ᠡᠪᠦᠯ -ᠭᠡᠷᠡᠯÖvöl-GerelӨвөл-Гэрэл
ᠡᠪᠦᠯ
ᠵᠣᠬᠢᠶᠠᠭᠴᠢ᠄ ᠭᠡᠷᠡᠯ
ᠤᠶᠠᠩᠭᠠᠯᠠᠭᠴᠢ᠄ ᠤᠷᠠᠯᠢᠭ
ᠥᠷᠭᠡᠨ ᠳᠡᠯᠡᠬᠡᠢ ᠳ᠋ᠦ᠍ ᠬᠢᠷᠠᠭᠤ ᠤᠨᠠᠵᠤ
ᠡᠪᠦᠯ ᠢᠷᠡᠬᠦ ᠶ᠋ᠢ ᠮᠡᠳᠡᠭᠡᠯᠡᠬᠦ ᠳ᠋ᠦ᠍
ᠥᠯᠴᠢᠷ ᠰᠦᠷᠦᠭ ᠦ᠋ᠳ ᠬᠣᠲᠠᠨ ᠳ᠋ᠤ᠌ ᠣᠢᠷᠠᠳᠴᠤ
ᠡᠪᠦᠯ ᠢᠷᠡᠭᠰᠡᠨ ᠢ᠋ ᠰᠠᠨᠠᠭᠤᠯᠪᠠ
ᠨᠠᠷᠠᠨ ᠤ᠋ ᠢᠯᠴᠢ ᠪᠤᠴᠠᠵᠤ
ᠡᠳᠦᠷ ᠦ᠋ᠨ ᠴᠠᠭ ᠪᠣᠭᠣᠨᠢᠰᠴᠤ
ᠰᠢᠨᠡᠳ ᠦ᠋ᠨ ᠰᠠᠷ᠎ᠠ ᠬᠥᠮᠥᠰᠬᠡ ᠪᠡᠨ ᠳᠡᠯᠭᠡᠵᠦ
ᠰᠥᠨᠢ ᠶ᠋ᠢᠨ ᠮᠠᠯ ᠨᠥᠮᠥᠷᠢ ᠳᠠᠭᠠᠵᠤ
ᠠᠷᠭᠠᠯ ᠤ᠋ᠨ ᠣᠪᠣᠭ᠎ᠠ ᠬᠠᠯᠠᠭᠤᠬᠠᠨ ᠬᠠᠷᠠᠭᠳᠠᠬᠤ
ᠠᠢᠯ ᠤ᠋ᠨ ᠡᠮᠧ ᠭᠡᠷ ᠢ᠋ᠶ᠋ᠡᠨ ᠳᠤᠯᠠᠭᠠᠯᠠᠭᠰᠠᠨ
ᠠᠩᠭᠢᠷ ᠭᠠᠯᠠᠭᠤᠳ ᠨᠤᠲᠤᠭ ᠪᠤᠴᠠᠵᠤ
ᠠᠮᠢᠨ ᠨᠠᠭᠤᠷ ᠤ᠋ᠨ ᠠᠷᠯᠠᠭᠠ ᠵᠠᠢᠷᠮᠠᠭᠳᠠᠭᠰᠠᠨ
ᠡᠪᠦᠯ ᠦ᠋ᠨ ᠠᠩᠬᠠᠨ ᠤ᠋ ᠡᠳᠦᠷ
ᠥᠩ ᠲᠡᠢ ᠬᠠᠪᠤᠷ ᠢ᠋ ᠢᠷᠥᠭᠡᠨᠡᠮ
ᠥᠭᠡᠳᠡᠯᠡᠬᠦ ᠠᠮᠢᠳᠤᠷᠠᠯ ᠤ᠋ᠨ ᠨᠠᠷᠠ
ᠡᠪᠦᠷ ᠲᠦ᠍ ᠮᠢᠨᠢ ᠰᠢᠷᠭᠤᠵᠤ ᠳᠤᠯᠠᠭᠠᠴᠠᠨᠠᠮ
ᠦᠷ ᠦ᠋ᠨ ᠵᠢᠭᠦᠷ ᠢ᠋ᠶ᠋ᠡᠷ ᠪᠣᠰᠤᠭᠰᠠᠨ
