ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠶᠠᠪᠤᠭᠤᠳᠠᠢ ᠬᠦᠦ ᠪᠠᠷᠰ ᠢ᠋ ᠪᠠᠷᠰ ᠢ᠋ᠶ᠋ᠠᠷ ᠠᠯᠠᠭᠤᠯᠤᠭᠰᠠᠨ ᠨᠢ Гураван настай гунаган улаан баатар - Явуутай хүү барсыг барсаар алуулсан нь
ᠶᠠᠪᠤᠭᠤᠳᠠᠢ ᠬᠦᠦ ᠪᠠᠷᠰ ᠢ᠋ ᠪᠠᠷᠰ ᠢ᠋ᠶ᠋ᠠᠷ ᠠᠯᠠᠭᠤᠯᠤᠭᠰᠠᠨ ᠨᠢ
ᠶᠠᠩᠳᠠᠩ ᠬᠠᠭᠠᠨ ᠭᠡᠷ ᠦ᠋ᠨ ᠵᠠᠬ᠎ᠠ ᠳ᠋ᠤ᠌ ᠶᠠᠭᠠᠬᠢᠰᠢ ᠦᠭᠡᠢ ᠤᠤᠯᠭᠠᠮᠴᠢ ᠪᠡᠯᠡᠩᠴᠢ᠂ ᠶᠠᠳᠠᠷᠠᠭᠰᠠᠨ ᠵᠤᠲᠠᠷᠠᠭᠰᠠᠨ ᠨᠢᠭᠡᠨ ᠬᠥᠭᠰᠢᠨ᠂ ᠶᠠᠩᠳᠠᠩ ᠬᠠᠭᠠᠨ ᠤ᠋ ᠭᠠᠯ ᠤᠰᠤ ᠶ᠋ᠢ ᠨᠢ ᠵᠥᠭᠡᠭᠡᠵᠦ᠂ ᠭᠠᠯᠠᠭᠤ ᠲᠠᠬᠢᠶ᠎ᠠ ᠶ᠋ᠢ ᠨᠢ ᠲᠡᠵᠢᠭᠡᠵᠦ ᠪᠠᠢᠵᠠᠢ᠃
ᠡᠨᠡ ᠬᠥᠭᠰᠢᠨ ᠪᠣᠯ ᠨᠢᠭᠡ ᠬᠦᠦ ᠲᠡᠢ᠂ ᠬᠦᠦ ᠶ᠋ᠢᠨ ᠨᠡᠷ᠎ᠡ ᠨᠢ ᠶᠠᠪᠤᠭᠤᠳᠠᠢ ᠭᠡᠳᠡᠭ ᠭᠡᠨ᠎ᠡ᠃ ᠶᠠᠪᠤᠭᠤᠳᠠᠢ ᠬᠦᠦ ᠪᠣᠯ ᠶᠠᠰᠤ ᠪᠠᠷ ᠬᠢᠭᠰᠡᠨ ᠨᠤᠮᠤ ᠰᠤᠮᠤ ᠲᠠᠢ᠂ ᠶᠠᠪᠤᠭᠠᠴᠢ ᠬᠦᠷᠡᠩ ᠳᠠᠭ᠎ᠠ ᠲᠠᠢ᠂ ᠡᠨᠡ ᠬᠦᠦ ᠪᠣᠯ ᠡᠳᠦᠷ ᠪᠦᠷᠢ ᠶᠠᠪᠤᠭᠠᠴᠢ ᠬᠦᠷᠡᠩ ᠳᠠᠭ᠎ᠠ ᠪᠠᠨ ᠤᠨᠤᠵᠤ᠂ ᠶᠠᠰᠤᠨ ᠨᠤᠮᠤ ᠰᠤᠮᠤ ᠪᠠᠨ ᠡᠭᠦᠷᠴᠦ᠂ ᠠᠩ ᠡᠷᠢᠵᠦ ᠠᠪᠠ ᠠᠪᠠᠯᠠᠬᠤ ᠳ᠋ᠠᠭᠠᠨ᠂ ᠡᠨᠡ ᠲᠡᠷᠡ ᠭᠡᠵᠦ ᠬᠠᠮᠢᠶᠠᠷᠬᠤ ᠦᠭᠡᠢ᠂ ᠡᠴᠡᠩᠬᠡᠢ ᠲᠠᠷᠭᠤᠨ ᠭᠡᠵᠦ ᠢᠯᠭᠠᠬᠤ ᠦᠭᠡᠢ᠂ ᠬᠠᠪᠢ ᠪᠠᠷ ᠭᠠᠷᠪᠠᠯ ᠰᠢᠷᠪᠢᠵᠦ᠂ ᠬᠠᠷᠠᠭᠠᠨ ᠳ᠋ᠤᠨᠢ ᠣᠷᠣᠪᠠᠯ ᠬᠠᠷᠪᠤᠳᠠᠭ ᠶᠤᠮ ᠪᠠᠢᠨ᠎ᠠ᠃
ᠡᠢᠮᠦ ᠤᠴᠢᠷ ᠠ᠋ᠴᠠ ᠡᠨᠡ ᠬᠦᠦ ᠡᠳᠦᠷ ᠪᠣᠯᠭᠠᠨ ᠠᠩ ᠰᠠᠢᠨ᠂ ᠠᠴᠢᠶ᠎ᠠ ᠬᠦᠨᠳᠦ᠂ ᠭᠠᠷ ᠬᠣᠭᠣᠰᠣᠨ᠂ ᠭᠠᠨᠵᠤᠭᠠᠨ ᠳ᠋ᠤ᠌ ᠳᠡᠩᠨᠡᠭᠡ ᠦᠭᠡᠢ ᠭᠡᠵᠦ ᠶᠡᠷᠦ ᠦᠭᠡᠢ ᠤᠴᠢᠷ ᠠ᠋ᠴᠠ᠂ ᠡᠳᠦᠷ ᠪᠦᠷᠢ ᠠᠩᠨᠠᠭᠰᠠᠨ ᠢ᠋ᠶ᠋ᠠᠨ ᠥᠪᠥᠩ ᠭᠡᠷ ᠲᠦ᠍ ᠪᠡᠨ ᠤᠲᠤᠭ᠎ᠠ ᠪᠤᠷᠭᠢᠭᠤᠯᠵᠤ᠂ ᠥᠨᠳᠡᠭᠡᠨ ᠲᠣᠭᠣᠭᠠᠨ ᠳ᠋ᠤ᠌ ᠪᠠᠨ ᠪᠢᠯᠬᠠᠮᠠᠬᠠᠨ ᠴᠢᠨᠠᠵᠤ᠂ ᠦᠳᠡᠯᠦᠭᠡ ᠪᠣᠯᠤᠭᠰᠠᠨ ᠡᠵᠢ ᠲᠡᠢ ᠪᠡᠨ ᠬᠣᠶᠠᠭᠤᠯᠠ᠂ ᠡᠳᠦᠷ ᠲᠡᠭᠡᠨ ᠠᠮᠢ ᠪᠠᠨ ᠲᠡᠵᠢᠭᠡᠬᠦ ᠡᠴᠡ ᠭᠠᠳᠠᠨ᠎ᠠ᠂ ᠦᠯᠡᠪᠦᠷᠢ ᠲᠣᠰᠪᠣᠷᠢ ᠪᠠᠰᠠ ᠪᠠᠭ᠎ᠠ ᠦᠭᠡᠢ ᠭᠠᠷᠴᠤ᠂ ᠬᠠᠨ᠎ᠠ ᠶ᠋ᠢᠨ ᠲᠣᠯᠣᠭᠠᠢ ᠳ᠋ᠤ᠌ ᠰᠠᠷᠬᠢᠨᠠᠭ ᠡᠯᠭᠦᠵᠦ᠂ ᠬᠠᠨ᠎ᠠ ᠶ᠋ᠢᠨ ᠨᠢᠳᠦᠨ ᠳ᠋ᠦ᠍ ᠰᠡᠭᠡᠷ ᠬᠠᠪᠴᠢᠭᠤᠯᠬᠤ ᠲᠠᠢ ᠪᠣᠯᠤᠭᠠᠳ ᠢᠷᠡᠵᠡᠢ᠃
ᠨᠢᠭᠡ ᠡᠳᠦᠷ ᠬᠦᠦ ᠠᠪᠠ ᠳ᠋ᠤ᠌ ᠶᠠᠪᠤᠵᠤ᠂ ᠬᠥᠭᠰᠢᠨ ᠡᠵᠢ ᠨᠢ ᠶᠠᠩᠳᠠᠩ ᠬᠠᠭᠠᠨ ᠤ᠋ ᠭᠡᠷ ᠲᠦ᠍᠂ ᠶᠠᠪᠤᠵᠤ ᠭᠦᠶᠦᠬᠦ ᠳ᠋ᠡᠭᠡᠨ ᠶᠠᠳᠠᠷᠠᠵᠤ᠂ ᠭᠠᠯ ᠤᠰᠤ ᠶ᠋ᠢ ᠨᠢ ᠵᠥᠭᠡᠭᠡᠵᠦ᠂ ᠭᠠᠯᠠᠭᠤ ᠲᠠᠬᠢᠶ᠎ᠠ ᠶ᠋ᠢ ᠨᠢ ᠲᠡᠵᠢᠭᠡᠵᠦ ᠪᠠᠢᠲᠠᠯ᠎ᠠ᠂ ᠪᠤᠳᠠᠭ᠎ᠠ ᠶ᠋ᠢ ᠨᠢ ᠢᠳᠡᠵᠦ᠂ ᠪᠣᠷᠳᠣᠭᠠᠨ ᠳ᠋ᠠᠭᠠᠨ ᠲᠠᠷᠭᠤᠯᠠᠭᠰᠠᠨ᠂ ᠮᠠᠨᠲᠤᠢᠲᠠᠯᠠ ᠢᠳᠡᠵᠦ ᠲᠦᠨᠲᠦᠢᠲᠡᠯᠡ ᠲᠠᠷᠭᠤᠯᠠᠭᠰᠠᠨ ᠭᠠᠯᠠᠭᠤ ᠲᠠᠬᠢᠶ᠎ᠠ ᠨᠤᠭᠤᠳ ᠨᠢ ᠬᠥᠭᠰᠢᠨ ᠢ᠋ ᠭᠡᠨᠡᠳᠲᠡ ᠬᠠᠷᠢᠶᠠᠵᠠᠢ᠃ ᠬᠣᠪᠴᠢᠭ ᠬᠣᠪᠴᠢᠭ ᠭᠦᠶᠦᠯ᠎ᠡ ᠴᠢ᠂ ᠬᠣᠭᠣᠯᠠ ᠢᠳᠡᠰᠢ ᠰᠠᠭᠠᠳᠠᠭᠤᠯᠤᠯᠠ ᠴᠢ᠂ ᠶᠠᠳᠠᠷᠠᠭᠰᠠᠨ ᠬᠥᠭᠰᠢᠨ᠂ ᠶᠠᠩᠳᠠᠩ ᠬᠠᠭᠠᠨ ᠤ᠋ ᠳ᠋ᠤ᠌ ᠬᠠᠳᠠ᠂ ᠶᠠᠪᠤᠭᠤᠳᠠᠢ ᠮᠠᠭᠤ ᠬᠦᠦ ᠭᠡᠷ ᠲᠡᠭᠡᠨ ᠬᠠᠳᠠ! ᠶᠠᠰᠤᠨ ᠨᠤᠮᠤ ᠰᠤᠮᠤ ᠨᠢ ᠣᠨᠢᠨ ᠳ᠋ᠠᠭᠠᠨ ᠬᠠᠳᠠ! ᠶᠠᠪᠤᠭᠠᠴᠢ ᠬᠦᠷᠡᠩ ᠳᠠᠭ᠎ᠠ ᠨᠢ ᠤᠶᠠᠭᠠᠨ ᠳ᠋ᠠᠭᠠᠨ ᠬᠠᠳᠠ! ᠭᠡᠵᠦ ᠠᠮᠠ ᠠᠮᠠᠨ ᠳ᠋ᠠᠭᠠᠨ ᠪᠠᠷᠬᠢᠷᠠᠯᠳᠤᠨ ᠬᠠᠷᠢᠶᠠᠵᠠᠢ᠃ ᠬᠥᠭᠰᠢᠨ ᠳᠣᠲᠣᠷ᠎ᠠ ᠪᠠᠨ ᠶᠡᠬᠡ ᠠᠭᠤᠷᠯᠠᠨ᠂ ᠬᠥᠮᠦᠨ ᠭᠡᠵᠦ ᠪᠠᠢᠭᠠᠳ᠂ ᠬᠡᠦᠬᠡᠳ ᠨᠣᠬᠠᠢ ᠶ᠋ᠢᠨ ᠳᠣᠭᠣᠭᠢ ᠪᠣᠯᠬᠤ ᠦᠭᠡᠢ᠂ ᠰᠢᠳᠤᠷᠭᠤ ᠰᠠᠢᠬᠠᠨ ᠶᠠᠪᠤᠵᠤ ᠪᠠᠢᠭᠠᠳ ᠰᠢᠪᠠᠭᠤ ᠨᠣᠬᠠᠢ ᠶ᠋ᠢᠨ ᠳᠣᠭᠣᠭᠢ ᠪᠣᠯᠬᠤ ᠦᠭᠡᠢ᠃ ᠬᠦᠦ ᠳ᠋ᠡᠭᠡᠨ ᠬᠡᠯᠡᠵᠦ ᠶᠠᠰᠤ ᠶ᠋ᠢ ᠴᠢᠨᠢ ᠬᠤᠭᠤᠯᠵᠤ᠂ ᠮᠢᠬ᠎ᠠ ᠶ᠋ᠢ ᠴᠢᠨᠢ ᠱᠤᠯᠤᠵᠤ᠂ ᠰᠢᠷᠪᠥᠰᠥ ᠶ᠋ᠢ ᠴᠢᠨᠢ ᠲᠠᠰᠤᠳᠠᠵᠤ᠂ ᠰᠢᠨᠳᠠᠰᠤ ᠶ᠋ᠢ ᠴᠢᠨᠢ ᠰᠤᠭᠤᠯᠤᠨ᠎ᠠ ᠤᠤ᠂ ᠦᠭᠡᠢ ᠤᠤ ᠬᠠᠷᠠᠵᠤ ᠪᠠᠢ! ᠭᠡᠵᠦ ᠪᠣᠳᠣᠭᠠᠳ ᠭᠡᠷ ᠲᠡᠭᠡᠨ ᠢᠷᠡᠵᠦ ᠬᠦᠦ ᠳ᠋ᠡᠭᠡᠨ ᠬᠡᠯᠡᠵᠡᠢ᠃
ᠶᠠᠪᠤᠭᠤᠲᠠᠢ ᠬᠦᠦ ᠨᠢ ᠪᠠᠰᠠ ᠠᠭᠤᠷᠯᠠᠨ᠄《ᠡᠵᠢ ᠠ᠋᠂ ᠬᠡᠷᠡᠮ ᠢ᠋ ᠨᠢ ᠴᠣᠭᠣᠯᠵᠤ ᠣᠷᠣᠭᠠᠳ᠂ ᠬᠡᠳᠦᠨ ᠲᠠᠬᠢᠶ᠎ᠠ ᠭᠠᠯᠠᠭᠤ ᠶ᠋ᠢ ᠨᠢ ᠠᠯᠠᠭᠠᠳ᠂ ᠬᠡᠷᠡᠭ ᠭᠠᠷᠭᠠᠴᠢᠬᠠᠭᠠᠳ ᠢᠷᠡᠶ᠎ᠡ!》 ᠭᠡᠰᠡᠨ ᠳ᠋ᠦ᠍ ᠬᠥᠭᠰᠢᠨ ᠰᠠᠨᠳᠤᠷᠴᠤ᠄《ᠬᠡ ᠬᠡ ᠬᠡᠷᠡᠭ ᠦᠭᠡᠢ᠂ ᠪᠤ᠌ ᠪᠤ᠌ ᠪᠣᠯᠬᠤ ᠦᠭᠡᠢ᠂ ᠭᠠ ᠭᠠ ᠭᠠᠯᠠᠭᠤ ᠪᠠ᠊ ᠪᠠ᠊ ᠪᠠᠷᠬᠢᠷᠠᠨ᠎ᠠ》 ᠭᠡᠵᠡᠢ᠃ ᠶᠠᠪᠤᠭᠤᠳᠠᠢ ᠬᠦᠦ ᠶᠠᠭᠠᠬᠢᠵᠤ ᠳᠠᠷᠤᠪᠠᠴᠤ ᠲᠡᠰᠬᠦ ᠦᠭᠡᠢ᠂ ᠲᠥᠭᠡ ᠬᠢᠲᠤᠭ᠎ᠠ ᠪᠠᠨ ᠲᠦᠷᠡᠢ ᠳ᠋ᠡᠭᠡᠨ ᠬᠢᠵᠦ᠂ ᠲᠡᠮᠦᠷ ᠰᠢᠲᠠᠮ ᠢ᠋ᠶ᠋ᠠᠨ ᠪᠥᠰᠡᠨ ᠳ᠋ᠡᠭᠡᠨ ᠬᠠᠪᠴᠢᠭᠤᠯᠵᠤ᠂ ᠶᠠᠰᠤᠨ ᠨᠤᠮᠤ ᠰᠤᠮᠤ ᠪᠠᠨ ᠣᠨᠢᠯᠠᠵᠤ᠂ ᠶᠠᠩᠵᠤ ᠦᠭᠡᠢ ᠮᠤᠤᠰᠠᠢᠨ ᠲᠠᠬᠢᠶ᠎ᠠ ᠭᠠᠯᠠᠭᠤ ᠶ᠋ᠢ ᠨᠢ ᠠᠯᠠᠬᠤ ᠨᠢ ᠶᠠᠩᠳᠠᠩ ᠬᠠᠭᠠᠨ ᠢ᠋ ᠠᠯᠠᠭᠰᠠᠨ ᠠ᠋ᠴᠠ ᠥᠭᠡᠷ᠎ᠡ ᠴᠦ᠍ ᠦᠭᠡᠢ ᠭᠡᠵᠦ ᠨᠢᠭᠡ ᠳᠡᠭᠡᠭᠰᠢ ᠪᠡᠨ ᠬᠠᠷᠪᠤᠪᠠᠯ᠂ ᠡᠭᠴᠡ ᠳᠡᠭᠡᠭᠰᠢ ᠪᠡᠨ ᠬᠠᠷᠪᠤᠭᠰᠠᠨ ᠰᠤᠮᠤ᠂ ᠡᠷᠭᠢᠭᠡᠳ ᠳᠣᠭᠣᠭᠰᠢ ᠪᠠᠨ ᠪᠠᠭᠤᠬᠤ ᠳ᠋ᠠᠭᠠᠨ᠂ ᠭᠠᠯᠠᠭᠤ ᠲᠠᠬᠢᠶ᠎ᠠ ᠶ᠋ᠢᠨ ᠲᠣᠯᠣᠭᠠᠢ ᠳᠡᠭᠡᠷ᠎ᠡ ᠲᠣᠰᠴᠤ᠂ ᠭᠠᠭᠴᠠ ᠭᠠᠭᠴᠠᠬᠠᠨ ᠳᠡᠭᠡᠷ᠎ᠡ ᠠᠯᠠᠵᠠᠢ᠃ ᠢᠩᠭᠢᠵᠦ ᠬᠡᠳᠦ ᠶ᠋ᠢ ᠠᠯᠠᠭᠠᠳ᠂ ᠭᠡᠷ ᠲᠡᠭᠡᠨ ᠢᠷᠡᠵᠦ ᠡᠵᠢ ᠳ᠋ᠡᠭᠡᠨ ᠬᠡᠯᠡᠵᠡᠢ᠃《ᠶᠠᠩᠳᠠᠩ ᠬᠠᠭᠠᠨ ᠤ᠋ ᠭᠠᠯᠠᠭᠤ ᠶ᠋ᠢ ᠶᠠᠷᠭᠢᠵᠤ ᠳᠤᠤᠭᠠᠷᠬᠤ ᠶ᠋ᠢᠨ ᠠᠮᠵᠢᠯᠲᠠ ᠦᠭᠡᠢ᠂ ᠠᠭᠠᠷ ᠳᠡᠭᠡᠷ᠎ᠡ ᠡᠴᠡ ᠰᠤᠮᠤ ᠪᠠᠭᠤᠯᠭᠠᠵᠤ ᠠᠶᠤᠩᠭ᠎ᠠ ᠨᠢᠷᠭᠡᠬᠦ ᠮᠡᠲᠦ ᠠᠯᠠᠵᠤ ᠠᠯᠠᠵᠤ ᠢᠷᠡᠭᠰᠡᠨ᠂ ᠡᠵᠢ ᠪᠤᠤ ᠤᠤᠯᠭᠠᠮᠴᠢ ᠪᠡᠯᠡᠩᠴᠢ ᠵᠠᠩᠨᠠᠵᠤ ᠪᠠᠢᠭᠠᠳ ᠬᠡᠯᠡᠴᠢᠬᠡ ᠳᠡ!》 ᠭᠡᠵᠡᠢ᠃ ᠬᠥᠭᠰᠢᠨ ᠮᠥᠨ ᠯᠡ ᠠᠶᠤᠭᠰᠠᠨ ᠬᠡᠪ ᠢ᠋ᠶ᠋ᠡᠷ᠂ ᠭ᠌ᠡ᠊ ᠭ᠌ᠡ᠊ ᠬᠡᠯᠡᠬᠦ ᠦᠭᠡᠢ ᠪᠤ᠌ ᠪᠤ᠌ ᠪᠣᠯᠬᠤ ᠦᠭᠡᠢ ᠭᠡᠳᠡᠭ ᠶᠦᠮ ᠪᠠᠢᠨ᠎ᠠ᠃
ᠶᠠᠪᠤᠭᠤᠲᠠᠢ ᠮᠥᠨ ᠯᠡ ᠠᠪᠠ ᠳ᠋ᠠᠭᠠᠨ ᠶᠠᠪᠤᠭᠰᠠᠨ ᠬᠣᠭᠣᠷᠣᠨᠳᠣ᠂ ᠶᠠᠩᠳᠠᠩ ᠬᠠᠭᠠᠨ ᠠᠭᠠᠷ ᠠ᠋ᠴᠠ ᠰᠤᠮᠤ ᠢᠷᠡᠵᠦ ᠭᠠᠯᠠᠭᠤ ᠲᠠᠬᠢᠶ᠎ᠠ ᠠᠯᠠᠭᠰᠠᠨ ᠬᠡᠷᠡᠭ ᠢ᠋ ᠮᠡᠳᠡᠵᠦ᠂ ᠬᠥᠭᠰᠢᠨ ᠢ᠋ ᠰᠠᠨᠳᠤᠷᠭᠠᠬᠤ ᠪᠠᠷ ᠢᠷᠡᠵᠡᠢ᠃ ᠢᠷᠡᠮᠡᠭᠴᠡ᠂ ᠣᠷᠢᠯᠠᠵᠤ ᠭᠡᠨ᠎ᠡ᠃ ᠵᠠᠨᠴᠢᠵᠤ ᠭᠡᠨ᠎ᠡ᠃ ᠬᠠᠷᠢᠶᠠᠵᠤ ᠭᠡᠨ᠎ᠡ᠃ ᠬᠥᠭᠰᠢᠨ᠂ ᠮᠠ᠊ ᠮᠠ᠊ ᠮᠡᠳᠡᠬᠦ ᠦᠭᠡᠢ ᠭᠡᠬᠦ ᠡᠴᠡ ᠥᠭᠡᠷ᠎ᠡ ᠦᠭᠡ ᠨᠢᠭᠡᠴᠤ ᠬᠡᠯᠡᠭᠰᠡᠨ ᠦᠭᠡᠢ ᠳ᠋ᠦ᠍ ᠶᠠᠩᠳᠠᠩ ᠬᠠᠭᠠᠨ ᠶᠡᠬᠡ ᠠᠭᠤᠷᠯᠠᠵᠤ᠂ ᠶᠠᠪᠤᠭᠤᠳᠠᠢ ᠬᠦᠦ ᠶ᠋ᠢ ᠴᠢᠨᠢ ᠪᠠᠷᠢᠵᠤ ᠭᠢᠨᠳᠠᠨ ᠳ᠋ᠤ᠌ ᠬᠠᠲᠠᠭᠠᠨ᠎ᠠ᠃ ᠶᠠᠪᠤᠭᠠᠴᠢ ᠬᠦᠷᠡᠩ ᠳᠠᠭ᠎ᠠ ᠶ᠋ᠢ ᠴᠢᠨᠢ ᠠᠪᠴᠤ ᠴᠢᠳᠥᠷ ᠲᠦ᠍ ᠬᠠᠲᠠᠭᠠᠨ᠎ᠠ᠃ ᠶᠠᠰᠤᠨ ᠨᠤᠮᠤ ᠰᠤᠮᠤ ᠶ᠋ᠢ ᠴᠢᠨᠢ ᠬᠤᠷᠢᠶᠠᠵᠤ ᠰᠠᠩ ᠳ᠋ᠤ᠌ ᠬᠠᠲᠠᠭᠠᠨ᠎ᠠ᠃ ᠶᠠᠭᠠᠬᠢᠰᠢ ᠦᠭᠡᠢ ᠮᠠᠭᠤ ᠬᠥᠭᠰᠢᠨ ᠴᠢᠮᠠᠶ᠋ᠢ ᠠᠪᠠᠴᠢᠵᠤ᠂ ᠦᠨᠡᠰᠦᠨ ᠳᠡᠭᠡᠷ᠎ᠡ ᠬᠠᠲᠠᠭᠠᠨ᠎ᠠ᠂ ᠥᠪᠥᠩ ᠭᠡᠷ ᠢ᠋ ᠴᠢᠨᠢ ᠦᠨᠡᠰᠦ ᠪᠣᠯᠭᠠᠨ᠎ᠠ᠃ ᠥᠨᠳᠡᠭᠡᠨ ᠲᠣᠭᠣᠭᠠᠨ ᠳ᠋ᠤ᠌ ᠴᠢᠨᠢ ᠨᠣᠬᠠᠢ ᠲᠡᠵᠢᠭᠡᠨ᠎ᠡ᠃ ᠬᠡᠯᠡᠪᠡᠯ ᠡᠨᠡ ᠵᠢᠱ᠌ᠢᠶ᠎ᠡ᠂ ᠬᠡᠯᠡᠬᠦ ᠦᠭᠡᠢ ᠪᠣᠯ ᠡᠭᠦᠨ ᠡᠴᠡ ᠶᠡᠬᠡ ᠭᠡᠵᠦ ᠤᠷᠤᠭᠰᠢ ᠬᠣᠢᠰᠢ ᠭᠦᠶᠦᠵᠦ᠂ ᠤᠯᠠᠭᠠᠨ ᠭᠠᠯᠵᠠᠭᠤ ᠵᠠᠩᠨᠠᠵᠤ ᠰᠣᠯᠤᠬᠠ ᠶ᠋ᠢ ᠨᠢ ᠲᠠᠯᠪᠢᠭᠰᠠᠨ ᠭᠦᠷᠲᠡᠮᠪᠠ ᠰᠢᠭ᠋᠂ ᠰᠣᠷᠭᠣᠭ ᠣᠷᠣᠭᠰᠠᠨ ᠪᠤᠤᠷ᠎ᠠ ᠰᠢᠭ᠋᠂ ᠭᠠᠩᠭ᠎ᠠ ᠦᠨᠦᠷᠲᠦᠭᠰᠡᠨ ᠪᠥᠬᠡ ᠰᠢᠭ᠂ ᠭᠠᠯᠵᠠᠭᠤ ᠲᠤᠰᠤᠭᠰᠠᠨ ᠪᠤᠬ᠎ᠠ ᠰᠢᠭ᠋ ᠳᠡᠪᠬᠡᠴᠡᠬᠦ ᠳ᠋ᠦ᠍ ᠠᠰᠢᠭ ᠢ᠋ ᠪᠣᠳᠣᠭᠰᠠᠨ ᠨᠣᠶᠠᠳ ᠨᠢ᠂ ᠠᠷᠤ ᠡᠮᠦᠨ᠎ᠡ ᠨᠢ ᠪᠤᠮᠪᠠᠭᠠᠨᠠᠵᠤ᠂ ᠠᠳᠠᠰᠬ᠎ᠠ ᠲᠤᠷᠤᠰᠬ᠎ᠠ ᠶ᠋ᠢ ᠨᠢ ᠡᠷᠭᠢᠭᠦᠯᠵᠦ᠂ ᠠᠮᠠ ᠮᠤᠰᠬᠢᠯᠳᠤᠭᠤᠯᠵᠤ᠂ ᠬᠥᠯ ᠭᠠᠷ ᠢ᠋ᠶ᠋ᠠᠨ ᠵᠡᠷᠭᠡᠴᠡᠭᠦᠯᠵᠦ᠂ ᠬᠥᠨᠳᠡᠢ ᠬᠠᠩᠭᠠᠢ ᠶ᠋ᠢ ᠣᠩᠭᠢᠴᠢᠵᠤ᠂ ᠬᠤᠯᠤᠭᠠᠨ᠎ᠠ ᠶ᠋ᠢᠨ ᠨᠦᠬᠡ ᠦᠵᠡᠪᠡᠴᠦ ᠬᠤᠷᠤᠭᠤ ᠪᠠᠨ ᠬᠢᠵᠦ ᠲᠡᠮᠲᠡᠷᠢᠬᠦ ᠰᠢᠭ᠂ ᠬᠤᠷᠤᠳ ᠤ᠋ᠨ ᠡᠮᠲᠡᠷᠬᠡᠢ ᠣᠯᠪᠠᠴᠤ᠂ ᠡᠷᠭᠢᠭᠦᠯᠵᠦ ᠲᠣᠭᠣᠷᠢᠭᠤᠯᠵᠤ ᠦᠵᠡᠬᠦ ᠰᠢᠭ᠂ ᠲᠣᠭᠣᠭ᠎ᠠ ᠲᠤᠯᠭ᠎ᠠ ᠶ᠋ᠢ ᠨᠢ ᠲᠣᠩᠭᠣᠷᠤᠭᠤᠯᠵᠤ᠂ ᠲᠣᠭᠣᠷᠢᠭᠤᠯ ᠰᠢᠷᠢᠳᠡᠭ ᠢ᠋ ᠨᠢ ᠣᠩᠭᠢᠯᠵᠤ᠂ ᠲᠣᠭᠣᠰᠣ ᠬᠣᠭ ᠢ᠋ ᠨᠢ ᠪᠤᠵᠢᠭᠢᠨᠠᠭᠤᠯᠵᠤ᠂ ᠲᠤᠩ ᠬᠠᠴᠢᠨ ᠳᠡᠪᠬᠡᠴᠡᠬᠦ ᠳ᠋ᠦ᠍᠂ ᠠᠶᠠᠯᠠᠵᠤ ᠶᠠᠪᠤᠳᠠᠭ ᠴᠡᠷᠢᠭ ᠨᠢ ᠠᠮᠠ ᠶ᠋ᠢ ᠨᠢ ᠳᠠᠭᠤᠷᠢᠶᠠᠨ ᠠᠩᠭᠠᠢᠵᠤ᠂ ᠠᠶ᠎ᠠ ᠶ᠋ᠢ ᠨᠢ ᠳᠠᠭᠤᠷᠢᠶᠠᠨ ᠪᠠᠷᠬᠢᠷᠠᠵᠤ᠂ ᠭᠠᠷ ᠢ᠋ ᠨᠢ ᠳᠠᠭᠤᠷᠢᠶᠠᠵᠤ ᠳᠠᠯᠠᠢᠪᠠᠴᠤ᠂ ᠴᠣᠬᠢᠬᠤ ᠶ᠋ᠢᠨ ᠦᠶ᠎ᠡ ᠳᠡᠭᠡᠷ᠎ᠡ ᠠᠯᠳᠠᠵᠤ᠂ ᠬᠥᠯ ᠢ᠋ ᠨᠢ ᠳᠠᠭᠤᠷᠢᠶᠠᠵᠤ ᠲᠡᠢᠷᠪᠡᠴᠦ᠂ ᠢᠰᠬᠦᠯᠬᠦ ᠶ᠋ᠢᠨ ᠦᠶ᠎ᠡ ᠳᠡᠭᠡᠷ᠎ᠡ ᠳᠡᠪᠰᠡᠵᠦ᠂ ᠬᠠᠳᠠ ᠶ᠋ᠢᠨ ᠳᠣᠷᠭᠢᠶᠠᠨ ᠰᠢᠭ᠋ ᠬᠠᠩᠭᠢᠨᠠᠭᠤᠯᠵᠤ᠂ ᠠᠭᠤᠯᠠ ᠶ᠋ᠢᠨ ᠳᠣᠷᠭᠢᠶᠠᠨ ᠰᠢᠭ᠋ ᠤᠶᠠᠩᠭᠠᠯᠠᠭᠤᠯᠵᠤ᠂ ᠰᠦᠷ ᠲᠦ᠋ᠨᠢ ᠰᠦᠷ ᠨᠡᠮᠡᠵᠦ᠂ ᠰᠡᠭᠦᠯ ᠳ᠋ᠦ᠍ᠨᠢ ᠲᠠᠰᠢᠭᠤᠷ ᠪᠣᠯᠵᠤ ᠶᠠᠪᠤᠬᠤ ᠳ᠋ᠤ᠌᠂ ᠤᠤᠯᠭᠠᠮᠴᠢ ᠪᠡᠯᠡᠩᠴᠢ ᠬᠥᠭᠰᠢᠨ᠂ ᠤᠬᠠᠭᠠᠨ ᠦᠭᠡᠢ ᠪᠥᠩᠴᠢᠬᠡᠨᠡᠵᠦ᠂ ᠤᠴᠢᠷ ᠦᠭᠡᠢ ᠰᠠᠨᠳᠤᠷᠴᠤ᠂ ᠣᠷᠣᠭᠰᠢ ᠭᠦᠶᠦᠨ ᠤᠨᠠᠵᠤ᠂ ᠬᠣᠢᠰᠢ ᠭᠦᠶᠦᠨ ᠬᠣᠷᠮᠣᠢᠳᠠᠵᠤ᠂ ᠤᠬᠢᠯᠠᠵᠤ ᠤᠨᠵᠢᠬᠤ ᠬᠣᠣᠰᠯᠠᠵᠤ᠂ ᠤᠤᠯᠭᠠᠵᠤ ᠪᠡᠯᠡᠩᠳᠡᠵᠦ ᠰᠠᠨᠳᠤᠷᠤᠨ᠂ ᠠ ᠠ ᠠᠯᠠᠭᠰᠠᠨ᠂ ᠬᠡ ᠬᠡ ᠬᠡᠯᠡᠭᠰᠡᠨ ᠭᠡᠵᠦ ᠥᠩᠬᠥᠷᠢᠬᠦ ᠳ᠋ᠦ᠍᠂ ᠠᠯᠪᠠᠳᠠᠭᠤᠯᠵᠤ ᠢᠷᠡᠭᠰᠡᠨ ᠠᠷᠠᠳ ᠤ᠋ᠳ ᠨᠢ᠂ ᠠᠯᠤᠰ ᠬᠣᠯᠠ ᠵᠠᠢᠯᠠᠵᠤ᠂ ᠠᠰᠯᠠᠵᠤ ᠬᠠᠷᠠᠵᠤ ᠴᠢᠳᠠᠬᠤ ᠦᠭᠡᠢ᠂ ᠵᠢᠰᠦ ᠴᠢᠷᠠᠢ ᠨᠢ ᠵᠡᠰ ᠰᠢᠭ ᠪᠣᠯᠵᠤ᠂ ᠥᠩᠭᠡ ᠴᠢᠷᠠᠢ ᠨᠢ ᠦᠨᠡᠰᠦ ᠰᠢᠭ ᠪᠣᠯᠵᠤ᠂ ᠬᠠᠨᠴᠤᠢ ᠳᠣᠲᠣᠷ᠎ᠠ ᠪᠠᠨ ᠭᠠᠷ ᠢ᠋ᠶ᠋ᠠᠨ ᠠᠳᠬᠤᠵᠤ᠂ ᠬᠠᠯᠠᠭᠤᠨ ᠵᠠᠭᠤᠷ᠎ᠠ ᠪᠠᠨ ᠰᠢᠪᠡᠨᠡᠯᠳᠦᠵᠦ᠂ ᠠᠮᠠᠨ ᠳᠣᠲᠣᠷ᠎ᠠ ᠪᠠᠨ ᠠᠷᠠᠭ᠎ᠠ ᠪᠠᠨ ᠬᠠᠪᠢᠷᠴᠤ᠂ ᠠᠬ᠎ᠠ ᠳᠡᠭᠦᠦ ᠰᠠᠳᠤᠨ ᠢ᠋ᠶ᠋ᠠᠷ ᠢ᠋ᠶ᠋ᠠᠨ ᠰᠢᠪᠡᠨᠡᠯᠳᠦᠵᠦ᠂ ᠠᠯᠲᠠ ᠰᠢᠳᠠᠮ ᠲᠠᠢ ᠪᠣᠯᠤᠭᠠᠰᠠᠢ᠂ ᠠᠮᠢ ᠴᠥᠯᠡᠭᠡᠳ ᠦᠵᠡᠬᠦ ᠶᠤᠮᠰᠠᠨ᠃ ᠲᠥᠭᠡ ᠰᠢᠲᠠᠮ ᠲᠠᠢ ᠪᠣᠯᠤᠭᠠᠰᠠᠢ᠂ ᠲᠣᠯᠣᠭᠠᠢ ᠪᠠᠨ ᠴᠥᠯᠡᠭᠡᠳ ᠦᠵᠡᠬᠦ ᠶᠤᠮᠰᠠᠨ ᠭᠡᠵᠦ᠂ ᠬᠡᠩᠬᠦᠳᠡᠭ ᠳᠦᠭᠦᠷᠡᠩ ᠠᠭᠤᠷ᠂ ᠬᠡᠯᠡᠬᠦ ᠶ᠋ᠢᠨ ᠭᠠᠵᠠᠷ ᠦᠭᠡᠢ᠃ ᠠᠭᠤᠰᠬᠢ ᠳᠦᠭᠦᠷᠡᠩ ᠬᠢᠯᠢᠩ᠂ ᠠᠭᠤᠳᠠᠯᠬᠤ ᠶ᠋ᠢᠨ ᠭᠠᠵᠠᠷ ᠦᠭᠡᠢ᠃ ᠬᠦᠴᠦᠲᠡᠢ ᠨᠢᠭᠡ ᠨᠢ ᠭᠠᠷᠬᠤ ᠭᠡᠪᠡᠴᠦ ᠬᠥᠭᠰᠢᠨ ᠨᠢᠭᠡ ᠨᠢ ᠬᠣᠷᠢᠭᠯᠠᠵᠤ᠂ ᠡᠷᠡᠰ ᠵᠣᠷᠢᠭᠲᠠᠢ ᠨᠢ ᠭᠠᠷᠬᠤ ᠭᠡᠪᠡᠴᠦ᠂ ᠡᠪᠦᠭᠡᠨ ᠨᠢᠭᠡ ᠨᠢ ᠤᠭᠵᠠᠷᠠᠵᠤ᠂ ᠭᠠᠪᠰᠢᠭᠠᠢ ᠨᠢᠭᠡ ᠨᠢ ᠭᠠᠷᠬᠤ ᠭᠡᠪᠡᠴᠦ᠂ ᠬᠠᠰᠢᠷ ᠨᠢᠭᠡ ᠨᠢ ᠲᠠᠲᠠᠰᠬᠢᠵᠦ᠂ ᠳᠣᠲᠣᠷ᠎ᠠ ᠪᠣᠳᠣᠭᠰᠠᠨ ᠢ᠋ᠶ᠋ᠠᠨ ᠪᠠᠷᠬᠢᠷᠠᠶᠠ ᠭᠡᠪᠡᠴᠦ ᠳᠣᠯᠢᠩᠭᠠᠷ ᠨᠢᠭᠡ ᠨᠢ ᠨᠤᠳᠤᠷᠴᠤ᠂ ᠡᠨᠡ ᠮᠡᠲᠦ ᠪᠡᠷ ᠠᠭᠠᠰᠢᠯᠠᠭᠰᠠᠨ ᠠ᠋ᠴᠠ᠂ ᠲᠡᠷᠡ ᠮᠡᠲᠦ ᠪᠡᠷ ᠠᠭᠠᠰᠢᠯᠠᠭᠤᠯᠵᠤ᠂ ᠨᠢᠭᠡ ᠨᠢ ᠨᠢᠭᠡᠨ ᠢ᠋ᠶ᠋ᠡᠨ ᠲᠠᠲᠠᠭᠰᠠᠨ ᠠ᠋ᠴᠠ ᠨᠢᠭᠡᠨ ᠢ᠋ ᠪᠡᠨ ᠴᠦ᠍ ᠠᠪᠤᠷᠠᠵᠤ ᠴᠢᠳᠠᠬᠤ ᠦᠭᠡᠢ᠂ ᠬᠣᠶᠠᠷ ᠨᠢ ᠬᠣᠶᠠᠷ ᠢ᠋ᠶ᠋ᠠᠨ ᠲᠠᠲᠠᠭᠰᠠᠨ ᠠ᠋ᠴᠠ ᠬᠣᠶᠠᠷ ᠢ᠋ ᠪᠡᠨ ᠴᠦ᠍ ᠠᠪᠤᠷᠠᠵᠤ ᠴᠢᠳᠠᠬᠤ ᠦᠭᠡᠢ᠂ ᠰᠠᠨᠠᠭ᠎ᠠ ᠵᠣᠷᠢᠭ ᠨᠢᠭᠡᠳᠬᠡᠭᠰᠡᠨ ᠦᠭᠡᠢ ᠡᠴᠡ ᠰᠠᠭᠠᠬᠠᠯᠲᠠ ᠠᠢᠯ ᠢ᠋ᠶ᠋ᠠᠨ ᠠᠪᠤᠷᠠᠵᠤ ᠴᠢᠳᠠᠬᠤ ᠦᠭᠡᠢ᠃ ᠠᠷᠰᠯᠠᠨ ᠵᠣᠷᠢᠭ ᠢ᠋ᠶ᠋ᠠᠨ ᠨᠢᠭᠡᠳᠬᠡᠭᠰᠡᠨ ᠦᠭᠡᠢ ᠡᠴᠡ ᠠᠢᠯ ᠠᠢᠮᠠᠭ ᠢ᠋ᠶ᠋ᠠᠨ ᠠᠪᠤᠷᠠᠵᠤ ᠴᠢᠳᠠᠬᠤ ᠦᠭᠡᠢ᠂ ᠠᠰ ᠠᠰᠲᠠᠭᠠᠨ ᠠᠷᠪᠠᠩ ᠳᠠᠷᠪᠠᠩ ᠪᠠᠢᠵᠤ ᠪᠠᠢᠲᠠᠯ᠎ᠠ᠂ ᠣᠯᠠᠨ ᠤ᠋ ᠣᠯᠠᠨ ᠳᠣᠲᠣᠷ᠎ᠠ ᠠ᠋ᠴᠠ ᠣᠨᠴᠠ ᠪᠠᠭᠠᠲᠤᠷᠯᠢᠭ ᠬᠡᠳᠦ ᠨᠢ ᠳᠠᠷᠤᠪᠠᠴᠤ ᠳᠡᠷᠳᠡᠢᠵᠦ᠂ ᠪᠤᠯᠠᠪᠠᠴᠤ ᠪᠤᠯᠲᠠᠢᠵᠤ᠂ ᠤᠶᠠᠭᠰᠠᠨ ᠴᠤ᠌ ᠲᠠᠰᠤᠳᠠᠵᠤ᠂ ᠤᠭᠵᠠᠷᠠᠭᠰᠠᠨ ᠴᠤ᠌ ᠤᠷᠤᠭᠰᠢᠯᠠᠵᠤ᠂ ᠬᠦᠯᠢᠭᠰᠡᠨ ᠴᠦ᠍ ᠬᠥᠭᠵᠢᠵᠦ᠂ ᠲᠠᠲᠠᠭᠰᠠᠨ ᠴᠤ᠌ ᠳᠠᠪᠰᠢᠵᠤ᠂ ᠣᠮᠣᠭ ᠲᠠᠢ ᠬᠡᠳᠦ ᠨᠢ ᠣᠭᠢᠯ ᠦᠰᠦᠷᠦᠨ ᠭᠠᠷᠤᠭᠠᠳ ᠣᠷᠢᠯᠠᠯᠳᠤᠨ ᠪᠠᠷᠬᠢᠷᠠᠵᠠᠢ᠃
ᠨᠢᠭᠦᠯᠲᠦ ᠶᠠᠩᠳᠠᠩ ᠢ᠋ ᠨᠢᠰᠪᠡᠴᠦ ᠠᠯᠠᠨ᠎ᠠ᠃ ᠶᠠᠯᠠᠲᠤ ᠶᠠᠩᠳᠠᠩ ᠢ᠋ ᠶᠠᠭᠠᠬᠢᠪᠠᠴᠤ ᠠᠯᠠᠨ᠎ᠠ ᠭᠡᠳ ᠬᠡᠳᠦ ᠬᠡᠳᠦ ᠪᠠᠷᠬᠢᠷᠠᠭᠠᠳ ᠠᠪᠤᠭᠰᠠᠨ ᠴᠢᠨᠢ᠂ ᠦᠵᠦᠭᠦᠷᠯᠡᠵᠦ ᠪᠠᠢᠭᠰᠠᠨ ᠶᠠᠩᠳᠠᠩ ᠬᠠᠭᠠᠨ᠂ ᠦᠢᠮᠡᠭᠦᠯᠵᠦ ᠪᠠᠢᠭᠰᠠᠨ ᠨᠣᠶᠠᠳ ᠲᠦᠰᠢᠮᠡᠳ᠂ ᠰᠦᠷ ᠲᠦ᠋ᠨᠢ ᠪᠠᠢᠭᠰᠠᠨ ᠬᠤᠶᠠᠭ ᠴᠡᠷᠢᠭ᠂ ᠰᠦᠯᠵᠢᠵᠦ ᠪᠠᠢᠭᠰᠠᠨ ᠪᠣᠢᠳᠠ ᠲᠠᠬᠠᠷ᠂ ᠣᠯᠠᠨ ᠪᠣᠭᠣᠯ ᠨᠢ ᠠᠭᠰᠤᠷᠬᠤ ᠳ᠋ᠤ᠌᠂ ᠣᠷᠣᠢ ᠶ᠋ᠢᠨ ᠦᠰᠦ ᠨᠢ ᠣᠪᠣᠢᠵᠤ᠂ ᠤᠲᠤᠭ᠎ᠠ ᠵᠢᠩᠰᠡ ᠨᠢ ᠴᠡᠴᠡᠷᠬᠢᠨᠡᠵᠦ᠂ ᠠᠯᠪᠠᠲᠤ ᠪᠣᠭᠣᠯ ᠨᠢ ᠡᠠᠭᠰᠦᠷᠬᠤ ᠳ᠋ᠤ᠌᠂ ᠠᠮᠢᠨ ᠭᠣᠣᠯ ᠨᠢ ᠲᠠᠲᠠᠯᠳᠤᠵᠤ᠂ ᠠᠯᠲᠠᠨ ᠲᠠᠮᠠᠭ᠎ᠠ ᠨᠢ ᠳᠣᠭᠳᠣᠯᠪᠠᠴᠤ᠂ ᠬᠡᠷᠡᠭ ᠦ᠋ᠨ ᠡᠵᠡᠨ ᠶᠠᠩᠳᠠᠩ᠂ ᠬᠡᠭᠡᠯ ᠲᠡᠢ ᠦᠨᠢᠶ᠎ᠡ ᠰᠢᠭ ᠴᠦᠯᠬᠦᠢᠵᠦ᠂ ᠬᠡᠷᠦᠭᠰᠡᠨ ᠪᠤᠬ᠎ᠠ ᠰᠢᠭ᠋ ᠬᠡᠭᠵᠡᠢᠵᠦ᠂ ᠬᠡᠳᠡᠷᠯᠡᠭᠰᠡᠨ ᠨᠣᠬᠠᠢ ᠰᠢᠭ᠋ ᠢᠷᠵᠠᠢᠵᠤ᠂ ᠦᠭᠡ ᠦᠭᠡᠢ ᠦᠷᠴᠢᠢᠵᠦ᠂ ᠦᠵᠦᠭᠦᠷ ᠲᠡᠢ ᠰᠠᠬᠠᠯ ᠢ᠋ᠶ᠋ᠠᠨ ᠱᠥᠷᠪᠥᠢᠯᠭᠡᠵᠦ᠂ ᠳᠠᠭᠤᠨ ᠦᠭᠡᠢ ᠲᠣᠭᠳᠣᠢᠵᠤ ᠲᠣᠭᠣᠷᠢᠭ ᠨᠢᠳᠦ ᠪᠡᠨ ᠭᠤᠷᠪᠠᠯᠵᠢᠯᠠᠵᠤ ᠵᠣᠭ ᠲᠣᠰᠣᠨ ᠵᠣᠭᠰᠣᠬᠤ ᠳ᠋ᠤ᠌᠂ ᠠᠯᠤᠰ ᠠ᠋ᠴᠠ ᠬᠠᠷᠠᠵᠤ ᠪᠠᠢᠭ᠎ᠠ ᠠᠯᠪᠠᠲᠤ ᠪᠣᠭᠣᠯ ᠤ᠋ᠳ᠂ ᠠᠭᠰᠤᠷᠤᠭᠰᠠᠨ ᠢ᠋ᠶ᠋ᠠᠨ ᠠᠨᠠᠢ ᠳ᠋ᠤ᠌ ᠪᠣᠳᠣᠭᠰᠠᠨ᠂ ᠠᠭᠤᠷ ᠬᠢᠯᠢᠩ ᠨᠢ ᠨᠠᠮᠵᠢᠭ᠎ᠠ ᠦᠭᠡᠢ᠂ ᠠᠷᠰᠯᠠᠨ ᠵᠣᠷᠢᠭ ᠲᠠᠢ ᠡᠷᠡᠴᠦᠳ᠂ ᠪᠠᠷᠬᠢᠷᠠᠭᠰᠠᠨ ᠢ᠋ᠶ᠋ᠠᠨ ᠪᠠᠭ᠎ᠠ ᠳ᠋ᠤ᠌ ᠪᠣᠳᠣᠭᠰᠠᠨ᠂ ᠪᠠᠬ᠎ᠠ ᠨᠢ ᠬᠠᠨᠤᠭ᠎ᠠ ᠦᠭᠡᠢ᠂ ᠪᠠᠭᠠᠲᠤᠷ ᠵᠣᠷᠢᠭ ᠲᠠᠢ ᠡᠷᠡᠴᠦᠳ ᠪᠠᠰᠠ ᠳᠠᠬᠢᠨ ᠬᠡᠳᠦ ᠪᠠᠷᠬᠢᠷᠠᠵᠤ᠂ ᠨᠢᠳᠦ ᠪᠡᠨ ᠪᠦᠯᠲᠡᠢᠨ ᠪᠠᠷᠬᠢᠷᠠᠵᠠᠢ᠃ ᠨᠢᠷᠤᠭᠤ ᠪᠠᠨ ᠡᠭᠦᠷᠦᠭᠡᠳ ᠪᠠᠷᠬᠢᠷᠠᠵᠠᠢ᠃ ᠨᠢᠳᠤᠷᠭ᠎ᠠ ᠪᠠᠨ ᠵᠠᠩᠭᠢᠳᠤᠭᠠᠳ ᠪᠠᠷᠬᠢᠷᠠᠵᠠᠢ᠃ ᠢᠩᠭᠢᠭᠰᠡᠨ ᠴᠢᠨᠢ ᠪᠠᠭᠠᠲᠤᠷ ᠨᠢᠭᠡ ᠨᠢ ᠪᠠᠢᠷᠢᠰᠢᠵᠤ᠂ ᠪᠠᠭᠤᠷᠠᠢ ᠨᠢᠭᠡ ᠨᠢ ᠵᠢᠷᠦᠬᠡ ᠣᠷᠣᠵᠤ᠂ ᠬᠡᠷᠰᠡᠦᠯᠡᠵᠦ ᠪᠠᠢᠭᠰᠠᠨ ᠨᠢ ᠭᠡᠮᠰᠢᠵᠦ᠂ ᠬᠠᠰᠢᠷ ᠪᠠᠢᠭᠰᠠᠨ ᠨᠢ ᠭᠠᠰᠠᠯᠵᠤ᠂ ᠦᠷ᠎ᠡ ᠠᠴᠢ ᠨᠠᠷ ᠤ᠋ᠨ ᠢ᠋ᠶ᠋ᠠᠨ ᠬᠡᠯᠡᠭᠰᠡᠨ ᠦᠨᠡᠨ ᠶᠣᠰᠣ ᠶ᠋ᠢ ᠳᠠᠭᠠᠨ᠎ᠠ ᠭᠡᠳ ᠦᠯᠡᠳᠡᠭᠰᠡᠨ ᠬᠥᠮᠦᠨ ᠭᠡᠵᠦ ᠨᠢᠭᠡ ᠴᠦ᠍ ᠦᠭᠡᠢ᠂ ᠦᠢ ᠣᠯᠠᠨ ᠢ᠋ᠶ᠋ᠠᠷ ᠢ᠋ᠶ᠋ᠠᠨ ᠪᠠᠷᠬᠢᠷᠠᠵᠠᠢ᠃ ᠠᠷᠤ ᠳ᠋ᠤᠨᠢ ᠬᠣᠴᠣᠷᠤᠭᠰᠠᠨ ᠨᠢᠭᠡ ᠴᠦ᠍ ᠦᠭᠡᠢ᠂ ᠠᠮᠠ ᠠᠮᠠ ᠠᠮᠠᠨ ᠳ᠋ᠠᠭᠠᠨ ᠪᠠᠷᠬᠢᠷᠠᠵᠤ ᠠᠬᠠᠮᠠᠳ ᠬᠥᠭᠰᠢᠳ ᠦ᠋ᠨ ᠬᠡᠯᠡᠭᠰᠡᠨ ᠨᠢ᠄ 《ᠡᠷᠭᠢᠭᠡᠳ ᠢᠩᠭᠢ᠂ ᠴᠢᠭᠢᠶᠡᠲᠦᠷᠦᠦ᠂ ᠡᠯᠢᠭᠡᠨ ᠳᠡᠭᠡᠷ᠎ᠡ ᠴᠢᠨᠢ ᠴᠢᠴᠢᠶᠡ ᠭᠠᠢᠭᠤᠢ᠂ ᠳᠠᠬᠢᠭᠠᠳ ᠢᠩᠭᠢ᠂ ᠴᠢᠭᠢᠶᠡᠲᠦᠷᠦᠦ ᠳᠠᠭᠵᠢᠨ ᠳᠡᠭᠡᠷ᠎ᠡ ᠴᠢᠨᠢ ᠴᠣᠬᠢᠶ᠎ᠠ ᠭᠠᠢᠭᠤᠢ᠂ ᠭᠠᠪᠠᠯᠠ ᠴᠢᠨᠢ ᠳᠠᠩᠴᠢ ᠬᠣᠯᠠ ᠪᠠᠢᠨ᠎ᠠ᠃ ᠭᠠᠷ ᠮᠢᠨᠢ ᠳᠠᠩᠴᠢ ᠬᠣᠭᠣᠰᠣᠨ ᠪᠠᠢᠨ᠎ᠠ᠃ ᠡᠭᠦᠨ ᠡᠴᠡ ᠬᠣᠢᠰᠢ ᠪᠠᠨ᠂ ᠲᠡᠭᠦᠨ ᠡᠴᠡ ᠴᠢᠨᠠᠭᠰᠢ ᠪᠠᠨ᠂ ᠶᠣᠳᠠᠷ ᠣᠯᠳᠠᠪᠠᠴᠤ ᠪᠢᠯᠠᠭᠤ ᠲᠠᠢ ᠪᠣᠯᠭᠠᠵᠤ ᠪᠠᠷᠢᠵᠤ ᠪᠠᠢᠶ᠎ᠠ᠃ ᠶᠣᠵᠤᠤᠷ ᠣᠯᠳᠠᠪᠠᠴᠤ ᠦᠵᠦᠭᠦᠷ ᠲᠡᠢ ᠪᠣᠯᠭᠠᠵᠤ ᠲᠦᠷᠡᠢᠯᠡᠵᠦ ᠪᠠᠢᠶ᠎ᠠ᠃ ᠰᠢᠳᠡᠮᠡᠰᠦ ᠣᠯᠳᠠᠪᠠᠴᠤ ᠡᠭᠡᠯᠳᠦᠷᠭᠡ ᠬᠢᠭᠡᠳ ᠡᠪᠦᠷᠲᠦᠯᠡᠵᠦ ᠪᠠᠢᠶ᠎ᠠ᠃ ᠰᠢᠷᠪᠥᠰᠥ ᠣᠯᠳᠠᠪᠠᠴᠤ ᠰᠡᠭᠡᠯᠳᠦᠷᠭᠡ ᠬᠢᠭᠡᠳ ᠵᠡᠭᠦᠵᠦ ᠪᠠᠢᠶ᠎ᠠ᠃ ᠠᠷᠤᠭ ᠢ᠋ᠶ᠋ᠠᠨ ᠪᠣᠯᠪᠠᠴᠤ ᠪᠦᠬᠡᠯᠡᠬᠦᠨ ᠬᠢᠶ᠎ᠡ᠃ ᠰᠠᠪᠠᠷ ᠢ᠋ᠶ᠋ᠠᠨ ᠪᠣᠯᠪᠠᠴᠤ ᠪᠡᠬᠢᠯᠡᠬᠦᠨ ᠬᠢᠶ᠎ᠡ ᠬᠡᠵᠢᠶ᠎ᠡ ᠪᠣᠯᠪᠠᠴᠤ ᠴᠢ》 ᠭᠡᠵᠦ᠂ ᠤᠷᠤᠭᠤᠯ ᠢ᠋ᠶ᠋ᠠᠷ ᠢ᠋ᠶ᠋ᠠᠨ ᠵᠠᠨᠤᠵᠤ᠂ ᠬᠤᠷᠤᠭᠤ ᠪᠠᠷ ᠢ᠋ᠶ᠋ᠠᠨ ᠵᠢᠭᠠᠵᠤ᠂ ᠨᠢᠭᠤᠷᠤᠨ ᠳ᠋ᠤᠨᠢ ᠨᠢᠯᠪᠤᠵᠤ᠂ ᠨᠢᠳᠦᠨ ᠳ᠋ᠦ᠍ᠨᠢ ᠴᠢᠴᠢᠵᠦ ᠵᠦᠭ ᠵᠦᠭ ᠲᠡᠭᠡᠨ ᠶᠠᠪᠤᠬᠤ ᠳ᠋ᠤ᠌᠄ ᠶᠠᠭᠠᠷᠠᠤ ᠪᠠᠭᠠᠲᠤᠷ ᠨᠢ ᠶᠠᠭᠠᠷᠠᠵᠤ᠂ ᠶᠠᠪᠤᠵᠠᠭᠠᠵᠤ ᠪᠣᠯᠬᠤ ᠦᠭᠡᠢ ᠭᠡᠵᠦ ᠠᠭᠰᠤᠷᠴᠤ᠂ ᠬᠡᠢ ᠲᠡᠢ ᠡᠷ᠎ᠡ ᠨᠢ ᠬᠥᠳᠡᠯᠵᠦ᠂ ᠬᠠᠷᠢᠵᠤ ᠪᠣᠯᠬᠤ ᠦᠭᠡᠢ ᠭᠡᠵᠦ ᠵᠠᠩᠭᠠᠵᠤ᠄《ᠬᠠᠵᠠᠢᠭᠰᠠᠨ ᠳᠡᠭᠡᠷ᠎ᠡ ᠨᠢ ᠨᠤᠳᠤᠷᠤᠶᠠ᠃ ᠠᠶᠤᠭᠰᠠᠨ ᠳᠡᠭᠡᠷ᠎ᠡ ᠨᠢ ᠠᠯᠠᠶ᠎ᠠ᠃ ᠰᠤᠮᠤᠨ ᠳᠤᠮᠳᠠᠭᠤᠷ ᠨᠢ ᠰᠢᠷᠭᠤᠯᠠᠵᠤ ᠣᠷᠣᠶ᠎ᠠ᠃ ᠢᠯᠳᠦᠨ ᠳᠤᠮᠳᠠᠭᠤᠷ ᠨᠢ ᠢᠪᠡᠵᠦ ᠣᠷᠣᠶ᠎ᠠ᠃ ᠰᠡᠯᠡᠮᠡᠨ ᠳᠤᠮᠳᠠᠭᠤᠷ ᠨᠢ ᠰᠡᠨᠳᠡᠴᠢᠨ ᠣᠷᠣᠵᠤ᠂ ᠪᠦᠭᠭᠦᠭᠰᠡᠨ ᠴᠡᠷᠢᠭ ᠢ᠋ ᠨᠢ ᠪᠦᠷᠬᠦᠨ ᠣᠷᠣᠵᠤ᠂ ᠨᠢᠭᠡ ᠶ᠋ᠢ ᠪᠡᠨ ᠦᠵᠡᠵᠦ ᠨᠡᠬᠡᠢ ᠳᠡᠪᠡᠯ ᠢ᠋ᠶ᠋ᠡᠨ ᠲᠠᠢᠯᠤᠶᠠ᠃ ᠴᠢᠳᠠᠪᠠᠯ ᠠᠯᠠᠵᠤ᠂ ᠶᠠᠳᠠᠪᠠᠯ ᠰᠢᠯᠪᠤᠯᠤᠶᠠ》 ᠭᠡᠵᠡᠢ᠃
ᠬᠠᠰᠢᠷ ᠡᠷ᠎ᠡ ᠨᠢ ᠭᠠᠷ ᠰᠠᠵᠢᠵᠤ ᠭᠠᠷᠴᠤ ᠢᠷᠡᠵᠦ ᠬᠡᠯᠡᠬᠦ ᠨᠢ᠄《ᠳᠡᠪᠡᠯ ᠳ᠋ᠡᠭᠡᠨ ᠵᠠᠬ᠎ᠠ ᠲᠠᠢ ᠪᠣᠯᠵᠤ ᠪᠠᠢᠵᠤ᠂ ᠳᠡᠷᠭᠡᠳᠡ ᠪᠡᠨ ᠨᠥᠬᠥᠷ ᠲᠡᠢ ᠪᠣᠯᠵᠤ ᠪᠠᠢᠵᠤ᠂ ᠣᠯᠠᠨ ᠳ᠋ᠠᠭᠠᠨ ᠲᠦᠷᠦᠭᠦᠦ ᠲᠡᠢ ᠪᠣᠯᠵᠤ ᠪᠠᠢᠵᠤ᠂ ᠣᠷᠴᠢᠮ ᠳ᠋ᠠᠭᠠᠨ ᠲᠤᠰᠠᠯᠠᠮᠵᠢ ᠲᠠᠢ ᠪᠣᠯᠵᠤ ᠪᠠᠢᠵᠤ᠂ ᠪᠠᠷᠠᠭᠤᠨ ᠭᠠᠷ ᠲᠠᠭᠠᠨ ᠪᠠᠮᠪᠠᠢ ᠲᠠᠢ ᠪᠣᠯᠵᠤ ᠪᠠᠢᠵᠤ᠂ ᠵᠡᠭᠦᠨ ᠭᠠᠷ ᠲᠠᠭᠠᠨ ᠵᠡᠪᠰᠡᠭ ᠲᠡᠢ ᠪᠣᠯᠵᠤ ᠪᠠᠢᠵᠤ᠂ ᠲᠣᠯᠣᠭᠠᠢ ᠳ᠋ᠠᠭᠠᠨ ᠳᠤᠭᠤᠯᠠᠭ᠎ᠠ ᠲᠠᠢ ᠪᠣᠯᠵᠤ ᠪᠠᠢᠵᠤ᠂ ᠪᠡᠶ᠎ᠡ ᠳ᠋ᠡᠭᠡᠨ ᠬᠤᠶᠠᠭ ᠲᠠᠢ ᠪᠣᠯᠵᠤ ᠪᠠᠢᠵᠤ᠂ ᠦᠰᠲᠡᠨ ᠳᠠᠢᠰᠤᠨ ᠠ᠋ᠴᠠ ᠨᠢᠭᠡ ᠶ᠋ᠢ ᠴᠣ ᠦᠯᠡᠳᠡᠭᠡᠬᠦ ᠦᠭᠡᠢ᠂ ᠥᠰᠯᠢᠭ ᠬᠥᠮᠦᠨ ᠡᠴᠡ ᠨᠢᠭᠡ ᠶ᠋ᠢ ᠴᠣ ᠦᠬᠦᠭᠦᠯᠬᠦ ᠦᠭᠡᠢ》 ᠭᠡᠵᠡᠢ᠃
ᠡᠷᠡᠰ ᠨᠢᠭᠡ ᠨᠢ ᠭᠠᠷᠴᠤ᠂ ᠡᠭᠦᠨ ᠦ᠌ ᠬᠡᠯᠡᠬᠦ ᠶ᠋ᠢ ᠵᠥᠪᠰᠢᠶᠡᠷᠡᠬᠦ ᠦᠭᠡᠢ᠂ ᠣᠮᠣᠭᠲᠤ ᠨᠢᠭᠡ ᠨᠢ ᠭᠠᠷᠴᠤ᠂ ᠣᠯᠠᠨ ᠤ᠋ ᠬᠡᠯᠡᠬᠦ ᠶ᠋ᠢ ᠳᠠᠭᠠᠯᠠᠬᠤ ᠦᠭᠡᠢ᠃ ᠣᠷᠢᠯᠠᠨ ᠪᠠᠷᠬᠢᠷᠠᠨ ᠬᠡᠯᠡᠬᠦ ᠨᠢ᠄《ᠠᠯᠠᠭᠠᠳᠠᠵᠤ ᠭᠡᠮ᠂ ᠡᠪᠡᠳᠬᠦ ᠦᠭᠡᠢ ᠶᠠᠭᠠᠬᠢᠬᠤ ᠶᠤᠮ᠃ ᠠᠯᠠᠯᠳᠤᠵᠤ ᠭᠡᠮ᠂ ᠦᠬᠦᠬᠦ ᠦᠭᠡᠢ ᠶᠠᠭᠠᠬᠢᠬᠤ ᠶᠤᠮ᠃ ᠪᠠᠢᠯᠳᠤᠬᠤ ᠠ᠋ᠴᠠ ᠠᠶᠤᠪᠠᠯ ᠪᠠᠭᠠᠲᠤᠷ ᠪᠣᠯᠬᠤ ᠦᠭᠡᠢ᠃ ᠪᠠᠭᠠᠲᠤᠷᠯᠠᠬᠤ ᠠ᠋ᠴᠠ ᠠᠶᠤᠪᠠᠯ ᠳᠠᠢᠰᠤᠨ ᠢ᠋ᠶ᠋ᠠᠨ ᠳᠠᠷᠤᠬᠤ ᠦᠭᠡᠢ᠃ ᠠᠯᠠᠪᠠᠯ ᠠᠳᠬᠤᠭᠰᠠᠨ ᠨᠢᠳᠤᠷᠭ᠎ᠠ ᠡᠨᠡ ᠪᠡᠯᠡᠬᠡᠨ ᠪᠠᠢᠨ᠎ᠠ》ᠭᠡᠵᠦ ᠨᠢᠳᠤᠷᠭ᠎ᠠ ᠪᠠᠨ ᠦᠵᠡᠭᠦᠯᠵᠦ᠄《 ᠴᠣᠬᠢᠪᠠᠯ ᠴᠣᠬᠢᠭᠤᠯᠤᠭᠰᠠᠨ ᠶᠠᠩᠳᠠᠩ ᠲᠡᠷᠡ ᠪᠡᠯᠡᠬᠡᠨ ᠪᠠᠢᠨ᠎ᠠ》 ᠭᠡᠵᠦ ᠬᠤᠷᠤᠭᠤ ᠪᠠᠷ ᠢ᠋ᠶ᠋ᠠᠨ ᠵᠢᠭᠠᠬᠤ ᠳ᠋ᠤ᠌᠂ ᠦᠵᠦᠭᠦᠷᠯᠡᠵᠦ ᠪᠠᠢᠭᠰᠠᠨ ᠨᠢ ᠴᠦ᠍ ᠠᠳᠠᠯᠢ᠂ ᠦᠢᠮᠡᠭᠦᠯᠵᠦ ᠪᠠᠢᠭᠰᠠᠨ ᠨᠢ ᠴᠦ᠍ ᠠᠳᠠᠯᠢ᠂ ᠰᠦᠯᠵᠢᠵᠦ ᠪᠠᠢᠭᠰᠠᠨ ᠨᠢ ᠴᠦ᠍ ᠠᠳᠠᠯᠢ᠂ ᠰᠦᠷ ᠲᠤᠨᠢ ᠪᠠᠢᠭᠰᠠᠨ ᠨᠢ ᠴᠦ᠍ ᠬᠡᠯᠡᠯᠭᠡ ᠦᠭᠡᠢ᠂ ᠬᠠᠷᠠᠭᠰᠠᠨ ᠨᠢᠳᠦ ᠪᠡᠨ ᠴᠠᠪᠴᠢᠬᠤ ᠦᠭᠡᠢ᠂ ᠬᠠᠵᠠᠭᠤ ᠪᠠᠷ ᠢ᠋ᠶ᠋ᠠᠨ ᠶᠠᠪᠤᠮᠠᠭᠴᠠ᠂ ᠦᠵᠡᠭᠰᠡᠨ ᠨᠢᠳᠦ ᠪᠡᠨ ᠴᠠᠪᠴᠢᠬᠤ ᠦᠭᠡᠢ᠂ ᠥᠯᠮᠡᠢ ᠪᠡᠷ ᠢ᠋ᠶ᠋ᠡᠨ ᠭᠢᠰᠬᠢᠮᠡᠭᠴᠡ᠂ ᠵᠠᠮ ᠠ᠋ᠴᠠ ᠨᠢ ᠵᠠᠮᠠᠷᠠᠵᠤ᠂ ᠭᠣᠣᠯ ᠠ᠋ᠴᠠ ᠪᠠᠨ ᠭᠤᠢᠪᠢᠯᠵᠠᠵᠤ᠂ ᠡᠬᠢ ᠨᠢ ᠡᠷᠭᠢᠮᠡᠭᠴᠡ᠂ ᠡᠮᠬᠢ ᠵᠠᠮᠪᠠᠷᠠᠭ᠎ᠠ ᠦᠭᠡᠢ ᠰᠠᠮᠠᠭᠤᠷᠠᠵᠤ᠂ ᠲᠣᠯᠣᠭᠠᠢ ᠨᠢ ᠡᠷᠭᠢᠮᠡᠭᠴᠡ᠂ ᠲᠣᠭᠣᠰᠣ ᠬᠣᠭ ᠪᠤᠵᠢᠭᠢᠨᠠᠵᠤ᠂ ᠡᠷ᠎ᠡ ᠲᠡᠢ ᠨᠢᠭᠡ ᠨᠢ ᠡᠷ᠎ᠡ ᠦᠭᠡᠢ ᠨᠢᠭᠡ ᠪᠡᠨ ᠲᠦᠯᠬᠢᠵᠦ᠂ ᠡᠭᠴᠡ ᠤᠷᠤᠭᠰᠢ ᠪᠠᠨ ᠤᠨᠠᠭᠠᠵᠤ᠂ ᠠᠶᠠᠲᠠᠢ ᠭᠡᠳᠡᠭ ᠨᠢᠭᠡ ᠨᠢ᠂ ᠠᠯᠢ ᠮᠠᠭᠤ ᠭᠡᠰᠡᠨ ᠢ᠋ᠶ᠋ᠡᠨ ᠲᠦᠯᠬᠢᠵᠦ᠂ ᠠᠰ ᠭᠡᠳᠡᠷᠭᠦ ᠪᠡᠨ ᠤᠨᠠᠭᠠᠵᠤ᠂ ᠳᠡᠷᠡᠰᠦᠨ ᠳ᠋ᠦ᠍ ᠲᠡᠭᠡᠭᠯᠡᠭᠰᠡᠭᠡᠷ᠂ ᠳᠡᠪᠡᠩ ᠳ᠋ᠦ᠍ ᠪᠦᠳᠦᠷᠢᠭᠰᠡᠭᠡᠷ᠂ ᠪᠤᠷᠭᠠᠰᠤᠨ ᠳ᠋ᠤ᠌ ᠲᠡᠭᠡᠭᠯᠡᠭᠰᠡᠭᠡᠷ᠂ ᠪᠤᠲᠠᠨ ᠳ᠋ᠤ᠌ ᠪᠦᠳᠦᠷᠢᠭᠰᠡᠭᠡᠷ᠂ ᠳᠡᠮᠡᠢ ᠪᠠᠯᠠᠢ ᠪᠠᠷᠬᠢᠷᠠᠭᠰᠠᠭᠠᠷ᠂ ᠶᠠᠩᠳᠠᠩ ᠬᠠᠭᠠᠨ ᠤ᠋ ᠶᠠᠮᠤᠨ ᠳ᠋ᠤ᠌᠂ ᠶᠠᠭ ᠳᠡᠪᠵᠢᠶᠡᠨ ᠪᠣᠯᠤᠨ ᠣᠷᠣᠵᠠᠢ᠃
ᠠᠷᠤ ᠳ᠋ᠤᠨᠢ ᠬᠣᠴᠣᠷᠤᠭᠰᠠᠨ ᠠᠯᠪᠠᠲᠤ ᠨᠤᠭᠤᠳ᠂ ᠠᠩᠬ᠎ᠠ ᠣᠷᠣᠨ ᠠ᠋ᠴᠠ ᠪᠠᠨ ᠰᠢᠯᠵᠢᠬᠦ ᠦᠭᠡᠢ᠂ ᠵᠢᠭᠠᠭᠰᠠᠨ ᠴᠢᠭ ᠲᠡᠭᠡᠨ ᠵᠢᠭᠠᠵᠤ᠂ ᠵᠠᠩᠭᠠᠭᠰᠠᠨ ᠴᠢᠭ ᠲᠡᠭᠡᠨ ᠵᠠᠩᠭᠠᠵᠤ᠂ ᠶᠠᠩᠳᠠᠩ ᠬᠠᠭᠠᠨ ᠢ᠋ ᠲᠦᠷ ᠨᠡᠬᠡᠬᠦ ᠦᠭᠡᠢ᠃ ᠶᠠᠪᠤᠭᠤᠳᠠᠢ ᠶ᠋ᠢᠨ ᠭᠡᠷ ᠢ᠋ ᠠᠪᠤᠷᠠᠶ᠎ᠠ ᠭᠡᠳ ᠡᠵᠢ ᠶ᠋ᠢ ᠨᠢ ᠡᠷᠭᠦᠵᠦ᠂ ᠡᠨᠳᠡᠬᠢ ᠶ᠋ᠢ ᠲᠡᠨᠳᠡᠬᠢ ᠶ᠋ᠢ ᠨᠢ ᠲᠢᠭᠯᠡᠵᠦ ᠪᠠᠢᠲᠠᠯ᠎ᠠ᠂ ᠪᠠᠷᠠᠭᠤᠨ ᠬᠣᠢᠲᠤ ᠵᠦᠭ ᠡᠴᠡ᠂ ᠪᠠᠷᠰ ᠠᠷᠰᠯᠠᠨ ᠬᠦᠯᠦᠭ ᠲᠡᠢ ᠪᠠᠨᠲᠠᠭᠠᠷ ᠤᠯᠠᠭᠠᠨ ᠬᠠᠴᠠᠷ ᠲᠠᠢ᠂ ᠬᠠᠨᠠᠭᠠᠷ ᠥᠷᠭᠡᠨ ᠴᠡᠭᠡᠵᠢ ᠲᠡᠢ᠂ ᠲᠡᠨᠢᠭᠡᠷ ᠥᠷᠭᠡᠨ ᠮᠠᠩᠨᠠᠢ ᠲᠠᠢ᠂ ᠡᠢᠮᠦ ᠨᠢᠭᠡᠨ ᠰᠢᠨᠵᠢ ᠲᠡᠢ ᠲᠡᠢᠮᠦ ᠨᠢᠭᠡ ᠬᠥᠮᠦᠨ ᠠᠢᠰᠤᠢ ᠶ᠋ᠢ ᠪᠠᠷ᠎ᠠ ᠶ᠋ᠢ ᠨᠢ ᠭᠠᠢᠬᠠᠵᠤ᠂ ᠪᠠᠭᠠᠲᠤᠷ ᠢ᠋ ᠨᠢ ᠦᠵᠡᠨ ᠪᠠᠬᠠᠳᠤᠵᠤ ᠪᠠᠢᠲᠠᠯ᠎ᠠ᠂ ᠶᠠᠭ ᠣᠢᠷᠠᠬᠠᠨ ᠢᠷᠡᠭᠰᠡᠨ ᠴᠢᠨᠢ ᠶᠠᠪᠤᠭᠤᠳᠠᠢ ᠬᠦᠦ ᠨᠤᠮᠤ ᠰᠤᠮᠤ ᠪᠠᠨ ᠡᠭᠦᠷᠴᠦ᠂ ᠪᠠᠷᠰ ᠤ᠋ᠨ ᠨᠢᠷᠤᠭᠤᠨ ᠳ᠋ᠤ᠌ ᠰᠠᠭᠤᠵᠤ᠂ ᠪᠠᠭᠠᠲᠤᠷᠯᠢᠭ ᠢ᠋ᠶ᠋ᠠᠷ ᠠᠢᠰᠤᠢ ᠶ᠋ᠢ ᠡᠵᠢ ᠨᠢ ᠦᠵᠡᠵᠦ᠂ ᠢᠯᠡᠢ ᠬᠠᠯᠠᠭ ᠭᠡᠵᠦ ᠪᠡᠯᠡᠩᠳᠡᠵᠦ᠄《ᠬᠥᠮᠦᠨ ᠢ᠋ ᠢᠳᠡᠳᠡᠭ ᠪᠠᠷᠰ ᠢ᠋ ᠬᠦᠦ ᠮᠢᠨᠢ ᠶᠠᠭᠠᠬᠢᠭᠠᠳ ᠣᠨᠣᠪᠠ? ᠠᠮᠢᠲᠠᠨ ᠢ᠋ ᠢᠳᠡᠳᠡᠭ ᠪᠠᠷᠰ ᠢ᠋ ᠠᠩᠭ᠎ᠠ ᠮᠢᠨᠢ ᠶᠠᠭᠠᠬᠢᠭᠠᠳ ᠣᠨᠣᠪᠠ? ᠬᠤᠷᠳᠤᠬᠠᠨ ᠪᠠᠭᠤ᠂ ᠱᠠᠯᠠᠪᠬᠠᠨ ᠰᠠᠯ》 ᠭᠡᠵᠦ ᠪᠠᠷᠬᠢᠷᠠᠵᠠᠢ᠃
ᠶᠠᠪᠤᠭᠤᠳᠠᠢ ᠬᠦᠦ ᠶᠠᠰᠤᠨ ᠨᠤᠮᠤ ᠰᠤᠮᠤ ᠪᠠᠨ ᠡᠭᠦᠷᠦᠭᠰᠡᠭᠡᠷ᠂ ᠪᠠᠷᠰ ᠢ᠋ᠶ᠋ᠠᠨ ᠤᠨᠤᠵᠤ ᠳᠠᠪᠬᠢᠭᠰᠠᠭᠠᠷ ᠪᠠᠭᠠᠬᠠᠨ ᠴᠤ᠌ ᠠᠶᠤᠬᠤ ᠦᠭᠡᠢ ᠪᠠᠢᠳᠠᠯ ᠢ᠋ᠶ᠋ᠠᠷ ᠪᠠᠷᠬᠢᠷᠠᠨ ᠬᠡᠯᠡᠭᠰᠡᠨ ᠨᠢ᠄《ᠬᠥᠮᠦᠨ ᠢ᠋ ᠢᠳᠡᠳᠡᠭ ᠠᠮᠢᠲᠠᠨ ᠢ᠋ ᠬᠦᠦ ᠴᠢᠨᠢ ᠳᠠᠷᠤᠵᠤ ᠴᠢᠳᠠᠨ᠎ᠠ᠃ ᠠᠮᠢᠲᠠᠨ ᠢ᠋ ᠢᠳᠡᠳᠡᠭ ᠠᠮᠢᠲᠠᠨ ᠢ᠋ ᠠᠩᠭ᠎ᠠ ᠴᠢᠨᠢ ᠳᠠᠷᠤᠵᠤ ᠴᠢᠳᠠᠨ᠎ᠠ》 ᠭᠡᠵᠦ ᠨᠠᠢ᠍ᠮᠠᠨ ᠵᠦᠭ ᠢ᠋ ᠰᠢᠷᠲᠡᠵᠦ᠂ ᠢᠨᠠᠭᠰᠢ ᠪᠠᠨ ᠴᠢᠨᠠᠭᠰᠢ ᠪᠠᠨ ᠳᠠᠪᠬᠢᠭᠤᠯᠵᠤ᠂ ᠣᠯᠠᠨ ᠠ᠋ᠴᠠ ᠢᠩᠭᠢᠵᠦ ᠠᠰᠠᠭᠤᠵᠠᠢ᠄《ᠥᠪᠥᠩ ᠭᠡᠷ ᠦ᠋ᠨ ᠳᠡᠭᠡᠭᠦᠷ ᠮᠢᠨᠢ ᠥᠯᠬᠡᠭ ᠲᠣᠭᠣᠰᠣ ᠶᠠᠭᠠᠬᠢᠭᠠᠳ ᠪᠤᠵᠢᠭᠢᠨᠠᠭᠰᠠᠨ ᠪᠣᠢ? ᠥᠨᠳᠥᠷ ᠣᠭᠲᠠᠷᠭᠤᠢ ᠶ᠋ᠢᠨ ᠨᠠᠭᠠᠭᠤᠷ ᠦᠮᠡᠬᠡᠢ ᠦᠨᠦᠷ ᠶᠠᠭᠠᠬᠢᠭᠠᠳ ᠦᠨᠦᠷᠲᠦᠭᠰᠡᠨ ᠪᠣᠢ? ᠥᠯᠥᠨ ᠬᠡᠷᠢᠶ᠎ᠡ ᠶᠠᠭᠠᠬᠢᠭᠠᠳ ᠭᠤᠸᠠᠭᠯᠠᠭᠰᠠᠨ ᠪᠣᠢ? ᠥᠨᠳᠡᠭᠡᠨ ᠲᠣᠭᠣᠭᠠᠨ ᠳᠣᠲᠣᠷ᠎ᠠ ᠮᠢᠨᠢ᠂ ᠦᠨᠡᠰᠦ ᠶᠠᠭᠠᠬᠢᠭᠠᠳ ᠪᠢᠯᠬᠠᠭᠰᠠᠨ ᠪᠣᠢ? ᠥᠷᠭᠡᠨ ᠳᠡᠯᠡᠬᠡᠢ ᠶ᠋ᠢᠨ ᠳᠡᠭᠡᠭᠦᠷ᠂ ᠦᠬᠦᠭᠡᠷ ᠶᠠᠭᠠᠬᠢᠭᠠᠳ ᠳᠦᠭᠦᠷᠦᠭᠰᠡᠨ ᠪᠣᠢ? ᠥᠯᠥᠨ ᠴᠢᠨᠣ᠎ᠠ ᠶᠠᠭᠠᠬᠢᠭᠠᠳ ᠮᠡᠭᠨᠡᠭᠦᠴᠢᠯᠡᠭᠰᠡᠨ ᠪᠣᠢ? ᠣᠯᠠᠨ ᠲᠠ ᠨᠠᠷ ᠤᠴᠢᠷ ᠢ᠋ ᠨᠢ ᠪᠣᠳᠣᠵᠤ ᠦᠵᠡᠭᠡᠳ ᠤᠬᠠᠭᠠᠨ ᠢ᠋ ᠨᠢ ᠬᠡᠯᠡᠭᠡᠳ ᠭᠠᠷᠭ᠎ᠠ᠂ ᠰᠢᠯᠲᠠᠭᠠᠨ ᠢ᠋ ᠪᠣᠳᠣᠵᠤ ᠦᠵᠡᠭᠡᠳ᠂ ᠱᠠᠯᠠᠪᠬᠠᠨ ᠬᠡᠯᠡᠭᠡᠳ ᠭᠠᠷᠭ᠎ᠠ》 ᠭᠡᠵᠡᠢ᠃
ᠣᠯᠠᠨ ᠢ᠋ᠶ᠋ᠠᠷ ᠪᠠᠷᠬᠢᠷᠠᠨ ᠬᠡᠯᠡᠭᠰᠡᠨ ᠨᠢ᠄《ᠬᠡᠯᠡᠬᠦ ᠦᠭᠡᠢ ᠪᠣᠯᠪᠠᠴᠤ ᠴᠢ ᠮᠡᠳᠡᠨ᠎ᠡ᠃ ᠪᠣᠳᠣᠬᠤ ᠦᠭᠡᠢ ᠪᠣᠯᠪᠠᠴᠤ ᠪᠤᠯᠲᠤ ᠪᠠᠷ ᠢ᠋ᠶ᠋ᠠᠨ ᠮᠡᠳᠡᠨ᠎ᠡ᠃ ᠳᠠᠷᠤᠬᠤ ᠵᠦᠭ ᠲᠡᠷᠡ᠃ ᠶᠠᠪᠤᠬᠤ ᠵᠦᠭ ᠡᠨᠡ》 ᠭᠡᠵᠦ ᠶᠠᠩᠳᠠᠩ ᠬᠠᠭᠠᠨ ᠤ᠋ ᠶᠠᠰᠤ ᠶ᠋ᠢ ᠨᠢ ᠰᠢᠮᠰᠢᠷᠡᠮᠡᠷ ᠵᠢᠭᠠᠵᠠᠢ᠃
