ᠵᠦᠢᠷ ᠰᠡᠴᠡᠨ ᠦᠭᠡZüir setsen ügЗүйр сэцэн үг- ᠪᠤᠤᠬᠢᠶ᠎ᠠ20251211
ᠵᠦᠢᠷ ᠰᠡᠴᠡᠨ ᠦᠭᠡ
1. ᠲᠣᠳᠣᠭᠡᠷᠡᠯ
ᠨᠠᠷᠠ ᠰᠢᠭ᠋ ᠮᠠᠨᠳᠤᠵᠤ
ᠭᠠᠯ ᠰᠢᠭ᠋ ᠪᠠᠳᠠᠷᠠᠵᠤ
ᠪᠤᠯᠠᠭ ᠰᠢᠭ᠋ ᠣᠨᠳᠣᠷᠴᠤ
ᠰᠠᠷ᠎ᠠ ᠰᠢᠭ᠋ ᠬᠡᠷᠡᠯᠳᠦᠵᠦ
ᠣᠳᠣ ᠰᠢᠭ᠋ ᠭᠢᠯᠠᠯᠵᠠᠵᠤ ᠶᠠᠪᠤᠭᠠᠰᠠᠢ!
2. ᠤᠳᠤᠨᠭᠡᠷᠡᠯ
ᠪᠣᠰᠤᠭ᠎ᠠ ᠮᠣᠩᠭᠣᠯ ᠦᠰᠦᠭ ᠦ᠋ᠨ ᠢ᠋ᠶ᠋ᠡᠨ
ᠠᠪᠢᠶ᠎ᠠ ᠶ᠋ᠢ ᠭᠠᠢᠬᠠᠭᠤᠯᠤᠨ ᠰᠢᠯᠦᠭ ᠪᠢᠴᠢᠨ᠎ᠡ᠃
ᠪᠣᠯᠪᠠᠰᠤᠨ ᠰᠠᠢᠬᠠᠨ ᠲᠡᠦᠬᠡᠨ ᠦ᠌ ᠪᠡᠨ
ᠠᠯᠳᠠᠷ ᠢ᠋ ᠨᠢ ᠡᠷᠭᠦᠵᠦ ᠰᠢᠯᠦᠭ ᠪᠢᠴᠢᠨ᠎ᠡ᠃
3. ᠣᠳᠬᠠᠨᠴᠡᠴᠡᠭ
ᠠᠵᠢᠯᠴᠢ ᠠᠷᠪᠢᠴᠢ ᠶ᠋ᠢ ᠡᠷᠬᠢᠮᠯᠡᠪᠡᠯ᠂ᠠᠵᠤ ᠠᠮᠢᠳᠤᠷᠠᠯ ᠴᠢᠨᠡᠭᠡᠯᠢᠭ
ᠠᠯᠵᠠᠭᠤ ᠬᠣᠢᠷᠭᠣ ᠶ᠋ᠢ ᠰᠢᠲᠦᠪᠡᠯ ᠂ᠠᠳᠠᠯ ᠦᠢᠯᠡᠰ ᠲᠣᠷᠤᠢᠳᠤᠨᠠ᠃
4. ᠰᠦᠬᠡ
ᠥᠩᠭᠡᠷᠡᠨ ᠣᠳᠬᠤ ᠴᠠᠭ ᠮᠥᠴᠡ ᠂ᠡᠷᠭᠢᠵᠦ ᠣᠯᠳᠠᠬᠤ ᠦᠭᠡᠢ᠃
ᠥᠨᠥᠳᠥᠷ ᠬᠢᠬᠦ ᠠᠵᠢᠯ ᠢ᠋ᠶ᠋ᠠᠨ ᠂ᠮᠠᠷᠭᠠᠰᠢ ᠭᠡᠵᠦ ᠪᠦᠦ ᠬᠣᠢᠰᠢᠯᠠᠭᠤᠯ ᠃
5᠂ ᠨᠠᠷᠠᠨ
ᠡᠷᠳᠡᠮ ᠡᠴᠡ ᠢᠯᠡᠭᠦᠦ ᠡᠳ᠋ ᠦᠭᠡᠢ ᠂ᠡᠷᠡᠭᠦᠯ ᠡᠴᠡ ᠢᠯᠡᠭᠦᠦ ᠵᠢᠷᠭᠠᠯ ᠦᠭᠡᠢ᠃
6. ᠠᠷᠢᠭᠤᠨ᠎ᠠ
ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ ᠂ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ᠃
ᠴᠠᠭ ᠤ᠋ᠨ ᠶᠠᠭᠤᠮ᠎ᠠ ᠴᠠᠭ ᠲᠠᠭᠠᠨ ᠰᠠᠢᠬᠠᠨ᠂ ᠴᠢᠪᠠᠭ᠎ᠠ ᠰᠢᠬᠢᠷ ᠬᠡᠦᠬᠡᠳ ᠲᠦ᠍ ᠪᠡᠨ ᠰᠠᠢᠬᠠᠨ᠃
7. ᠨᠠᠷᠠᠨᠲᠣᠭᠣᠰ
ᠴᠢᠨᠠᠷ ᠮᠠᠭᠤ ᠪᠣᠯ ᠴᠢᠮᠡᠭᠡᠯᠡᠭᠡᠳ ᠥᠩᠭᠡ ᠣᠷᠣᠬᠤ ᠦᠭᠡᠢ
ᠰᠠᠨᠠᠭ᠎ᠠ ᠮᠠᠭᠤ ᠪᠣᠯ ᠲᠡᠳᠬᠦᠭᠡᠳ ᠵᠦᠭ ᠭᠠᠷᠬᠤ ᠦᠭᠡᠢ᠃
8᠂ ᠴᠡᠩᠭᠡᠯ
ᠠᠷᠢᠭᠤᠨ ᠰᠠᠨᠠᠭ᠎ᠠ ᠠᠬᠤᠢᠴᠢ ᠪᠣᠳᠣᠯᠭ᠎ᠠ
ᠠᠯᠬᠤᠮ ᠳᠠᠪᠰᠢᠬᠤ ᠶ᠋ᠢᠨ ᠤᠭ ᠦᠨᠳᠦᠰᠦ᠃
9᠂ ᠮᠠᠨᠳᠤᠬᠤ
ᠠ ᠦᠰᠦᠭ ᠡᠷᠳᠡᠮ ᠦ᠋ᠨ ᠳᠡᠭᠡᠵᠢ᠂ᠠᠶᠠᠭ᠎ᠠ ᠴᠠᠢ ᠢᠳᠡᠭᠡᠨ ᠦ᠌ ᠳᠡᠭᠡᠵᠢ᠃
ᠠᠢᠯ ᠠ᠋ᠴᠠ ᠡᠷᠢᠬᠦ ᠪᠡᠷ᠂ᠠᠪᠳᠠᠷ᠎ᠠ ᠠ᠋ᠴᠠ ᠪᠠᠨ ᠡᠷᠢ᠃
10. ᠰᠦᠬᠡ
ᠰᠡᠳᠬᠢᠯ ᠦ᠋ᠨ ᠦᠨᠡᠨᠴᠢ ᠡᠴᠡ ᠂ᠰᠠᠨᠠᠭᠰᠠᠨ ᠪᠦᠬᠦᠨ ᠤᠷᠤᠭᠰᠢᠲᠠᠢ᠃
ᠰᠠᠨᠠᠭᠠᠨ ᠤ᠋ ᠠᠷᠢᠭᠤᠨ ᠠ᠋ᠴᠠ ᠂ᠰᠠᠢᠨ ᠪᠦᠬᠦᠨ ᠢᠷᠡᠯᠲᠡᠢ ᠃
11. ᠣᠶᠤᠨᠴᠢᠮᠡᠭ
ᠠᠷᠢᠭᠤᠨ ᠰᠡᠳᠬᠢᠯ ᠦ᠋ᠨ ᠠᠬ᠎ᠠ ᠳᠡᠭᠦᠦ᠂ ᠠᠰᠢᠳᠠ ᠡᠭᠦᠷᠢᠳᠡ ᠶ᠋ᠢᠨ ᠥᠮᠥᠭ ᠲᠦᠰᠢᠭ᠃
ᠠᠰᠢᠭ ᠵᠣᠭᠣᠰᠤᠨ ᠤ᠋ ᠨᠥᠬᠥᠷ ᠬᠠᠨᠢ ᠂ᠠᠩᠭᠢᠵᠢᠷᠠᠵᠤ ᠰᠠᠯᠬᠤ ᠨᠢ ᠨᠢᠳᠦᠨ ᠡᠮᠦᠨ᠎ᠡ᠃
12᠂ ᠰᠡᠴᠡᠨᠭᠡᠷᠡᠯ
ᠴᠡᠭᠡᠵᠢ ᠠᠭᠤᠳᠠᠮ ᠬᠥᠮᠦᠨ ᠪᠠᠭᠲᠠᠭᠠᠮᠵᠢ ᠶᠡᠬᠡ
ᠴᠢᠭᠯᠡᠯᠲᠡ ᠲᠣᠳᠣᠷᠬᠠᠢ ᠬᠥᠮᠦᠨ ᠠᠮᠵᠢᠯᠲᠠ ᠶᠡᠬᠡ᠃
13. ᠮᠦᠩᠭᠦᠨᠬᠤᠸᠠᠷ
ᠢᠷᠦᠭᠡᠯᠲᠦ ᠬᠥᠮᠦᠨ ᠵᠠᠮ ᠳᠡᠭᠡᠷ᠎ᠡ ᠵᠣᠯᠭᠠᠬᠤ᠂
ᠶᠣᠰᠣᠲᠤ ᠬᠥᠮᠦᠨ ᠪᠣᠯᠵᠣᠭᠠᠨ ᠳᠡᠭᠡᠷ᠎ᠡ ᠵᠣᠯᠭᠠᠬᠤ᠃
14. ᠪᠦᠷᠢᠨᠴᠡᠴᠡᠭ
ᠶᠢᠰᠦ ᠶ᠋ᠢᠨ ᠲᠣᠭ᠎ᠠ ᠶ᠋ᠢ ᠡᠷᠬᠢᠮᠯᠡᠳᠡᠭ᠂ᠶᠢᠰᠦᠨ ᠡᠷᠳᠡᠨᠢ ᠪᠡᠷ ᠴᠢᠮᠡᠭᠯᠡᠳᠡᠭ᠃
ᠶᠢᠷᠲᠢᠨᠴᠦ ᠶ᠋ᠢ ᠲᠠᠨᠢᠨ ᠮᠡᠳᠡᠳᠡᠭ᠂ᠢᠷᠦᠭᠡᠯ ᠲᠡᠢ ᠮᠣᠩᠭᠣᠯ ᠤᠬᠠᠭᠠᠨ᠃
15᠂ ᠰᠡᠴᠡᠨᠴᠤᠭᠲᠤ
ᠳᠡᠪᠡᠯ ᠳ᠋ᠦ᠍ ᠪᠡᠨ ᠳᠡᠯᠡᠬᠡᠢ ᠶ᠋ᠢ ᠴᠤᠭᠯᠠᠭᠰᠠᠨ᠂ᠳᠡᠭᠡᠳᠦ ᠶ᠋ᠢᠨ ᠬᠡᠢ ᠮᠣᠷᠢ ᠲᠠᠢ ᠮᠣᠩᠭᠣᠯ!
ᠲᠡᠷᠢᠭᠦᠨ ᠳ᠋ᠦ᠍ ᠪᠡᠨ ᠲᠥᠷᠥ ᠶ᠋ᠢ ᠴᠣᠭᠴᠠᠯᠠᠭᠰᠠᠨ᠂ᠲᠩᠷᠢ ᠶ᠋ᠢᠨ ᠬᠡᠰᠢᠭ ᠲᠡᠢ ᠮᠣᠩᠭᠣᠯ!
16 ᠤᠯᠠᠭᠠᠨ.
ᠨᠢᠳᠦᠨ ᠳ᠋ᠦ᠍ ᠪᠡᠨ ᠴᠣᠭ ᠲᠠᠢ᠂ᠵᠢᠷᠦᠬᠡᠨ ᠳ᠋ᠦ᠍ ᠪᠡᠨ ᠰᠥᠰᠥ ᠲᠡᠢ᠃
17᠂ ᠲᠣᠭᠲᠠᠭᠤᠨᠭᠡᠷᠡᠯ
ᠠᠳᠤᠭᠤᠨ ᠤ᠋ ᠴᠢᠮᠡᠭᠡ ᠲᠡᠢ ᠮᠣᠩᠭᠣᠯ ᠤ᠋ᠨ ᠳ᠋ᠤ᠌ ᠪᠠᠨ᠂ ᠠᠷᠠᠳ ᠤ᠋ᠨ ᠳᠠᠭᠤᠤ ᠰᠢᠭ᠋ ᠤᠷᠲᠤ ᠨᠠᠰᠤᠯᠠᠭᠠᠷᠠᠢ !
ᠬᠤᠭᠤᠷ ᠤ᠋ᠨ ᠬᠥᠭ ᠲᠡᠢ ᠡᠬᠡ ᠣᠷᠣᠨ ᠳ᠋ᠤ᠌ ᠪᠠᠨ᠂ ᠬᠣᠷᠸ᠎ᠠ ᠶ᠋ᠢᠨ ᠣᠷᠭᠢᠯ ᠰᠢᠭ᠋ ᠥᠨᠢᠳᠡ ᠵᠢᠷᠭᠠᠭᠠᠷᠠᠢ!