ᠦᠬᠡᠷ ᠦ᠋ᠨ ᠬᠥᠯ ᠳᠠᠭᠠᠷᠠᠮᠠᠲᠠᠬᠠᠢ
ᠥᠯᠥᠩ ᠴᠠᠩ ᠳ᠋ᠤ᠌ ᠳᠠᠷᠤᠭᠳᠠᠭᠰᠠᠨ
ᠤᠷᠭ᠎ᠠ ᠶ᠋ᠢᠨ ᠮᠣᠳᠣ ᠬᠠᠭᠠᠷᠢᠮᠠᠲᠠᠬᠠᠢ
ᠮᠠᠯ ᠤ᠋ᠨ ᠴᠤᠪᠤᠭ᠎ᠠ ᠳᠠᠭᠠᠭᠰᠠᠨ
ᠠᠷᠭᠠᠯ ᠬᠣᠷᠭᠣᠯ ᠬᠥᠯᠳᠡᠮᠡᠲᠡᠭᠡᠢ
ᠮᠠᠩᠬᠠᠨ ᠤ᠋ ᠣᠷᠣᠢ ᠳ᠋ᠤ᠌ ᠲᠤᠰᠤᠭᠰᠠᠨ
ᠨᠠᠷᠠᠨ ᠤ᠋ ᠭᠡᠷᠡᠯ ᠪᠡᠭᠡᠷᠡᠮᠡᠲᠡᠭᠡᠢ
ᠳᠤᠯᠠᠭᠠᠨ ᠬᠡᠪᠲᠡᠰᠢ ᠡᠴᠡ ᠪᠣᠰᠤᠭᠰᠠᠨ
ᠬᠣᠨᠢᠨ ᠤ᠋ ᠠᠭᠤᠷ ᠪᠦᠯᠢᠶᠡᠬᠡᠨ
ᠳᠣᠭᠳᠣᠯᠬᠤ ᠰᠡᠳᠬᠢᠯ ᠳ᠋ᠦ᠍ ᠡᠷᠭᠢᠭᠰᠡᠨ
ᠡᠪᠦᠯ ᠦ᠋ᠨ ᠠᠭᠠᠷ ᠵᠤᠯᠲᠠᠢᠬᠠᠨ
ᠲᠤᠭᠤᠷᠭ᠎ᠠ ᠨᠡᠪᠲᠡᠯᠦᠨ ᠰᠡᠩᠭᠢᠨᠡᠬᠦ
ᠴᠠᠢ ᠶ᠋ᠢᠨ ᠦᠨᠦᠷ ᠬᠠᠩᠬᠤᠯᠤᠭᠤᠨ
ᠲᠣᠷᠭᠠᠨ ᠲᠠᠯ᠎ᠠ ᠳ᠋ᠤ᠌ ᠪᠠᠨ ᠵᠠᠯᠠᠷᠠᠭᠰᠠᠨ
ᠡᠪᠦᠯ ᠦ᠋ᠨ ᠠᠭᠤᠷ ᠲᠠᠷᠭᠢᠯᠤᠭᠤᠨ
ᠡᠪᠦᠯ ᠦ᠋ᠨ ᠠᠩᠬᠠᠨ ᠤ᠋ ᠡᠳᠦᠷ
ᠥᠩ ᠲᠡᠢ ᠬᠠᠪᠤᠷ ᠢ᠋ ᠢᠷᠥᠭᠡᠨᠡᠮ
ᠥᠭᠡᠳᠡᠯᠡᠬᠦ ᠠᠮᠢᠳᠤᠷᠠᠯ ᠤ᠋ᠨ ᠨᠠᠷᠠ
ᠡᠪᠦᠷ ᠲᠦ᠍ ᠮᠢᠨᠢ ᠰᠢᠷᠭᠤᠵᠤ ᠳᠤᠯᠠᠭᠠᠴᠠᠨᠠᠮ
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
