ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠵᠢᠷᠭᠤᠳᠤᠭᠠᠷ ᠪᠦᠯᠦᠭ᠂ 3 ᠳᠤᠷᠠᠰᠬᠠᠯ ᠤ᠋ᠨ ᠭᠠᠵᠠᠷ ᠤ᠋ᠳ Шинэлам – 6-р бүлэг᠂3 Дурсгалын газрууд ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠵᠢᠷᠭᠤᠳᠤᠭᠠᠷ ᠪᠦᠯᠦᠭ᠂ 3 ᠳᠤᠷᠠᠰᠬᠠᠯ ᠤ᠋ᠨ ᠭᠠᠵᠠᠷ ᠤ᠋ᠳ Шинэлам – 6-р бүлэг᠂3 Дурсгалын газрууд

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠵᠢᠷᠭᠤᠳᠤᠭᠠᠷ ᠪᠦᠯᠦᠭ᠂ 3 ᠳᠤᠷᠠᠰᠬᠠᠯ ᠤ᠋ᠨ ᠭᠠᠵᠠᠷ ᠤ᠋ᠳ Шинэлам – 6-р бүлэг᠂3 Дурсгалын газрууд

ᠠᠩᠭᠢᠯᠠᠯ:ᠲᠡᠦᠬᠡ ᠰᠣᠶᠣᠯ
2025-12-11

258

ᠭᠤᠷᠪᠠ᠂ ᠳᠤᠷᠠᠰᠬᠠᠯ ᠤ᠋ᠨ ᠭᠠᠵᠠᠷ ᠤ᠋ᠳ

    
            (ᠨᠢᠭᠡ) ᠰᠢᠨᠠᠯᠠᠮ᠎ᠠ ᠶ᠋ᠢᠨ ᠳᠤᠷᠠᠰᠬᠠᠯ ᠤ᠋ᠨ ᠰᠤᠪᠤᠷᠭ᠎ᠠ   
       1958 ᠣᠨ ᠤ᠋10 ᠰᠠᠷ᠎ᠠ ᠶ᠋ᠢᠨ28 ᠤ᠋ ᠡᠳᠦᠷ ᠦᠦᠰᠢᠨ ᠬᠤᠰᠢᠭᠤᠨ ᠤ᠋ ᠰᠢᠨᠡᠯᠡᠮ᠎ᠡ ᠶ᠋ᠢᠨ ᠳᠤᠷᠠᠰᠬᠠᠯ ᠤ᠋ᠨ ᠰᠤᠪᠤᠷᠭ᠎ᠠ ᠶ᠋ᠢ ᠬᠠᠮᠤᠭ ᠠᠩᠬ᠎ᠠ ᠦᠦᠰᠢᠨ ᠬᠤᠰᠢᠭᠤᠨ ᠤ᠋ ᠲᠠᠪᠴᠠᠭ ᠪᠠᠯᠭᠠᠰᠤᠨ ᠤ᠋ ᠵᠢᠮᠢᠰ ᠦ᠋ᠨ ᠬᠦᠷᠢᠶᠡᠯᠡᠩ ᠦ᠋ᠨ ᠪᠢᠴᠢᠬᠠᠨ ᠳᠣᠪᠣᠴᠠᠭ ᠲᠤ᠌ ᠪᠠᠢᠭᠤᠯᠤᠨ ᠪᠤᠰᠬᠠᠵᠠᠢ᠃ 
       ᠲᠤᠰ ᠰᠤᠪᠤᠷᠭ᠎ᠠ ᠶ᠋ᠢᠨ ᠬᠡᠯᠪᠡᠷᠢ ᠨᠢ6 ᠲᠠᠯ᠎ᠠ ᠲᠠᠢ᠂ ᠳᠣᠣᠷ᠎ᠠ ᠨᠢ ᠬᠣᠶᠠᠷ ᠳᠠᠪᠬᠤᠷ ᠱᠠᠲᠤ ᠲᠠᠢ᠂ ᠳ᠋ᠢᠶᠠᠮᠧᠲ᠋ᠷ ᠨᠢ9.9 ᠮᠧᠲ᠋ᠷ᠂ ᠳᠣᠣᠷᠠᠬᠢ ᠰᠠᠭᠤᠳᠠᠯ ᠤ᠋ᠨ ᠬᠡᠷᠡᠮ ᠦ᠋ᠨ ᠬᠤᠸᠠᠷᠲᠠᠢ ᠶ᠋ᠢᠨ ᠥᠨᠳᠥᠷ ᠨᠢ0.7 ᠮᠧᠲ᠋ᠷ᠂ ᠳᠡᠭᠡᠷ᠎ᠡ ᠬᠡᠰᠡᠭ ᠨᠢ ᠭᠤᠷᠪᠠᠯᠵᠢᠨ ᠪᠥᠭᠡᠳ ᠣᠷᠣᠢ ᠨᠢ ᠥᠨᠳᠥᠷ ᠪᠣᠯᠬᠤ ᠳᠣᠳᠣᠮ ᠨᠠᠷᠢᠰᠴᠤ ᠱᠣᠪᠣᠭᠣᠷ ᠬᠡᠯᠪᠡᠷᠢᠲᠡᠢ᠃ ᠬᠠᠮᠤᠭ ᠳᠡᠭᠡᠷ᠎ᠡ ᠦᠵᠦᠭᠦᠷ ᠲᠤᠨᠢ ᠲᠠᠪᠤᠨ ᠥᠨᠴᠥᠭᠲᠦ ᠣᠳᠣ ᠲᠠᠢ᠃ ᠳᠤᠮᠳᠠᠬᠢ ᠲᠠᠯ᠎ᠠ ᠪᠦᠷᠢ ᠶ᠋ᠢᠨ ᠱᠠᠯᠠ ᠳ᠋ᠤᠨᠢ 《ᠦᠷᠡᠭᠳᠡᠭᠰᠡᠨ ᠪᠠᠭᠠᠲᠤᠷ ᠰᠢᠨᠠᠯᠠᠮ᠎ᠠ ᠶ᠋ᠢ ᠳᠤᠷᠠᠰᠬᠠᠶ᠎ᠠ》 ᠭᠡᠰᠡᠨ ᠮᠣᠩᠭᠣᠯ ᠬᠢᠲᠠᠳ ᠦᠰᠦᠭ ᠦ᠋ᠨ ᠪᠢᠴᠢᠭᠡᠰᠦ ᠲᠡᠢ᠃ ᠰᠤᠪᠤᠷᠭ᠎ᠠ ᠶ᠋ᠢᠨ ᠪᠦᠬᠦ ᠥᠨᠳᠥᠷ ᠨᠢ9 ᠮᠧᠲ᠋ᠷ᠂ ᠱᠦᠢᠨᠢ ᠪᠣᠯᠤᠨ ᠲᠣᠭᠣᠰᠬ᠎ᠠ ᠪᠠᠷ ᠪᠦᠲᠦᠭᠡᠵᠡᠢ᠃ 