18 ᠨᠠ᠊᠂ ᠴᠠᠭᠠᠨ
ᠰᠤᠷᠤᠭᠠᠳ ᠪᠠᠷᠠᠬᠤ ᠦᠭᠡᠢ ᠮᠡᠳᠡᠯᠭᠡ
ᠰᠤᠳᠤᠯᠤᠭᠠᠳ ᠪᠠᠷᠠᠬᠤ ᠦᠭᠡᠢ ᠰᠣᠶᠣᠯ ᠃
19. ᠳᠠᠭᠤᠯᠠ
ᠠᠯᠳᠠᠭ᠎ᠠ ᠪᠤᠷᠤᠭᠤ ᠪᠠᠨ ᠳ᠋ᠦᠩᠨᠡᠵᠦ ᠶᠠᠪᠤ
ᠠᠯᠬᠤᠮ ᠲᠠᠪᠰᠢᠬᠤ ᠶ᠋ᠢ ᠪᠣᠳᠣᠯᠬᠢᠯᠠᠵᠤ ᠶᠠᠪᠤ᠃
20. ᠰᠦᠬᠡ
ᠠᠪᠤ ᠡᠵᠢ ᠶ᠋ᠢᠨ ᠰᠤᠷᠭᠠᠯ ᠰᠠᠢᠬᠠᠨ
ᠠᠬ᠎ᠠ ᠳᠡᠭᠦᠦ ᠶ᠋ᠢᠨ ᠨᠥᠬᠥᠷᠯᠡᠯ ᠰᠠᠢᠬᠠᠨ᠃
21. ᠪᠦᠷᠢᠨᠴᠡᠴᠡᠭ
ᠡᠷᠳᠡᠮᠲᠡᠨ ᠬᠥᠮᠦᠨ ᠦ᠌ ᠨᠡᠷ᠎ᠡ ᠴᠠᠭᠠᠰᠤᠨ ᠳᠡᠭᠡᠷ᠎ᠡ ᠮᠥᠩᠬᠡ
ᠳᠠᠷᠬᠠᠨ ᠬᠥᠮᠦᠨ ᠦ᠌ ᠨᠡᠷ᠎ᠡ ᠡᠳ᠋ ᠳᠡᠭᠡᠷ᠎ᠡ ᠮᠥᠩᠬᠡ᠃
22᠂ ᠥᠵᠥᠮᠡ
ᠦᠷ ᠴᠠᠭ ᠤ᠋ᠨ ᠴᠣᠯᠮᠣᠨ ᠴᠠᠭᠠᠨ
ᠡᠪᠦᠯ ᠴᠠᠭ ᠤ᠋ᠨ ᠴᠠᠰᠤ ᠴᠠᠭᠠᠨ
ᠦᠨᠡᠨ ᠦ᠌ ᠭᠠᠵᠠᠷ ᠤ᠋ᠨ ᠶᠣᠰᠣ ᠴᠠᠭᠠᠨ
ᠥᠲᠡᠯᠬᠦ ᠦᠶ᠎ᠡ ᠶ᠋ᠢᠨ ᠦᠰᠦ ᠴᠠᠭᠠᠨ!
23. ᠤᠳᠤᠨᠭᠡᠷᠡᠯ
ᠠᠪᠤ ᠶ᠋ᠢᠨ ᠪᠣᠢ ᠳ᠋ᠤ᠌ ᠬᠥᠮᠦᠨ ᠲᠡᠢ ᠲᠠᠨᠢᠯᠴᠠ ᠂ᠠᠭᠲᠠ ᠶ᠋ᠢᠨ ᠪᠣᠢ ᠳ᠋ᠤ᠌ ᠭᠠᠵᠠᠷ ᠦᠵᠡ᠃
ᠠᠪᠤ ᠶ᠋ᠢᠨ ᠬᠦᠦ ᠠᠳᠠᠯᠢ ᠦᠭᠡᠢ᠂ᠠᠷᠪᠠᠨ ᠬᠤᠷᠤᠭᠤ ᠲᠡᠭᠰᠢ ᠦᠭᠡᠢ᠃
ᠠᠪᠤ ᠶ᠋ᠢᠨ ᠰᠤᠷᠭᠠᠯ ᠠᠯᠲᠠ᠂ᠡᠵᠢ ᠶ᠋ᠢᠨ ᠰᠤᠷᠭᠠᠯ ᠡᠷᠳᠡᠨᠢ᠃
ᠠᠪᠤᠭᠰᠠᠨ ᠬᠥᠮᠦᠨ ᠨᠢᠭᠡ ᠲᠠᠮᠤ ᠲᠠᠢ᠂ᠠᠯᠳᠠᠭᠰᠠᠨ ᠬᠥᠮᠦᠨ ᠠᠷᠪᠠᠨ ᠲᠠᠮᠤ ᠲᠠᠢ᠃
24᠂ ᠨᠠᠷᠠᠨᠲᠤᠶᠠᠭ᠎ᠠ
ᠥᠰᠦᠭᠰᠡᠨ ᠪᠡᠶ᠎ᠡ ᠲᠠᠨᠢ ᠡᠷᠡᠭᠦᠯ ᠪᠠᠢᠵᠤ
ᠡᠷᠬᠢᠯᠡᠭᠰᠡᠨ ᠠᠵᠢᠯ ᠲᠠᠨᠢ ᠠᠮᠵᠢᠯᠲᠠ ᠲᠠᠢ ᠪᠣᠯᠤᠭᠠᠰᠠᠢ
ᠠᠰᠠᠭᠠᠭᠰᠠᠨ ᠭᠠᠯ ᠴᠢᠨᠢ ᠳᠦᠷᠡᠯᠵᠡᠨ ᠪᠠᠳᠠᠷᠠᠵᠤ
ᠠᠮᠢᠳᠤᠷᠠᠬᠤ ᠣᠷᠴᠢᠨ ᠴᠢᠨᠢ ᠵᠢᠷᠭᠠᠯ ᠢ᠋ᠶ᠋ᠠᠷ ᠪᠢᠯᠬᠠᠭᠠᠷᠠᠢ!
