ᠠᠪᠠᠭ᠎ᠠ ᠬᠠᠷ᠎ᠠ (ᠬᠠᠷ᠎ᠠ) ᠠᠭᠤᠯᠠ - ᠣᠳᠬᠣᠨᠪᠠᠶᠠᠷ Abaga khar uul-OtgonbayarАбага хар уул-Отгонбаяр
ᠠᠪᠠᠭ᠎ᠠ ᠬᠠᠷ᠎ᠠ (ᠬᠠᠷ᠎ᠠ) ᠠᠭᠤᠯᠠ
ᠬᠣᠯᠪᠣᠭ᠎ᠠ
ᠣᠳᠬᠣᠨᠪᠠᠶᠠᠷ
ᠠᠯᠤᠰ ᠤ᠋ᠨ ᠬᠣᠯᠠ ᠠ᠋ᠴᠠ ᠰᠠᠷᠠᠪᠴᠢᠯᠠᠬᠤ ᠳ᠋ᠤ᠌
ᠠᠭᠯᠠᠭ ᠰᠦᠷᠯᠢᠭ ᠠᠪᠠᠭ᠎ᠠ ᠠᠭᠤᠯᠠ
ᠠᠶᠠᠯᠠᠵᠤ ᠣᠴᠢᠭᠠᠳ ᠵᠤᠭᠠᠴᠠᠬᠤ ᠳ᠋ᠤ᠌
ᠠᠷᠢᠭᠤᠨ ᠪᠠᠢᠭᠠᠯᠢ ᠠᠪᠠᠭ᠎ᠠ ᠠᠭᠤᠯᠠ
ᠪᠠᠷ᠎ᠠ ᠶ᠋ᠢᠨ ᠬᠣᠯᠠ ᠠ᠋ᠴᠠ ᠰᠠᠷᠠᠪᠴᠢᠯᠠᠬᠤ ᠳ᠋ᠤ᠌
ᠰᠦᠷᠯᠢᠭ ᠰᠠᠢᠬᠠᠨ ᠠᠪᠠᠭ᠎ᠠ ᠠᠭᠤᠯᠠ
ᠪᠠᠬᠠᠷᠬᠠᠵᠤ ᠣᠴᠢᠭᠠᠳ ᠵᠤᠭᠠᠴᠠᠬᠤ ᠳ᠋ᠤ᠌
ᠪᠠᠢᠭᠠᠯᠢ ᠭᠣᠶᠣᠬᠠᠨ ᠠᠪᠠᠭ᠎ᠠ ᠠᠭᠤᠯᠠ ᠬᠦ
ᠠᠷᠤ ᠥᠪᠥᠷ ᠢ᠋ᠶ᠋ᠡᠷ ᠨᠢ ᠥᠩᠭᠡᠷᠡᠬᠦᠯᠡᠷ
ᠠᠯᠠᠭ ᠴᠡᠴᠡᠭ ᠦ᠋ᠨ ᠮᠢᠷᠠᠯᠵᠠᠭᠠᠨ ᠲᠠᠢ
ᠠᠰᠬ᠎ᠠ ᠬᠠᠳᠠᠨ ᠳ᠋ᠤ᠌ ᠨᠢ ᠣᠢᠷᠠᠳᠬᠤᠯᠠᠷ
ᠠᠷᠴᠠ ᠶ᠋ᠢᠨ ᠦᠨᠦᠷ ᠰᠡᠩᠭᠢᠨᠡᠭᠡᠨ ᠲᠡᠢ
ᠵᠠᠪᠢ ᠶ᠋ᠢᠨ ᠠᠮᠠ ᠪᠠᠷ ᠨᠢ ᠣᠷᠣᠬᠤᠯᠠᠷ
ᠵᠠᠭᠤᠨ ᠥᠩᠭᠡ ᠶ᠋ᠢᠨ ᠮᠢᠷᠠᠯᠵᠠᠭᠠᠨ ᠲᠠᠢ
ᠵᠢᠪᠠᠷ ᠤ᠋ᠨ ᠳᠣᠣᠭᠤᠷ ᠨᠢ ᠭᠠᠷᠬᠤᠯᠠᠷ
