ᠲᠣᠭᠣᠰ ᠤ᠋ᠨ ᠥᠳᠥTogosyn ödТогосын өд
ᠲᠣᠭᠣᠰ ᠤ᠋ᠨ ᠥᠳᠥ
ᠲᠤᠰ ᠡᠮ ᠪᠣᠯ ᠭᠤᠷᠭᠤᠤᠯ ᠤ᠋ᠨ ᠢᠵᠠᠭᠤᠷ ᠤ᠋ᠨ ᠠᠮᠢᠲᠠᠨ ᠪᠣᠯᠬᠤ ᠨᠣᠭᠣᠭᠠᠨ ᠲᠣᠭᠣᠰ ᠤ᠋ᠨ ᠥᠳᠥ ᠮᠥᠨ᠃ ᠪᠠᠰᠠ ᠮᠠᠷᠵᠠᠳᠤᠩ᠂ ᠲᠣᠭᠣᠰ ᠤ᠋ᠨ ᠤᠲᠤᠭ᠎ᠠ ᠭᠡᠳᠡᠭ᠃
[ ᠤᠤᠯ ᠠᠮᠢᠲᠠᠨ] ᠡᠷᠡᠭᠴᠢᠨ ᠲᠣᠭᠣᠰ ᠤ᠋ᠨ ᠲᠣᠯᠣᠭᠠᠢ ᠳᠡᠭᠡᠷ᠎ᠡ ᠨᠢ ᠨᠢᠭᠡ ᠪᠤᠲᠠ ᠪᠣᠰᠤᠭ᠎ᠠ ᠥᠪᠥᠭᠡᠯᠵᠢ ᠲᠡᠢ ᠪᠥᠭᠡᠳ11cm ᠣᠷᠴᠢᠮ ᠤᠷᠲᠤ᠂ ᠴᠡᠩᠬᠡᠷ ᠬᠥᠬᠡ ᠥᠩᠭᠡ ᠲᠡᠢ᠂ ᠥᠲᠥᠨ ᠦ᠌ ᠦᠵᠦᠭᠦᠷ ᠨᠢ ᠬᠥᠬᠡᠮᠳᠦᠭ ᠨᠣᠭᠣᠭᠠᠨ᠂ ᠡᠪᠴᠢᠭᠦᠦ ᠬᠦᠵᠦᠭᠦᠦ ᠪᠣᠯᠤᠨ ᠥᠳᠥ ᠨᠢ ᠴᠥᠮ ᠭᠢᠯᠲᠠᠭᠠᠨᠠᠭᠰᠠᠨ ᠠᠯᠲᠠ ᠭᠠᠤᠯᠢ ᠶ᠋ᠢᠨ ᠥᠩᠭᠡ ᠲᠡᠢ᠂ ᠥᠳᠥᠨ ᠦ᠌ ᠤᠭ ᠤ᠋ᠨ ᠬᠠᠷᠠᠩᠭᠤᠢ ᠪᠣᠷᠣᠪᠲᠤᠷ ᠬᠡᠰᠡᠭ ᠨᠢ ᠢᠯᠡᠬᠡᠨ ᠪᠥᠭᠡᠳ ᠬᠦᠵᠦᠭᠦᠨ ᠦ᠌ ᠳᠣᠣᠷ᠎ᠠ ᠪᠠ ᠴᠡᠭᠡᠵᠢᠨ ᠬᠡᠰᠡᠭ ᠲᠤᠨᠢ ᠨᠡᠩ ᠲᠣᠳᠣᠷᠬᠠᠢ ᠪᠠᠢᠳᠠᠭ᠃ ᠥᠳᠥ ᠨᠢ ᠴᠡᠩᠬᠡᠷ ᠨᠣᠭᠣᠭᠠᠨ᠂ ᠳᠠᠯᠤ ᠪᠠ ᠨᠢᠷᠤᠭᠤ ᠨᠢ ᠪᠠᠰᠠ ᠣᠭ᠌ᠶᠤ ᠨᠣᠭᠣᠭᠠᠨ ᠭᠢᠯᠠᠯᠵᠠᠭᠰᠠᠨ ᠥᠩᠭᠡ ᠲᠡᠢ᠂ ᠥᠲᠥᠨ ᠦ᠌ ᠭᠣᠣᠯ ᠳ᠋ᠤᠨᠢ ᠵᠡᠰ ᠦ᠋ᠨ ᠬᠦᠷᠡᠩ ᠥᠩᠭᠡ ᠲᠡᠢ ᠰᠤᠮᠤᠨ ᠬᠡᠯᠪᠡᠷᠢᠲᠦ ᠴᠣᠬᠣᠷ ᠲᠠᠢ᠃ ᠬᠣᠶᠠᠷ ᠬᠠᠵᠠᠭᠤ ᠬᠢᠭᠡᠳ ᠦᠵᠦᠭᠦᠷ ᠦ᠋ᠨ ᠬᠡᠰᠡᠭ ᠨᠢ ᠭᠢᠯᠪᠠᠭ᠎ᠠ ᠲᠠᠲᠠᠭᠰᠠᠨ ᠰᠢᠷ᠎ᠠ ᠨᠣᠭᠣᠭᠠᠨ ᠥᠩᠭᠡ ᠲᠡᠢ᠃ ᠬᠠᠢᠷᠰᠤ ᠰᠢᠭ᠋ ᠲᠣᠳᠣᠬᠠᠨ ᠵᠢᠭᠳᠡᠷᠡᠭᠰᠡᠨ ᠬᠦᠷᠡᠩ ᠥᠩᠭᠡᠲᠦ ᠬᠥᠪᠡᠭᠡ ᠲᠡᠢ᠃ ᠵᠢᠭᠦᠷ ᠳᠡᠭᠡᠷᠡᠬᠢ ᠪᠦᠷᠬᠦᠭᠦᠯ ᠥᠳᠥ ᠨᠢ ᠲᠡᠮᠦᠷᠯᠢᠭ ᠨᠣᠭᠣᠭᠠᠨ ᠥᠩᠭᠡ ᠪᠣᠯᠤᠨ ᠬᠥᠬᠡ ᠥᠩᠭᠡ ᠲᠡᠢ᠃ ᠳᠣᠲᠣᠷ᠎ᠠ ᠬᠠᠵᠠᠭᠤ ᠶ᠋ᠢᠨ ᠨᠢᠰᠦᠯᠲᠡ ᠶ᠋ᠢᠨ ᠥᠳᠥ ᠶ᠋ᠢᠨ ᠶᠡᠬᠡᠩᠬᠢ ᠨᠢ ᠬᠠᠷ᠎ᠠ ᠬᠦᠷᠡᠩ᠂ ᠭᠠᠳᠠᠷ ᠥᠷᠪᠡᠯᠭᠡ ᠨᠢ ᠭᠢᠯᠲᠦᠭᠡᠨᠡᠮᠡ ᠥᠩᠭᠡ ᠲᠡᠢ᠃ ᠠᠩᠬᠠᠨ ᠤ᠋ ᠨᠢᠰᠦᠯᠲᠡ ᠶ᠋ᠢᠨ ᠥᠳᠥ ᠨᠢ ᠤᠯᠠᠪᠤᠷ᠂ ᠬᠡᠪᠡᠯᠢ ᠪᠠ ᠰᠦᠪᠡᠭᠡ ᠶ᠋ᠢᠨ ᠬᠡᠰᠡᠭ ᠲᠡᠭᠡᠨ ᠪᠦᠳᠡᠭᠢ ᠬᠥᠬᠡᠮᠳᠦᠭ ᠨᠣᠭᠣᠭᠠᠨ᠂ ᠬᠣᠰᠬᠢᠨᠠᠭ ᠤ᠋ᠨ ᠲᠣᠭᠣᠷᠢᠨ ᠪᠠ ᠰᠡᠭᠦᠯ ᠦ᠋ᠨ ᠪᠦᠷᠬᠦᠭᠦᠯ ᠥᠳᠥ ᠨᠢ ᠭᠦᠨ ᠬᠦᠷᠡᠩ᠃ ᠰᠡᠭᠦᠯ ᠦ᠋ᠨ ᠳᠡᠭᠡᠷᠡᠬᠢ ᠪᠦᠷᠬᠦᠭᠦᠯ ᠥᠳᠥ ᠨᠢ ᠣᠨᠴᠠᠭᠠᠢ ᠤᠷᠲᠤ ᠪᠥᠭᠡᠳ ᠲᠣᠭᠣᠰ ᠤ᠋ᠨ ᠰᠢᠬᠦᠷ ᠢ᠋ ᠪᠦᠷᠢᠯᠳᠦᠭᠦᠯᠦᠨ᠎ᠡ᠃ ᠲᠣᠭᠣᠰ ᠤ᠋ᠨ ᠰᠢᠬᠦᠷ ᠦ᠋ᠨ ᠥᠳᠥ ᠨᠢ ᠰᠠᠯᠪᠤᠷᠢᠯᠠᠵᠤ ᠲᠡᠮᠦᠷᠯᠢᠭ ᠦ᠋ᠨ ᠨᠣᠭᠣᠭᠠᠨ ᠥᠩᠭᠡ ᠲᠡᠢ ᠪᠣᠯᠳᠠᠭ ᠪᠥᠭᠡᠳ ᠤᠯᠠᠪᠤᠷ ᠵᠡᠰ ᠦ᠋ᠨ ᠥᠩᠭᠡᠲᠦ ᠭᠡᠷᠡᠯ ᠦ᠋ᠨ ᠣᠢᠯᠲᠠ ᠲᠠᠢ᠂ ᠥᠲᠥᠨ ᠦ᠌ ᠦᠵᠦᠭᠦᠷ ᠰᠢᠬᠠᠭᠠᠳ ᠵᠤᠤᠪᠠᠩ ᠬᠡᠯᠪᠡᠷᠢᠲᠦ ᠲᠣᠭᠣᠰ ᠤ᠋ᠨ ᠥᠲᠥᠨ ᠨᠢᠳᠦ ᠲᠡᠢ᠃ ᠥᠳᠥ ᠶ᠋ᠢᠨ ᠨᠢᠳᠦᠨ ᠦ᠌ ᠭᠣᠣᠯ ᠳ᠋ᠤᠨᠢ ᠪᠥᠭᠡᠷᠡᠨ ᠬᠡᠯᠪᠡᠷᠢ ᠪᠤᠶᠤ ᠲᠣᠭᠣᠷᠢᠭ ᠬᠡᠯᠪᠡᠷᠢᠲᠦ ᠪᠠᠷᠠᠭᠠᠨ ᠪᠣᠷᠣ ᠵᠢᠵᠢᠭ ᠲᠣᠯᠪᠣ ᠲᠠᠢ᠃ ᠵᠢᠵᠢᠭ ᠲᠣᠯᠪᠣ ᠶ᠋ᠢᠨ ᠭᠠᠳᠠᠭᠤᠷ ᠨᠢ ᠭᠢᠯᠲᠦᠭᠡᠨᠡᠭᠰᠡᠨ ᠬᠥᠬᠡᠮᠳᠦᠭ ᠨᠣᠭᠣᠭᠠᠨ ᠥᠩᠭᠡ ᠲᠡᠢ᠂ ᠡᠨᠡ ᠬᠦ᠌ ᠥᠩᠭᠡ ᠨᠢ ᠵᠡᠰ ᠦ᠋ᠨ ᠥᠩᠭᠡᠲᠦ ᠬᠦᠷᠢᠶ᠎ᠡ ᠳᠣᠲᠣᠷ᠎ᠠ ᠪᠠᠢᠳᠠᠭ᠃ ᠥᠳᠥ ᠶ᠋ᠢᠨ ᠨᠢᠳᠦᠨ ᠦ᠌ ᠬᠢᠨᠢ ᠬᠠᠮᠤᠭ ᠭᠠᠳᠠᠷ ᠳᠠᠪᠬᠤᠷᠭ᠎ᠠ ᠨᠢ ᠦᠵᠦᠮ ᠦ᠋ᠨ ᠭᠦᠢᠬᠡᠨ ᠤᠯᠠᠭᠠᠨ ᠥᠩᠭᠡ ᠲᠡᠢ᠃ ᠭᠠᠳᠠᠷ ᠬᠠᠵᠠᠭᠤ ᠶ᠋ᠢᠨ ᠰᠠᠯᠪᠤᠷᠢ ᠥᠳᠥ ᠶ᠋ᠢᠨ ᠨᠢᠳᠦ ᠨᠢ ᠭᠣᠣᠯ ᠤ᠋ᠨ ᠬᠢ ᠲᠡᠢ ᠪᠡᠨ ᠠᠳᠠᠯᠢ ᠲᠡᠳᠦᠢ ᠲᠣᠳᠣᠷᠬᠠᠢ ᠳᠠᠪᠬᠤᠷᠭ᠎ᠠ ᠪᠢᠰᠢ᠃ ᠵᠢᠩᠬᠢᠨᠢ ᠵᠠᠯᠭᠠᠭᠤᠷ ᠥᠲᠥᠨ ᠦ᠌ ᠬᠡᠯᠪᠡᠷᠢ ᠨᠢ ᠣᠬᠣᠷ ᠪᠥᠭᠡᠳ ᠬᠠᠷ᠎ᠠ ᠬᠦᠷᠡᠩ᠂ ᠬᠣᠰᠢᠭᠤ ᠪᠠ ᠬᠥᠯ ᠨᠢ ᠴᠥᠮ ᠪᠠᠷᠠᠭᠠᠨ ᠰᠢᠷ᠎ᠠ᠃ ᠡᠮᠡᠭᠴᠢᠨ ᠲᠣᠭᠣᠰ ᠪᠣᠯ ᠰᠡᠭᠦᠯ ᠨᠢ ᠰᠢᠬᠦᠷᠯᠡᠬᠦ ᠦᠭᠡᠢ᠂ ᠥᠲᠥᠨ ᠦ᠌ ᠥᠩᠭᠡ ᠨᠢ ᠪᠠᠰᠠ ᠡᠷᠡᠭᠴᠢᠨ ᠲᠣᠭᠣᠰ ᠰᠢᠭ᠋ ᠥᠩᠭᠡ ᠢᠯᠭᠠᠷᠠᠮ᠎ᠠ ᠪᠢᠰᠢ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠳᠠᠯᠠᠢ ᠶ᠋ᠢᠨ ᠲᠦᠪᠰᠢᠨ ᠡᠴᠡ ᠳᠡᠭᠡᠭᠰᠢ2000m