25. ᠪᠦᠷᠢᠨᠴᠡᠴᠡᠭ
ᠰᠢᠷ᠎ᠠ ᠠᠯᠲᠠᠨ ᠤ᠋ ᠥᠩᠭᠡ ᠨᠢ ᠬᠤᠪᠢᠷᠠᠬᠤ ᠦᠭᠡᠢ
ᠰᠢᠷᠭ᠎ᠠ ᠮᠣᠷᠢᠨ ᠤ᠋ ᠵᠢᠰᠦ ᠨᠢ ᠬᠤᠪᠢᠷᠠᠬᠤ ᠦᠭᠡᠢ
26. ᠤᠶᠣᠡᠴᠡᠴᠩ
ᠰᠠᠢᠨ ᠤᠤ ᠭᠡᠵᠦ ᠲᠠᠨ ᠲᠠᠢ ᠮᠡᠨᠳᠦᠴᠢᠯᠡᠶ᠎ᠡ
ᠰᠠᠢᠨ ᠭᠡᠵᠦ ᠥᠴᠢᠬᠦ ᠶ᠋ᠢ ᠴᠢᠨᠢ ᠰᠣᠨᠣᠰᠤᠶ᠎ᠠ
ᠢᠩᠭᠢᠵᠦ ᠠᠭᠤᠯᠵᠠᠭᠰᠠᠨ ᠬᠣᠶᠠᠷ ᠬᠥᠮᠦᠨ ᠢ᠋
ᠡᠨᠡ ᠳᠡᠯᠡᠬᠡᠢ ᠮᠣᠩᠭᠣᠯ ᠭᠡᠳᠡᠭ
ᠢᠩᠭᠢᠵᠦ ᠬᠡᠯᠡᠭᠰᠡᠨ ᠬᠣᠶᠠᠷ ᠦᠭᠡ ᠶ᠋ᠢ ᠴᠦ᠍
ᠡᠨᠡ ᠳᠡᠯᠡᠬᠡᠢ ᠮᠣᠩᠭᠣᠯ ᠭᠡᠳᠡᠭ ᠠ᠋!
27. ᠤᠳᠤᠨᠭᠡᠷᠡᠯ
ᠠᠪᠬᠤ ᠬᠥᠮᠦᠨ ᠪᠥᠬᠥᠢᠬᠦ᠂ᠥᠭᠬᠦ ᠬᠥᠮᠦᠨ ᠭᠡᠳᠡᠢᠬᠦ᠃
ᠠᠬ᠎ᠠ ᠶ᠋ᠢᠨ ᠰᠤᠷᠭᠠᠯ ᠠᠴᠢ᠂ᠡᠭᠡᠴᠢ ᠶ᠋ᠢᠨ ᠰᠤᠷᠭᠠᠯ ᠡᠯᠪᠡᠷᠢᠯ᠃
ᠠᠬᠠᠮᠠᠳ ᠤ᠋ᠨ ᠰᠤᠷᠭᠠᠯ ᠠᠯᠲᠠ᠂ ᠪᠤᠭᠤᠷᠤᠯ ᠤ᠋ᠨ ᠰᠤᠷᠭᠠᠯ ᠪᠤᠶᠠᠨ᠃
28. ᠰᠦᠬᠡ
ᠪᠠᠢᠭᠠᠯᠢ ᠶ᠋ᠢᠨ ᠨᠠᠷᠠ ᠬᠥᠮᠦᠨ ᠢ᠋ ᠭᠠᠳᠠᠨ᠎ᠠ ᠠ᠋ᠴᠠ ᠳᠤᠯᠠᠭᠠᠴᠠᠭᠤᠯᠳᠠᠭ ᠪᠣᠯ
ᠪᠠᠭᠰᠢ ᠨᠣᠮ ᠬᠥᠮᠦᠨ ᠢ᠋ ᠳᠣᠲᠣᠷ᠎ᠠ ᠠ᠋ᠴᠠ ᠨᠢ ᠭᠡᠷᠡᠯᠲᠦᠭᠦᠯᠳᠡᠭ ᠃
29. ᠣᠶᠤᠨᠴᠢᠮᠡᠭ
ᠨᠠᠷᠠᠨ ᠢ᠋ᠶ᠋ᠠᠨ ᠳᠠᠭᠠᠪᠠᠯ ᠲᠠᠭᠠᠷᠠᠬᠤ ᠦᠭᠡᠢ
ᠨᠠᠮ ᠢ᠋ᠶ᠋ᠠᠨ ᠳᠠᠭᠠᠪᠠᠯ ᠪᠤᠷᠤᠭᠤᠳᠠᠬᠤ ᠦᠭᠡᠢ᠃
30. ᠲᠣᠳᠣᠭᠡᠷᠡᠯ
ᠶᠢᠰᠦᠨ ᠴᠠᠭᠠᠨ ᠬᠦᠰᠡᠯ᠄
ᠮᠥᠩᠬᠡ ᠶ᠋ᠢᠨ ᠬᠦᠰᠡᠯ
ᠪᠠᠶᠠᠨ ᠤ᠋ ᠬᠦᠰᠡᠯ
ᠵᠢᠷᠭᠠᠯ ᠤ᠋ᠨ ᠬᠦᠰᠡᠯ
ᠪᠤᠶᠠᠨ ᠤ᠋ ᠬᠦᠰᠡᠯ
ᠦᠷ᠎ᠡ ᠶ᠋ᠢᠨ ᠬᠦᠰᠡᠯ
ᠡᠪ ᠦ᠋ᠨ ᠬᠦᠰᠡᠯ
ᠡᠷᠳᠡᠮ ᠦ᠋ᠨ ᠬᠦᠰᠡᠯ
ᠡᠨᠡᠷᠢᠯ ᠦ᠋ᠨ ᠬᠦᠰᠡᠯ
ᠡᠷᠡᠭᠦᠯ ᠦ᠋ᠨ ᠬᠦᠰᠡᠯ᠃
31. ᠤᠶᠣᠡᠴᠡᠴᠩ
ᠠᠵᠢᠯᠴᠢ ᠬᠥᠮᠦᠨ ᠦ᠌ ᠭᠠᠷ ᠲᠤ᠌᠂ᠠᠷᠵᠠᠭᠠᠷ ᠴᠢᠯᠠᠭᠤ ᠴᠤ᠌ ᠭᠢᠯᠠᠯᠵᠠᠨ᠎ᠠ᠃
ᠠᠯᠵᠠᠭᠤ ᠬᠥᠮᠦᠨ ᠦ᠌ ᠭᠠᠷ ᠲᠤ᠌᠂ᠠᠯᠲᠠ ᠮᠥᠩᠭᠥ ᠴᠦ᠍ ᠵᠢᠪᠡᠷᠡᠨᠡ᠃
32. ᠣᠶᠤᠨᠴᠢᠮᠡᠭ
ᠰᠠᠨᠠᠵᠤ ᠶᠠᠪᠤᠪᠠᠯ ᠪᠦᠲᠦᠨ᠎ᠡ
ᠰᠠᠵᠢᠯᠠᠵᠤ ᠶᠠᠪᠤᠪᠠᠯ ᠬᠦᠷᠦᠨ᠎ᠡ᠃