ᠵᠠᠭᠠᠷ ᠤ᠋ᠨ ᠦᠨᠦᠷ ᠰᠡᠩᠭᠢᠨᠡᠭᠡᠨ ᠲᠡᠢ
ᠣᠭ᠌ᠶᠤ ᠨᠣᠭᠣᠭᠠᠨ ᠬᠠᠳᠠ ᠨᠤᠭᠤᠳ ᠨᠢ
ᠡᠭᠦᠯᠡᠨ ᠠᠯᠴᠢᠭᠤᠷ ᠣᠷᠢᠶᠠᠴᠢᠬᠠᠵᠠᠢ
ᠤᠳᠠ ᠪᠣᠯᠤᠨ ᠤᠯᠢᠶᠠᠰᠤ ᠨᠤᠭᠤᠳ
ᠤᠨᠵᠢᠯᠭ᠎ᠠ ᠪᠣᠯᠤᠭᠠᠳ ᠴᠢᠮᠡᠭᠯᠡᠵᠡᠢ
ᠬᠠᠢᠯᠠᠰᠤ ᠪᠣᠯᠤᠨ ᠬᠠᠷᠭᠠᠨ᠎ᠠ ᠨᠤᠭᠤᠳ
ᠬᠣᠷᠮᠣᠢ ᠪᠦᠷᠬᠦᠨ ᠶᠠᠭᠰᠢᠷᠠᠭᠠᠳ
ᠬᠠᠢᠴᠢᠨ ᠢᠩᠭᠡᠷ ᠰᠢᠪᠠᠭᠤ ᠨᠤᠭᠤᠳ
ᠬᠠᠯᠢᠨ ᠬᠠᠯᠢᠨ ᠳᠣᠩᠭᠣᠳᠴᠠᠢ ᠬᠦ
ᠰᠠᠢᠬᠠᠨ ᠢᠷᠭᠤᠢ ᠳᠡᠯᠭᠡᠷᠡᠳᠡᠭ
ᠰᠠᠷᠬᠢᠭ ᠠᠷᠪᠢᠨ ᠵᠠᠪᠢ ᠨᠤᠭᠤᠳ ᠲᠠᠢ
ᠰᠠᠭᠯᠠᠭᠠᠷ ᠮᠣᠳᠣ ᠪᠠᠷ ᠬᠤᠴᠢᠭᠳᠠᠭᠰᠠᠨ
ᠰᠠᠯᠠᠭ᠎ᠠ ᠠᠷᠪᠢᠨ ᠵᠢᠯᠠᠭ᠎ᠠ ᠨᠤᠭᠤᠳ ᠲᠠᠢ
ᠰᠠᠷᠠᠯᠠᠩ ᠮᠠᠨᠤ ᠳᠡᠯᠭᠡᠷᠡᠳᠡᠭ
ᠵᠠᠳᠠᠭᠠᠢ ᠲᠡᠨᠢᠭᠡᠷ ᠬᠠᠮᠠᠷ ᠤ᠋ᠳ ᠲᠠᠢ
ᠰᠠᠢᠨ ᠤ᠋ ᠪᠡᠯᠭᠡ ᠶ᠋ᠢ ᠬᠤᠷᠤᠢᠯᠠᠭᠰᠠᠨ
ᠱᠠᠩ᠊ᠱᠢᠨ ᠲᠠᠬᠢᠯᠭ᠎ᠠ ᠣᠪᠣᠭ᠎ᠠ ᠲᠠᠢ ᠬᠦ
ᠮᠠᠯ ᠤ᠋ᠨ ᠬᠥᠮᠦᠨ ᠴᠢᠯᠠᠭᠤ ᠲᠡᠭᠦᠵᠦ
ᠪᠤᠰᠬᠠᠭᠠᠳ ᠲᠡᠭᠡᠭᠰᠡᠨ ᠣᠪᠣᠭ᠎ᠠ ᠲᠠᠢ
ᠮᠠᠯ ᠢ᠋ᠶ᠋ᠠᠨ ᠥᠰᠬᠡᠬᠦ ᠠᠷᠭ᠎ᠠ ᠲᠡᠭᠦᠵᠦ
ᠣᠪᠣᠭᠠᠯᠠᠭᠠᠳ ᠲᠡᠭᠡᠭᠰᠡᠨ ᠣᠪᠣᠭ᠎ᠠ ᠲᠠᠢ
ᠮᠠᠨ ᠤ᠋ ᠲᠠᠨ ᠤ᠋ ᠪᠦᠭᠦᠳᠡᠭᠡᠷ ᠢ᠋ᠶ᠋ᠡᠨ
ᠰᠦᠰᠦᠭᠯᠡᠵᠦ ᠲᠠᠬᠢᠭᠰᠠᠨ ᠠᠪᠠᠭ᠎ᠠ ᠠᠭᠤᠯᠠ
ᠮᠠᠯᠵᠢᠬᠤ ᠨᠤᠲᠤᠭ ᠤ᠋ᠨ ᠬᠥᠭᠵᠢᠯᠲᠡ ᠳ᠋ᠦ᠍
ᠴᠠᠮᠬᠠᠭ ᠪᠣᠯᠤᠭᠰᠠᠨ ᠠᠪᠠᠭ᠎ᠠ ᠠᠭᠤᠯᠠ ᠬᠦ
ᠴᠡᠴᠡᠭ ᠦ᠋ᠨ ᠡᠪᠡᠷᠳᠡᠢ ᠪᠤᠭᠤ ᠰᠤᠭᠤ ᠨᠤᠭᠤᠳ
ᠰᠢᠭᠤᠢ ᠳᠣᠲᠣᠷ᠎ᠠ ᠪᠠᠨ ᠣᠷᠣᠮᠳᠠᠭᠠᠳ
ᠰᠡᠷᠢᠭᠦᠨ ᠪᠤᠯᠠᠭ ᠲᠤ᠌ ᠪᠠᠨ ᠤᠮᠳᠠᠯᠠᠭᠠᠳ
ᠴᠢᠮᠡᠭᠡ ᠠᠪᠤᠨ ᠰᠡᠷᠲᠡᠯᠵᠡᠭᠡᠳ
ᠮᠠᠯᠤᠷ ᠪᠣᠯᠤᠨ ᠲᠠᠤᠯᠠᠢ ᠨᠤᠭᠤᠳ
ᠰᠢᠭᠦᠳᠡᠷᠢ ᠳᠣᠯᠢᠶᠠᠨ ᠳᠡᠯᠳᠡᠭᠡᠨᠡᠭᠡᠳ
ᠮᠠᠨ ᠢ᠋ ᠣᠴᠢᠬᠤ ᠶ᠋ᠢ ᠮᠡᠳᠡᠬᠦ ᠴᠤ᠌ ᠦᠭᠡᠢ
ᠥᠯᠮᠡᠢ ᠳᠣᠣᠷ᠎ᠠ ᠠ᠋ᠴᠠ ᠪᠣᠰᠤᠯᠴᠠᠭᠠᠳ ᠬᠦ
ᠵᠡᠭᠦᠨ ᠡᠮᠦᠨ᠎ᠡ ᠨᠢ ᠡᠷᠳᠡᠨᠢ ᠠᠭᠤᠯᠠ
ᠯᠤᠤ ᠪᠥᠬᠥᠢᠭᠰᠡᠨ ᠰᠢᠨᠵᠢ ᠲᠡᠢ
ᠪᠠᠷᠠᠭᠤᠨ ᠬᠣᠢᠨ᠎ᠠ ᠨᠢ ᠠᠪᠠᠭ᠎ᠠ ᠬᠠᠷ᠎ᠠ
ᠪᠠᠢᠷᠢ ᠪᠠᠨ ᠡᠵᠡᠯᠡᠭᠰᠡᠨ ᠲᠥᠯᠥᠪ ᠲᠡᠢ
ᠬᠣᠢᠲᠠᠢ ᠠᠷᠤ ᠳ᠋ᠤ᠌ ᠨᠢ ᠪᠣᠷᠣ ᠬᠣᠲᠠ ᠶ᠋ᠢᠨ
ᠣᠯᠪᠣᠭ ᠬᠠᠶᠠᠭᠰᠠᠨ ᠪᠠᠭᠤᠷᠢ ᠲᠠᠢ
ᠡᠮᠦᠨ᠎ᠡ ᠡᠩᠭᠡᠷ ᠨᠢ ᠴᠠᠭᠠᠨ ᠬᠣᠲᠠ ᠶ᠋ᠢᠨ
ᠬᠣᠶᠠᠷ ᠪᠤᠬ᠎ᠠ ᠶ᠋ᠢᠨ ᠮᠥᠷᠭᠥᠭᠡ ᠲᠡᠢ ᠬᠦ
ᠬᠢᠳᠠᠨ ᠯᠢᠶᠣᠣ ᠤᠯᠤᠰ ᠲᠤ᠌ ᠪᠠᠨ