ᠶᠠᠪᠤᠭᠤᠳᠠᠢ ᠬᠦᠦ ᠶ᠋ᠢᠨ ᠰᠠᠨᠠᠭᠠᠨ ᠳ᠋ᠤ᠌ ᠶᠠᠭ ᠲᠠᠭ ᠲᠠᠭᠠᠷᠠᠭᠰᠠᠨ ᠪᠣᠯᠬᠣᠷ᠂ ᠪᠠᠶᠠᠷᠯᠠᠬᠤ ᠶ᠋ᠢᠨ ᠶᠡᠬᠡᠪᠡᠷ ᠪᠠᠶᠠᠷᠯᠠᠵᠤ᠂ ᠪᠠᠭᠠᠲᠤᠷ ᠳᠠᠭᠤᠤ ᠪᠠᠨ ᠴᠤᠤᠷᠢᠶᠠᠳᠠᠭᠤᠯᠵᠤ᠂ ᠬᠥᠭᠡᠷᠬᠦ ᠶ᠋ᠢᠨ ᠶᠡᠬᠡ ᠪᠡᠷ ᠬᠥᠭᠡᠷᠴᠦ᠂ ᠬᠥᠨᠳᠡᠢ ᠳᠠᠭᠤ ᠪᠠᠨ ᠴᠤᠤᠷᠢᠶᠠᠳᠠᠭᠤᠯᠵᠤ ᠬᠡᠯᠡᠭᠰᠡᠨ ᠨᠢ᠄《ᠵᠣᠷᠢᠭ ᠰᠡᠳᠬᠢᠯ ᠴᠢᠨᠢ ᠨᠢᠭᠡᠳᠦᠭᠰᠡᠨ ᠪᠣᠯ᠂ ᠴᠣᠬᠢᠬᠤ ᠡᠳᠦᠷ ᠥᠨᠥᠳᠥᠷ᠂ ᠰᠠᠨᠠᠭ᠎ᠠ ᠰᠡᠳᠬᠢᠯ ᠴᠢᠨᠢ ᠨᠢᠭᠡᠳᠦᠭᠰᠡᠨ ᠪᠣᠯ ᠱᠠᠯᠠᠪᠳᠠᠬᠤ ᠡᠳᠦᠷ ᠥᠨᠥᠳᠥᠷ᠂ ᠪᠠᠭᠠᠲᠤᠷ ᠴᠢᠳᠠᠯ ᠢ᠋ᠶ᠋ᠠᠨ ᠴᠦ᠍ ᠦᠵᠡᠭᠦᠯᠦᠨ᠎ᠡ᠃ ᠪᠠᠷᠰ ᠤ᠋ᠨ ᠬᠦᠴᠦ ᠪᠡᠨ ᠴᠦ᠍ ᠭᠠᠷᠭᠠᠨ᠎ᠠ᠃ ᠠᠷᠭ᠎ᠠ ᠤᠬᠠᠭᠠᠨ ᠢ᠋ᠶ᠋ᠠᠨ ᠴᠤ᠌ ᠰᠢᠪᠬᠠᠨ᠎ᠠ᠃ ᠠᠷᠰᠯᠠᠨ ᠬᠦᠴᠦ ᠪᠡᠨ ᠴᠦ᠍ ᠦᠵᠡᠭᠦᠯᠦᠨ᠎ᠡ》 ᠬᠡᠮᠡᠮᠡᠭᠴᠡ᠂ ᠨᠢᠭᠡᠳᠦᠭᠰᠡᠨ ᠣᠯᠠᠨ ᠤ᠋ ᠵᠣᠷᠢᠭ᠂ ᠨᠢᠭᠡᠨ ᠳᠠᠭᠤ ᠪᠠᠷ ᠪᠠᠷᠬᠢᠷᠠᠬᠤ ᠨᠢ᠄《ᠶᠠᠩᠳᠠᠩ ᠬᠠᠭᠠᠨ ᠤ᠋ ᠵᠢᠷᠦᠬᠡ ᠶ᠋ᠢ ᠨᠢ ᠦᠵᠡᠵᠦ᠂ ᠦᠬᠦᠳᠡᠯ ᠢ᠋ ᠨᠢ ᠰᠢᠲᠠᠭᠠᠵᠤ᠂ ᠦᠳᠡᠰᠢ ᠶ᠋ᠢᠨ ᠰᠠᠯᠬᠢᠨ ᠳ᠋ᠤ᠌ ᠬᠡᠢᠰᠬᠡᠶᠡ》 ᠭᠡᠬᠦ ᠨᠢ ᠠᠷᠰᠯᠠᠨ ᠪᠠᠷᠰ ᠬᠦᠷᠬᠢᠷᠡᠬᠦ ᠰᠢᠭ᠂ ᠠᠶᠤᠩᠭ᠎ᠠ ᠴᠠᠬᠢᠯᠭᠠᠨ ᠨᠢᠵᠢᠭᠢᠨᠡᠬᠦ ᠰᠢᠭ᠂ ᠳᠦᠷᠳ᠋ ᠭᠡᠲᠡᠯ᠎ᠡ ᠬᠥᠳᠡᠯᠵᠦ᠂ ᠰᠦᠷᠳ᠋ ᠭᠡᠲᠡᠯ᠎ᠡ ᠤᠷᠤᠭᠰᠢᠯᠠᠬᠤ ᠳ᠋ᠤ᠌᠂ ᠪᠠᠭ ᠪᠠᠭ ᠢ᠋ᠶ᠋ᠠᠷ ᠰᠦᠷᠦᠭᠯᠡᠭᠰᠡᠨ᠂ ᠪᠠᠭᠠᠲᠤᠷ ᠢᠳᠡᠲᠡᠨ ᠦ᠌ ᠡᠮᠦᠨ᠎ᠡ᠂ ᠪᠠᠷᠰ ᠤ᠋ᠨ ᠬᠦᠯᠦᠭ ᠤᠨᠤᠭᠰᠠᠨ ᠪᠠᠭᠠᠲᠤᠷ ᠤ᠋ᠨ ᠪᠠᠭᠠᠲᠤᠷ ᠲᠡᠷᠢᠭᠦᠯᠡᠵᠦ ᠶᠠᠪᠤᠬᠤ ᠳ᠋ᠤ᠌᠂ ᠳᠣᠲᠣᠷ᠎ᠠ ᠠᠭᠤᠷ ᠨᠢ ᠰᠠᠭᠰᠠᠯᠵᠠᠵᠤ᠂ ᠲᠣᠪᠴᠢᠨ ᠵᠠᠩᠭᠢᠯᠠᠭ᠎ᠠ ᠨᠢ ᠴᠢᠩᠭᠠᠷᠠᠵᠤ᠂ ᠵᠠᠪᠠᠵᠢ ᠪᠠᠷ ᠨᠢ ᠬᠥᠭᠡᠰᠦ ᠰᠠᠭᠭᠠᠵᠤ᠂ ᠵᠠᠮ ᠢ᠋ᠶ᠋ᠠᠷ ᠨᠢ ᠲᠣᠭᠣᠰᠣ ᠡᠷᠴᠢᠯᠡᠵᠦ᠂ ᠤᠨᠤᠭᠰᠠᠨ ᠪᠠᠭᠠᠲᠤᠷ ᠬᠢᠯᠢᠩᠯᠡᠮᠡᠭᠴᠡ ᠣᠨᠣᠭᠳᠠᠭᠰᠠᠨ ᠪᠠᠷᠰ ᠰᠢᠷᠦᠭᠦᠳᠴᠦ᠂ ᠶᠠᠪᠠᠭᠠᠨ ᠣᠯᠠᠨ ᠠ᠋ᠴᠠ ᠲᠡᠷᠢᠭᠦᠯᠡᠵᠦ᠂ ᠶᠠᠩᠳᠠᠩ ᠬᠠᠭᠠᠨ ᠤ᠋ ᠳ᠋ᠤ᠌ ᠬᠦᠷᠬᠦ ᠪᠡᠷ ᠶᠠᠪᠤᠬᠤ ᠳ᠋ᠤ᠌᠂ ᠶᠠᠩᠳᠠᠩ ᠬᠠᠭᠠᠨ ᠡᠨᠡ ᠡᠳᠦᠷ᠂ ᠶᠠᠪᠤᠳᠠᠯ ᠳ᠋ᠠᠭᠠᠨ ᠶᠠᠳᠠᠷᠠᠯ᠎ᠠ ᠭᠡᠵᠦ᠂ ᠶᠠᠭᠠᠬᠢᠰᠢ ᠦᠭᠡᠢ ᠶᠡᠬᠡᠪᠡᠷ ᠵᠦᠳᠡᠷᠡᠯ᠎ᠡ ᠭᠡᠵᠦ᠂ ᠰᠦᠷ ᠮᠢᠨᠢ ᠪᠠᠭᠤᠷᠠᠯ᠎ᠠ ᠭᠡᠵᠦ᠂ ᠰᠦᠨᠡᠰᠦ ᠮᠢᠨᠢ ᠵᠠᠢᠯᠠᠯᠠ ᠭᠡᠵᠦ᠂ ᠵᠠᠰᠢᠶᠠᠨ ᠯᠠᠮᠠ ᠪᠠᠷ ᠢ᠋ᠶ᠋ᠠᠨ ᠱᠣᠳᠠᠭᠤᠯᠵᠤ᠂ ᠵᠠᠶᠠᠭ᠎ᠠ ᠪᠣᠳᠣᠭᠴᠢ ᠪᠠᠷ ᠢ᠋ᠶ᠋ᠠᠨ ᠦᠵᠡᠭᠦᠯᠵᠦ᠂ ᠵᠢᠪᠠᠴᠠ ᠪᠠᠷᠴᠢᠳ ᠢ᠋ᠶ᠋ᠠᠨ ᠠᠷᠢᠯᠭᠠᠨ᠎ᠠ ᠭᠡᠵᠦ᠂ ᠵᠠᠮᠰᠡᠷᠡᠩ ᠳᠠᠮᠵᠢᠨ ᠳᠠᠬᠢᠭᠤᠯᠵᠤ᠂ ᠦ ᠪᠠᠷᠴᠢᠳ ᠢ᠋ᠶ᠋ᠠᠨ ᠠᠷᠢᠯᠭᠠᠨ᠎ᠠ ᠭᠡᠵᠦ ᠥᠭᠯᠢᠭᠡ ᠪᠤᠶᠠᠨ ᠦᠢᠯᠡᠳᠴᠦ᠂ ᠲᠣᠷᠲᠣᠭ ᠨᠠᠰᠤ ᠲᠣᠭᠠᠯᠠᠨ᠂ ᠳᠣᠭᠵᠢᠷ ᠮᠡᠩᠭᠡ ᠲᠣᠭᠠᠯᠠᠨ᠂ ᠴᠠᠭᠠᠨ ᠰᠢᠭᠦᠷᠲᠠᠢ ᠨᠠᠰᠤ ᠲᠣᠭᠠᠯᠠᠨ᠂ ᠴᠡᠷᠪᠡᠭᠡ ᠶ᠋ᠢᠨ ᠪᠦᠲᠦᠭᠡᠯ ᠮᠡᠩᠭᠡ ᠲᠣᠭᠠᠯᠠᠨ ᠰᠢᠷᠨᠠᠭ ᠤᠩᠰᠢᠭᠤᠯᠵᠤ ᠰᠢᠳᠡᠯ ᠬᠥᠭᠡᠭᠡᠯᠭᠡᠵᠦ᠂ ᠨᠢᠭᠡ ᠨᠢᠭᠡ ᠪᠡᠷ ᠢ᠋ᠶ᠋ᠡᠨ ᠰᠠᠭᠤᠵᠤ᠂ ᠨᠢᠳᠦ ᠪᠡᠨ ᠠᠨᠢᠨ ᠪᠢᠰᠢᠯᠭᠠᠵᠤ᠂ ᠬᠣᠶᠠᠷ ᠬᠣᠶᠠᠷ ᠢ᠋ᠶ᠋ᠠᠷ ᠢ᠋ᠶ᠋ᠠᠨ ᠰᠠᠭᠤᠵᠤ᠂ ᠬᠤᠩᠬ᠎ᠠ ᠳᠠᠮᠠᠷᠤ ᠲᠠᠴᠢᠭᠢᠨᠠᠭᠤᠯᠵᠤ᠂ ᠬᠡᠳᠦ ᠬᠡᠳᠦ ᠪᠡᠷ ᠢ᠋ᠶ᠋ᠡᠨ ᠰᠠᠭᠤᠵᠤ ᠂ ᠬᠡᠩᠭᠡᠷᠭᠡ ᠴᠠᠩ ᠪᠤᠵᠢᠭᠢᠨᠠᠭᠤᠯᠵᠤ᠂ ᠴᠠᠪ ᠢ᠋ ᠬᠢᠭᠰᠡᠨ ᠪᠣᠭᠣᠯ ᠪᠡᠶᠡᠰᠴᠦ᠂ ᠴᠢᠨᠠᠳᠤ ᠬᠣᠷᠢᠶᠠᠨ ᠳ᠋ᠤ᠌ ᠨᠣᠬᠠᠢ ᠪᠡᠶᠡᠰᠴᠦ᠂ ᠬᠠᠮᠢᠭ᠎ᠠ ᠬᠠᠮᠢᠭ᠎ᠠ ᠨᠢ ᠴᠦ᠍ ᠠᠮᠵᠢᠬᠤ ᠦᠭᠡᠢ᠂ ᠬᠠᠷ᠎ᠠ ᠳᠡᠪᠵᠢᠶᠡᠨ ᠪᠣᠯᠵᠤ ᠪᠠᠢᠲᠠᠯ᠎ᠠ᠂ ᠶᠠᠪᠤᠭᠤᠳᠠᠢ ᠬᠦᠦ ᠪᠠᠷᠰ ᠤᠨᠤᠭᠠᠳ᠂ ᠶᠠᠩᠳᠠᠩ ᠬᠠᠭᠠᠨ ᠤ᠋ ᠬᠦᠷᠢᠶ᠎ᠡ ᠶ᠋ᠢ ᠵᠥᠪ ᠭᠤᠷᠪᠠ ᠲᠣᠭᠣᠷᠢᠵᠤ᠂ ᠵᠦᠭ ᠪᠢᠯᠢᠭ ᠢ᠋ ᠲᠣᠳᠣᠯᠠᠵᠤ᠂ ᠪᠤᠷᠤᠭᠤ ᠭᠤᠷᠪᠠ ᠲᠣᠭᠣᠷᠢᠵᠤ᠂ ᠪᠣᠯᠬᠤ ᠡᠰᠡᠬᠦ ᠶ᠋ᠢ ᠬᠢᠨᠠᠵᠤ ᠤᠷᠠᠨ ᠠᠷᠭ᠎ᠠ ᠭᠠᠷᠭᠠᠵᠤ᠂ ᠤᠬᠠᠭᠠᠨ ᠰᠡᠢᠯᠵᠦ ᠪᠠᠷᠬᠢᠷᠠᠭᠰᠠᠨ ᠨᠢ᠄《ᠪᠠᠷᠠᠭᠤᠨ ᠲᠢᠪ ᠢ᠋ ᠡᠵᠡᠯᠡᠭᠰᠡᠨ᠂ ᠪᠠᠭᠠᠲᠤᠷ ᠰᠡᠴᠡᠨ ᠬᠠᠭᠠᠨ᠂ ᠶᠠᠩᠳᠠᠩ ᠬᠠᠭᠠᠨ ᠲᠠᠨ ᠤ᠋ ᠶᠠᠷᠭᠠᠴᠢᠨ ᠬᠢᠳᠤᠯᠭ᠎ᠠ ᠠ᠋ᠴᠠ ᠴᠢᠨᠢ ᠠᠶᠤᠵᠤ᠂ ᠰᠦᠮᠪᠦᠷ ᠠᠭᠤᠯᠠ ᠶ᠋ᠢᠨ ᠲᠠᠪᠤᠨ ᠲᠢᠪ ᠢ᠋ ᠰᠥᠨᠢ ᠳ᠋ᠡᠭᠡᠨ ᠳᠣᠪᠲᠣᠯᠤᠭᠠᠳ ᠢᠷᠡᠳᠡᠭ᠂ ᠡᠷᠳᠡᠨᠢ ᠶ᠋ᠢᠨ ᠡᠷᠢᠶᠡᠨ ᠪᠠᠷᠰ ᠢ᠋ ᠪᠡᠨ᠂ ᠡᠨᠡ ᠡᠳᠦᠷ ᠨᠠᠳᠠ ᠪᠠᠷ ᠢᠯᠡᠭᠡᠪᠡ᠃ ᠡᠷᠢᠶᠡᠨ ᠪᠠᠷᠰ ᠢ᠋ ᠤᠨᠤᠵᠤ ᠡᠨᠡ ᠳᠡᠯᠡᠬᠡᠢ ᠶ᠋ᠢ ᠡᠵᠡᠯᠡᠬᠦ ᠳ᠋ᠦ᠍ ᠠᠮᠠᠷᠬᠠᠨ ᠭᠡᠨ᠎ᠡ᠃ ᠠᠯᠠᠭ ᠪᠠᠷᠰ ᠢ᠋ ᠤᠨᠤᠪᠠᠯ ᠠᠯᠲᠠᠨ ᠳᠡᠯᠡᠬᠡᠢ ᠶ᠋ᠢ ᠡᠵᠡᠯᠡᠬᠦ ᠳ᠋ᠦ᠍ ᠠᠮᠠᠷᠬᠠᠨ ᠭᠡᠨ᠎ᠡ᠃ ᠬᠠᠭᠠᠨ ᠪᠠᠢᠭᠰᠠᠨ ᠢ᠋ᠶ᠋ᠠᠷ ᠢ᠋ᠶ᠋ᠠᠨ᠂ ᠲᠠ ᠤᠨᠤᠭᠠᠳ ᠡᠵᠡᠯᠡᠨ᠎ᠡ ᠤᠤ? ᠬᠠᠷᠠᠴᠤ ᠪᠠᠢᠭᠰᠠᠨ ᠢ᠋ᠶ᠋ᠠᠷ ᠢ᠋ᠶ᠋ᠠᠨ᠂ ᠪᠢ ᠤᠨᠤᠭᠠᠳ ᠡᠵᠡᠯᠡᠬᠦ ᠤᠤ?》 