33. ᠣᠶᠤᠨᠴᠢᠮᠡᠭ
ᠦᠭᠡ ᠬᠡᠳᠦᠢ ᠬᠠᠲᠠᠭᠤ ᠪᠣᠯᠪᠠᠴᠤ ᠪᠡᠶ᠎ᠡ ᠳ᠋ᠦ᠍ ᠲᠤᠰᠠ ᠲᠠᠢ᠃
ᠡᠮ ᠬᠡᠳᠦᠢ ᠭᠠᠰᠢᠭᠤᠨ ᠪᠣᠯᠪᠠᠴᠤ ᠡᠪᠡᠳᠴᠢᠨ ᠳ᠋ᠦ᠍ ᠲᠤᠰᠠ ᠲᠠᠢ᠃
34. ᠲᠣᠳᠣᠭᠡᠷᠡᠯ
ᠠᠮᠢᠳᠤᠷᠠᠯ ᠴᠢᠨᠢ ᠠᠵᠠ ᠵᠢᠷᠭᠠᠯ ᠢ᠋ᠶ᠋ᠠᠷ ᠳᠦᠭᠦᠷᠡᠩ ᠪᠠᠢᠭ
ᠠᠵᠢᠯ ᠴᠢᠨᠢ ᠦᠢᠯᠡᠰ ᠪᠦᠲᠦᠭᠡᠯ ᠢ᠋ᠶ᠋ᠡᠷ ᠳᠦᠭᠦᠷᠡᠩ ᠪᠠᠢᠭ
ᠬᠦᠰᠡᠯ ᠪᠦᠬᠦᠨ ᠴᠢᠨᠢ ᠰᠡᠳᠬᠢᠯᠴᠢᠯᠡᠨ ᠪᠦᠲᠦᠵᠦ ᠪᠠᠢᠭ᠃
35. ᠰᠡᠴᠡᠨᠭᠡᠷᠡᠯ
ᠪᠢ ᠮᠣᠩᠭᠣᠯ ᠬᠥᠮᠦᠨ
ᠠᠪᠤ ᠡᠵᠢ ᠮᠢᠨᠢ ᠮᠣᠩᠭᠣᠯ
ᠡᠬᠡ ᠨᠤᠲᠤᠭ ᠮᠢᠨᠢ ᠮᠣᠩᠭᠣᠯ
ᠦᠭᠡ ᠬᠡᠯᠡ ᠮᠢᠨᠢ ᠮᠣᠩᠭᠣᠯ
ᠦᠯᠢᠭᠡᠷ ᠲᠡᠦᠬᠡ ᠮᠢᠨᠢ ᠮᠣᠩᠭᠣᠯ ᠃
36. ᠤᠳᠤᠨᠭᠡᠷᠡᠯ
ᠠᠭᠤᠯᠠ ᠶ᠋ᠢᠨ ᠴᠠᠭᠠᠨ᠎ᠠ ᠤᠰᠤ
ᠤᠰᠤ ᠶ᠋ᠢᠨ ᠴᠠᠭᠠᠨ᠎ᠠ ᠠᠭᠤᠯᠠ᠃
ᠠᠭᠤᠯᠠᠨ ᠤ᠋ ᠴᠢᠮᠡᠭ ᠮᠣᠳᠣ
ᠤᠬᠠᠭᠠᠨ ᠤ᠋ ᠴᠢᠮᠡᠭ ᠡᠷᠳᠡᠮ᠃
ᠠᠭᠤᠯᠠᠨ ᠪᠤᠭᠤ ᠶ᠋ᠢ ᠬᠠᠷᠠᠵᠤ
ᠤᠨᠤᠭᠰᠠᠨ ᠪᠤᠬ᠎ᠠ ᠪᠠᠨ ᠬᠠᠶᠠᠬᠤ᠃
37᠂ ᠣᠶᠤᠨᠴᠢᠮᠡᠭ
ᠶᠠᠳᠠᠷᠠᠪᠠᠰᠤ ᠲᠠᠰᠢᠭᠤᠷ ᠪᠢᠲᠡᠭᠡᠢ ᠳᠤᠯ᠂
ᠶᠠᠭᠠᠷᠠᠪᠠᠰᠤ ᠶᠠᠪᠠᠭᠠᠨ ᠪᠢᠲᠡᠭᠡᠢ ᠰᠠᠭᠤ᠃
38᠂ ᠨᠠᠷᠠᠰᠤᠡ
ᠣᠶᠣᠭᠰᠠᠭᠠᠷ ᠪᠠᠢᠵᠤ ᠤᠷᠠᠨ ᠪᠣᠯᠤᠨ᠎ᠠ᠃
ᠣᠷᠣᠯᠳᠣᠭᠰᠠᠭᠠᠷ ᠪᠠᠢᠵᠤ ᠳᠠᠷᠬᠠᠨ ᠪᠣᠯᠤᠨ᠎ᠠ ᠃
39. ᠤᠶᠣᠡᠴᠡᠴᠩ