ᠶᠢᠯᠦᠢ ᠢᠦᠢ ᠶ᠋ᠢᠨ ᠤᠯᠠᠭ᠎ᠠ ᠲᠠᠢ
ᠭᠠᠢᠬᠠᠮᠰᠢᠭᠲᠤ ᠴᠣᠭᠲᠤ ᠶ᠋ᠢᠨ ᠬᠠᠳᠠᠨ ᠳ᠋ᠤ᠌
ᠶᠠᠰᠤ ᠪᠠᠨ ᠲᠠᠯᠪᠢᠭᠰᠠᠨ ᠣᠩᠭᠣᠨ ᠲᠠᠢ
ᠭᠡᠭᠡᠨ ᠮᠡᠷᠭᠡᠨ ᠴᠣᠷᠵᠢ ᠯᠠᠮᠠ
ᠡᠩᠬᠡ ᠠᠮᠤᠭᠤᠯᠠᠩ ᠪᠢᠰᠢᠷᠡᠯ ᠲᠡᠢ
ᠭᠠᠵᠠᠷ ᠰᠣᠩᠭᠣᠭᠠᠳ ᠬᠠᠨ ᠰᠦᠮ᠎ᠡ ᠶ᠋ᠢ
ᠲᠣᠭᠲᠠᠭᠠᠵᠤ ᠪᠠᠷᠢᠭᠰᠠᠨ ᠵᠣᠬᠢᠶᠠᠯ ᠲᠠᠢ ᠬᠦ
ᠬᠠᠢᠷᠠᠲᠤ ᠥᠯᠥᠭᠡᠢ ᠨᠤᠲᠤᠭ ᠢ᠋ ᠪᠡᠨ
ᠬᠠᠯᠠᠭᠤᠨ ᠴᠢᠰᠤ ᠪᠠᠷ ᠢ᠋ᠶ᠋ᠠᠨ ᠬᠠᠮᠠᠭᠠᠯᠠᠭᠰᠠᠨ
ᠬᠠᠳᠠᠨ ᠪᠠᠭᠠᠲᠤᠷ ᠯᠢᠭᠳᠡᠨ ᠦ᠌
ᠲᠣᠭᠣᠰᠣ ᠲᠠᠲᠠᠭᠤᠯᠤᠭᠰᠠᠨ ᠵᠡᠷᠭᠡᠯᠭᠡᠨ ᠲᠡᠢ
ᠬᠠᠶᠠᠵᠤ ᠲᠦᠪᠳᠡᠬᠦ ᠦᠭᠡᠢ ᠴᠠᠭ ᠡᠷᠢᠨ ᠳ᠋ᠦ᠍ ᠪᠡᠨ
ᠠᠪᠠᠭ᠎ᠠ ᠳ᠋ᠤ᠌ ᠪᠠᠨ ᠵᠠᠬᠢᠭᠰᠠᠨ ᠵᠠᠬᠢᠶ᠎ᠠ ᠲᠠᠢ
ᠬᠠᠨᠠᠭᠠᠷ ᠰᠦᠷᠯᠢᠭ ᠠᠪᠠᠭ᠎ᠠ ᠬᠠᠷ᠎ᠠ
ᠨᠤᠲᠤᠭ ᠢ᠋ᠶ᠋ᠠᠨ ᠰᠠᠬᠢᠭᠰᠠᠨ ᠰᠦᠯᠳᠡ ᠲᠡᠢ ᠬᠦ
ᠲᠤᠩᠭᠠᠯᠠᠭ ᠬᠠᠬᠢᠷ ᠤ᠋ᠨ ᠳᠡᠨᠵᠢᠨ ᠳᠡᠭᠡᠷ᠎ᠡ
ᠰᠠᠢᠬᠠᠨ ᠭᠸᠪᠠᠢ ᠶ᠋ᠢᠨ ᠵᠤᠰᠠᠯᠠᠩ ᠲᠠᠢ
ᠲᠡᠨᠡᠭ ᠪᠠᠭᠠᠲᠤᠷ ᠢ᠋ᠶ᠋ᠠᠨ ᠳᠠᠭᠠᠭᠤᠯᠤᠭᠰᠠᠨ
ᠪᠠᠭᠤᠴᠠ ᠳ᠋ᠤ᠌ ᠣᠷᠣᠭᠰᠠᠨ ᠠᠶᠠᠯᠭᠤ ᠲᠠᠢ
ᠪᠠᠭᠰᠢ ᠬᠤᠪᠢᠯᠭᠠᠨ ᠤ᠋ ᠠᠮᠤᠰᠬᠢᠳᠠᠭ
