ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠨᠣᠶᠠᠨ ᠴᠠᠭᠠᠨ ᠠᠷᠰᠯᠠᠨ Гураван настай гунаган улаан баатар - Ноён цагаан арслан ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠨᠣᠶᠠᠨ ᠴᠠᠭᠠᠨ ᠠᠷᠰᠯᠠᠨ Гураван настай гунаган улаан баатар - Ноён цагаан арслан

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠨᠣᠶᠠᠨ ᠴᠠᠭᠠᠨ ᠠᠷᠰᠯᠠᠨ Гураван настай гунаган улаан баатар - Ноён цагаан арслан

ᠠᠩᠭᠢᠯᠠᠯ:ᠳᠣᠮᠣᠭ ᠦᠯᠢᠭᠡᠷ
2025-12-12

163

ᠨᠣᠶᠠᠨ ᠴᠠᠭᠠᠨ ᠠᠷᠰᠯᠠᠨ


       ᠡᠷᠲᠡ ᠤᠷᠢᠳᠤ ᠴᠠᠭ ᠲᠤ᠌ ᠨᠢᠭᠡᠨ ᠴᠡᠴᠡᠭ ᠵᠢᠮᠢᠰᠲᠦ ᠰᠠᠢᠬᠠᠨ ᠠᠭᠤᠯᠠ ᠪᠠᠢᠵᠤ ᠭᠡᠨ᠎ᠡ᠃ ᠡᠨᠡ ᠠᠭᠤᠯᠠ ᠶ᠋ᠢᠨ ᠪᠠᠢᠳᠠᠯ ᠨᠢ ᠠᠯᠲᠠᠨ ᠭᠤᠷᠭᠤᠤᠯᠳᠠᠢ ᠳᠣᠩᠭᠣᠳᠤᠭᠰᠠᠨ᠂ ᠠᠭᠠᠷᠤ ᠽᠠᠨᠳᠠᠨ ᠮᠣᠳᠣ ᠪᠠᠷ ᠳᠦᠭᠦᠷᠦᠭᠰᠡᠨ᠂ ᠠᠯᠢᠮ᠎ᠠ᠂ ᠵᠢᠮᠢᠰ ᠲᠣᠭᠣᠷ ᠲᠡᠷᠢᠭᠦᠲᠡᠨ ᠤᠷᠭᠤᠭᠰᠠᠨ᠂ ᠠᠯᠠᠭ ᠡᠷᠢᠶᠡᠨ ᠪᠠᠷᠰ ᠢᠷᠪᠢᠰ ᠲᠣᠭᠯᠠᠭᠰᠠᠨ᠂ ᠷᠠᠰᠢᠶᠠᠨ ᠪᠤᠯᠠᠭ ᠤ᠋ᠨ ᠤᠰᠤ ᠣᠷᠭᠢᠯᠤᠭᠰᠠᠨ᠂ ᠠᠷᠪᠠᠨ ᠥᠩᠭᠡ ᠶ᠋ᠢᠨ ᠴᠡᠴᠡᠭ ᠬᠤᠸᠠᠷ ᠳᠡᠯᠭᠡᠷᠡᠭᠰᠡᠨ᠂ ᠤᠯᠠᠭᠠᠨ ᠰᠢᠷ᠎ᠠ ᠬᠠᠳᠠ ᠴᠢᠯᠠᠭᠤ ᠮᠢᠷᠠᠯᠵᠠᠨ ᠭᠡᠷᠡᠯᠲᠦᠭᠰᠡᠨ᠂ ᠵᠢᠭᠦᠷᠲᠡᠨ ᠰᠢᠪᠠᠭᠤ ᠪᠦᠬᠦᠨ ᠳᠣᠩᠭᠣᠳᠴᠤ᠂ ᠣᠯᠠᠨ ᠠᠮᠢᠲᠠᠨ ᠠᠷᠠᠳ ᠤ᠋ᠨ ᠤᠢᠳᠬᠠᠷ ᠢ᠋ ᠰᠡᠷᠭᠦᠭᠰᠡᠨ ᠭᠠᠢᠬᠠᠮᠰᠢᠭᠲᠤ ᠰᠠᠢᠬᠠᠨ ᠠᠭᠤᠯᠠ ᠪᠠᠢᠵᠤ ᠭᠡᠨ᠎ᠡ᠃ 
       ᠠᠭᠤᠯᠠᠨ ᠤ᠋ ᠡᠵᠡᠨ ᠠᠷᠢᠶᠠᠲᠠᠨ ᠤ᠋ ᠬᠠᠭᠠᠨ ᠭᠡᠵᠦ ᠨᠣᠶᠠᠨ ᠴᠠᠭᠠᠨ ᠠᠷᠰᠯᠠᠨ ᠪᠠᠢᠵᠤ ᠭᠡᠨ᠎ᠡ᠃ ᠨᠢᠭᠡᠨ ᠡᠳᠦᠷ ᠨᠣᠶᠠᠨ ᠴᠠᠭᠠᠨ ᠠᠷᠰᠯᠠᠨ ᠠᠭᠤᠯᠠᠨ ᠤ᠋ ᠣᠷᠣᠢ ᠳᠡᠭᠡᠷ᠎ᠡ ᠭᠠᠷᠴᠤ ᠦᠵᠡᠭᠡᠳ᠂ ᠰᠡᠳᠬᠢᠯ ᠬᠥᠳᠡᠯᠵᠦ ᠥᠨᠳᠥᠷ ᠠᠭᠤᠯᠠ ᠶ᠋ᠢᠨ ᠭᠣᠣ ᠭᠠᠩᠭ᠎ᠠ ᠶ᠋ᠢᠨ ᠳᠡᠭᠡᠭᠦᠷ ᠦᠰᠦᠷᠦᠨ ᠲᠣᠭᠯᠠᠵᠤ ᠶᠠᠪᠤᠬᠤ ᠶᠤᠮ ᠪᠣᠯ ᠤᠢᠳᠬᠠᠷ ᠰᠡᠷᠭᠦᠵᠦ ᠪᠣᠯᠤᠨ᠎ᠠ ᠭᠡᠵᠦ ᠠᠷᠰᠯᠠᠨ ᠳᠣᠲᠣᠷ᠎ᠠ ᠪᠠᠨ ᠪᠣᠳᠣᠵᠠᠢ᠃ ᠪᠢ ᠪᠣᠯ ᠠᠭᠤᠯᠠ ᠶ᠋ᠢᠨ ᠡᠵᠡᠨ ᠠᠷᠢᠶᠠᠲᠠᠨ ᠤ᠋ ᠬᠠᠭᠠᠨ ᠲᠤᠯᠠ᠂ ᠳᠤᠷ᠎ᠠ ᠪᠠᠷ ᠢ᠋ᠶ᠋ᠠᠨ ᠶᠠᠪᠤᠬᠤ ᠶᠣᠰᠣᠲᠠᠢ ᠭᠡᠵᠦ ᠰᠡᠳᠬᠢᠯ ᠰᠢᠭᠤᠳᠤᠨ ᠴᠡᠴᠡᠭ ᠵᠢᠮᠢᠰᠲᠦ ᠠᠭᠤᠯᠠᠨ ᠤ᠋ ᠭᠠᠵᠠᠷ᠂ ᠭᠣᠣ ᠭᠠᠩᠭ᠎ᠠ ᠶ᠋ᠢᠨ ᠳᠡᠭᠡᠭᠦᠷ ᠦᠰᠦᠷᠦᠨ ᠲᠣᠭᠯᠠᠭᠰᠠᠭᠠᠷ ᠬᠡᠳᠦᠨ ᠡᠳᠦᠷ ᠪᠣᠯᠤᠭᠰᠠᠨ ᠭᠡᠨ᠎ᠡ᠃ 
       ᠵᠠ! ᠲᠡᠷᠡ ᠦᠶ᠎ᠡ ᠳ᠋ᠦ᠍᠂ ᠲᠡᠷᠡ ᠠᠭᠤᠯᠠᠨ ᠤ᠋ ᠨᠠᠷᠠᠨ ᠡᠩᠭᠡᠷ ᠭᠣᠣ ᠳ᠋ᠤ᠌ ᠤᠳᠠᠭᠠᠨ ᠡᠳᠦᠷ ᠠᠮᠢᠳᠤᠷᠠᠨ ᠰᠠᠭᠤᠭᠰᠠᠨ ᠠᠬ᠎ᠠ ᠳᠡᠭᠦᠦ ᠳᠣᠯᠣᠭᠠᠨ ᠬᠤᠯᠤᠭᠠᠨ᠎ᠠ ᠭᠡᠵᠦ ᠪᠠᠢᠵᠠᠢ᠃ ᠨᠢᠭᠡᠨ ᠡᠳᠦᠷ ᠠᠬᠠᠮᠠᠳ ᠬᠤᠯᠤᠭᠠᠨ᠎ᠠ ᠨᠢ ᠪᠤᠰᠤᠳ ᠵᠢᠷᠭᠤᠭᠠᠨ ᠬᠤᠯᠤᠭᠠᠨ᠎ᠠ ᠳ᠋ᠠᠭᠠᠨ᠄《ᠪᠢ ᠦᠵᠡᠪᠡᠯ ᠨᠣᠶᠠᠨ ᠴᠠᠭᠠᠨ ᠠᠷᠰᠯᠠᠨ᠂ ᠡᠳᠦᠷ ᠪᠣᠯᠭᠠᠨ ᠭᠣᠣ ᠭᠠᠩᠭ᠎ᠠ ᠶ᠋ᠢᠨ ᠳᠡᠭᠡᠭᠦᠷ ᠦᠰᠦᠷᠦᠨ ᠲᠣᠭᠯᠠᠵᠤ ᠶᠠᠪᠤᠬᠤ ᠶᠤᠮ᠃ ᠭᠡᠨᠡᠳᠲᠡ ᠬᠥᠯ ᠠᠯᠳᠠᠭᠠᠳ ᠮᠠᠨ ᠤ᠋ ᠭᠣᠣ ᠳ᠋ᠤ᠌ ᠤᠨᠠᠪᠠᠯ ᠪᠢᠳᠡᠨ ᠳ᠋ᠦ᠍ ᠶᠡᠬᠡ ᠠᠶᠤᠯ ᠵᠣᠪᠠᠯᠠᠩ ᠤᠴᠠᠷᠠᠬᠤ ᠮᠠᠭᠠᠳ ᠦᠭᠡᠢ᠃ ᠪᠢᠳᠡ ᠪᠦᠭᠦᠳᠡᠭᠡᠷ ᠢ᠋ᠶ᠋ᠡᠨ ᠡᠨᠡ ᠭᠣᠣ ᠠ᠋ᠴᠠ ᠭᠠᠷᠴᠤ ᠲᠡᠨᠢᠭᠡᠷ ᠰᠠᠢᠬᠠᠨ ᠭᠠᠵᠠᠷ ᠲᠤ᠌ ᠰᠢᠨ᠎ᠡ ᠨᠦᠬᠡ ᠮᠠᠯᠲᠠᠵᠤ ᠠᠮᠢᠳᠤᠷᠠᠨ ᠰᠠᠭᠤᠪᠠᠯ ᠰᠠᠢᠨ ᠪᠠᠢᠨ᠎ᠠ》 ᠭᠡᠵᠡᠢ᠃ ᠭᠡᠪᠡᠴᠦ ᠪᠤᠰᠤᠳ ᠵᠢᠷᠭᠤᠭᠠᠨ ᠬᠤᠯᠤᠭᠠᠨ᠎ᠠ ᠶᠠᠪᠤᠬᠤ ᠳᠤᠷ᠎ᠠ ᠦᠭᠡᠢ ᠪᠥᠭᠡᠳ ᠠᠬᠠᠮᠠᠳ ᠬᠤᠯᠤᠭᠠᠨ᠎ᠠ ᠲᠠ ᠶᠠᠪᠤᠵᠤ ᠨᠦᠬᠡ ᠮᠠᠯᠲᠠᠵᠤ ᠰᠠᠭᠤᠬᠤ ᠳᠤᠷᠠᠲᠠᠢ ᠪᠣᠯ ᠶᠠᠪᠤ᠃ ᠪᠢᠳᠡ ᠵᠢᠷᠭᠤᠭ᠎ᠠ ᠡᠨᠡ ᠦᠶ᠎ᠡ ᠳ᠋ᠦ᠍ ᠶᠠᠪᠤᠬᠤ ᠦᠭᠡᠢ ᠬᠣᠵᠢᠮ ᠳ᠋ᠠᠭᠠᠨ ᠬᠦᠷᠦᠶ᠎ᠡ ᠭᠡᠵᠦ ᠠᠯᠵᠠᠭᠤᠷᠠᠨ ᠦᠯᠡᠳᠡᠭᠰᠡᠨ ᠭᠡᠨ᠎ᠡ᠃  
       ᠵᠠ! ᠲᠡᠷᠡ ᠦᠶ᠎ᠡ ᠳ᠋ᠦ᠍ ᠠᠬᠠᠮᠠᠳ ᠬᠤᠯᠤᠭᠠᠨ᠎ᠠ ᠶᠠᠪᠤᠵᠤ ᠲᠠᠯ᠎ᠠ ᠶ᠋ᠢᠨ ᠰᠠᠢᠬᠠᠨ ᠭᠠᠵᠠᠷ᠂ ᠠᠭᠤᠳᠠᠮ ᠰᠠᠢᠬᠠᠨ ᠳᠡᠨᠵᠢᠨ ᠳᠡᠭᠡᠷ᠎ᠡ᠂ ᠤᠰᠤ ᠣᠷᠣᠬᠤ ᠠ᠋ᠴᠠ ᠰᠡᠷᠭᠡᠢᠯᠡᠵᠦ᠂ ᠰᠢᠨ᠎ᠡ ᠰᠠᠢᠬᠠᠨ ᠨᠦᠬᠡ ᠮᠠᠯᠲᠠᠵᠤ ᠠᠮᠢᠳᠤᠷᠠᠨ ᠰᠠᠭᠤᠬᠤ ᠪᠠᠨ ᠪᠡᠯᠡᠳᠬᠡᠵᠦ᠂ ᠬᠡᠳᠦᠨ ᠡᠳᠦᠷ ᠠᠵᠢᠯᠯᠠᠵᠤ ᠰᠢᠨ᠎ᠡ ᠨᠦᠬᠡ ᠪᠡᠨ ᠲᠡᠭᠦᠰᠬᠡᠪᠡ᠃ 
