠢᠴᠢᠭ ᠦ᠋ᠨ ᠰᠢᠭᠤᠢ ᠠ᠋ᠴᠠ ᠣᠶᠤᠨ ᠤ᠋ ᠯᠢᠩᠬᠤ᠎ᠠ ᠳᠡᠯᠭᠡᠷᠡᠨᠡᠮ᠃
ᠡᠴᠢᠭᠡ ᠡᠬᠡ ᠪᠡᠨ ᠠᠴᠢᠯᠠᠵᠤ ᠶᠠᠪᠤᠬᠤ ᠵᠠᠯᠠᠭᠤᠰ ᠰᠠᠢᠬᠠᠨ
ᠡᠷᠳᠡᠮ ᠮᠡᠳᠡᠯᠭᠡ ᠶ᠋ᠢ ᠰᠤᠷᠴᠤ ᠰᠤᠳᠤᠯᠬᠤ ᠣᠶᠤᠲᠠᠨ ᠰᠠᠢᠬᠠᠨ᠃
34. ᠤᠤᠭᠠᠨᠵᠢᠳ
ᠮᠢᠨᠦ ᠨᠤᠲᠤᠭ
ᠮᠠᠩᠨᠤᠭ ᠲᠠᠯ᠎ᠠ ᠷᠠᠰᠢᠶᠠᠨ ᠪᠤᠯᠠᠭ
ᠮᠠᠯ ᠰᠦᠷᠦᠭ ᠮᠣᠩᠭᠣᠯ ᠠᠮᠢᠳᠤᠷᠠᠯ
ᠲᠡᠦᠬᠡ ᠳᠣᠮᠣᠭ ᠲᠦᠮᠡᠨ ᠠᠮᠢᠲᠠᠨ
ᠲᠡᠭᠦᠯᠳᠡᠷ ᠶᠡᠬᠡ ᠲᠠᠬᠢᠯᠭ᠎ᠠ ᠳᠠᠭᠠᠳᠬᠠᠯ ᠲᠠᠢ
ᠡᠨᠡ ᠪᠣᠯ ᠮᠢᠨᠦ ᠤᠨᠠᠭᠰᠠᠨ ᠰᠢᠷᠣᠢ
ᠡᠵᠢ ᠶ᠋ᠢᠨ ᠨᠤᠲᠤᠭ ᠰᠠᠢᠬᠠᠨ ᠭᠠᠵᠠᠷ
ᠡᠨᠡ ᠪᠣᠯ ᠮᠢᠨᠦ ᠲᠥᠷᠥᠭᠰᠡᠨ ᠥᠯᠥᠭᠡᠢ
ᠠᠪᠤ ᠶ᠋ᠢᠨ ᠨᠤᠲᠤᠭ ᠠᠰᠢᠳᠠ ᠶ᠋ᠢᠨ ᠣᠷᠣᠨ᠃
35. ᠮᠡᠷᠭᠡᠨᠪᠢᠯᠢᠭ
ᠡᠬᠡ ᠬᠡᠯᠡ ᠲᠡᠢ ᠪᠣᠯᠬᠣᠷ ᠡᠯᠢᠭᠡ ᠪᠦᠲᠦᠨ ᠪᠠᠢᠳᠠᠭ
ᠦᠰᠦᠭ ᠪᠢᠴᠢᠭ ᠲᠡᠢ ᠪᠣᠯᠬᠣᠷ ᠦᠨᠳᠦᠰᠦᠲᠡᠨ ᠪᠦᠲᠦᠨ ᠪᠠᠢᠳᠠᠭ᠃
36. ᠦᠵᠢᠶᠡᠳ ᠂ ᠡᠷᠳᠡᠨᠢᠴᠡᠴᠡᠭ
ᠤᠭᠰᠠᠷᠠᠵᠤ ᠬᠦᠷᠢᠶᠡᠯᠡᠭᠰᠡᠨ ᠬᠠᠨ᠎ᠠ ᠠᠴᠠ ᠴᠢᠨᠢ