ᠬᠦᠷᠬᠦ ᠦᠭᠡᠢ ᠠᠭᠤᠳᠠᠮ ᠰᠠᠷᠠᠭᠤᠯ ᠪᠥᠭᠡᠳ ᠲᠠᠷᠠᠮᠠᠭ ᠣᠢ ᠮᠣᠳᠣ ᠲᠠᠢ ᠬᠥᠳᠡᠭᠡ ᠲᠠᠯ᠎ᠠ ᠪᠣᠯᠤᠨ ᠪᠤᠲᠠ ᠰᠥᠭᠡᠭ ᠲᠡᠢ ᠭᠠᠵᠠᠷ᠂ ᠬᠤᠯᠤᠰᠤᠨ ᠪᠤᠲᠠ ᠪᠤᠶᠤ ᠰᠢᠯᠮᠦᠦᠰᠦᠲᠦ ᠨᠠᠪᠴᠢ ᠲᠠᠢ ᠣᠢ᠂ ᠥᠷᠭᠡᠨ ᠨᠠᠪᠴᠢ ᠲᠠᠢ ᠣᠢ ᠵᠡᠷᠭᠡ ᠮᠣᠳᠣ ᠰᠢᠭᠤᠢ ᠲᠠᠢ ᠬᠥᠳᠡᠭᠡ ᠲᠠᠯ᠎ᠠ ᠳ᠋ᠤ᠌ ᠣᠷᠣᠰᠢᠨ᠎ᠠ᠃ ᠶᠦᠨᠨᠠᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠥᠳᠥ ᠶ᠋ᠢ ᠨᠢ ᠲᠡᠭᠦᠵᠦ ᠴᠤᠭᠯᠠᠭᠤᠯᠤᠨ᠎ᠠ᠃
[ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ; ᠰᠡᠷᠢᠭᠦᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠥᠭᠡᠷᠢ ᠶ᠋ᠢ ᠬᠠᠲᠠᠭᠠᠬᠤ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠠᠭᠤᠰᠬᠢᠨ ᠤ᠋ ᠦᠭᠡᠷᠢ᠂ ᠴᠢᠰᠤ ᠦᠭᠡᠷᠢᠯᠡᠭᠰᠡᠨ᠂ ᠬᠣᠣᠷ ᠤ᠋ᠨ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄孔雀翎(绿孔雀)
ᠠᠩᠭ᠌ᠯᠢ ᠨᠡᠷ᠎ᠡ᠄Pauo muricus Linnaeus
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠤᠷᠠᠨᠴᠢᠮᠡᠭ᠂ ᠲᠤᠶᠠᠭ᠎ᠠ