       ᠵᠢᠯ ᠪᠦᠷᠢ ᠶ᠋ᠢᠨ ᠨᠡᠭᠡᠭᠡᠭᠰᠡᠨ ᠬᠠᠩᠰᠢ ᠶ᠋ᠢᠨ ᠡᠳᠦᠷ ᠪᠣᠯᠤᠨ ᠵᠠᠷᠢᠮ ᠵᠢᠯ ᠳ᠋ᠦ᠍ ᠬᠤᠰᠢᠭᠤᠨ ᠤ᠋ ᠬᠡᠳᠦᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠲᠥᠯᠥᠭᠡᠯᠡᠭᠴᠢᠳ ᠪᠣᠯᠤᠨ ᠰᠤᠷᠭᠠᠭᠤᠯᠢ ᠶ᠋ᠢᠨ ᠰᠤᠷᠤᠭᠴᠢᠳ ᠨᠢᠭᠡᠳᠦᠯ ᠲᠡᠢ ᠣᠴᠢᠵᠤ ᠴᠠᠭᠠᠷᠢᠭᠲᠤ ᠴᠡᠴᠡᠭ ᠬᠦᠷᠭᠡᠵᠦ ᠦᠷᠡᠭᠳᠡᠭᠰᠡᠨ ᠪᠠᠭᠠᠲᠤᠷ ᠢ᠋ᠶ᠋ᠠᠨ ᠳᠤᠷᠠᠰᠬᠠᠨ ᠰᠠᠨᠠᠭᠠᠯᠵᠠᠳᠠᠭ ᠪᠠᠢᠯ᠎ᠠ᠃ 
       1959 ᠣᠨ ᠤ᠋6 ᠰᠠᠷ᠎ᠠ ᠳ᠋ᠤ᠌ ᠳᠠᠬᠢᠨ ᠰᠡᠯᠪᠢᠨ ᠵᠠᠰᠠᠵᠤ ᠰᠤᠪᠤᠷᠭ᠎ᠠ ᠶ᠋ᠢᠨ ᠳᠣᠲᠣᠷ᠎ᠠ ᠨᠢ ᠰᠢᠨᠠᠯᠠᠮ᠎ᠠ ᠶ᠋ᠢᠨ ᠴᠢᠨᠳᠠᠷ ᠪᠣᠯᠤᠨ ᠲᠡᠭᠦᠨ ᠦ᠌ ᠡᠬᠡᠨᠡᠷ ᠦ᠋ᠨ ᠬᠡᠭᠦᠷ ᠦ᠋ᠨ ᠶᠠᠰᠤ ᠶ᠋ᠢ ᠪᠤᠮᠪᠠᠨ ᠳ᠋ᠤ᠌ ᠠᠪᠰᠠᠯᠠᠵᠤ ᠲᠠᠯᠪᠢᠵᠠᠢ᠃ ᠤᠭ ᠤ᠋ᠨ ᠭᠤᠷᠪᠠᠯᠵᠢᠨ ᠬᠡᠯᠪᠡᠷᠢ ᠶ᠋ᠢ ᠨᠢ ᠥᠭᠡᠷᠡᠴᠢᠯᠡᠵᠦ ᠳᠥᠷᠪᠡᠯᠵᠢᠨ ᠲᠠᠯ᠎ᠠ ᠲᠠᠢ ᠪᠣᠯᠭᠠᠨ᠂ ᠲᠠᠯ᠎ᠠ ᠪᠦᠷᠢ ᠳ᠋ᠦ᠍ᠨᠢ ᠬᠢᠲᠠᠳ ᠮᠣᠩᠭᠣᠯ ᠦᠰᠦᠭ ᠦ᠋ᠨ《ᠦᠷᠡᠭᠳᠡᠭᠰᠡᠨ ᠪᠠᠭᠠᠲᠤᠷ ᠰᠢᠨᠡᠯᠡᠮ᠎ᠡ ᠶ᠋ᠢ ᠳᠤᠷᠠᠰᠬᠠᠶ᠎ᠠ》 ᠭᠡᠰᠡᠨ ᠪᠢᠴᠢᠭᠡᠰᠦ ᠲᠡᠢ᠃ ᠬᠠᠮᠤᠭ ᠤ᠋ᠨ ᠳᠡᠭᠡᠷᠡᠬᠢ ᠨᠢ ᠨᠠᠷᠢᠬᠠᠨ ᠪᠣᠯᠣᠳ ᠲᠡᠮᠦᠷ ᠢ᠋ᠶ᠋ᠡᠷ ᠬᠢᠭᠰᠡᠨ ᠤᠷᠲᠤᠯᠵᠢᠨ ᠲᠡᠮᠦᠷ ᠦ᠋ᠨ ᠣᠷᠣᠢ(ᠬᠠᠮᠤᠭ ᠳᠡᠭᠡᠷᠡᠬᠢ) ᠳ᠋ᠦ᠍ ᠤᠯᠠᠭᠠᠨ ᠥᠩᠭᠡᠲᠦ ᠲᠠᠪᠤᠨ ᠣᠳᠣ ᠲᠠᠢ ᠰᠤᠪᠤᠷᠭ᠎ᠠ ᠪᠣᠯᠭᠠᠵᠠᠢ᠃《ᠰᠣᠶᠣᠯ ᠤ᠋ᠨ ᠶᠡᠬᠡ ᠬᠤᠪᠢᠰᠬᠠᠯ》 ᠤ᠋ᠨ ᠦᠶ᠎ᠡ ᠳ᠋ᠦ᠍ ᠡᠪᠳᠡᠯᠡᠭᠳᠡᠵᠡᠢ᠃ 
       ᠥᠭᠡᠷᠡᠴᠢᠯᠡᠯᠲᠡ ᠨᠡᠭᠡᠭᠡᠯᠲᠡ ᠡᠴᠡ ᠬᠣᠢᠰᠢ ᠰᠢᠨᠠᠯᠠᠮ᠎ᠠ ᠶ᠋ᠢᠨ ᠳᠤᠷᠠᠰᠬᠠᠯ ᠤ᠋ᠨ ᠰᠤᠪᠤᠷᠭ᠎ᠠ ᠶ᠋ᠢ ᠳᠠᠬᠢᠨ ᠰᠡᠷᠭᠦᠭᠡᠨ ᠪᠠᠢᠭᠤᠯᠬᠤ ᠪᠠᠷ ᠦᠦᠰᠢᠨ ᠬᠤᠰᠢᠭᠤᠨ ᠤ᠋ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ ᠤ᠋ ᠵᠥᠪᠰᠢᠶᠡᠷᠡᠯ ᠢ᠋ᠶ᠋ᠡᠷ ᠬᠣᠰᠢᠭᠤ ᠠᠷᠠᠳ ᠤ᠋ᠨ  ᠶᠠᠪᠤᠳᠠᠯ ᠤ᠋ᠨ ᠲᠣᠪᠴᠢᠶᠠᠨ ᠤ᠋ ᠳᠠᠷᠤᠭ᠎ᠠ ᠴᠠᠭᠠᠨᠱᠶ᠋ᠷᠦ᠂ ᠬᠠᠨ ᠽᠠᠢ ᠾᠧ ᠵᠡᠷᠭᠡ ᠨᠥᠬᠥᠳ ᠦ᠋ᠨ ᠴᠢᠷᠮᠠᠢᠯᠭ᠎ᠠ ᠪᠠᠷ1984 ᠣᠨ ᠤ᠋8 ᠰᠠᠷ᠎ᠠ ᠶ᠋ᠢᠨ23 ᠠ᠋ᠴᠠ1985 ᠣᠨ ᠤ᠋6 ᠰᠠᠷ᠎ᠠ ᠶ᠋ᠢᠨ30 ᠬᠦᠷᠲᠡᠯ᠎ᠡ ᠪᠠᠷᠢᠯᠭ᠎ᠠ ᠶ᠋ᠢᠨ ᠠᠵᠢᠯ ᠢ᠋ ᠶᠠᠪᠤᠭᠳᠠᠭᠤᠯᠵᠤ᠂ ᠨᠡᠢᠲᠡ27000 ᠲᠡᠭᠰᠢ ᠳᠥᠷᠪᠡᠯᠵᠢᠨ ᠮᠧᠲ᠋ᠷ ᠲᠠᠯᠠᠪᠠᠢ ᠲᠠᠢ ᠴᠡᠴᠡᠷᠯᠢᠭ ᠦ᠋ᠨ ᠬᠦᠷᠢᠶᠡᠯᠡᠩ ᠦ᠋ᠨ ᠭᠣᠣᠯ ᠳᠤᠮᠳᠠ ᠰᠤᠪᠤᠷᠭ᠎ᠠ ᠶ᠋ᠢ ᠪᠠᠢᠷᠢᠰᠢᠭᠤᠯᠵᠤ᠂ ᠰᠤᠪᠤᠷᠭ᠎ᠠ ᠶ᠋ᠢᠨ ᠥᠨᠳᠥᠷ ᠨᠢ14.8 ᠮᠧᠲ᠋ᠷ ᠪᠠᠢᠵᠤ᠂ ᠰᠤᠪᠤᠷᠭ᠎ᠠ ᠶ᠋ᠢᠨ ᠳᠣᠣᠷᠠᠬᠢ ᠨᠢ ᠳᠥᠷᠪᠡᠯᠵᠢᠨ ᠬᠡᠯᠪᠡᠷᠢ ᠶ᠋ᠢᠨ ᠱᠠᠲᠤ ᠲᠠᠢ᠂ ᠲᠠᠯ᠎ᠠ ᠪᠦᠷᠢ ᠶ᠋ᠢᠨ ᠱᠠᠲᠤ ᠨᠢ11 ᠳᠡᠭᠲᠡᠷ ᠲᠡᠢ ᠠᠷᠪᠠᠨ ᠨᠢᠭᠡᠨ ᠳᠤᠭᠤᠢᠯᠠᠩ ᠢ᠋ ᠲᠥᠯᠥᠭᠡᠯᠡᠭᠰᠡᠨ ᠠᠭᠤᠯᠭ᠎ᠠ ᠲᠠᠢ ᠪᠠᠢᠵᠤ᠂ ᠱᠠᠲᠤᠨ ᠤ᠋ ᠳᠡᠭᠡᠷ᠎ᠡ ᠨᠢ ᠬᠡᠳᠦᠨ ᠠᠷᠪᠠᠨ ᠬᠥᠮᠦᠨ ᠰᠤᠪᠤᠷᠭ᠎ᠠ ᠶ᠋ᠢ ᠲᠣᠭᠣᠷᠢᠨ ᠶᠠᠪᠤᠬᠤ ᠲᠠᠢᠰᠠ ᠲᠠᠢ ᠪᠥᠭᠡᠳ ᠰᠤᠪᠤᠷᠭᠠᠨ ᠤ᠋ ᠳᠡᠭᠡᠷᠡᠬᠢ ᠨᠢ ᠱᠣᠪᠣᠭᠣᠷ ᠪᠥᠭᠡᠳ ᠳᠤᠮᠳᠠᠬᠢ ᠠᠳᠠᠯᠢ ᠪᠤᠰᠤ ᠬᠡᠮᠵᠢᠶ᠎ᠡ ᠲᠡᠢ ᠬᠣᠶᠠᠷ ᠳᠤᠭᠤᠢ ᠲᠣᠭᠣᠷᠢᠭ ᠤ᠋ᠨ ᠰᠠᠷᠠᠪᠴᠢ ᠲᠠᠢ᠂ ᠰᠠᠷᠠᠪᠴᠢ ᠪᠦᠷᠢ ᠶ᠋ᠢ ᠭᠠᠳᠠᠭᠰᠢ ᠭᠠᠷᠭᠠᠨ ᠰᠢᠷ᠎ᠠ ᠬᠦᠷᠡᠩ ᠥᠩᠭᠡ ᠪᠡᠷ ᠰᠢᠵᠢᠷᠳᠡᠭᠰᠡᠨ ᠥᠩᠭᠡᠲᠦ ᠸᠠᠭᠠᠷ ᠤ᠋ᠨ ᠰᠠᠷᠠᠪᠴᠢ ᠲᠠᠢ᠂ ᠰᠤᠪᠤᠷᠭ᠎ᠠ ᠶ᠋ᠢᠨ ᠶᠡᠬᠡ ᠪᠡᠶ᠎ᠡ ᠨᠢ ᠰᠢᠷᠠᠪᠲᠤᠷ ᠥᠩᠭᠡ ᠲᠡᠢ᠂ ᠳᠤᠮᠳᠠᠬᠢ ᠲᠣᠭᠣᠷᠢᠭ ᠤ᠋ᠨ ᠶᠡᠬᠡ ᠰᠠᠷᠠᠪᠴᠢ ᠶ᠋ᠢᠨ ᠳᠣᠣᠷ᠎ᠠ ᠨᠢ ᠠᠷᠪᠠᠨ ᠨᠢᠭᠡᠨ ᠳᠤᠭᠤᠢᠯᠠᠩ ᠢ᠋ ᠲᠥᠯᠥᠭᠡᠯᠡᠭᠰᠡᠨ11 ᠳᠤᠭᠤᠢ ᠨᠦᠬᠡ ᠲᠡᠢ᠂ ᠨᠦᠬᠡ ᠪᠦᠷᠢ ᠶ᠋ᠢᠨ ᠳ᠋ᠢᠶᠠᠮᠧᠲ᠋ᠷ ᠨᠢ40 ᠰᠡᠨᠲ᠋ᠢᠮᠧᠲ᠋ᠷ ᠪᠠᠢᠵᠤ ᠰᠤᠪᠤᠷᠭᠠᠨ ᠤ᠋ ᠭᠤᠷᠪᠠᠳᠤᠭᠠᠷ ᠳᠠᠪᠬᠤᠷ ᠤ᠋ᠨ ᠲᠠᠯ᠎ᠠ ᠪᠦᠷᠢ ᠳ᠋ᠦ᠍《ᠰᠢᠨᠡᠯᠡᠮ᠎ᠡ ᠶ᠋ᠢᠨ ᠳᠤᠷᠠᠰᠬᠠᠯ ᠤ᠋ᠨ ᠰᠤᠪᠤᠷᠭ᠎ᠠ》 ᠭᠡᠬᠦ ᠮᠣᠩᠭᠣᠯ ᠬᠢᠲᠠᠳ ᠢ᠋ᠶ᠋ᠠᠷ ᠥᠪᠡᠷᠲᠡᠭᠡᠨ ᠵᠠᠰᠠᠬᠤ ᠣᠷᠣᠨ ᠤ᠋ ᠲᠡᠷᠢᠭᠦᠯᠡᠭᠴᠢ ᠪᠥᠬᠡ ᠶ᠋ᠢᠨ ᠪᠢᠴᠢᠭᠡᠰᠦ ᠲᠡᠢ᠃ 
       ᠰᠤᠪᠤᠷᠭ᠎ᠠ ᠶ᠋ᠢᠨ ᠳᠡᠭᠡᠷᠡᠬᠢ ᠨᠢ ᠨᠠᠷᠢᠪᠲᠤᠷ ᠢ᠋ᠶ᠋ᠠᠷ ᠥᠨᠳᠥᠷ ᠪᠣᠯᠬᠤ ᠳᠣᠳᠣᠮ ᠬᠡᠯᠪᠡᠷᠢ ᠨᠢ ᠨᠠᠷᠢᠰᠴᠤ᠂ ᠶᠡᠷᠦᠩᠬᠡᠢ ᠳ᠋ᠡᠭᠡᠨ ᠰᠢᠨᠡᠯᠡᠮ᠎ᠡ ᠭᠡᠬᠦ ᠨᠡᠷ᠎ᠡ ᠪᠡᠷ ᠦᠨᠳᠦᠰᠦᠯᠡᠯ ᠪᠣᠯᠭᠠᠵᠤ ᠲᠥᠪᠡᠳ ᠮᠣᠩᠭᠣᠯ ᠪᠠᠷᠢᠯᠭ᠎ᠠ ᠶ᠋ᠢᠨ ᠰᠣᠶᠣᠯ ᠢ᠋ ᠤᠶᠠᠯᠳᠤᠭᠤᠯᠤᠭᠰᠠᠨ ᠳᠤᠭᠤᠢᠯᠠᠩ ᠤ᠋ᠨ ᠬᠥᠳᠡᠯᠭᠡᠭᠡᠨ ᠦ᠌ ᠠᠭᠤᠯᠭ᠎ᠠ ᠶ᠋ᠢ ᠢᠯᠡᠳᠬᠡᠭᠰᠡᠨ ᠥᠪᠡᠷᠮᠢᠴᠡ ᠪᠠᠷᠢᠯᠭ᠎ᠠ ᠪᠣᠯᠤᠨ᠎ᠠ᠃  
       1986 ᠣᠨ ᠤ᠋ ᠵᠤᠨ ᠦᠦᠰᠢᠨ ᠬᠤᠰᠢᠭᠤᠨ ᠤ᠋ ᠲᠠᠪᠴᠠᠭ ᠪᠠᠯᠭᠠᠰᠤᠨ᠎ᠠ ᠰᠢᠨᠠᠯᠠᠮ᠎ᠠ ᠶ᠋ᠢᠨ ᠰᠤᠪᠤᠷᠭ᠎ᠠ ᠶ᠋ᠢᠨ ᠡᠮᠦᠨ᠎ᠡ ᠬᠡᠳᠦᠨ ᠮᠢᠩᠭᠠᠨ ᠬᠥᠮᠦᠨ ᠦ᠌ ᠴᠤᠭᠯᠠᠭᠠᠨ ᠪᠣᠯᠵᠤ ᠰᠤᠪᠤᠷᠭ᠎ᠠ ᠪᠤᠰᠬᠠᠭᠰᠠᠨ ᠪᠠᠶᠠᠷ ᠤ᠋ᠨ ᠶᠡᠬᠡ ᠬᠤᠷᠠᠯ ᠢ᠋ ᠬᠢᠵᠦ᠂ ᠬᠤᠷᠠᠯ ᠳᠡᠭᠡᠷ᠎ᠡ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠠᠷᠠᠳ ᠤ᠋ᠨ ᠶᠠᠪᠤᠳᠠᠯ ᠤ᠋ᠨ ᠲᠢᠩᠬᠢᠮ ᠦ᠋ᠨ ᠳᠡᠳ᠋ ᠳᠠᠷᠤᠭ᠎ᠠ ᠰᠠᠢᠰᠢᠶᠠᠯ ᠨᠥᠬᠥᠷ《ᠣᠷᠳᠣᠰ ᠤ᠋ᠨ ᠳᠤᠭᠤᠢᠯᠠᠩ ᠤ᠋ᠨ ᠬᠥᠳᠡᠯᠭᠡᠭᠡᠨ ᠦ᠌ ᠤᠳᠤᠷᠢᠳᠤᠭᠴᠢ ᠦᠨᠳᠦᠰᠦᠲᠡᠨ ᠦ᠌ ᠰᠢᠯᠭᠠᠷᠠᠭᠰᠠᠨ ᠪᠠᠭᠠᠲᠤᠷ — ᠰᠢᠨᠠᠯᠠᠮ᠎ᠠ》 ᠭᠡᠬᠦ ᠤᠷᠲᠤ ᠶᠠᠷᠢᠶ᠎ᠠ ᠲᠠᠯᠪᠢᠭᠰᠠᠨ ᠪᠠᠢᠨ᠎ᠠ᠃ 