ᠤᠬᠤᠴᠢᠯᠠᠵᠤ ᠰᠠᠢᠬᠠᠨ ᠠᠰᠠᠭᠤᠪᠠᠯ
ᠠᠭᠤᠳᠠᠮ ᠰᠠᠨᠰᠠᠷ ᠤ᠋ᠨ ᠬᠠᠶᠠᠭᠠᠨ ᠳ᠋ᠤ᠌
ᠤᠬᠠᠭᠠᠨ ᠳᠠᠯ᠎ᠠ ᠭᠡᠵᠦ ᠬᠠᠷᠢᠭᠤᠯᠤᠯ᠎ᠠ᠃
ᠲᠣᠭᠣᠷᠢᠭᠯᠠᠵᠤ ᠥᠭᠰᠥᠭᠰᠡᠨ ᠣᠨᠢ ᠶ᠋ᠢ ᠴᠢᠨᠢ
ᠲᠣᠭᠣᠷᠢᠭᠤᠯᠵᠤ ᠨᠠᠷᠢᠨ ᠠᠵᠢᠪᠠᠯ
ᠲᠣᠭᠣᠨᠣᠨ ᠬᠦᠷᠳᠦᠨ ᠨᠠᠷᠠᠨ ᠳ᠋ᠤ᠌
ᠳᠣᠪᠲᠣᠯᠵᠤ ᠬᠥᠷ ᠭᠡᠵᠦ ᠪᠢᠴᠢᠯ᠎ᠡ᠃
37. ᠭᠠᠹᠠᠯᠮ᠎ᠠ
ᠮᠥᠩᠬᠡ ᠲᠩᠷᠢ ᠶ᠋ᠢᠨ ᠳᠣᠣᠷ᠎ᠠ ᠮᠣᠩᠭᠣᠯ ᠳᠤᠭᠤᠷᠠᠭᠳᠠᠨ ᠠᠮᠤᠭᠤᠯᠠᠩ᠂
ᠮᠣᠩᠭᠣᠯ ᠤ᠋ᠨ ᠰᠠᠢᠬᠠᠨ ᠣᠷᠣᠨ ᠳ᠋ᠤ᠌ ᠪᠠᠨ ᠮᠣᠷᠢᠲᠠᠨ ᠦᠨᠳᠦᠰᠦᠲᠡᠨ ᠠᠮᠤᠭᠤᠯᠠᠩ᠃
38. ᠠ᠊· ᠰᠠᠷᠠᠨᠭᠡᠷᠡᠯ
ᠬᠠᠳᠠᠨ ᠳᠡᠭᠡᠷ᠎ᠡ ᠪᠢᠴᠢᠵᠦ ᠬᠠᠳᠠᠭᠠᠯᠠᠭᠳᠠᠭᠰᠠᠨ ᠬᠠᠭᠠᠨ ᠤ᠋ ᠪᠢᠴᠢᠭᠡᠰᠦ ᠮᠣᠩᠭᠣᠯ ᠦᠰᠦᠭ
ᠬᠠᠮᠤᠭ ᠣᠯᠠᠨ ᠮᠣᠩᠭᠣᠯᠴᠤᠳ ᠤ᠋ᠨ ᠬᠠᠢᠷᠠᠯᠠᠵᠤ ᠬᠠᠮᠠᠭᠠᠯᠠᠬᠤ ᠬᠠᠮᠲᠤ ᠶ᠋ᠢᠨ ᠥᠪ᠃
39. ᠵᠢᠩᠵᠢᠬᠤᠸᠠᠷ
ᠡᠩᠬᠡ ᠲᠠᠢᠪᠤᠩ ᠡᠷᠬᠢᠮ ᠵᠢᠷᠭᠠᠯ᠂ᠡᠷᠬᠡ ᠴᠢᠯᠥᠭᠡ ᠮᠠᠩᠯᠠᠢ ᠵᠢᠷᠭᠠᠯ᠃