       ᠠᠬᠠᠮᠠᠳ ᠬᠤᠯᠤᠭᠠᠨ᠎ᠠ ᠠᠵᠢᠯ ᠢ᠋ᠶ᠋ᠠᠨ ᠪᠠᠷᠠᠵᠤ᠂ ᠠᠮᠠᠷᠠᠨ ᠰᠠᠭᠤᠵᠤ᠂ ᠠᠬ᠎ᠠ ᠳᠡᠭᠦᠦ ᠵᠢᠷᠭᠤᠭᠠᠨ ᠬᠤᠯᠤᠭᠠᠨ᠎ᠠ ᠪᠠᠨ ᠬᠦᠯᠢᠶᠡᠵᠦ ᠰᠠᠭᠤᠵᠠᠢ᠃  
       ᠲᠡᠭᠡᠭᠡᠳ ᠨᠢᠭᠡᠨ ᠡᠳᠦᠷ ᠨᠣᠶᠠᠨ ᠴᠠᠭᠠᠨ ᠠᠷᠰᠯᠠᠨ ᠤ᠋ ᠭᠣᠣ ᠭᠠᠩ ᠤ᠋ᠨ ᠳᠡᠭᠡᠭᠦᠷ ᠦᠰᠦᠷᠦᠨ ᠲᠣᠭᠯᠠᠵᠤ ᠠᠭᠠᠰᠢᠯᠠᠬᠤ ᠶ᠋ᠢ ᠦᠵᠡᠭᠡᠳ᠂ ᠦᠯᠡᠳᠡᠭᠰᠡᠨ ᠵᠢᠷᠭᠤᠭᠠᠨ ᠬᠤᠯᠤᠭᠠᠨ᠎ᠠ ᠪᠠᠬᠠᠷᠴᠤ᠂ ᠨᠦᠬᠡᠨ ᠦ᠌ ᠭᠠᠳᠠᠨ᠎ᠠ ᠭᠠᠷᠴᠤ ᠪᠠᠢᠲᠠᠯ᠎ᠠ᠂ ᠨᠣᠶᠠᠨ ᠴᠠᠭᠠᠨ ᠠᠷᠰᠯᠠᠨ ᠭᠡᠨᠡᠳᠲᠡ ᠬᠥᠯ ᠠᠯᠳᠠᠵᠤ ᠭᠣᠣ ᠳ᠋ᠤ᠌ ᠤᠨᠠᠪᠠ᠃ ᠪᠠᠬᠠᠷᠴᠤ ᠪᠠᠢᠭᠰᠠᠨ ᠵᠢᠷᠭᠤᠭᠠᠨ ᠬᠤᠯᠤᠭᠠᠨ᠎ᠠ ᠵᠠᠢᠯᠠᠵᠤ ᠵᠠᠪᠳᠤᠭᠰᠠᠨ ᠦᠭᠡᠢ᠂ ᠠᠷᠰᠯᠠᠨ᠂ ᠬᠤᠯᠤᠭᠠᠨ᠎ᠠ ᠬᠠᠮᠲᠤ ᠭᠣᠣ ᠶ᠋ᠢᠨ ᠳᠣᠲᠣᠷ᠎ᠠ ᠦᠬᠦᠵᠡᠢ᠃ 
       ᠨᠢᠭᠡᠨ ᠡᠳᠦᠷ ᠪᠣᠯᠤᠭᠰᠠᠨ ᠤ᠋ ᠬᠣᠢᠨ᠎ᠠ᠂ ᠠᠭᠤᠯᠠ ᠶ᠋ᠢᠨ ᠭᠣᠣ ᠪᠠᠷ ᠭᠡᠷ ᠢ᠋ᠶ᠋ᠡᠨ ᠬᠢᠭᠰᠡᠨ᠂ ᠤᠷᠭᠤᠮᠠᠯ ᠮᠣᠳᠣ ᠪᠠᠷ ᠬᠠᠨᠢ ᠪᠠᠨ ᠬᠢᠭᠰᠡᠨ᠂ ᠤᠰᠤ ᠡᠪᠡᠰᠦ ᠪᠡᠷ ᠬᠣᠭᠣᠯᠠ ᠪᠠᠨ ᠬᠢᠭᠰᠡᠨ᠂ ᠣᠯᠳᠠᠵᠤ ᠶᠠᠳᠠᠭᠰᠠᠨ ᠵᠢᠷᠭᠤᠭᠠᠨ ᠳᠡᠭᠡᠷᠡᠮᠴᠢᠨ ᠠᠷᠭ᠎ᠠ ᠶᠠᠳᠠᠵᠤ᠂ ᠲᠡᠨᠦᠵᠦ ᠶᠠᠪᠤᠭᠰᠠᠭᠠᠷ᠂ ᠠᠷᠰᠯᠠᠨ᠂ ᠬᠤᠯᠤᠭᠠᠨ᠎ᠠ ᠦᠬᠦᠭᠰᠡᠨ ᠭᠣᠣ ᠳ᠋ᠤ᠌ ᠭᠡᠨᠡᠳᠲᠡ ᠬᠦᠷᠴᠦ ᠢᠷᠡᠪᠡ᠃ ᠲᠡᠳᠡ ᠠᠷᠰᠯᠠᠨ ᠤ᠋ ᠦᠬᠦᠳᠡᠯ ᠢ᠋ ᠦᠵᠡᠭᠡᠳ ᠪᠠᠶᠠᠷᠲᠠᠢ ᠪᠠᠭᠤᠵᠤ ᠠᠮᠠ ᠨᠡᠭᠡᠭᠡᠵᠦ ᠬᠣᠭᠣᠷᠣᠨᠳᠣ ᠪᠠᠨ ᠬᠡᠯᠡᠯᠴᠡᠪᠡ᠃《ᠠᠢᠯ ᠠᠷᠠᠳ ᠤ᠋ᠨ ᠠᠳᠤᠭᠤ ᠮᠠᠯ ᠠᠯᠲᠠ ᠮᠥᠩᠭᠥ ᠶ᠋ᠢ ᠠᠪᠬᠤ ᠴᠢᠳᠠᠯ ᠦᠭᠡᠢ ᠪᠣᠯᠤᠭᠰᠠᠨ ᠪᠣᠯᠪᠠᠴᠤ᠂ ᠠᠭᠠᠷ ᠲᠩᠷᠢ ᠡᠴᠡ ᠥᠷᠥᠰᠢᠶᠡᠭᠰᠡᠨ᠂ ᠠᠬ᠎ᠠ ᠳᠡᠭᠦᠦ ᠵᠢᠷᠭᠤᠭᠤᠯᠠ ᠶ᠋ᠢᠨ ᠪᠤᠶᠠᠨ᠂ ᠠᠷᠰᠯᠠᠨ ᠤ᠋ ᠮᠢᠬ᠎ᠠ ᠶ᠋ᠢ ᠠᠷᠪᠢᠨ ᠡᠳᠦᠷ ᠢᠳᠡᠵᠦ ᠪᠣᠯᠤᠨ᠎ᠠ᠃ ᠣᠳᠣ ᠪᠢᠳᠡᠨ ᠦ᠌ ᠭᠤᠷᠪᠠ ᠨᠢ ᠠᠷᠰᠯᠠᠨ ᠤ᠋ ᠠᠷᠠᠰᠤ ᠶ᠋ᠢ ᠥᠪᠴᠢᠶ᠎ᠡ᠃ ᠭᠤᠷᠪᠠ ᠨᠢ ᠤᠰᠤᠨ ᠳ᠋ᠤ᠌ ᠶᠠᠪᠤᠶ᠎ᠠ》 ᠭᠡᠵᠦ ᠬᠡᠯᠡᠯᠴᠡᠨ ᠲᠣᠭᠲᠠᠭᠰᠠᠨ ᠭᠡᠨ᠎ᠡ᠃  
       ᠭᠤᠷᠪᠠ ᠨᠢ ᠠᠷᠰᠯᠠᠨ ᠤ᠋ ᠠᠷᠠᠰᠤ ᠶ᠋ᠢ ᠥᠪᠴᠢᠬᠦ ᠪᠡᠷ ᠦᠯᠡᠳᠡᠭᠡᠳ᠄《ᠪᠢᠳᠡ ᠭᠤᠷᠪᠠ ᠠᠷᠰᠯᠠᠨ ᠤ᠋ ᠮᠢᠬ᠎ᠠ ᠶ᠋ᠢ ᠢᠳᠡᠬᠦ ᠶᠦᠮ ᠪᠣᠯ ᠬᠡᠳᠦᠨ ᠰᠠᠷ᠎ᠠ ᠢᠳᠡᠭᠡᠳ ᠪᠠᠷᠠᠬᠤ ᠦᠭᠡᠢ》 ᠭᠡᠵᠡᠢ᠃ ᠭᠤᠷᠪᠠᠭᠤᠯᠠ ᠶᠠᠷᠢᠯᠴᠠᠵᠤ ᠭᠤᠷᠪᠠᠨ ᠬᠡᠰᠡᠭ ᠮᠢᠬᠠᠨ ᠳ᠋ᠤ᠌ ᠬᠣᠣᠷ᠎ᠠ ᠬᠢᠭᠡᠳ ᠲᠠᠯᠪᠢᠵᠠᠢ᠃  
       ᠤᠰᠤᠨ ᠳ᠋ᠤ᠌ ᠶᠠᠪᠤᠭᠰᠠᠨ ᠭᠤᠷᠪᠠ ᠨᠢ ᠵᠠᠮ ᠳ᠋ᠠᠭᠠᠨ ᠬᠡᠯᠡᠯᠴᠡᠵᠦ᠂《ᠠᠷᠰᠯᠠᠨ ᠤ᠋ ᠮᠢᠬ᠎ᠠ ᠶ᠋ᠢ ᠪᠢᠳᠡ ᠬᠡᠳᠦᠭᠦᠯᠡ ᠪᠡᠨ ᠬᠡᠳᠦᠨ ᠰᠠᠷ᠎ᠠ ᠢᠳᠡᠭᠡᠳ ᠪᠠᠷᠠᠬᠤ ᠦᠭᠡᠢ》 ᠭᠡᠪᠡ᠃ ᠨᠢᠭᠡ ᠨᠢ《ᠪᠢᠳᠡ ᠤᠰᠤᠨ ᠳ᠋ᠠᠭᠠᠨ ᠬᠣᠣᠷ᠎ᠠ ᠬᠢᠬᠦ ᠶᠦᠮ ᠪᠣᠯ ᠲᠡᠳᠡᠨ ᠢ᠋ ᠠᠯᠠᠴᠢᠬᠠᠨ᠎ᠠ᠃ ᠲᠡᠷᠡ ᠭᠤᠷᠪᠠ ᠶ᠋ᠢ ᠠᠯᠠᠴᠢᠬᠠᠵᠤ ᠪᠣᠯᠬᠤ ᠪᠠ ᠦᠭᠡᠢ ᠶ᠋ᠢ ᠲᠠ ᠬᠣᠶᠠᠷ ᠮᠡᠳᠡ》 ᠭᠡᠪᠡ᠃ ᠨᠥᠭᠦᠭᠡ ᠬᠣᠶᠠᠷ ᠨᠢ᠄《ᠶᠠᠭ ᠪᠣᠯᠤᠨ᠎ᠠ》 ᠭᠡᠪᠡ᠃  