       1988 ᠣᠨ ᠤ᠋3 ᠰᠠᠷ᠎ᠠ ᠶ᠋ᠢᠨ9 ᠳ᠋ᠦ᠍ ᠥᠪᠥᠷ ᠮᠣᠩᠭᠣᠯ ᠤ᠋ᠨ ᠠᠷᠠᠳ ᠤ᠋ᠨ ᠵᠠᠰᠠᠭ ᠤ᠋ᠨ ᠣᠷᠳᠣᠨ ᠠ᠋ᠴᠠ ᠲᠤᠰ ᠰᠤᠪᠤᠷᠭ᠎ᠠ ᠶ᠋ᠢ ᠲᠡᠦᠬᠡ ᠰᠣᠶᠣᠯ ᠤ᠋ᠨ ᠴᠢᠬᠤᠯᠠ ᠬᠠᠮᠠᠭᠠᠯᠠᠯᠲᠠ ᠶ᠋ᠢᠨ ᠪᠠᠷᠢᠯᠭ᠎ᠠ ᠪᠠᠷ ᠦᠨᠡᠯᠡᠵᠦ᠂ ᠦᠦᠰᠢᠨ ᠬᠤᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠬᠠᠮᠠᠭᠠᠯᠠᠯᠲᠠ ᠶ᠋ᠢᠨ ᠫᠠᠢᠰᠠ ᠶ᠋ᠢ ᠪᠣᠰᠬᠠᠵᠠᠢ᠃ 
       ᠰᠤᠪᠤᠷᠭ᠎ᠠ ᠶ᠋ᠢᠨ ᠪᠠᠷᠠᠭᠤᠨ ᠪᠡᠶ᠎ᠡ ᠳ᠋ᠦ᠍7 ᠮᠧᠲ᠋ᠷ ᠥᠨᠳᠥᠷ᠂6 ᠮᠧᠲ᠋ᠷ ᠦ᠋ᠨ ᠳ᠋ᠢᠶᠠᠮᠧᠲ᠋ᠷ ᠦ᠋ᠨ ᠲᠠᠯᠠᠪᠠᠢ ᠪᠦᠬᠦᠢ ᠰᠡᠷᠢᠭᠦᠴᠡᠬᠦ ᠲᠠᠢᠰᠠ ᠲᠠᠢ᠂ ᠱᠦᠢᠨᠢ ᠪᠡᠷ ᠪᠠᠷᠢᠭᠰᠠᠨ ᠤᠯᠠᠭᠠᠨ ᠥᠩᠭᠡᠲᠦ ᠵᠢᠷᠭᠤᠭᠠᠨ ᠲᠤᠯᠭᠠᠭᠤᠷᠢ ᠶ᠋ᠢᠨ ᠥᠨᠳᠥᠷ ᠨᠢ6 ᠮᠧᠲ᠋ᠷ᠂ ᠳᠡᠭᠡᠷ᠎ᠡ ᠪᠡᠨ ᠰᠢᠷ᠎ᠠ ᠬᠦᠷᠡᠩ ᠥᠩᠭᠡᠲᠦ ᠸᠠᠭᠠᠷ ᠰᠢᠭᠢᠳᠬᠡᠭᠰᠡᠨ ᠵᠢᠷᠭᠤᠭᠠᠨ ᠲᠠᠯ᠎ᠠ ᠲᠠᠢ ᠰᠦᠮ᠎ᠡ ᠮᠠᠶᠢᠭ ᠤ᠋ᠨ ᠣᠷᠣᠢ ᠲᠠᠢ᠂ ᠪᠢᠴᠢᠭ ᠨᠣᠮ ᠤᠩᠰᠢᠵᠤ ᠵᠣᠭᠣᠭᠳᠠᠨ ᠰᠡᠷᠢᠭᠦᠴᠡᠬᠦ ᠭᠠᠵᠠᠷ ᠬᠣᠶᠠᠷ ᠪᠣᠢ᠃ 

            (ᠬᠣᠶᠠᠷ) ᠰᠢᠨᠠᠯᠠᠮ᠎ᠠ ᠶ᠋ᠢᠨ ᠬᠠᠭᠤᠴᠢᠨ ᠰᠠᠭᠤᠴᠠ   
       ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋ ᠭᠠᠯᠠᠭᠤᠲᠤ ᠶ᠋ᠢᠨ ᠰᠦᠮ᠎ᠡ ᠳ᠋ᠡᠬᠢ ᠰᠢᠨᠠᠯᠠᠮ᠎ᠠ ᠶ᠋ᠢᠨ ᠬᠠᠭᠤᠴᠢᠨ ᠰᠠᠭᠤᠴᠠ ᠶ᠋ᠢᠨ ᠪᠦᠬᠦ ᠬᠦᠷᠢᠶ᠎ᠡ ᠨᠢ324 ᠲᠡᠭᠰᠢ ᠳᠥᠷᠪᠡᠯᠵᠢᠨ ᠮᠧᠲ᠋ᠷ᠂ ᠬᠣᠢᠲᠤ ᠲᠠᠯ᠎ᠠ ᠳ᠋ᠤᠨᠢ ᠡᠮᠦᠨᠡᠰᠢ ᠬᠠᠨᠳᠤᠭᠰᠠᠨ3 ᠲᠠᠰᠤᠯᠭ᠎ᠠ ᠰᠠᠷᠠᠪᠴᠢ ᠲᠠᠢ ᠡᠷᠲᠡᠨ ᠦ᠌ ᠮᠠᠶᠢᠭ ᠤ᠋ᠨ ᠪᠠᠷᠢᠯᠭ᠎ᠠ᠂ ᠵᠡᠭᠦᠨ ᠪᠠᠷᠠᠭᠤᠨ ᠲᠠᠯ᠎ᠠ ᠳ᠋ᠤᠨᠢ ᠲᠤᠰ ᠪᠦᠷᠢ2 ᠲᠠᠰᠤᠯᠭ᠎ᠠ ᠰᠠᠷᠠᠪᠴᠢ ᠲᠠᠢ ᠪᠠᠢᠰᠢᠩ ᠬᠠᠷᠢᠯᠴᠠᠨ ᠨᠢᠭᠤᠷᠯᠠᠵᠤ ᠪᠣᠢ᠃ ᠭᠤᠷᠪᠠᠨ ᠬᠡᠰᠡᠭ ᠪᠠᠢᠰᠢᠩ ᠤ᠋ᠨ ᠡᠵᠡᠯᠡᠬᠦ ᠲᠠᠯᠠᠪᠠᠢ ᠨᠢ103.5 ᠲᠡᠭᠰᠢ ᠳᠥᠷᠪᠡᠯᠵᠢᠨ ᠮᠧᠲ᠋ᠷ᠃ 
       1926 ᠣᠨ ᠠ᠋ᠴᠠ1929 ᠣᠨ ᠤ᠋ ᠬᠣᠭᠣᠷᠣᠨᠳᠣ ᠵᠠᠷᠢᠮ ᠦᠶ᠎ᠡ ᠳ᠋ᠦ᠍ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠵᠠᠬᠢᠷᠭ᠎ᠠ ᠰᠠᠭᠤᠵᠤ ᠥᠩᠭᠡᠷᠡᠵᠡᠢ᠃  
       1984 ᠣᠨ ᠳ᠋ᠤ᠌ ᠭᠠᠯᠠᠭᠤᠲᠤ ᠰᠤᠮᠤᠨ ᠤ᠋ ᠵᠠᠰᠠᠭ ᠤ᠋ᠨ ᠣᠷᠳᠣᠨ ᠠ᠋ᠴᠠ ᠵᠣᠭᠣᠰ ᠭᠠᠷᠭᠠᠵᠤ ᠳᠠᠬᠢᠨ ᠰᠡᠯᠪᠢᠨ  ᠵᠠᠰᠠᠭᠠᠳ ᠰᠢᠨᠡᠯᠡᠮ᠎ᠡ ᠶ᠋ᠢᠨ ᠦᠵᠡᠭᠦᠯᠦᠯᠭᠡ ᠶ᠋ᠢᠨ ᠣᠷᠳᠣᠨ ᠪᠣᠯᠭᠠᠭᠰᠠᠨ ᠪᠠᠢᠨ᠎ᠠ᠃ 
       1964 ᠣᠨ ᠳ᠋ᠤ᠌ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠨᠢᠭᠡᠳᠦᠭᠡᠷ ᠤᠳᠠᠭᠠᠨ ᠤ᠋ ᠰᠣᠶᠣᠯ ᠲᠡᠦᠬᠡ ᠶ᠋ᠢᠨ ᠳᠤᠷᠠᠰᠬᠠᠯ ᠤ᠋ᠨ ᠬᠠᠮᠠᠭᠠᠯᠠᠯᠲᠠ ᠶ᠋ᠢᠨ ᠭᠠᠵᠠᠷ ᠢ᠋ᠶ᠋ᠠᠷ ᠲᠣᠭᠲᠠᠭᠠᠭᠳᠠᠵᠠᠢ᠃1986 ᠣᠨ ᠳ᠋ᠤ᠌ ᠥᠪᠡᠷᠲᠡᠭᠡᠨ ᠵᠠᠰᠠᠬᠤ ᠣᠷᠣᠨ ᠤ᠋ ᠨᠢᠭᠡᠳᠦᠭᠡᠷ ᠳᠡᠰ ᠦ᠋ᠨ ᠰᠣᠶᠣᠯ ᠲᠡᠦᠬᠡ ᠶ᠋ᠢᠨ ᠬᠠᠮᠠᠭᠠᠯᠠᠯᠲᠠ ᠶ᠋ᠢᠨ ᠭᠠᠵᠠᠷ᠂ 2004 ᠣᠨ ᠳ᠋ᠤ᠌ ᠤᠯᠤᠰ ᠤ᠋ᠨ ᠳᠡᠰ ᠦ᠋ᠨ ᠰᠣᠶᠣᠯ ᠲᠡᠦᠬᠡ ᠶ᠋ᠢᠨ ᠬᠠᠮᠠᠭᠠᠯᠠᠯᠲᠠ ᠶ᠋ᠢᠨ ᠭᠠᠵᠠᠷ ᠢ᠋ᠶ᠋ᠠᠷ ᠲᠣᠭᠲᠠᠭᠠᠭᠳᠠᠵᠠᠢ᠃ 
       ᠲᠤᠰ ᠣᠷᠳᠣᠨ ᠳ᠋ᠤ᠌ ᠲᠤᠬᠠᠢ ᠶ᠋ᠢᠨ ᠦᠶ᠎ᠡ ᠶ᠋ᠢᠨ ᠳᠤᠭᠤᠢᠯᠠᠩ ᠤ᠋ᠨ ᠬᠥᠳᠡᠯᠭᠡᠭᠡᠨ ᠦ᠌ ᠭᠠᠵᠠᠷ ᠤ᠋ᠨ ᠵᠢᠷᠤᠭ᠂ ᠰᠢᠨᠡᠯᠡᠮ᠎ᠡ ᠶ᠋ᠢᠨ ᠬᠡᠵᠢᠶᠡᠳᠡ ᠠᠪᠴᠤ ᠶᠠᠪᠤᠳᠠᠭ ᠮᠣᠳᠣᠨ ᠳᠡᠷ᠎ᠡ(ᠪᠢᠴᠢᠭ ᠮᠠᠲ᠋ᠧᠷᠢᠶᠠᠯ ᠬᠢᠳᠡᠭ ᠪᠢᠴᠢᠬᠠᠨ ᠠᠪᠳᠠᠷ᠎ᠠ)᠂ ᠰᠢᠨᠡᠯᠡᠮ᠎ᠡ ᠶ᠋ᠢᠨ ᠭᠡᠷ ᠦ᠋ᠨ ᠬᠡᠷᠡᠭᠯᠡᠯ ᠪᠣᠯᠤᠨ ᠶᠡᠬᠡ ᠵᠣᠣ ᠠᠢᠮᠠᠭ ᠤ᠋ᠨ ᠲᠡᠦᠬᠡ ᠶ᠋ᠢᠨ ᠮᠦᠽᠧᠢ ᠡᠴᠡ ᠬᠦᠷᠭᠡᠭᠰᠡᠨ᠂ ᠰᠢᠨᠠᠯᠠᠮ᠎ᠠ ᠶ᠋ᠢᠨ ᠬᠠᠯᠬ᠎ᠠ ᠮᠣᠩᠭᠣᠯ ᠳ᠋ᠤ᠌ ᠰᠤᠷᠤᠯᠴᠠᠵᠤ ᠪᠠᠢᠭ᠎ᠠ ᠦᠶ᠎ᠡ ᠶ᠋ᠢᠨ ᠬᠠᠭᠠᠰ ᠪᠡᠶ᠎ᠡ ᠶ᠋ᠢᠨ ᠰᠡᠭᠦᠳᠡᠷ ᠢ᠋ ᠳᠠᠭᠤᠷᠢᠶᠠᠯᠭᠠᠨ ᠱᠤᠭᠤᠭᠰᠠᠨ ᠬᠦᠷᠡᠯ ᠥᠩᠭᠡᠲᠦ ᠱᠤᠭᠤᠮᠠᠯ ᠪᠣᠯᠤᠨ ᠳᠤᠭᠤᠢᠯᠠᠩ ᠤ᠋ᠨ ᠬᠥᠳᠡᠯᠭᠡᠭᠡᠨ ᠦ᠌ ᠬᠠᠮᠢᠶ᠎ᠠ ᠪᠦᠬᠦᠢ ᠰᠡᠭᠦᠳᠡᠷ ᠵᠡᠷᠭᠡ ᠵᠦᠢᠯ ᠦ᠋ᠳ ᠢ᠋ ᠬᠠᠳᠠᠭᠠᠯᠠᠵᠤ ᠪᠣᠢ᠃  

            (ᠭᠤᠷᠪᠠ) ᠰᠢᠨᠡᠯᠡᠮ᠎ᠡ ᠶ᠋ᠢᠨ ᠨᠤᠲᠤᠭ   
       ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋ ᠪᠤᠵᠠᠢ ᠭᠠᠴᠠᠭᠠᠨ ᠤ᠋ ᠪᠤᠵᠠᠢ ᠶ᠋ᠢᠨ ᠨᠠᠭᠤᠷ ᠤ᠋ᠨ ᠵᠡᠭᠦᠨ ᠲᠡᠢ ᠲᠠᠪᠤᠨ ᠺᠢᠯᠣᠮᠧᠲ᠋ᠷ ᠦ᠋ᠨ ᠠᠯᠤᠰ ᠲᠤ᠌ ᠬᠤᠸᠠ ᠪᠤᠷᠭᠠᠰᠤ ᠤᠷᠭᠤᠭᠰᠠᠨ ᠡᠯᠡᠰᠦ ᠮᠠᠩᠬᠠᠨ ᠳᠥᠭᠥᠮ ᠦ᠋ᠨ ᠡᠮᠦᠨ᠎ᠡ ᠰᠢᠪᠠᠭ ᠤᠷᠭᠤᠭᠰᠠᠨ ᠭᠠᠵᠠᠷ ᠤ᠋ᠨ ᠭᠣᠣᠯ ᠳ᠋ᠤ᠌ ᠨᠢᠭᠡᠨ ᠬᠠᠭᠤᠴᠢᠨ ᠰᠢᠪᠠᠷ ᠬᠡᠷᠡᠮ ᠦ᠋ᠨ ᠣᠷᠣᠮ ᠪᠠᠢᠳᠠᠭ᠃ ᠡᠨᠡ ᠪᠣᠯ ᠰᠢᠨᠠᠯᠠᠮ᠎ᠠ ᠶ᠋ᠢᠨ (1909 ᠣᠨ ᠠ᠋ᠴᠠ1929 ᠣᠨ) ᠰᠠᠭᠤᠷᠢᠰᠢᠵᠤ ᠪᠠᠢᠭᠰᠠᠨ ᠬᠠᠭᠤᠴᠢᠨ ᠰᠠᠭᠤᠴᠠ ᠪᠣᠯᠤᠨ᠎ᠠ᠃1913 ᠣᠨ ᠳ᠋ᠤ᠌ ᠨᠡᠷ᠎ᠡ ᠠᠯᠳᠠᠷᠰᠢᠭᠰᠠᠨ《ᠳᠠᠯᠠᠨ ᠠᠨᠳᠠ ᠶ᠋ᠢᠨ ᠳᠤᠭᠤᠢᠯᠠᠩ》 ᠢ᠋ ᠪᠠᠢᠭᠤᠯᠵᠤ ᠲᠠᠩᠭᠠᠷᠢᠭᠯᠠᠭᠰᠠᠨ ᠶᠡᠬᠡ ᠪᠤᠷᠭᠠᠰᠤᠨ ᠳᠥᠭᠥᠮ ᠦ᠋ᠨ ᠬᠣᠢᠲᠤ ᠳᠥᠭᠥᠮ ᠪᠣᠯᠬᠤ ᠶᠤᠮ᠃ ᠥᠨᠥ ᠪᠤᠵᠠᠢ ᠭᠠᠴᠠᠭᠠᠨ ᠤ᠋ ᠬᠠᠰᠪᠠᠶᠠᠷ ᠤ᠋ᠨ ᠮᠠᠯ ᠤ᠋ᠨ ᠪᠡᠯᠴᠢᠭᠡᠷ ᠦ᠋ᠨ ᠬᠦᠷᠢᠶᠡᠯᠡᠩ ᠳᠣᠲᠣᠷ᠎ᠠ ᠪᠣᠢ᠃ 

