ᠳᠠᠮᠠᠷᠤ ᠬᠠᠳᠠ -ᠴᠠᠭᠠᠨᠪᠠᠷᠰDamar khad-TsagaanbarДамар хад-Цагаанбар
ᠳᠠᠮᠠᠷᠤ ᠬᠠᠳᠠ
ᠴᠠᠭᠠᠨᠪᠠᠷᠰ ᠳᠠᠭᠤᠯᠠᠪᠠ
ᠬᠣᠷᠴᠢᠨ ᠠᠷᠠᠳ ᠤ᠋ᠨ ᠳᠠᠭᠤᠤ
ᠲᠠᠯ᠎ᠠ ᠶ᠋ᠢᠨ ᠲᠠᠯ᠎ᠠ ᠠ᠋ᠴᠠ ᠪᠠᠨ ᠲᠦᠰᠢᠭ ᠲᠡᠢ ᠠ ᠬᠠ ᠬᠦᠢ
ᠲᠠᠭᠲᠠᠭᠠᠨ ᠥᠩᠭᠡ ᠲᠡᠢ ᠬᠠᠨ ᠠᠭᠤᠯᠠ ᠠ᠋ ᠬᠦᠢ
ᠲᠠᠪᠤᠨ ᠬᠡᠯᠡ ᠪᠡᠷ ᠳᠣᠩᠭᠣᠳᠬᠤ ᠠ᠋ᠴᠠ ᠠ ᠬᠠ ᠬᠦᠢ
ᠮᠠᠨ ᠤ᠋ ᠪᠠᠭᠠᠷᠢᠨ ᠤ᠋ ᠰᠢᠪᠠᠭᠤ ᠤᠤ ᠬᠦᠢ
ᠡᠩᠭᠡᠷ ᠦ᠋ᠨ ᠲᠠᠯ᠎ᠠ ᠳ᠋ᠤ᠌ ᠪᠠᠨ ᠡᠯᠡᠰᠦ ᠲᠡᠢ ᠠ ᠬᠠ ᠬᠦᠢ
ᠡᠯᠢᠶ᠎ᠡ ᠶ᠋ᠢᠨ ᠥᠩᠭᠡ ᠲᠡᠢ ᠬᠠᠨ ᠠᠭᠤᠯᠠ ᠠ᠋ ᠬᠦᠢ
ᠶᠢᠰᠦᠨ ᠬᠡᠯᠡ ᠪᠡᠷ ᠳᠣᠩᠭᠣᠳᠬᠤ ᠠ᠋ᠴᠠ ᠠ ᠬᠠ ᠬᠦᠢ
ᠮᠠᠨ ᠤ᠋ ᠪᠠᠭᠠᠷᠢᠨ ᠤ᠋ ᠰᠢᠪᠠᠭᠤ ᠤᠤ ᠬᠦᠢ
ᠵᠢᠷᠭᠤᠭᠠᠨ ᠬᠠᠨ᠎ᠠ ᠲᠠᠢ ᠭᠡᠷ ᠮᠢᠨᠢ ᠠ᠋ ᠠ ᠬᠠ ᠬᠦᠢ
ᠵᠦᠰᠡ ᠪᠣᠷᠣᠭᠠᠨ ᠳ᠋ᠤ᠌ ᠪᠠᠨ ᠦᠵᠢᠷᠡᠯᠡ ᠶᠠ ᠬᠦᠢ
ᠵᠢᠷᠭᠤᠭ᠎ᠠ ᠳᠣᠯᠣᠭᠠᠨ ᠢᠨᠵᠢ ᠠ᠋ ᠠ ᠬᠠ ᠬᠦᠢ
ᠬᠥᠮᠦᠨ ᠦ᠌ ᠭᠠᠵᠠᠷ ᠲᠤ᠌ ᠬᠣᠴᠣᠷᠤᠭᠠᠳ ᠰᠠᠭᠤᠯ᠎ᠠ ᠶᠠ ᠬᠦᠢ
ᠨᠠᠢ᠍ᠮᠠᠨ ᠬᠠᠨ᠎ᠠ ᠲᠠᠢ ᠭᠡᠷ ᠮᠢᠨᠢ ᠠ᠋ ᠠ ᠬᠠ ᠬᠦᠢ
ᠨᠠᠷᠢᠨ ᠪᠣᠷᠣᠭᠠᠨ ᠳ᠋ᠤ᠌ ᠪᠠᠨ ᠦᠵᠢᠷᠡᠯᠡ ᠶᠠ ᠬᠦᠢ
ᠨᠠᠢ᠍ᠮᠠ ᠶᠢᠰᠦᠨ ᠢᠨᠵᠢ ᠨᠥᠬᠥᠳ ᠴᠢᠨᠢ ᠠ ᠬᠠ ᠬᠦᠢ
ᠬᠥᠮᠦᠨ ᠦ᠌ ᠭᠠᠵᠠᠷ ᠲᠤ᠌ ᠬᠣᠴᠣᠷᠤᠭᠠᠳ ᠰᠠᠭᠤᠯ᠎ᠠ ᠶᠠ ᠬᠦᠢ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠬᠢᠨᠠᠭᠴᠢ ᠄ ᠴᠢᠨᠳᠠᠮᠤᠨᠢ