ᠡᠮᠨᠢᠭ ᠮᠣᠷᠢ ᠡᠵᠡᠨ ᠳ᠋ᠡᠭᠡᠨ ᠬᠠᠯᠠ ᠲᠠᠢ᠂ᠡᠭᠡᠳᠡᠭᠦᠦ ᠰᠠᠨᠠᠭ᠎ᠠ ᠪᠡᠶ᠎ᠡ ᠳ᠋ᠦ᠍ ᠬᠠᠯᠠ ᠲᠠᠢ᠃
ᠠᠭᠤᠯᠵᠠᠬᠤ ᠠ᠋ᠴᠠ ᠡᠮᠦᠨ᠎ᠡ ᠂ᠠᠭᠤᠯᠠ ᠶ᠋ᠢᠨ ᠬᠣᠶᠠᠷ ᠭᠥᠷᠥᠭᠡᠰᠦ᠃
ᠠᠭᠤᠯᠵᠠᠭᠰᠠᠨ ᠤ᠋ ᠳᠠᠷᠠᠭ᠎ᠠ ᠂ᠠᠭᠤᠰᠬᠢ ᠶ᠋ᠢᠨ ᠬᠣᠶᠠᠷ ᠰᠤᠳᠠᠰᠤ᠃
40. ᠭᠡᠭᠡ
ᠰᠤᠷᠭᠠᠨ ᠬᠥᠮᠦᠵᠢᠯ ᠳ᠋ᠦ᠍ ᠠᠷᠠᠳᠴᠢᠯᠠᠭᠰᠠᠨ ᠦᠵᠡᠯ᠂ ᠡᠷᠬᠡ ᠲᠡᠭᠰᠢ ᠶ᠋ᠢᠨ ᠦᠵᠡᠯ ᠢ᠋ ᠢᠯᠡᠭᠦᠬᠡᠨ ᠨᠡᠪᠴᠢᠭᠦᠯᠪᠡᠯ ᠶᠠᠮᠠᠷ ᠰᠠᠢᠬᠠᠨ ᠪᠣᠯ᠁᠁
41. ᠨᠣᠷᠤᠮᠠ
ᠮᠠᠭᠤ ᠰᠠᠨᠠᠭᠠᠲᠤ ᠴᠢᠬᠢ ᠳᠦᠯᠢ
ᠰᠠᠢᠨ ᠰᠠᠨᠠᠭᠠᠲᠤ ᠨᠢᠳᠦ ᠬᠤᠷᠴᠠ᠃
42. ᠦᠵᠢᠶᠡᠳ ᠡᠷᠳᠡᠨᠢᠴᠡᠴᠡᠭ
ᠥᠨᠥᠴᠢᠨ ᠴᠠᠭᠠᠨ ᠪᠣᠲᠣᠭᠣ ᠥᠯᠥᠰᠬᠦ ᠶ᠋ᠢᠨ ᠡᠷᠬᠡ ᠪᠡᠷ ᠪᠣᠢᠯᠠᠨ᠎ᠠ
ᠦᠯᠦ ᠬᠠᠯᠵᠠᠨ ᠡᠵᠢ ᠪᠡᠨ ᠰᠠᠨᠠᠬᠤ ᠶ᠋ᠢᠨ ᠤᠴᠢᠷ ᠪᠣᠢᠯᠠᠨ᠎ᠠ᠃
ᠬᠤᠯᠤᠰᠤᠨ ᠤ᠋ ᠮᠥᠴᠢᠷ ᠢ᠋ ᠬᠡᠮᠡᠯᠢᠨ ᠬᠡᠮᠡᠯᠢᠨ ᠪᠣᠢᠯᠠᠨ᠎ᠠ
ᠬᠤᠷᠤᠭᠤ ᠴᠢᠨᠡᠭᠡ ᠮᠥᠮᠥ ᠪᠡᠨ ᠦᠭᠡᠢᠯᠡᠬᠦ ᠶ᠋ᠢᠨ ᠡᠷᠬᠡ ᠪᠡᠷ ᠪᠤᠢᠯᠠᠨ᠎ᠠ᠃
ᠳᠡᠷᠡᠰᠦᠨ ᠦ᠌ ᠨᠠᠮᠠᠭ᠎ᠠ ᠶ᠋ᠢ ᠬᠡᠮᠡᠯᠢᠨ ᠬᠡᠮᠡᠯᠢᠨ ᠪᠣᠢᠯᠠᠨ᠎ᠠ
ᠳᠡᠯᠡᠩᠲᠦ ᠡᠵᠢ ᠪᠡᠨ ᠰᠠᠨᠠᠬᠤ ᠶ᠋ᠢᠨ ᠶᠡᠬᠡ ᠳ᠋ᠦ᠍ ᠪᠣᠢᠯᠠᠨ᠎ᠠ᠃
ᠠᠪᠤ ᠲᠠᠢ ᠪᠠᠨ ᠪᠣᠲᠣᠭᠣ ᠨᠢ ᠠᠪᠤ ᠪᠠᠨ ᠳᠠᠭᠠᠭᠠᠳ ᠲᠣᠭᠯᠠᠨ᠎ᠠ
ᠠᠪᠤ ᠦᠭᠡᠢ ᠪᠣᠲᠣᠭᠣ ᠨᠢ ᠠᠷᠤ ᠪᠠᠷ ᠲᠡᠨᠦᠭᠡᠳ ᠪᠤᠢᠯᠠᠨ᠎ᠠ᠃
ᠡᠵᠢ ᠲᠡᠢ ᠪᠡᠨ ᠪᠣᠲᠣᠭᠣ ᠨᠢ ᠡᠵᠢ ᠪᠡᠨ ᠳᠠᠭᠠᠭᠠᠳ ᠪᠤᠢᠯᠠᠨ᠎ᠠ
ᠡᠵᠢ ᠦᠭᠡᠢ ᠪᠣᠲᠣᠭᠣ ᠨᠢ ᠡᠷᠭᠢ ᠪᠡᠷ ᠲᠡᠨᠦᠭᠡᠳ ᠪᠤᠢᠯᠠᠨ᠎ᠠ᠃
ᠡᠪᠦᠳᠦᠭ ᠦ᠋ᠨ ᠮᠢᠨᠢ ᠵᠣᠭᠳᠣᠷ ᠤᠷᠭᠤᠭᠰᠠᠨ ᠴᠤ᠌ ᠪᠣᠯᠤᠭᠠᠰᠠᠢ
ᠥᠪᠥᠢ ᠬᠠᠩᠭᠠᠢ ᠶ᠋ᠢ ᠳᠠᠪᠠᠭᠠᠳ ᠡᠵᠢ ᠳ᠋ᠡᠭᠡᠨ ᠳᠡᠪᠡᠷᠡᠭᠡᠳ ᠣᠴᠢᠬᠤ ᠶᠤᠮᠰᠠᠨ᠃
ᠰᠢᠯᠢ ᠶ᠋ᠢᠨ ᠮᠢᠨᠢ ᠵᠣᠭᠳᠣᠷ ᠤᠷᠭᠤᠭᠰᠠᠨ ᠴᠤ᠌ ᠪᠣᠯᠤᠭᠠᠰᠠᠢ ᠳᠠ
ᠰᠢᠯᠢ ᠶ᠋ᠢᠨ ᠬᠠᠩᠭᠠᠢ ᠶ᠋ᠢ ᠳᠠᠪᠠᠭᠠᠳ ᠡᠵᠢ ᠳ᠋ᠡᠭᠡᠨ ᠭᠦᠶᠦᠭᠡᠳ ᠬᠦᠷᠬᠦ ᠶᠤᠮᠰᠠᠨ᠃
ᠵᠣ ᠪᠠᠷ ᠳᠦᠭᠦᠷᠡᠩ ᠵᠠᠭᠤᠨ ᠣᠯᠠᠨ ᠲᠡᠮᠡᠭᠡᠨ ᠡᠴᠡ
ᠵᠠᠭᠤᠬᠠᠨ ᠯᠠᠩ ᠤ᠋ᠨ ᠦᠨᠡᠲᠡᠢ ᠮᠢᠨᠦ ᠡᠵᠢ ᠬᠠᠮᠢᠭ᠎ᠠ ᠡᠴᠢᠪᠡ᠃