ᠭᠡᠵᠦ ᠪᠠᠷᠬᠢᠷᠠᠨ᠂ ᠬᠥᠨᠳᠡᠯᠡᠨ ᠭᠤᠯᠳᠤ ᠳᠠᠪᠬᠢᠬᠤ ᠶ᠋ᠢ ᠦᠵᠡᠭᠰᠡᠨ ᠬᠥᠮᠦᠨ ᠪᠦᠷᠢ ᠰᠣᠴᠢᠵᠤ᠂ ᠦᠭᠡ ᠦᠭᠡᠢ ᠭᠥᠯᠢᠷᠡᠵᠦ᠂ ᠠᠵᠢᠭᠯᠠᠭᠰᠠᠨ ᠬᠥᠮᠦᠨ ᠪᠦᠷᠢ ᠠᠶᠤᠵᠤ᠂ ᠠᠮᠠ ᠪᠠᠨ ᠪᠠᠷᠢᠨ ᠭᠠᠰᠠᠯᠵᠤ᠄《ᠶᠠᠪᠤᠭᠤᠲᠠᠢ ᠬᠦᠦ ᠰᠣᠯᠢᠶᠠᠷᠠᠪᠠ᠃ ᠶᠠᠩᠳᠠᠩ ᠬᠠᠭᠠᠨ ᠭᠠᠯᠵᠠᠭᠤᠷᠠᠪᠠ》 ᠭᠡᠵᠦ᠂ ᠨᠢᠳᠦ ᠪᠡᠨ ᠳᠠᠷᠤᠨ᠂ ᠴᠢᠬᠢ ᠪᠡᠨ ᠪᠥᠭᠯᠡᠨ ᠶᠠᠪᠤᠵᠠᠭᠠᠨ᠎ᠠ᠃
ᠡᠭᠦᠨ ᠳ᠋ᠦ᠍᠂ ᠡᠭᠦᠳᠡ ᠶ᠋ᠢ ᠰᠠᠬᠢᠳᠠᠭ ᠪᠠᠭᠠᠲᠤᠷ ᠨᠢ᠂ ᠡᠮᠦᠨ᠎ᠡ ᠨᠢ ᠭᠦᠶᠦᠳᠡᠭ ᠪᠣᠢᠳᠠ ᠨᠢ᠂ ᠡᠨᠡ ᠦᠭᠡ ᠶ᠋ᠢ ᠡᠵᠡᠨ ᠬᠠᠭᠠᠨ ᠳ᠋ᠠᠭᠠᠨ ᠬᠡᠯᠡᠮᠡᠭᠴᠡ᠂ ᠶᠠᠩᠳᠠᠩ ᠬᠠᠭᠠᠨ ᠶᠠᠭᠠᠷᠠᠵᠤ ᠶᠠᠪᠠᠭᠠᠨ ᠬᠡᠪ ᠢ᠋ᠶ᠋ᠡᠷ ᠢ᠋ᠶ᠋ᠡᠨ ᠮᠣᠷᠢᠯᠠᠵᠤ᠂ ᠲᠠᠯ᠎ᠠ ᠬᠠᠨᠴᠤᠢ ᠪᠠᠨ ᠰᠤᠭᠤᠯᠳᠤᠷᠭᠠᠯᠠᠵᠤ᠂ ᠪᠡᠯᠬᠡᠨᠡᠭᠰᠡᠨ ᠬᠡᠪ ᠢ᠋ᠶ᠋ᠡᠷ ᠢ᠋ᠶ᠋ᠡᠨ ᠮᠣᠷᠢᠯᠠᠵᠤ᠂ ᠥᠷᠥᠭᠡᠰᠦᠨ ᠭᠤᠲᠤᠯ ᠢ᠋ᠶ᠋ᠠᠨ ᠲᠠᠢᠯᠵᠤ᠂ ᠥᠨᠳᠥᠷ ᠪᠣᠭᠣᠨᠢ ᠠᠯᠬᠤᠯᠠᠵᠤ᠂ ᠭᠠᠳᠠᠨ᠎ᠠ ᠭᠠᠷᠴᠤ ᠦᠵᠡᠪᠡᠯ ᠶᠠᠪᠤᠭᠤᠳᠠᠢ ᠬᠦᠦ ᠪᠠᠷᠰ ᠢ᠋ᠶ᠋ᠠᠨ ᠤᠨᠤᠵᠤ᠂ ᠠᠩᠬ᠎ᠠ ᠦᠭᠡ ᠪᠡᠨ ᠪᠦᠭᠦᠳᠡ ᠶ᠋ᠢ ᠬᠡᠯᠡᠵᠦ᠄《ᠬᠠᠭᠠᠨ ᠪᠠᠢᠭᠰᠠᠨ ᠢ᠋ᠶ᠋ᠠᠷ ᠢ᠋ᠶ᠋ᠠᠨ ᠴᠢ ᠤᠨᠤᠭᠠᠳ ᠡᠵᠡᠯᠡᠨ᠎ᠡ ᠤᠤ? ᠬᠠᠷᠠᠴᠤ ᠪᠠᠢᠭᠰᠠᠨ ᠢ᠋ᠶ᠋ᠠᠷ ᠢ᠋ᠶ᠋ᠠᠨ ᠪᠢ ᠤᠨᠤᠭᠠᠳ ᠡᠵᠡᠯᠡᠬᠦ ᠤᠤ?》 ᠭᠡᠵᠦ ᠪᠠᠢᠬᠤ ᠶ᠋ᠢ ᠶᠠᠩᠳᠠᠩ ᠬᠠᠭᠠᠨ ᠴᠢᠬᠢ ᠪᠡᠷ ᠢ᠋ᠶ᠋ᠡᠨ ᠰᠣᠨᠣᠰᠴᠤ᠂ ᠨᠢᠳᠦ ᠪᠡᠷ ᠢ᠋ᠶ᠋ᠡᠨ ᠦᠵᠡᠵᠦ᠂ ᠡᠵᠡᠯᠡᠨ᠎ᠡ ᠭᠡᠰᠡᠨ ᠦᠭᠡ ᠶ᠋ᠢ ᠰᠣᠨᠣᠰᠴᠤ᠂ ᠡᠯᠢᠭᠡ ᠨᠢ ᠥᠨᠳᠡᠢᠵᠦ᠂ ᠳᠣᠪᠲᠣᠯᠤᠨ᠎ᠠ ᠭᠡᠰᠡᠨ ᠦᠭᠡ ᠶ᠋ᠢ ᠰᠣᠨᠣᠰᠴᠤ᠂ ᠳᠣᠲᠣᠷ᠎ᠠ ᠪᠠᠨ ᠪᠠᠶᠠᠷᠯᠠᠵᠤ ᠪᠠᠷᠬᠢᠷᠠᠭᠰᠠᠨ ᠨᠢ᠄《ᠶᠠᠪᠤᠭᠤᠳᠠᠢ ᠬᠦᠦ ᠴᠢᠮ᠎ᠠ ᠳ᠋ᠤ᠌ ᠶᠠᠪᠤᠭᠠᠴᠢ ᠬᠦᠷᠡᠩ ᠳᠠᠭ᠎ᠠ ᠴᠢᠨᠢ ᠵᠣᠬᠢᠨ᠎ᠠ᠃ ᠶᠠᠩᠳᠠᠩ ᠬᠠᠭᠠᠨ ᠨᠠᠳᠠᠳᠤ᠂ ᠶᠠᠪᠤᠭᠠᠴᠢ ᠡᠷᠢᠶᠡᠨ ᠪᠠᠷᠰ ᠴᠢᠨᠢ ᠵᠣᠬᠢᠨ᠎ᠠ》 ᠭᠡᠵᠦ ᠪᠠᠷᠬᠢᠷᠠᠪᠠ᠃ ᠶᠠᠪᠤᠭᠤᠳᠠᠢ ᠬᠦᠦ ᠶᠠᠭᠠᠷᠠᠨ᠄《ᠬᠠᠭᠠᠨ ᠤ᠋ ᠵᠠᠷᠯᠢᠭ ᠢ᠋ ᠬᠠᠷᠢᠭᠤᠯᠵᠤ ᠪᠣᠯᠬᠤ ᠦᠭᠡᠢ᠂ ᠡᠵᠡᠨ ᠦ᠌ ᠵᠠᠷᠯᠢᠭ ᠢ᠋ ᠡᠷᠭᠢᠭᠦᠯᠵᠦ ᠪᠣᠯᠬᠤ ᠦᠭᠡᠢ》 ᠭᠡᠵᠦ ᠪᠠᠷᠰ ᠠ᠋ᠴᠠ ᠪᠠᠨ ᠪᠠᠭᠤᠵᠤ᠂ ᠪᠠᠭ᠎ᠠ ᠰᠠᠨᠠᠭ᠎ᠠ ᠠᠯᠳᠠᠬᠤ ᠳ᠋ᠤ᠌᠂ ᠬᠠᠵᠠᠭᠤ ᠳ᠋ᠤᠨᠢ ᠪᠠᠢᠭᠰᠠᠨ ᠨᠣᠶᠠᠳ ᠨᠢ᠂ ᠬᠠᠷᠢᠨ ᠶᠡᠬᠡᠪᠡᠷ ᠵᠠᠩᠳᠤᠷᠤᠨ᠄《ᠬᠠᠷᠠᠴᠤ ᠪᠠᠢᠭᠠᠳ᠂ ᠬᠠᠭᠠᠨ ᠡᠵᠡᠨ ᠳ᠋ᠡᠭᠡᠨ ᠵᠢᠳᠬᠦ! ᠪᠣᠭᠣᠯ ᠪᠠᠢᠭᠠᠳ ᠪᠣᠭᠳᠠ ᠡᠵᠡᠨ ᠳ᠋ᠡᠭᠡᠨ ᠵᠢᠳᠬᠦ!》 ᠭᠡᠬᠦ ᠳ᠋ᠦ᠍᠂ ᠶᠠᠪᠤᠭᠤᠳᠠᠢ ᠬᠦᠦ ᠠᠷᠭ᠎ᠠ ᠦᠭᠡᠢ ᠰᠢᠭ ᠬᠠᠭᠠᠨ ᠢ᠋ᠶ᠋ᠠᠨ ᠰᠤᠭᠤᠳᠠᠨ ᠮᠣᠷᠳᠠᠭᠤᠯᠵᠤ᠄《ᠴᠢᠬᠢ ᠶ᠋ᠢ ᠨᠢ ᠰᠠᠢᠨ ᠠᠳᠬᠤ᠂ ᠴᠠᠪᠢ ᠶ᠋ᠢ ᠨᠢ ᠰᠠᠢᠨ ᠬᠠᠪᠴᠢ》 ᠭᠡᠳ ᠲᠠᠯᠪᠢᠮᠠᠭᠴᠠ᠂ ᠡᠷᠢᠶᠡᠨ ᠪᠠᠷᠰ ᠡᠭᠴᠡ ᠤᠷᠤᠭᠰᠢ ᠪᠠᠨ ᠦᠰᠦᠷᠴᠦ᠂ ᠡᠷᠭᠢᠨ ᠲᠣᠭᠣᠷᠢᠨ ᠳᠠᠪᠬᠢᠬᠤ ᠳ᠋ᠤ᠌᠂ ᠪᠠᠭᠠᠲᠤᠷ ᠡᠷ᠎ᠡ ᠶ᠋ᠢᠨ ᠰᠠᠯᠲᠠᠭ᠎ᠠ ᠠ᠋ᠴᠠ ᠰᠠᠯᠤᠭᠰᠠᠨ ᠪᠠᠷᠰ ᠤ᠋ᠨ ᠬᠠᠪᠢᠷᠭ᠎ᠠ ᠲᠡᠨᠢᠢᠵᠦ ᠪᠠᠵᠠᠭᠳᠠᠭᠰᠠᠨ ᠭᠠᠷ ᠤ᠋ᠨ ᠠᠳᠬᠤᠯᠲᠠ ᠠ᠋ᠴᠠ ᠰᠠᠯᠤᠭᠰᠠᠨ ᠪᠠᠷᠰ ᠤ᠋ᠨ ᠴᠢᠬᠢ ᠠᠮᠤᠰᠬᠢᠵᠦ᠂ ᠨᠤᠳᠤᠷᠤᠯᠲᠠ ᠨᠢ ᠵᠥᠭᠡᠯᠡᠳᠡᠵᠦ᠂ ᠨᠢᠷᠤᠭᠤ ᠨᠢ ᠬᠥᠩᠭᠡᠷᠡᠵᠦ᠂ ᠬᠠᠮᠬᠤᠤᠯ ᠲᠠᠯᠪᠢᠭᠰᠠᠨ ᠰᠢᠭ᠋ ᠰᠡᠷᠪᠡᠭᠡᠨᠡᠭᠦᠯᠵᠦ᠂ ᠬᠠᠵᠠᠬᠤ ᠰᠠᠨᠠᠭ᠎ᠠ ᠨᠢ ᠬᠥᠳᠡᠯᠵᠦ᠂ ᠥᠷᠭᠡᠰᠦ ᠲᠠᠯᠪᠢᠭᠰᠠᠨ ᠰᠢᠭ᠋ ᠡᠷᠪᠡᠭᠡᠨᠡᠭᠦᠯᠵᠦ᠂ ᠤᠭ ᠤ᠋ᠨ ᠴᠢᠨᠠᠷ ᠨᠢ ᠰᠡᠷᠭᠦᠵᠦ᠂ ᠪᠠᠷᠠᠭᠤᠨ ᠲᠡᠰᠢ ᠪᠡᠨ ᠡᠷᠭᠢᠵᠦ᠂ ᠪᠠᠷᠠᠭᠤᠨ ᠡᠪᠦᠳᠦᠭ ᠢ᠋ ᠨᠢ ᠬᠠᠵᠠᠵᠤ᠂ ᠵᠡᠭᠦᠨ ᠲᠡᠰᠢ ᠪᠡᠨ ᠡᠷᠭᠢᠵᠦ᠂ ᠵᠡᠭᠦᠨ ᠡᠪᠦᠳᠦᠭ ᠢ᠋ ᠨᠢ ᠬᠠᠵᠠᠬᠤ ᠳ᠋ᠤ᠌᠂ ᠶᠠᠩᠳᠠᠩ ᠬᠠᠭᠠᠨ ᠰᠠᠨᠳᠤᠷᠴᠤ ᠶᠠᠪᠤᠭᠤᠳᠠᠢ ᠬᠦᠦ ᠶ᠋ᠢ ᠠᠪᠤᠷᠠ ᠭᠡᠵᠦ ᠶᠠᠭᠠᠬᠢᠰᠢ ᠦᠭᠡᠢ ᠳᠠᠭᠤ ᠪᠠᠷ ᠪᠠᠷᠬᠢᠷᠠᠬᠤ ᠶᠠᠪᠤᠭᠤᠳᠠᠢ ᠬᠦᠦ᠂ ᠠᠶᠤᠩᠭ᠎ᠠ ᠶ᠋ᠢᠨ ᠳᠠᠭᠤ ᠪᠠᠷ ᠪᠠᠷᠬᠢᠷᠠᠨ᠂《ᠶᠠᠩᠳᠠᠩ ᠬᠠᠭᠠᠨ ᠤ᠋ ᠶᠠᠰᠤ ᠶ᠋ᠢ ᠦᠵᠡᠶ᠎ᠡ᠃ ᠥᠰᠲᠡᠢ ᠬᠥᠮᠦᠨ ᠦᠰ ᠢ᠋ᠶ᠋ᠡᠨ ᠠᠪ᠂ ᠥᠷᠢ ᠲᠡᠢ ᠬᠥᠮᠦᠨ ᠥᠷᠢ ᠪᠡᠨ ᠠᠪ!》 