ᠠᠮᠤᠷ ᠮᠣᠳᠣᠨ ᠤ᠋ ᠰᠡᠭᠦᠳᠡᠷ ᠲᠡᠢ
ᠪᠠᠳᠠᠭᠯᠠᠵᠤ ᠬᠡᠯᠡᠭᠡᠳ ᠪᠠᠷᠠᠰᠢ ᠦᠭᠡᠢ
ᠪᠠᠢᠭᠠᠯᠢ ᠭᠣᠶᠣᠬᠠᠨ ᠠᠪᠠᠭ᠎ᠠ ᠠᠭᠤᠯᠠ ᠬᠦ
ᠣᠷᠭᠢᠯ ᠱᠣᠷᠣᠩ ᠣᠯᠠᠨ ᠲᠠᠢ
ᠲᠠᠯᠠᠪᠠᠢ ᠨᠢ ᠶᠡᠬᠡ ᠠᠪᠠᠭ᠎ᠠ ᠠᠭᠤᠯᠠ
ᠣᠯᠠᠨ ᠮᠢᠩᠭᠠᠨ ᠤ᠋ ᠳᠣᠮᠣᠭ ᠲᠠᠢ
ᠲᠡᠦᠬᠡ ᠵᠤᠵᠠᠭᠠᠨ ᠠᠪᠠᠭ᠎ᠠ ᠠᠭᠤᠯᠠ
ᠣᠳᠬᠣᠨᠪᠠᠶᠠᠷ ᠮᠢᠨᠦ ᠪᠡᠶ᠎ᠡ
ᠬᠡᠯᠡᠭᠡᠳ ᠪᠠᠷᠠᠬᠤ ᠦᠭᠡᠢ ᠠᠪᠠᠭ᠎ᠠ ᠠᠭᠤᠯᠠ
ᠣᠯᠠᠨ ᠲᠦᠮᠡᠨ ᠪᠦᠬᠦᠨ ᠳ᠋ᠦ᠍ ᠪᠡᠨ
ᠱᠠᠭᠰᠢᠭᠠᠳ ᠪᠠᠷᠠᠬᠤ ᠦᠭᠡᠢ ᠠᠪᠠᠭ᠎ᠠ ᠠᠭᠤᠯᠠ ᠬᠦ
ᠠᠯᠤᠰ ᠤ᠋ᠨ ᠬᠣᠯᠠ ᠶᠠᠪᠤᠭᠰᠠᠨ ᠴᠤ᠌
ᠰᠡᠳᠬᠢᠯ ᠡᠴᠡ ᠭᠠᠷᠬᠤ ᠦᠭᠡᠢ ᠠᠪᠠᠭ᠎ᠠ ᠠᠭᠤᠯᠠ
ᠠᠮᠲᠠᠲᠤ ᠵᠡᠭᠦᠳᠦᠨ ᠳ᠋ᠦ᠍ ᠣᠷᠣᠴᠢᠬᠠᠭᠠᠳ
ᠰᠠᠯᠬᠤ ᠴᠤ᠌ ᠦᠭᠡᠢ ᠠᠪᠠᠭ᠎ᠠ ᠠᠭᠤᠯᠠ
ᠠᠷᠠᠭ᠎ᠠ ᠪᠠᠨ ᠤᠨᠠᠲᠠᠯ᠎ᠠ ᠮᠠᠭᠲᠠᠯ᠎ᠠ ᠭᠡᠳ
ᠬᠠᠨᠣᠬᠣ ᠴᠤ᠌ ᠦᠭᠡᠢ ᠠᠪᠠᠭ᠎ᠠ ᠠᠭᠤᠯᠠ
ᠠᠷᠤ ᠬᠣᠷᠴᠢᠨ ᠨᠤᠲᠤᠭ ᠤ᠋ᠨ ᠮᠢᠨᠢ
ᠰᠦᠯᠳᠡ ᠨᠢ ᠪᠣᠯᠤᠭᠰᠠᠨ ᠠᠪᠠᠭ᠎ᠠ ᠠᠭᠤᠯᠠ ᠬᠦ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