            (ᠳᠥᠷᠪᠡ) ᠰᠢᠨᠠᠯᠠᠮ᠎ᠠ ᠶ᠋ᠢᠨ ᠬᠠᠢᠯᠠᠰᠤ  
       ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋ ᠭᠠᠯᠠᠭᠤᠲᠤ ᠪᠠᠭ᠎ᠠ ᠰᠤᠷᠭᠠᠭᠤᠯᠢ ᠶ᠋ᠢᠨ ᠬᠦᠷᠢᠶᠡᠨ ᠳᠣᠲᠣᠷ᠎ᠠ ᠬᠡᠳᠦᠨ ᠪᠦᠳᠦᠭᠦᠨ ᠡᠪᠦᠭᠡᠨ ᠬᠠᠢᠯᠠᠰᠤ ᠨᠣᠭᠣᠭᠠᠷᠠᠨ ᠰᠦᠨᠳᠡᠷᠯᠡᠵᠦ ᠪᠣᠢ᠃ ᠬᠣᠶᠠᠷ ᠵᠠᠭᠤ ᠭᠠᠷᠤᠢ ᠵᠢᠯ ᠦ᠋ᠨ ᠡᠮᠦᠨ᠎ᠡ ᠨᠢᠭᠡᠨ ᠮᠠᠯᠴᠢᠨ ᠡᠪᠦᠭᠡᠨ ᠮᠠᠯ ᠢ᠋ᠶ᠋ᠠᠨ ᠪᠡᠯᠴᠢᠭᠡᠷᠯᠡᠵᠦ ᠰᠥᠨᠢ ᠪᠣᠯᠪᠠᠯ ᠡᠨᠡ ᠬᠦ᠌ ᠬᠠᠲᠠᠭᠤ ᠶ᠋ᠢᠨ ᠪᠣᠷᠣᠯᠵᠢᠨ ᠥᠨᠳᠥᠷ ᠭᠠᠵᠠᠷ ᠤ᠋ᠨ ᠡᠩᠭᠡᠷ ᠳᠡᠭᠡᠷ᠎ᠡ ᠬᠡᠪᠲᠡᠵᠦ ᠬᠣᠨᠣᠳᠠᠭ ᠭᠡᠨ᠎ᠡ᠃ ᠲᠤᠬᠠᠢ ᠶ᠋ᠢᠨ ᠦᠶ᠎ᠡ ᠳ᠋ᠦ᠍ ᠴᠢᠨᠣ᠎ᠠ ᠦᠨᠡᠭᠡ ᠴᠦ᠍ ᠡᠯᠪᠡᠭ ᠪᠠᠢᠵᠤ ᠰᠥᠨᠢᠵᠢᠨ ᠰᠦᠷᠦᠭᠯᠡᠨ ᠣᠷᠬᠢᠷᠠᠯᠳᠤᠪᠠᠴᠤ ᠮᠠᠯ ᠰᠦᠷᠦᠭ ᠨᠢ ᠢᠳᠡᠭᠳᠡᠵᠦ ᠬᠣᠷᠣᠭᠳᠠᠭᠰᠠᠨ ᠦᠭᠡᠢ ᠭᠡᠨ᠎ᠡ᠃ ᠢᠩᠭᠢᠭᠡᠳ ᠡᠨᠡ ᠡᠷᠦᠬᠡ ᠶ᠋ᠢᠨ ᠬᠢ ᠴᠠᠭᠠᠨ ᠪᠤᠷᠬᠠᠨ ᠢᠪᠡᠭᠡᠵᠦ ᠪᠤᠷᠬᠠᠨ ᠵᠠᠪᠰᠠᠷᠯᠠᠭᠰᠠᠨ ᠰᠠᠬᠢᠭᠤᠯᠰᠤᠨ ᠲᠠᠢ ᠰᠠᠢᠬᠠᠨ ᠭᠠᠵᠠᠷ ᠪᠠᠢᠨ᠎ᠠ ᠭᠡᠮᠡᠨ ᠮᠠᠯ ᠬᠡᠪᠲᠡᠭᠰᠡᠨ ᠦᠲᠦᠭ ᠳᠡᠭᠡᠷ᠎ᠡ ᠬᠡᠳᠦᠨ ᠰᠠᠭᠤᠷᠢ ᠬᠠᠷ᠎ᠠ ᠬᠠᠢᠯᠠᠰᠤ(ᠤᠷᠭᠤᠬᠤ ᠨᠢ ᠤᠳᠠᠭᠠᠨ ᠪᠥᠭᠡᠳ ᠰᠢᠳᠤᠷᠭᠤ ᠤᠷᠭᠤᠳᠠᠭ ᠦᠭᠡᠢ ᠨᠢᠭᠡ ᠲᠥᠷᠥᠯ ᠦ᠋ᠨ ᠬᠠᠢᠯᠠᠰᠤ) ᠲᠠᠷᠢᠵᠤ ᠤᠷᠭᠤᠭᠤᠯᠤᠭᠰᠠᠨ ᠭᠡᠨ᠎ᠡ᠃ ᠡᠨᠡ ᠨᠢ ᠣᠨ ᠵᠢᠯ ᠢ᠋ ᠨᠥᠭᠴᠢᠭᠡᠬᠦ ᠶᠠᠪᠤᠴᠠ ᠳ᠋ᠤ᠌ ᠡᠬᠡ ᠭᠠᠵᠠᠷ ᠤ᠋ᠨ ᠬᠥᠷᠥᠰᠥᠨ ᠦ᠌ ᠰᠠᠢᠨ ᠢ᠋ᠶ᠋ᠠᠷ ᠪᠦᠳᠦᠭᠦᠷᠡᠵᠦ ᠰᠠᠯᠠᠭ᠎ᠠ ᠮᠥᠴᠢᠷ ᠨᠢ ᠰᠠᠭᠯᠠᠢᠨ ᠣᠷᠭᠣᠭᠠᠳ ᠪᠠᠯᠠᠷ ᠡᠷᠲᠡᠨ ᠦ᠌ ᠪᠦᠳᠦᠭᠦᠨ ᠮᠣᠳᠣ ᠮᠡᠲᠦ ᠪᠣᠯᠵᠤᠬᠤᠢ᠃ 
       1920 ᠣᠨ ᠤ᠋ ᠳᠡᠯᠡᠳ ᠳᠠ ᠶ᠋ᠢᠨ ᠲᠦᠰᠢᠮᠡᠳ ᠪᠠ ᠴᠡᠷᠢᠭ ᠬᠡᠳᠦᠨ ᠵᠠᠭᠤᠨ ᠬᠥᠮᠦᠨ ᠭᠠᠯᠠᠭᠤᠲᠤ ᠶ᠋ᠢᠨ ᠰᠦᠮ᠎ᠡ ᠳᠡᠭᠡᠷ᠎ᠡ ᠢᠷᠡᠵᠦ ᠴᠢᠭᠤᠯᠭᠠᠨ ᠴᠢᠭᠤᠯᠬᠤ ᠬᠤᠭᠤᠴᠠᠭᠠᠨ ᠳ᠋ᠤ᠌ ᠡᠨᠡ ᠪᠦᠳᠦᠭᠦᠨ ᠬᠠᠢᠯᠠᠰᠤᠨ ᠮᠣᠳᠣᠨ ᠤ᠋ ᠰᠡᠭᠦᠳᠡᠷ ᠳᠣᠣᠷ᠎ᠠ ᠰᠢᠭᠦᠬᠦ ᠳᠠᠩ(ᠲᠠᠯᠠᠪᠠᠢ) ᠭᠠᠷᠭᠠᠵᠤ᠂ ᠰᠢᠨᠡᠯᠡᠮ᠎ᠡ ᠶ᠋ᠢ ᠪᠦᠳᠦᠭᠦᠨ ᠰᠠᠯᠠᠭᠠᠨ ᠠ᠋ᠴᠠ ᠨᠢ ᠳᠡᠭᠦᠵᠢᠯᠡᠨ ᠲᠠᠮᠤᠯᠠᠭᠰᠠᠨ ᠢ᠋ᠶ᠋ᠠᠷ ᠬᠣᠵᠢᠮ ᠤ᠋ᠨ ᠬᠥᠮᠦᠰ《ᠰᠢᠨᠡᠯᠡᠮ᠎ᠡ ᠶ᠋ᠢᠨ ᠬᠠᠢᠯᠠᠰᠤ》 ᠭᠡᠵᠦ ᠬᠡᠯᠡᠯᠴᠡᠬᠦ ᠪᠣᠯᠵᠠᠢ᠃  