ᠳᠣᠷᠣᠨ᠎ᠠ ᠶ᠋ᠢᠨ ᠲᠠᠯ᠎ᠠ ᠶ᠋ᠢᠨ ᠭᠦᠨ ᠡᠴᠡ ᠤᠶᠠᠩᠭᠠᠷᠠᠭᠰᠠᠨ ᠂
ᠳᠣᠯᠣᠭᠠᠨ ᠪᠤᠷᠬᠠᠨ ᠡᠬᠡᠰᠢᠭ ᠶᠦᠮ ᠮᠢᠨᠦ ᠮᠣᠩᠭᠣᠯ ᠬᠡᠯᠡ᠂
ᠲᠣᠭᠣᠨᠣᠲᠤ ᠭᠡᠷ ᠦ᠋ᠨ ᠬᠣᠢᠮᠣᠷ ᠲᠤ᠌ ᠳᠡᠭᠡᠳᠦᠯᠡᠭᠰᠡᠨ
ᠳᠣᠮᠣᠭ ᠲᠡᠦᠬᠡ ᠶ᠋ᠢᠨ ᠥᠪ ᠶᠦᠮ ᠮᠢᠨᠦ ᠮᠣᠩᠭᠣᠯ ᠬᠡᠯᠡ᠃
40᠂ ᠠ ·ᠮᠢᠬᠤᠸᠠᠷ
ᠰᠠᠢᠨ ᠬᠥᠮᠦᠨ ᠲᠡᠢ ᠬᠠᠨᠢᠯᠠᠪᠠᠯ ᠰᠠᠢᠨ ᠢ᠋ ᠰᠤᠷᠤᠨ᠎ᠠ᠂
ᠮᠠᠭᠤ ᠬᠥᠮᠦᠨ ᠲᠡᠢ ᠬᠠᠨᠢᠯᠠᠪᠠᠯ ᠮᠠᠭᠤ ᠶ᠋ᠢ ᠰᠤᠷᠤᠨ᠎ᠠ᠃
41. ᠰᠦᠬᠡ
ᠪᠢᠯᠢᠭ ᠤᠬᠠᠭᠠᠨ ᠲᠠᠢ ᠴᠡᠴᠡᠨ ᠬᠥᠮᠦᠨ
ᠳᠠᠭᠤᠳᠠᠬᠤ ᠨᠡᠷ᠎ᠡ ᠮᠢᠨᠢ ᠮᠣᠩᠭᠣᠯ
ᠳᠠᠭᠤᠯᠠᠬᠤ ᠳᠠᠭᠤᠤ ᠮᠢᠨᠢ ᠮᠣᠩᠭᠣᠯ
ᠤᠩᠰᠢᠬᠤ ᠨᠣᠮ ᠮᠢᠨᠢ ᠮᠣᠩᠭᠣᠯ᠃
42᠂ ᠥᠯᠵᠡᠢᠵᠢᠷᠭᠠᠯ
ᠬᠣᠵᠢᠭᠢᠷ ᠠᠭᠤᠯᠠ ᠳ᠋ᠤ᠌ ᠠᠩ ᠭᠥᠷᠥᠭᠡᠰᠦ ᠦᠭᠡᠢ
ᠬᠤᠪᠠᠬᠠᠢ ᠶᠠᠰᠤᠨ ᠳ᠋ᠤ᠌ ᠰᠢᠮ᠎ᠡ ᠲᠡᠵᠢᠭᠡᠯ ᠦᠭᠡᠢ᠃
43᠂ ᠤᠤᠭᠠᠨᠵᠢᠳ
ᠪᠡᠶ᠎ᠡ ᠶ᠋ᠢᠨ ᠬᠦᠴᠦ ᠪᠡᠷ ᠠᠴᠢᠶ᠎ᠠ ᠡᠷᠭᠦᠵᠦ
ᠰᠡᠳᠬᠢᠯ ᠦ᠋ᠨ ᠬᠦᠴᠦ ᠪᠡᠷ ᠠᠮᠢᠳᠤᠷᠠᠯ ᠢ᠋ ᠲᠤᠭᠤᠯᠳᠠᠭ
ᠤᠬᠠᠭᠠᠨ ᠤ᠋ ᠬᠦᠴᠦ ᠪᠡᠷ ᠵᠣᠪᠠᠯᠠᠩ ᠢ᠋ ᠳᠠᠪᠠᠵᠤ
ᠨᠥᠬᠥᠷᠯᠡᠯ ᠦ᠋ᠨ ᠬᠦᠴᠦ ᠪᠡᠷ ᠬᠥᠮᠦᠨ ᠢ᠋ ᠲᠠᠨᠢᠳᠠᠭ᠃
ᠰᠦᠨ ᠰᠠᠴᠤᠯᠢ《 ᠬᠡ》(g) ᠬᠣᠯᠪᠣᠭ᠎ᠠ
ᠬᠢᠨᠠᠭᠴᠢ᠄ ᠲᠣᠳᠣᠭᠡᠷᠡᠯ᠂ ᠨᠠ᠊· ᠴᠠᠭᠠᠨ᠂ ᠨᠠᠷᠠᠨᠲᠣᠭᠣᠰ᠂ ᠤᠤᠭᠠᠨᠵᠢᠳ