       ᠵᠠ! ᠲᠡᠷᠡ ᠦᠶ᠎ᠡ ᠳ᠋ᠦ᠍ ᠬᠡᠯᠡᠯᠴᠡᠨ ᠲᠣᠭᠲᠠᠭᠠᠳ ᠨᠢᠭᠡ ᠰᠠᠪᠠ ᠤᠰᠤᠨ ᠳ᠋ᠠᠭᠠᠨ ᠬᠣᠣᠷ᠎ᠠ ᠬᠢᠭᠡᠳ ᠪᠠᠬᠠᠨ ᠲᠡᠷᠢᠭᠦᠨ ᠳ᠋ᠦ᠍ᠨᠢ ᠠᠪᠴᠤ ᠬᠦᠷᠪᠡᠯ ᠪᠢᠳᠡᠨ ᠦ᠌ ᠬᠡᠷᠡᠭ ᠯᠠᠪ ᠪᠦᠲᠦᠨ᠎ᠡ ᠭᠡᠵᠦ ᠲᠣᠭᠲᠠᠭᠰᠠᠨ ᠪᠠᠢᠨ᠎ᠠ᠃ ᠦᠯᠢᠭᠡᠷ ᠦ᠋ᠨ ᠶᠠᠪᠤᠳᠠᠯ ᠤᠳᠠᠯ ᠦᠭᠡᠢ ᠲᠤᠯᠠ᠂ ᠤᠮᠳᠠᠭᠠᠰᠴᠤ ᠪᠠᠢᠭᠰᠠᠨ ᠭᠤᠷᠪᠠ ᠨᠢ ᠬᠣᠣᠷᠠᠲᠠᠢ ᠤᠰᠤ ᠶ᠋ᠢ ᠤᠤᠭᠤᠪᠠ᠃ ᠥᠯᠥᠰᠦᠭᠰᠡᠨ ᠭᠤᠷᠪᠠ ᠨᠢ ᠬᠣᠣᠷᠠᠲᠠᠢ ᠮᠢᠬ᠎ᠠ ᠶ᠋ᠢ ᠢᠳᠡᠪᠡ᠃《ᠬᠣᠣᠷᠲᠤ ᠰᠡᠳᠬᠢᠯ ᠬᠣᠣᠷ ᠲᠠᠭᠠᠨ》 ᠭᠡᠳᠡᠭᠴᠢᠯᠡᠨ ᠵᠡᠷᠭᠡ ᠪᠡᠷ ᠢ᠋ᠶ᠋ᠡᠨ ᠴᠥᠮ ᠦᠬᠦᠭᠰᠡᠨ ᠪᠠᠢᠨ᠎ᠠ᠃  
       ᠵᠠ! ᠲᠡᠷᠡ ᠦᠶ᠎ᠡ ᠳ᠋ᠦ᠍ ᠴᠡᠴᠡᠭ ᠵᠢᠮᠢᠰᠲᠦ ᠠᠭᠤᠯᠠᠨ ᠳ᠋ᠤ᠌ ᠤᠳᠠᠭᠠᠨ ᠵᠢᠯ ᠲᠣᠭᠣᠷᠢᠨ ᠠᠮᠢᠳᠤᠷᠠᠭᠰᠠᠨ ᠤᠯᠠᠭᠠᠨ ᠦᠨᠡᠭᠡ᠂ ᠨᠢᠭᠡᠨ ᠥᠷᠯᠥᠭᠡ ᠨᠠᠷᠠᠨ ᠭᠠᠷᠤᠮᠠᠭᠴᠠ ᠲᠣᠭᠣᠷᠢᠨ ᠶᠠᠪᠤᠭᠰᠠᠭᠠᠷ ᠭᠡᠨᠡᠳᠲᠡ ᠨᠢᠭᠡᠨ ᠭᠣᠣ ᠶ᠋ᠢᠨ ᠬᠠᠵᠠᠭᠤ ᠳ᠋ᠤ᠌ ᠢᠷᠡᠭᠡᠳ᠂ ᠠᠷᠰᠯᠠᠨ ᠪᠣᠯᠣᠳ ᠵᠢᠷᠭᠤᠭᠠᠨ ᠬᠥᠮᠦᠨ ᠦ᠌ ᠦᠬᠦᠳᠡᠯ ᠢ᠋ ᠦᠵᠡᠭᠡᠳ᠂ ᠶᠡᠬᠡ ᠪᠠᠶᠠᠷᠯᠠᠪᠠ᠃ ᠦᠨᠡᠭᠡ ᠳᠣᠲᠣᠷ᠎ᠠ ᠪᠠᠨ᠄《ᠪᠢ ᠨᠢᠭᠡᠨ ᠨᠠᠰᠤᠨ ᠳ᠋ᠠᠭᠠᠨ ᠡᠨᠡ ᠠᠭᠤᠯᠠᠨ ᠳ᠋ᠤ᠌ ᠲᠣᠭᠣᠷᠢᠨ ᠠᠮᠢᠳᠤᠷᠠᠭᠰᠠᠨ ᠪᠣᠯᠪᠠᠴᠤ᠂ ᠡᠨᠡ ᠮᠡᠲᠦ ᠡᠯᠪᠡᠭ ᠢᠳᠡᠰᠢ ᠲᠠᠭᠠᠷᠠᠭᠰᠠᠨ ᠦᠭᠡᠢ ᠪᠢᠯᠡ᠃ ᠣᠳᠣ ᠮᠢᠨᠦ ᠬᠤᠪᠢ ᠵᠠᠶᠠᠭ᠎ᠠ ᠪᠣᠯᠵᠤ ᠵᠢᠷᠭᠠᠬᠤ ᠴᠠᠭ ᠢᠷᠡᠵᠡᠢ》 ᠭᠡᠵᠦ ᠪᠣᠳᠣᠪᠠᠴᠤ ᠬᠠᠷᠠᠮᠴᠢ ᠰᠡᠳᠬᠢᠯ ᠲᠥᠷᠥᠵᠦ᠂ ᠣᠳᠣ ᠪᠢ ᠵᠠᠯᠠᠭᠤ ᠨᠠᠰᠤᠨ ᠳ᠋ᠠᠭᠠᠨ ᠬᠠᠮᠤᠭ ᠬᠠᠲᠠᠭᠤ ᠶ᠋ᠢ ᠨᠢ ᠢᠳᠡᠶ᠎ᠡ᠂ ᠬᠥᠭᠰᠢᠨ ᠪᠣᠯᠤᠭᠰᠠᠨ ᠦᠶᠡᠰ ᠲᠦ᠍ ᠵᠥᠭᠡᠯᠡᠨ ᠢ᠋ ᠨᠢ ᠢᠳᠡᠶ᠎ᠡ ᠭᠡᠵᠦ ᠪᠣᠳᠣᠭᠠᠳ᠂ ᠬᠠᠮᠤᠭ ᠤ᠋ᠨ ᠬᠠᠲᠠᠭᠤ ᠶ᠋ᠢ ᠨᠢ ᠡᠷᠢᠨ ᠪᠠᠢᠲᠠᠯ᠎ᠠ᠂ ᠳᠡᠭᠡᠷᠡᠮ ᠦ᠋ᠨ ᠬᠡᠷᠡᠭᠯᠡᠵᠦ ᠪᠠᠢᠭᠰᠠᠨ ᠬᠠᠷ᠎ᠠ ᠨᠣᠮᠣᠨ ᠤ᠋ ᠬᠥᠪᠴᠢ ᠡᠴᠡ ᠥᠭᠡᠷ᠎ᠡ ᠬᠠᠲᠠᠭᠤ ᠶᠠᠭᠤᠮ᠎ᠠ ᠦᠭᠡᠢ ᠲᠤᠯᠠ᠂ ᠦᠨᠡᠭᠡ ᠨᠣᠮᠣᠨ ᠤ᠋ ᠬᠥᠪᠴᠢ ᠶ᠋ᠢ ᠬᠡᠮᠡᠯᠢᠵᠦ ᠬᠡᠪᠲᠡᠵᠦ ᠪᠠᠢᠲᠠᠯ᠎ᠠ᠂ ᠭᠡᠨᠡᠳᠲᠡ ᠨᠣᠮᠣᠨ ᠤ᠋ ᠬᠥᠪᠴᠢᠨ ᠦ᠌ ᠰᠢᠷᠪᠥᠰᠥ ᠲᠠᠰᠤᠷᠠᠵᠤ᠂ ᠦᠨᠡᠭᠡᠨ ᠦ᠌ ᠠᠮᠠ ᠨᠢ ᠳᠡᠯᠪᠡᠷᠡᠵᠦ ᠮᠡᠳᠡᠷᠡᠯ ᠠᠯᠳᠠᠵᠤ᠂ ᠤᠳᠠᠭᠰᠠᠨ ᠦᠭᠡᠢ ᠲᠡᠷᠡ ᠦᠨᠡᠭᠡ ᠦᠬᠦᠵᠡᠢ᠃ 
       ᠵᠠ! ᠲᠡᠷᠡ ᠦᠶ᠎ᠡ ᠳ᠋ᠦ᠍ ᠠᠬᠠᠮᠠᠳ ᠬᠤᠯᠤᠭᠠᠨ᠎ᠠ ᠰᠢᠨ᠎ᠡ ᠰᠠᠢᠬᠠᠨ ᠨᠦᠬᠡ ᠪᠡᠨ ᠮᠠᠯᠲᠠᠨ ᠪᠠᠷᠠᠭᠠᠳ᠂ ᠬᠡᠳᠦᠨ ᠡᠳᠦᠷ᠂ ᠨᠥᠬᠥᠷ ᠵᠢᠷᠭᠤᠭᠠᠨ ᠬᠤᠯᠤᠭᠠᠨ᠎ᠠ ᠪᠠᠨ ᠬᠦᠯᠢᠶᠡᠵᠦ ᠢᠷᠡᠬᠦ ᠪᠠᠢᠳᠠᠯ ᠣᠭᠲᠣ ᠦᠭᠡᠢ ᠪᠣᠯᠬᠣᠷ᠂ ᠠᠬᠠᠮᠠᠳ ᠬᠤᠯᠤᠭᠠᠨ᠎ᠠ ᠰᠡᠳᠬᠢᠯ ᠵᠣᠪᠠᠵᠤ᠂ ᠨᠢᠭᠡᠨ ᠡᠳᠦᠷ ᠡᠷᠭᠢᠨ ᠦᠵᠡᠬᠦ ᠪᠡᠷ ᠶᠠᠪᠤᠵᠤ ᠵᠠᠮ ᠬᠥᠭᠡᠭᠡᠭᠰᠡᠭᠡᠷ ᠴᠡᠴᠡᠭ ᠵᠢᠮᠢᠰᠲᠦ ᠠᠭᠤᠯᠠ ᠶ᠋ᠢᠨ ᠭᠣᠣ ᠳ᠋ᠤ᠌ ᠬᠦᠷᠦᠭᠡᠳ ᠠᠷᠰᠯᠠᠨ ᠪᠤᠶᠤ ᠬᠥᠮᠦᠨ ᠦ᠌ ᠦᠬᠦᠳᠡᠯ ᠢ᠋ ᠤᠯᠠᠮ ᠯᠠᠪᠯᠠᠨ ᠦᠵᠡᠭᠡᠳ ᠠᠭᠤᠯᠠ ᠶ᠋ᠢᠨ ᠭᠣᠣ ᠨᠤᠷᠠᠵᠤ ᠠᠩᠬᠠᠨ ᠤ᠋ ᠨᠦᠬᠡ ᠡᠪᠳᠡᠷᠡᠵᠦ᠂ ᠠᠬ᠎ᠠ ᠳᠡᠭᠦᠦ ᠵᠢᠷᠭᠤᠭᠠᠨ ᠬᠤᠯᠤᠭᠠᠨ᠎ᠠ ᠬᠠᠮᠲᠤ ᠦᠬᠦᠭᠰᠡᠨ ᠢ᠋ ᠮᠡᠳᠡᠭᠡᠳ᠂ ᠠᠷᠰᠯᠠᠨ ᠳ᠋ᠤ᠌ ᠬᠣᠷᠣᠰᠴᠤ᠂ ᠠᠬ᠎ᠠ ᠳᠡᠭᠦᠦ ᠵᠢᠷᠭᠤᠭᠠᠨ ᠬᠤᠯᠤᠭᠠᠨ᠎ᠠ ᠶ᠋ᠢᠨ ᠬᠣᠢᠨ᠎ᠠ ᠠ᠋ᠴᠠ ᠨᠢᠭᠡᠨ ᠴᠠᠭ ᠤ᠋ᠨ ᠭᠠᠰᠢᠭᠤᠳᠠᠯ ᠢ᠋ ᠬᠢᠵᠡᠢ᠃  

               ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠠᠯᠲᠠᠨᠴᠢᠮᠡᠭ᠂ ᠤᠷᠠᠨᠴᠢᠮᠡᠭ᠂ ᠡᠭᠦᠯᠡᠩᠬᠤᠸᠠᠷ᠂
                                ᠭᠡᠷᠡᠯ᠂ ᠮᠥᠩᠭᠥᠨ᠂ ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ 
                                ᠪᠠᠶᠠᠨᠴᠡᠴᠡᠭ᠂ ᠪᠦᠦ ᠸᠧᠨ ᠬᠤᠸᠠ 
                 ᠬᠢᠨᠠᠭᠴᠢ ᠪᠠᠭᠰᠢ᠄ ᠣᠳᠬᠠᠨᠰᠣ᠎ᠠ᠂ ᠭᠠᠷᠮ᠎ᠠ᠂ ᠡᠭᠦᠯᠡᠩᠬᠤᠸᠠᠷ᠂ ᠮᠣᠩᠭᠣᠯ ᠰᠦᠨᠡᠰᠦ᠂ 
                                    ᠪᠤᠤ ᠸᠧᠨ ᠬᠤᠸᠠ᠂ ᠪᠠᠶᠠᠨᠴᠡᠴᠡᠭ