       1986 ᠣᠨ ᠳ᠋ᠤ᠌ ᠭᠠᠯᠠᠭᠤᠲᠤ ᠰᠤᠮᠤᠨ ᠤ᠋ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ ᠠ᠋ᠴᠠ ᠪᠡᠯᠡ ᠣᠷᠣᠭᠤᠯᠵᠤ ᠳᠤᠭᠤᠢᠯᠠᠭᠤᠯᠤᠨ ᠲᠡᠮᠦᠷ ᠰᠡᠷᠡᠯᠵᠢᠨ ᠬᠦᠷᠢᠶ᠎ᠡ ᠭᠠᠷᠭᠠᠵᠤ᠂ ᠳᠣᠲᠣᠷ᠎ᠠ ᠨᠢ ᠰᠢᠨᠡᠯᠡᠮ᠎ᠡ ᠶ᠋ᠢᠨ ᠬᠥᠷᠥᠭ ᠢ᠋ ᠱᠤᠭᠤᠵᠤ ᠮᠥᠩᠬᠡ ᠨᠣᠭᠣᠭᠠᠨ ᠢ᠋ ᠪᠡᠯᠭᠡᠳᠡᠵᠦ ᠠᠷᠴᠠ ᠬᠣᠰᠢ ᠲᠠᠷᠢᠵᠤ ᠪᠢᠴᠢᠬᠠᠨ ᠴᠡᠴᠡᠷᠯᠢᠭ ᠦ᠋ᠨ ᠬᠦᠷᠢᠶᠡᠯᠡᠩ ᠪᠣᠯᠭᠠᠨ ᠬᠠᠮᠠᠭᠠᠯᠠᠭᠰᠠᠨ ᠪᠠᠢᠨ᠎ᠠ᠃ 

            (ᠲᠠᠪᠤ) ᠰᠢᠨᠠᠯᠠᠮ᠎ᠠ ᠶ᠋ᠢᠨ ᠱᠤᠭᠤᠮᠠᠯ ᠤ᠋ᠳ  
       1. ᠥᠪᠥᠷ ᠮᠣᠩᠭᠣᠯ ᠤ᠋ᠨ ᠮᠦᠽᠧᠢ ᠳ᠋ᠡᠬᠢ ᠱᠤᠭᠤᠮᠠᠯ᠃ ᠯᠠᠮᠠ ᠵᠠᠭᠠᠮ᠎ᠠ ᠲᠠᠢ ᠣᠷᠳᠣᠰ ᠮᠣᠩᠭᠣᠯᠴᠤᠳ ᠤ᠋ᠨ ᠬᠦᠷᠡᠩ ᠥᠩᠭᠡ ᠶ᠋ᠢᠨ ᠤᠷᠲᠤ ᠬᠤᠪᠴᠠᠰᠤ ᠶ᠋ᠢ ᠡᠮᠦᠰᠴᠦ ᠣᠷᠳᠣᠰ ᠮᠠᠶᠢᠭ ᠢ᠋ᠶ᠋ᠠᠷ ᠪᠦᠰᠡ ᠪᠡᠨ ᠴᠢᠩᠭ᠎ᠠ ᠪᠦᠰᠡᠯᠡᠨ ᠲᠡᠷᠢᠭᠦᠨ ᠳ᠋ᠡᠭᠡᠨ ᠱᠣᠪᠣᠭᠣᠷ ᠣᠷᠣᠢ ᠲᠠᠢ ᠡᠪᠦᠯ ᠦ᠋ᠨ ᠮᠠᠯᠠᠭᠠᠢ ᠵᠡᠭᠦᠵᠦ᠂ ᠵᠡᠭᠦᠨ ᠲᠠᠯ᠎ᠠ ᠶ᠋ᠢᠨ ᠪᠦᠰᠡ ᠡᠴᠡ ᠮᠣᠷᠢᠲᠤ ᠴᠡᠷᠢᠭ ᠦ᠋ᠨ ᠬᠤᠢ ᠲᠠᠢ ᠢᠯᠳᠦ ᠶ᠋ᠢ ᠣᠭᠣᠰᠣᠷᠯᠠᠨ ᠵᠡᠭᠦᠭᠡᠳ ᠵᠡᠭᠦᠨ ᠭᠠᠷ ᠢ᠋ᠶ᠋ᠠᠷ ᠢ᠋ᠶ᠋ᠠᠨ ᠢᠯᠳᠦ ᠶ᠋ᠢᠨ ᠬᠤᠢ ᠠ᠋ᠴᠠ ᠪᠠᠷᠢᠵᠤ ᠪᠠᠷᠠᠭᠤᠨ ᠭᠠᠷ ᠢ᠋ᠶ᠋ᠠᠷ ᠢ᠋ᠶ᠋ᠠᠨ ᠰᠦᠪᠡᠭᠡ ᠪᠡᠨ ᠲᠤᠯᠵᠤ ᠬᠥᠯ ᠳ᠋ᠡᠭᠡᠨ ᠬᠠᠯᠬ᠎ᠠ ᠮᠠᠶᠢᠭ ᠤ᠋ᠨ ᠭᠤᠲᠤᠯ ᠡᠮᠦᠰᠴᠦ ᠲᠣᠯᠣᠭᠠᠢ ᠪᠠᠨ ᠵᠡᠭᠦᠨ ᠲᠡᠢᠰᠢ ᠪᠠᠭ᠎ᠠ ᠮᠤᠷᠤᠢᠰᠬᠢᠨ ᠶᠠᠭᠤ ᠨᠢᠭᠡ ᠶ᠋ᠢ ᠪᠣᠳᠣᠯᠬᠢᠯᠠᠨ ᠠᠯᠤᠰ ᠢ᠋ ᠪᠠᠷᠠᠯᠠᠭᠰᠠᠨ ᠢᠳᠡᠷ ᠨᠠᠰᠤᠨ ᠤ᠋ ᠪᠠᠢᠳᠠᠯ ᠲᠠᠢ ᠱᠤᠭᠤᠮᠠᠯ ᠪᠣᠢ᠃ ᠱᠤᠭᠤᠮᠠᠯ ᠤ᠋ᠨ ᠥᠨᠳᠥᠷ ᠨᠢ6 ᠲᠣᠬᠣᠢ ᠣᠷᠴᠢᠮ ᠪᠠᠢᠵᠤ᠂ ᠮᠣᠩᠭᠣᠯ ᠦᠨᠳᠦᠰᠦᠲᠡᠨ ᠦ᠌ ᠠᠯᠳᠠᠷᠲᠤ ᠤᠷᠠᠨ ᠱᠤᠭᠤᠮᠠᠯᠴᠢᠨ ᠦᠨᠳᠦᠰᠦ(ᠸᠧᠨ ᠬᠣᠣ) ᠶ᠋ᠢᠨ ᠤᠷᠠᠨ ᠪᠦᠲᠦᠭᠡᠯ ᠪᠣᠯᠤᠨ᠎ᠠ᠃ 
       2. ᠭᠠᠯᠠᠭᠤᠲᠤ ᠰᠤᠮᠤᠨ ᠤ᠋ ᠰᠢᠨᠠᠯᠠᠮ᠎ᠠ ᠶ᠋ᠢᠨ ᠬᠠᠭᠤᠴᠢᠨ ᠰᠠᠭᠤᠴᠠ ᠳ᠋ᠠᠬᠢ ᠱᠤᠭᠤᠮᠠᠯ᠃ ᠡᠨᠡ ᠨᠢ ᠰᠢᠨᠠᠯᠠᠮ᠎ᠠ ᠶ᠋ᠢᠨ ᠬᠠᠯᠬ᠎ᠠ ᠮᠣᠩᠭᠣᠯ ᠳ᠋ᠤ᠌ ᠰᠤᠷᠤᠯᠴᠠᠵᠤ ᠪᠠᠢᠭ᠎ᠠ ᠦᠶ᠎ᠡ ᠶ᠋ᠢᠨ ᠱᠣᠪᠣᠭᠣᠷ ᠮᠠᠯᠠᠭᠠᠢ ᠲᠠᠢ ᠬᠠᠭᠠᠰ ᠪᠡᠶ᠎ᠡ ᠶ᠋ᠢᠨ ᠱᠤᠭᠤᠮᠠᠯ ᠬᠥᠷᠥᠭ ᠶᠦᠮ᠃ ᠲᠤᠰ ᠱᠤᠭᠤᠮᠠᠯ ᠢ᠋ ᠬᠥᠩᠭᠡᠨ ᠪᠡᠶᠡᠲᠦ ᠮᠠᠲ᠋ᠧᠷᠢᠶᠠᠯ ᠢ᠋ᠶ᠋ᠠᠷ ᠦᠢᠯᠡᠳᠴᠦ᠂ ᠭᠠᠳᠠᠭᠤᠷ ᠨᠢ ᠥᠩᠭᠡᠲᠦ ᠬᠦᠷᠡᠯ ᠲᠡᠮᠦᠷᠯᠢᠭ ᠢ᠋ᠶ᠋ᠡᠷ ᠤᠬᠢᠶᠠᠭᠰᠠᠨ ᠪᠥᠭᠡᠳ ᠥᠨᠳᠥᠷ ᠨᠢ50 ᠰᠡᠨᠲ᠋ᠢᠮᠧᠲ᠋ᠷ ᠪᠣᠯᠤᠨ᠎ᠠ᠃ ᠶᠡᠬᠡ ᠵᠣᠣ ᠠᠢᠮᠠᠭ ᠤ᠋ᠨ ᠲᠡᠦᠬᠡ ᠰᠣᠶᠣᠯ ᠬᠠᠭᠤᠴᠢ ᠰᠤᠳᠤᠯᠤᠯ ᠤ᠋ᠨ ᠭᠠᠵᠠᠷ᠂ ᠥᠨᠥ ᠶ᠋ᠢᠨ ᠣᠷᠳᠣᠰ ᠤ᠋ᠨ ᠮᠦᠽᠧᠢ ᠡᠴᠡ1990 ᠣᠨ ᠳ᠋ᠤ᠌ ᠰᠢᠨᠡᠯᠡᠮ᠎ᠡ ᠶ᠋ᠢᠨ ᠦᠵᠡᠭᠦᠯᠦᠯᠭᠡ ᠶ᠋ᠢᠨ ᠣᠷᠳᠣᠨ ᠳ᠋ᠤ᠌ ᠬᠦᠷᠭᠡᠵᠦ ᠥᠭᠭᠦᠭᠰᠡᠨ ᠶᠦᠮ᠃  