ᠲᠠᠰᠢᠭᠤ ᠪᠠᠷ ᠳᠦᠭᠦᠷᠡᠩ ᠲᠠᠪᠢᠨ ᠤᠯᠠᠭᠠᠨ ᠲᠡᠮᠡᠭᠡᠨ ᠡᠴᠡ
ᠲᠠᠪᠢᠬᠠᠨ ᠯᠠᠩ ᠤ᠋ᠨ ᠦᠨᠡᠲᠡᠢ ᠮᠢᠨᠦ ᠡᠵᠢ ᠬᠠᠮᠢᠭ᠎ᠠ ᠡᠴᠢᠪᠡ᠃
ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠳᠡᠭᠡᠵᠢ ᠪᠢᠴᠢᠭ ᠡᠴᠡ ᠬᠠᠭᠤᠯᠵᠤ ᠪᠠᠷᠠᠪᠠ᠃
43. ᠭᠠᠯᠵᠤᠳ ᠣᠶᠤᠨ
ᠵᠦᠢᠷ ᠰᠡᠴᠡᠨ ᠦᠭᠡ
ᠭᠠᠷᠤᠳᠢ ᠶ᠋ᠢᠨ ᠰᠢᠭᠦᠷᠡᠯᠲᠡ᠂ᠱᠠᠭᠠᠵᠠᠭᠠᠢ ᠳ᠋ᠤ᠌ ᠲᠠᠭᠠᠷᠠᠬᠤ ᠦᠭᠡᠢ᠃
ᠠᠷᠢᠬᠢ ᠠᠷᠪᠠᠨ ᠬᠠᠵᠠᠭᠠᠢ᠂ᠲᠠᠮᠠᠬᠢ ᠲᠠᠪᠤᠨ ᠬᠠᠵᠠᠭᠠᠢ᠃
ᠠᠬ᠎ᠠ ᠶ᠋ᠢᠨ ᠬᠡᠰᠢᠭ᠂ ᠳᠡᠭᠦᠦ ᠳ᠋ᠦ᠍ ᠣᠯᠳᠠᠬᠤ ᠦᠭᠡᠢ᠃
ᠳᠡᠭᠦᠦ ᠶ᠋ᠢᠨ ᠬᠡᠰᠢᠭ᠂ᠠᠬ᠎ᠠ ᠳ᠋ᠤ᠌ ᠣᠯᠳᠠᠬᠤ ᠦᠭᠡᠢ᠃
ᠠᠴᠠ ᠮᠣᠳᠣ ᠪᠦᠷᠢ᠂ᠡᠮᠡᠭᠡᠯ ᠪᠣᠯᠳᠠᠭ ᠦᠭᠡᠢ᠃
ᠠᠷᠠᠳ ᠬᠥᠮᠦᠨ ᠪᠦᠷᠢ᠂ᠨᠣᠶᠠᠨ ᠪᠣᠯᠳᠠᠭ ᠦᠭᠡᠢ᠃
44. ᠴᠡᠴᠡᠭ
ᠠᠮᠢᠨ ᠬᠡᠯᠡᠨ ᠦ᠌ ᠡᠳᠦᠷ ᠲᠣᠬᠢᠶᠠᠵᠤ ᠪᠠᠢᠨ᠎ᠠ᠃ ᠡᠬᠡ ᠬᠡᠯᠡ ᠮᠢᠨᠢ ᠮᠠᠨᠳᠤᠲᠤᠭᠠᠢ!
ᠰᠦᠨ ᠰᠠᠴᠤᠯᠢ ᠠ ᠬᠣᠯᠪᠣᠭᠠᠨ ᠨᠠᠢᠵᠠ ᠨᠠᠷ ᠠ᠋ᠴᠠ᠃ ᠤᠤᠭᠠᠨᠵᠢᠳ ᠬᠢᠨᠠᠪᠠ
