ᠵᠠᠭᠠᠨ ᠤ᠋ ᠠᠷᠠᠰᠤZaany arisЗааны арьс
ᠵᠠᠭᠠᠨ ᠤ᠋ ᠠᠷᠠᠰᠤ
ᠲᠤᠰ ᠡᠮ ᠪᠣᠯ ᠵᠠᠭᠠᠨ ᠤ᠋ ᠢᠵᠠᠭᠤᠷ ᠤ᠋ᠨ ᠠᠮᠢᠲᠠᠨ ᠪᠣᠯᠬᠤ ᠠᠽᠢᠶ᠎ᠠ ᠶ᠋ᠢᠨ ᠵᠠᠭᠠᠨ ᠤ᠋ ᠬᠠᠲᠠᠭᠠᠭᠰᠠᠨ ᠠᠷᠠᠰᠤ ᠮᠥᠨ᠃ ᠪᠠᠰᠠ ᠯᠠᠩᠭᠤ ᠭᠡᠳᠡᠭ᠃
[ ᠤᠤᠯ ᠠᠮᠢᠲᠠᠨ] ᠪᠡᠶ᠎ᠡ ᠨᠢ ᠲᠣᠮᠣ᠂2.5m ᠥᠨᠳᠥᠷ᠂ ᠬᠦᠨᠳᠦ ᠨᠢ3.5~6 ᠲᠤᠨ᠃ ᠲᠣᠯᠣᠭᠠᠢ ᠨᠢ ᠲᠣᠮᠣ ᠤᠷᠲᠤ᠂ ᠮᠠᠩᠨᠠᠢ ᠨᠢ ᠬᠣᠲᠣᠭᠣᠷ᠂ ᠬᠦᠵᠦᠭᠦᠦ ᠨᠢ ᠪᠣᠭᠣᠨᠢ᠃ ᠬᠠᠮᠠᠷ ᠨᠢ ᠤᠷᠲᠤ᠂ ᠤᠨᠵᠢᠢᠵᠤ ᠭᠠᠵᠠᠷ ᠲᠤ᠌ ᠲᠤᠯᠬᠤ ᠪᠠ ᠠᠲᠤᠷᠢᠵᠤ ᠰᠤᠨᠳᠠᠭ᠂ ᠬᠣᠭᠣᠯᠠᠢ ᠬᠡᠯᠪᠡᠷᠢ ᠲᠡᠢ᠂ ᠳᠣᠣᠷ᠎ᠠ ᠬᠡᠰᠡᠭ ᠨᠢ ᠨᠡᠯᠢᠶᠡᠳ ᠨᠠᠷᠢᠨ᠂ ᠬᠠᠮᠠᠷ ᠤ᠋ᠨ ᠨᠦᠬᠡ ᠨᠢ ᠦᠵᠦᠭᠦᠷ ᠲᠤᠨᠢ ᠪᠠᠢᠳᠠᠭ ᠪᠥᠭᠡᠳ ᠦᠵᠦᠭᠦᠷ ᠲᠤᠨᠢ ᠮᠢᠬᠠᠨ ᠲᠠᠪᠠᠭ ᠲᠠᠢ᠃ ᠡᠷᠡᠭᠴᠢᠨ ᠦ᠌ ᠰᠣᠶᠣᠭ᠎ᠠ ᠨᠢ ᠳᠡᠭᠡᠭᠰᠢ ᠪᠡᠨ ᠵᠢᠭᠠᠬᠠᠨ ᠡᠷᠲᠡᠭᠡᠷ᠂1.5~1.8m ᠤᠷᠲᠤ᠃ ᠨᠢᠳᠦ ᠨᠢ ᠮᠠᠰᠢ ᠵᠢᠵᠢᠭ᠂ ᠴᠢᠬᠢ ᠨᠢ ᠳᠡᠯᠪᠡᠭᠡᠷ ᠲᠣᠮᠣ᠂ ᠠᠷᠤᠨᠰᠢ ᠪᠠᠨ ᠬᠦᠵᠦᠭᠦᠦ ᠶ᠋ᠢᠨ ᠬᠣᠶᠠᠷ ᠬᠠᠵᠠᠭᠤ ᠪᠠᠨ ᠪᠦᠲᠡᠭᠡᠵᠦ ᠪᠠᠢᠳᠠᠭ᠃ ᠳᠥᠷᠪᠡᠨ ᠮᠥᠴᠢ ᠨᠢ ᠪᠠᠭᠠᠨ᠎ᠠ ᠮᠡᠲᠦ ᠪᠦᠳᠦᠭᠦᠨ ᠴᠢᠬᠡ᠂ ᠡᠮᠦᠨ᠎ᠡ ᠬᠥᠯ ᠨᠢ5᠂ ᠬᠣᠢᠲᠤ ᠬᠥᠯ ᠨᠢ4 ᠬᠤᠷᠤᠭᠤ ᠲᠠᠢ᠃ ᠰᠡᠭᠦᠯ ᠨᠢ ᠣᠬᠣᠷ ᠮᠥᠷᠲᠡᠭᠡᠨ ᠨᠠᠷᠢᠨ᠂ ᠦᠵᠦᠭᠦᠷ ᠲᠤᠨᠢ ᠴᠠᠭᠠᠷᠢᠭᠯᠠᠭᠰᠠᠨ ᠬᠢᠯᠭᠠᠰᠤ ᠲᠠᠢ᠃ ᠠᠷᠠᠰᠤ ᠨᠢ ᠵᠤᠵᠠᠭᠠᠨ ᠮᠥᠷᠲᠡᠭᠡᠨ ᠦᠷᠴᠢᠯᠡᠭᠡ ᠲᠡᠢ᠂ ᠪᠦᠬᠦ ᠪᠡᠶ᠎ᠡ ᠳ᠋ᠦ᠍ᠨᠢ ᠰᠡᠢᠷᠡᠭ ᠪᠦᠳᠦᠭᠦᠨ ᠦᠰᠦ ᠲᠡᠢ᠂ ᠰᠠᠷᠠᠯ ᠪᠤᠶᠤ ᠤᠯᠠᠪᠤᠷ ᠰᠠᠷᠠᠯ ᠥᠩᠭᠡ ᠲᠡᠢ᠃ ᠵᠡᠷᠯᠢᠭ ᠵᠠᠭᠠᠨ ᠤ᠋ ᠥᠩᠭᠡ ᠨᠢ ᠨᠡᠯᠢᠶᠡᠳ ᠭᠦᠢᠬᠡᠨ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠣᠯᠠᠩᠬᠢ ᠳ᠋ᠠᠭᠠᠨ ᠨᠡᠯᠢᠶᠡᠳ ᠴᠢᠭᠢᠭᠯᠢᠭ ᠬᠠᠯᠠᠭᠤᠨ ᠪᠦᠰᠡ ᠶ᠋ᠢᠨ ᠣᠢ ᠳ᠋ᠤ᠌ᠨᠤᠲᠤᠭᠯᠠᠨᠠ᠃ ᠰᠦᠷᠦᠭᠯᠡᠨ ᠶᠠᠪᠤᠳᠠᠭ ᠪᠥᠭᠡᠳ ᠲᠣᠭᠲᠠᠭᠰᠠᠨ ᠰᠠᠭᠤᠷᠢᠰᠢᠯ ᠦᠭᠡᠢ᠃ ᠭᠣᠣᠯᠳᠠᠭᠤ ᠤᠷᠭᠤᠮᠠᠯ ᠤ᠋ᠨ ᠡᠰᠢ ᠨᠠᠪᠴᠢ᠂ ᠬᠤᠯᠤᠰᠤᠨ ᠰᠣᠶᠣᠭ᠎ᠠ ᠪᠠ ᠮᠣᠳᠣᠨ ᠤ᠋ ᠦᠷ᠎ᠡ ᠵᠢᠮᠢᠰ ᠢ᠋ᠶ᠋ᠡᠷ ᠢᠳᠡᠰᠢᠯᠡᠳᠡᠭ᠃ ᠮᠠᠨ ᠤ᠋ ᠤᠯᠤᠰ ᠤ᠋ᠨ ᠶᠦᠨᠨᠠᠨ ᠳ᠋ᠤ᠌ ᠲᠠᠷᠬᠠᠴᠠ ᠲᠠᠢ᠃ ᠭᠠᠳᠠᠭᠠᠳᠤ ᠳ᠋ᠤ᠌ ᠡᠨᠡᠳᠬᠡᠭ᠂ ᠸᠢᠶᠧᠲᠨᠠᠮ᠂ ᠢᠨᠳᠦᠨᠧᠰᠢᠶ᠎ᠠ᠂ ᠰᠡᠡᠷᠢᠯᠠᠨᠺᠡ᠂ ᠲᠠᠶ᠋ᠢᠯᠠᠨᠳ᠋᠂ ᠪᠢᠷᠮᠠ᠂ ᠮᠠᠯᠠᠢᠰᠢᠶ᠎ᠠ ᠵᠡᠷᠭᠡ ᠤᠯᠤᠰ ᠲᠤ᠌ ᠲᠠᠷᠬᠠᠴᠠ ᠲᠠᠢ᠃
[ ᠡᠳ᠋ᠰᠢᠭᠦᠯᠦᠨ ᠪᠣᠯᠪᠠᠰᠤᠷᠠᠭᠤᠯᠬᠤ] ᠠᠷᠠᠰᠤ ᠶ᠋ᠢ ᠨᠢ ᠥᠪᠴᠢᠵᠦ ᠠᠪᠤᠭᠰᠠᠨ ᠤ᠋ ᠰᠡᠭᠦᠯᠡᠷ ᠰᠢᠷᠪᠥᠰᠥ ᠢᠯᠲᠠᠰᠤ ᠪᠠ ᠲᠣᠰᠣ ᠶ᠋ᠢ ᠨᠢ ᠬᠤᠰᠤᠨ ᠬᠠᠶᠠᠵᠤ᠂ ᠤᠬᠢᠶᠠᠨ ᠴᠡᠪᠡᠷᠯᠡᠭᠡᠳ ᠵᠦᠰᠦᠮᠯᠡᠨ ᠬᠡᠷᠴᠢᠭᠡᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠳᠠᠪᠤᠰᠤᠯᠢᠭ ᠠᠮᠲᠠ ᠲᠠᠢ᠂ ᠬᠦᠢᠲᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠶᠠᠷ᠎ᠠ ᠰᠢᠷᠬ᠎ᠠ ᠶ᠋ᠢ ᠠᠨᠠᠭᠠᠬᠤ᠂ ᠰᠢᠨ᠎ᠡ ᠮᠢᠬ᠎ᠠ ᠲᠥᠷᠥᠭᠦᠯᠬᠦ᠂ ᠭᠦᠪᠳᠦᠷᠦᠦ ᠶ᠋ᠢ ᠬᠠᠲᠠᠭᠠᠬᠤ ᠴᠢᠳᠠᠯ ᠲᠠᠢ᠃ ᠭᠣᠣᠯᠳᠠᠭᠤ ᠪᠣᠳᠣ ᠬᠢᠵᠢᠭ᠂ ᠭᠦᠪᠳᠦᠷᠦᠦ᠂ ᠰᠢᠷᠬᠠᠯᠠᠭ᠎ᠠ ᠵᠡᠷᠭᠡ ᠶ᠋ᠢ
ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄象皮(亚洲象)
ᠠᠩᠭ᠌ᠯᠢ ᠨᠡᠷ᠎ᠡ᠄Elephas maxinus Linnaeus
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠴᠡᠪᠡᠷᠴᠡᠳᠡᠭ