       3. ᠭᠠᠯᠠᠭᠤᠲᠤ ᠰᠤᠷᠭᠠᠭᠤᠯᠢ ᠶ᠋ᠢᠨ ᠬᠦᠷᠢᠶᠡᠨ ᠳ᠋ᠡᠬᠢ ᠱᠤᠭᠤᠮᠠᠯ᠃ ᠰᠢᠨᠡᠯᠡᠮ᠎ᠡ ᠶ᠋ᠢᠨ ᠬᠠᠢᠯᠠᠰᠤᠨ ᠮᠣᠳᠣᠨ ᠤ᠋ ᠬᠦᠷᠢᠶᠡᠯᠡᠩ ᠳᠣᠲᠣᠷ᠎ᠠ ᠰᠢᠨᠡᠯᠡᠮ᠎ᠡ ᠶ᠋ᠢᠨ ᠬᠠᠯᠬ᠎ᠠ ᠮᠣᠩᠭᠣᠯ ᠳ᠋ᠤ᠌ ᠰᠤᠷᠤᠯᠴᠠᠵᠤ ᠪᠠᠢᠭ᠎ᠠ ᠦᠶ᠎ᠡ ᠶ᠋ᠢᠨ ᠬᠠᠭᠠᠰ ᠪᠡᠶ᠎ᠡ ᠶ᠋ᠢᠨ ᠰᠡᠭᠦᠳᠡᠷ ᠢ᠋1.1 ᠮᠧᠲ᠋ᠷ ᠦ᠋ᠨ ᠥᠨᠳᠥᠷ ᠲᠠᠢᠰᠠᠨ ᠳᠡᠭᠡᠷ᠎ᠡ ᠡᠮᠦᠨᠡᠰᠢ ᠪᠡᠨ ᠬᠠᠨᠳᠤᠭᠤᠯᠤᠨ ᠪᠠᠷᠢᠮᠨᠠᠵᠤ ᠱᠤᠭᠤᠭᠰᠠᠨ1 ᠮᠧᠲ᠋ᠷ ᠦ᠋ᠨ ᠥᠨᠳᠥᠷ ᠱᠤᠭᠤᠮᠠᠯ ᠪᠣᠯᠤᠨ᠎ᠠ᠃ 
       1990 ᠣᠨ ᠳ᠋ᠤ᠌ ᠨᠤᠲᠤᠭ ᠤ᠋ᠨ ᠭᠠᠷ ᠤᠷᠠᠯᠢᠭᠴᠢᠨ ᠲᠥᠪᠰᠢᠨᠵᠢᠷᠭᠠᠯ ᠤ᠋ᠨ ᠱᠤᠭᠤᠭᠰᠠᠨ ᠤᠷᠠᠨ ᠪᠦᠲᠦᠭᠡᠯ ᠪᠣᠯᠤᠨ᠎ᠠ᠃ 
       4. ᠰᠢᠨᠡᠯᠡᠮ᠎ᠡ ᠶ᠋ᠢᠨ ᠪᠦᠬᠦᠯᠢ ᠪᠡᠶ᠎ᠡ ᠶ᠋ᠢᠨ ᠰᠡᠢᠯᠦᠮᠡᠯ ᠬᠥᠷᠥᠭ᠃ ᠲᠣᠯᠣᠭᠠᠢ ᠳ᠋ᠠᠭᠠᠨ ᠡᠪᠦᠯ ᠦ᠋ᠨ ᠮᠠᠯᠠᠭᠠᠢ ᠵᠡᠭᠦᠵᠦ ᠪᠡᠶ᠎ᠡ ᠳ᠋ᠡᠭᠡᠨ ᠣᠷᠳᠣᠰ ᠮᠠᠶᠢᠭ ᠤ᠋ᠨ ᠤᠷᠲᠤ ᠳᠡᠪᠡᠯ ᠡᠮᠦᠰᠴᠦ᠂ ᠪᠠᠷᠠᠭᠤᠨ ᠭᠠᠷ ᠢ᠋ᠶ᠋ᠠᠷ ᠢ᠋ᠶ᠋ᠠᠨ ᠰᠦᠪᠡᠭᠡ ᠪᠡᠨ ᠲᠤᠯᠵᠤ ᠠᠯᠤᠰ ᠢ᠋ ᠰᠢᠷᠳᠡᠨ ᠲᠥᠪ ᠬᠢᠴᠢᠶᠡᠩᠭᠦᠢ ᠵᠣᠭᠰᠣᠭᠰᠠᠨ ᠴᠠᠭᠠᠨ ᠭᠠᠨᠲᠢᠭ ᠴᠢᠯᠠᠭᠤᠨ ᠰᠡᠢᠯᠦᠮᠡᠯ᠂ ᠥᠨᠳᠥᠷ ᠨᠢ60 ᠰᠡᠨᠲ᠋ᠢᠮᠧᠲ᠋ᠷ ᠪᠣᠢ᠃  
       ᠰᠢᠨᠡᠯᠡᠮ᠎ᠡ ᠶ᠋ᠢᠨ ᠲᠠᠪᠤᠳᠤᠭᠠᠷ ᠦᠶ᠎ᠡ ᠶ᠋ᠢᠨ ᠰᠠᠳᠤᠨ ᠪᠣᠯᠬᠤ ᠠᠯᠲᠠᠨᠪᠣᠯᠣ(ᠵᠢᠩ ᠭᠠᠩ) ᠤ᠋ᠨ ᠤᠷᠠᠨ ᠪᠦᠲᠦᠭᠡᠯ ᠪᠣᠯᠤᠨ᠎ᠠ᠃ 
       5. ᠰᠢᠨᠠᠯᠠᠮ᠎ᠠ ᠶ᠋ᠢᠨ ᠬᠠᠭᠠᠰ ᠪᠡᠶ᠎ᠡ ᠶ᠋ᠢᠨ ᠱᠤᠭᠤᠮᠠᠯ᠃ ᠲᠣᠯᠣᠭᠠᠢ ᠳ᠋ᠠᠭᠠᠨ ᠭᠣᠵᠣᠭᠣᠷ ᠮᠠᠯᠠᠭᠠᠢ ᠵᠡᠭᠦᠵᠦ ᠯᠠᠮᠠ ᠵᠠᠭᠠᠮ᠎ᠠ ᠲᠠᠢ ᠬᠤᠪᠴᠠᠰᠤ ᠡᠮᠦᠰᠦᠭᠰᠡᠨ ᠵᠣᠩᠰᠢ ᠴᠢᠯᠠᠭᠤ ᠶ᠋ᠢᠨ ᠨᠤᠨᠲᠠᠭ ᠢ᠋ᠶ᠋ᠠᠷ ᠪᠠᠷᠢᠮᠨᠠᠵᠤ ᠱᠤᠭᠤᠭᠠᠳ ᠭᠠᠳᠠᠭᠤᠷ ᠨᠢ ᠰᠢᠷ᠎ᠠ ᠭᠠᠤᠯᠢᠨ ᠨᠤᠨᠲᠠᠭ ᠢ᠋ᠶ᠋ᠠᠷ ᠰᠢᠷᠳᠡᠵᠦ ᠤᠬᠢᠶᠠᠵᠠᠢ᠃ ᠥᠨᠳᠥᠷ ᠨᠢ50 ᠰᠡᠨᠲ᠋ᠢᠮᠧᠲ᠋ᠷ ᠪᠣᠢ᠃  
       ᠰᠢᠨᠡᠯᠡᠮ᠎ᠡ ᠶ᠋ᠢᠨ ᠲᠠᠪᠤᠳᠤᠭᠠᠷ ᠦᠶ᠎ᠡ ᠶ᠋ᠢᠨ ᠰᠠᠳᠤᠨ ᠪᠣᠯᠬᠤ ᠠᠯᠲᠠᠨᠪᠣᠯᠣ(ᠵᠢᠩ ᠭᠠᠩ) ᠤ᠋ᠨ ᠤᠷᠠᠨ ᠪᠦᠲᠦᠭᠡᠯ ᠪᠣᠯᠤᠨ᠎ᠠ᠃  

 
        ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠪᠠᠯ᠂ ᠪᠠᠳᠮᠠᠰᠡᠴᠡᠨ 
           ᠬᠢᠨᠠᠭᠴᠢ᠄ ᠣᠳᠬᠣᠨᠴᠡᠴᠡᠭ᠂ ᠠᠯᠲᠠᠨᠱᠠ᠂ ᠪᠠᠯ