ᠭᠡᠵᠦ ᠥᠨᠳᠥᠷ ᠠᠰᠠᠷ ᠢ᠋ ᠳᠣᠷᠭᠢᠲᠠᠯ᠎ᠠ᠂ ᠦᠷᠭᠡᠯᠡᠭᠰᠡᠨ ᠬᠥᠮᠦᠨ ᠢ᠋ ᠰᠠᠷᠢᠲᠠᠯᠠ᠂ ᠪᠠᠷᠬᠢᠷᠠᠭᠰᠠᠨ ᠳ᠋ᠤ᠌ ᠪᠠᠯᠪᠠ ᠶ᠋ᠢᠨ ᠳᠠᠷᠬᠠᠨ ᠬᠥᠳᠡᠯᠵᠦ᠂ ᠠᠯᠤᠬ᠎ᠠ ᠪᠠᠨ ᠪᠠᠷᠢᠭᠠᠳ ᠴᠣᠬᠢᠬᠤ ᠭᠡᠨ᠎ᠡ᠃ ᠪᠠᠭ᠎ᠠ ᠰᠠᠭ᠎ᠠ ᠳᠠᠷᠬᠠᠨ ᠴᠤ᠌ ᠬᠥᠳᠡᠯᠵᠦ᠂ ᠪᠠᠭᠠᠵᠢ ᠪᠠᠨ ᠪᠠᠷᠢᠭᠠᠳ ᠴᠣᠬᠢᠬᠤ ᠭᠡᠨ᠎ᠡ᠃ ᠬᠣᠲᠠ ᠶ᠋ᠢᠨ ᠠᠷᠠᠳ ᠪᠠᠶᠠᠷᠯᠠᠯᠳᠤᠨ᠂ ᠭᠣᠣᠲᠤᠤ ᠪᠠᠨ ᠪᠠᠷᠢᠭᠠᠳ ᠭᠠᠷᠴᠤ ᠭᠡᠨ᠎ᠡ᠃ ᠰᠠᠭᠠᠬᠠᠯᠲᠠ ᠬᠣᠲᠠ ᠨᠢ ᠪᠠᠶᠠᠷᠯᠠᠯᠳᠤᠨ᠂ ᠰᠠᠨᠳᠤᠤ ᠪᠠᠨ ᠪᠠᠷᠢᠭᠠᠳ ᠰᠢᠷᠪᠢᠵᠦ ᠭᠡᠨ᠎ᠡ᠃ ᠰᠢᠷᠪᠥᠰᠥ ᠪᠠᠷᠢᠭᠠᠳ ᠬᠥᠭᠰᠢᠨ᠂ ᠭᠣᠭᠴᠣᠭᠠᠯᠠᠵᠤ ᠠᠯᠠᠶ᠎ᠠ ᠭᠡᠳ ᠭᠦᠶᠦᠵᠡᠢ᠃ ᠰᠢᠳᠡᠮᠡᠰᠦ ᠪᠠᠷᠢᠭᠰᠠᠨ ᠴᠢᠪᠠᠭᠠᠨᠴᠠ᠂ ᠪᠣᠭᠣᠵᠤ ᠠᠯᠠᠶ᠎ᠠ ᠭᠡᠳ ᠭᠦᠶᠦᠵᠡᠢ᠃ ᠲᠣᠢᠪᠣᠷᠭᠠ ᠪᠠᠷᠢᠭᠰᠠᠨ ᠪᠠᠳᠢᠷᠴᠢᠨ ᠳᠣᠩᠰᠢᠵᠤ ᠠᠯᠠᠶ᠎ᠠ ᠭᠡᠳ ᠵᠢᠳᠬᠦᠵᠡᠢ᠃ ᠰᠤᠳᠤᠷ ᠲᠡᠪᠡᠷᠢᠭᠰᠡᠨ ᠯᠠᠮᠠ ᠨᠠᠷ ᠤ᠋ᠳ ᠰᠠᠮᠪᠠᠭᠠᠳᠠᠵᠤ ᠠᠯᠠᠶ᠎ᠠ ᠭᠡᠳ ᠭᠦᠶᠦᠵᠡᠢ᠃ ᠶᠣᠳᠠᠷ ᠪᠠᠷᠢᠭᠰᠠᠨ ᠡᠪᠦᠭᠡᠳ ᠶᠣᠳᠣᠷᠳᠠᠭᠠᠳ ᠠᠪᠴᠤ ᠯᠠ ᠪᠠᠢᠨ᠎ᠠ᠃ ᠶᠣᠵᠣᠭᠣᠷ ᠪᠠᠷᠢᠭᠰᠠᠨ ᠬᠥᠭᠰᠢᠳ ᠬᠠᠳᠬᠤᠭᠠᠳ ᠬᠠᠳᠬᠤᠭᠠᠳ ᠠᠪᠴᠤ ᠯᠠ ᠪᠠᠢᠨ᠎ᠠ᠃
ᠪᠠᠷᠰ ᠤᠨᠤᠭᠰᠠᠨ ᠶᠠᠩᠳᠠᠩ ᠪᠠᠭᠤᠶ᠎ᠠ ᠭᠡᠪᠡᠯ ᠣᠯᠠᠨ ᠠᠯᠠᠨ᠎ᠠ᠃ ᠪᠠᠭᠤᠬᠤ ᠦᠭᠡᠢ ᠭᠡᠪᠡᠯ ᠪᠠᠷᠰ ᠢᠳᠡᠨ᠎ᠡ᠃ ᠬᠠᠵᠠᠭᠠᠳ ᠠᠪᠬᠤ ᠪᠠᠷᠰ ᠪᠠᠢᠨ᠎ᠠ᠃ ᠬᠠᠳᠬᠤᠭᠠᠳ ᠠᠪᠬᠤ ᠣᠯᠠᠨ ᠪᠠᠢᠨ᠎ᠠ ᠰᠢᠯᠦᠰᠦ ᠴᠢᠰᠤ ᠨᠢᠰᠦ ᠬᠥᠯᠥᠰᠥ ᠪᠡᠨ ᠰᠠᠪᠢᠷᠠᠭᠤᠯᠵᠤ᠂ ᠰᠢᠷᠪᠥᠰᠥ ᠰᠢᠨᠳᠠᠰᠤ ᠠᠷᠠᠰᠤ ᠬᠥᠷᠥᠰᠥ ᠪᠡᠨ ᠬᠣᠷᠣᠰᠤᠭᠤᠯᠵᠤ ᠠᠷᠠᠭ᠎ᠠ ᠨᠢ ᠵᠠᠪᠠᠭᠠᠷᠠᠵᠤ᠂ ᠠᠮᠢ ᠨᠢ ᠲᠡᠬᠡᠷᠡᠵᠦ ᠥᠷᠥᠭᠡᠰᠦᠨ ᠬᠥᠯ ᠦᠭᠡᠢ ᠲᠠᠢᠷᠠᠩ ᠰᠢᠭ᠂ ᠥᠪᠴᠢ ᠬᠤᠪᠴᠠᠯᠠᠭᠰᠠᠨ ᠦᠭᠡᠢ ᠵᠣᠯᠢᠭ ᠰᠢᠭ᠋᠂ ᠰᠡᠭᠦᠳᠡᠷ ᠦᠭᠡᠢ ᠪᠡᠶ᠎ᠡ᠂ ᠰᠦᠨᠡᠰᠦ ᠦᠭᠡᠢ ᠴᠢᠳᠬᠥᠷ᠂ ᠥᠷᠭᠡᠨ ᠣᠯᠠᠨ ᠤ᠋ ᠳᠤᠮᠳᠠᠭᠤᠷ᠂ ᠥᠪᠡᠷ ᠦ᠋ᠨ ᠡᠷᠬᠡ ᠥᠴᠦᠬᠡᠨ ᠴᠦ᠍ ᠦᠭᠡᠢ᠂ ᠦᠬᠦᠨ ᠲᠦᠷᠦᠭᠦᠯᠡᠨ ᠳᠤᠲᠠᠭᠠᠬᠤ ᠳ᠋ᠠᠭᠠᠨ᠂ ᠶᠠᠪᠤᠭᠤᠯ ᠤ᠋ᠨ ᠮᠠᠭᠤ ᠶᠠᠩᠳᠠᠩ ᠬᠠᠭᠠᠨ᠂ ᠢᠷᠵᠠᠢᠨ ᠢᠷᠵᠠᠢᠨ ᠲᠠᠩᠭᠠᠷᠢᠭᠯᠠᠬᠤ ᠨᠢ᠄《ᠥᠪᠡᠷ ᠦ᠋ᠨ ᠨᠤᠲᠤᠭ ᠲᠠᠭᠠᠨ ᠬᠠᠷᠢᠵᠤ ᠦᠬᠦᠶ᠎ᠡ᠃ ᠡᠮᠦᠨ᠎ᠡ ᠳᠠᠯᠠᠢ ᠳ᠋ᠤ᠌ ᠤᠨᠠᠵᠤ ᠦᠬᠦᠶ᠎ᠡ》ᠭᠡᠳ ᠶᠠᠪᠤᠬᠤ ᠶ᠋ᠢ᠂ ᠳᠠᠮ ᠳᠠᠮ ᠳ᠋ᠠᠭᠠᠨ ᠰᠣᠨᠣᠰᠴᠤ᠂ ᠳᠠᠯᠠᠢ ᠴᠠᠯᠭᠢᠭᠰᠠᠨ ᠰᠢᠭ᠋ ᠳᠠᠪᠠᠯᠵᠤ ᠳᠠᠶᠠᠨ ᠳᠡᠭᠡᠭᠦᠷ ᠬᠣᠷᠣᠰᠴᠤ᠂ ᠦᠭᠡ ᠦᠭᠡ ᠡᠴᠡ ᠪᠡᠨ ᠤᠯᠠᠮᠵᠢᠯᠠᠵᠤ᠂ ᠦᠢ ᠣᠯᠠᠨ ᠢ᠋ᠶ᠋ᠠᠷ ᠢ᠋ᠶ᠋ᠠᠨ ᠬᠣᠷᠣᠰᠴᠤ᠂ ᠦᠶᠡᠷ ᠦ᠋ᠨ ᠤᠰᠤ ᠰᠢᠭ᠋ ᠵᠥᠰᠥᠯᠵᠣ᠂ ᠥᠴᠢᠭ ᠢ᠋ ᠨᠢ ᠠᠪᠤᠨ ᠴᠣᠬᠢᠯᠵᠤ᠂ ᠭᠣᠷᠢᠳᠠᠵᠤ ᠪᠠᠢᠭᠰᠠᠨ ᠭᠣᠷᠢ ᠶ᠋ᠢ ᠨᠢ ᠭᠣᠣᠲᠤᠤ ᠠᠯᠤᠬ᠎ᠠ ᠪᠠᠷ ᠪᠠᠯᠪᠠᠵᠤ ᠭᠡᠨ᠎ᠡ᠃ ᠭᠣᠣᠯ ᠳ᠋ᠤᠨᠢ ᠣᠷᠣᠲᠠᠯ᠎ᠠ ᠰᠢᠮᠰᠢᠷᠡᠭᠦᠯᠵᠦ ᠭᠡᠨ᠎ᠡ᠃ ᠰᠠᠮᠠᠷᠳᠠᠵᠤ ᠢᠷᠡᠭᠰᠡᠨ ᠬᠢᠮᠤᠰᠤ ᠶ᠋ᠢ ᠨᠢ ᠰᠠᠨᠳᠤᠤ ᠪᠠᠷ ᠢ᠋ᠶ᠋ᠠᠨ ᠴᠠᠪᠴᠢᠵᠤ ᠭᠡᠨ᠎ᠡ᠃ ᠰᠠᠨᠠᠭ᠎ᠠ ᠵᠣᠷᠢᠭ ᠢ᠋ ᠨᠢ ᠮᠣᠬᠣᠭᠠᠵᠤ ᠭᠡᠨ᠎ᠡ᠃ ᠭᠠᠷᠠᠬᠠᠨ ᠬᠣᠶᠠᠷ ᠨᠢᠳᠦ ᠶ᠋ᠢ ᠭᠠᠪᠠᠯᠠ ᠳᠤᠮᠳᠠ ᠨᠢ ᠰᠢᠷᠭᠢᠭᠦᠯᠵᠣ᠂ ᠭᠠᠬᠠᠢ ᠶ᠋ᠢᠨ ᠳᠥᠷᠪᠡᠨ ᠰᠣᠶᠣᠭ᠎ᠠ ᠶ᠋ᠢ ᠨᠢ ᠭᠠᠳᠠᠭᠰᠢ ᠪᠠᠨ ᠳᠣᠲᠣᠭᠰᠢ ᠪᠠᠨ ᠴᠥᠮᠥᠴᠢᠵᠦ᠂ ᠳᠠᠭᠵᠢᠨ ᠳ᠋ᠠᠭᠠᠨ ᠰᠢᠷᠬ᠎ᠠ ᠲᠠᠢ᠂ ᠲᠠᠰᠢᠶᠠᠨ ᠳ᠋ᠠᠭᠠᠨ ᠲᠠᠮᠠᠭ᠎ᠠ ᠲᠠᠢ᠂ ᠬᠥᠯ ᠳ᠋ᠡᠭᠡᠨ ᠳᠥᠩᠭᠡ ᠴᠢᠷᠴᠦ᠂ ᠬᠦᠵᠦᠭᠦᠨ ᠳ᠋ᠡᠭᠡᠨ ᠪᠣᠭᠣᠮᠢ ᠴᠢᠷᠴᠦ᠂ ᠰᠢᠨᠵᠢ ᠪᠡᠨ ᠦᠵᠡᠭᠦᠯᠵᠦ᠂ ᠰᠢᠪᠰᠢᠭ ᠢ᠋ᠶ᠋ᠡᠨ ᠴᠢᠷᠴᠦ᠄《ᠡᠮᠦᠨ᠎ᠡ ᠳᠠᠯᠠᠢ ᠳ᠋ᠤ᠌ ᠤᠨᠠᠵᠤ ᠦᠬᠦᠶ᠎ᠡ᠂ ᠥᠪᠡᠷ ᠦ᠋ᠨ ᠨᠤᠲᠤᠭ ᠲᠠᠭᠠᠨ ᠬᠠᠷᠢᠵᠤ ᠦᠬᠦᠶ᠎ᠡ》ᠭᠡᠳ ᠳᠤᠲᠠᠭᠠᠬᠤ ᠳ᠋ᠤ᠌᠂ ᠨᠢᠭᠡᠳᠦᠭᠰᠡᠨ ᠣᠯᠠᠨ ᠤ᠋ ᠪᠠᠷᠬᠢᠷᠠᠭᠰᠠᠨ ᠳᠠᠭᠤ᠂ ᠨᠢᠵᠢᠭᠢᠨᠡᠬᠦ ᠠᠶᠤᠩᠭ᠎ᠠ᠂ ᠨᠢᠷᠭᠡᠬᠦ ᠰᠤᠮᠤ ᠪᠣᠯᠵᠤ᠂ ᠲᠦᠮᠡᠨ ᠣᠯᠠᠨ ᠤ᠋ ᠠᠳᠬᠤᠭᠰᠠᠨ ᠨᠢᠳᠤᠷᠭ᠎ᠠ᠂ ᠲᠦᠮᠡᠨ ᠵᠢᠩ ᠦ᠋ᠨ ᠲᠡᠮᠦᠷ ᠮᠤᠨᠠ ᠪᠣᠯᠵᠤ᠂ ᠶᠠᠪᠤᠭᠤᠯ ᠤ᠋ᠨ ᠮᠠᠭᠤ ᠶᠠᠩᠳᠠᠩ ᠬᠠᠭᠠᠨ ᠢ᠋ ᠵᠠᠬ᠎ᠠ ᠨᠤᠲᠤᠭ ᠠ᠋ᠴᠠ ᠪᠠᠨ ᠭᠠᠷᠭᠠᠵᠤ ᠭᠡᠨ᠎ᠡ᠃ᠽᠠᠮᠪᠤᠲᠢᠪ ᠠ᠋ᠴᠠ ᠬᠥᠭᠡᠭᠡᠵᠦ ᠭᠡᠨ᠎ᠡ᠃ ᠢᠩᠭᠢᠵᠦ ᠳᠠᠢᠰᠤᠨ ᠢ᠋ᠶ᠋ᠠᠨ ᠳᠠᠷᠤᠭᠠᠳ᠂ ᠳᠠᠷᠬᠠᠨ ᠴᠣᠯᠠ ᠪᠠᠨ ᠣᠯᠤᠭᠠᠳ ᠡᠷᠭᠢᠵᠦ ᠪᠤᠴᠠᠬᠤ ᠴᠠᠭ ᠲᠤᠨᠢ ᠵᠥᠪ ᠵᠥᠪ ᠢ᠋ ᠵᠥᠩᠨᠡᠵᠦ ᠮᠡᠳᠡᠳᠡᠭ᠂ ᠵᠥᠪ ᠶᠠᠪᠤᠳᠠᠯ ᠲᠠᠢ ᠶᠠᠪᠤᠭᠤᠳᠠᠢ ᠪᠠᠭᠠᠲᠤᠷ᠂ ᠣᠯᠠᠨ ᠠᠷᠠᠳ ᠤ᠋ᠨ ᠳᠤᠮᠳᠠ ᠪᠠᠨ᠂ ᠣᠨᠴᠠ ᠵᠠᠬᠢᠵᠤ ᠬᠡᠯᠡᠭᠰᠡᠨ ᠨᠢ᠄《ᠶᠠᠪᠤᠭᠤᠯ ᠤ᠋ᠨ ᠮᠠᠭᠤ ᠶᠠᠩᠳᠠᠩ ᠬᠠᠭᠠᠨ ᠤ᠋ ᠰᠦᠷ ᠨᠢ ᠪᠠᠭᠤᠷᠠᠪᠠᠴᠤ᠂ ᠰᠦᠨᠡᠰᠦ ᠨᠢ ᠦᠬᠦᠭᠡᠳᠦᠢ᠃ ᠭᠣᠷᠢ ᠨᠢ ᠲᠠᠰᠤᠷᠠᠪᠠᠴᠤ᠂ ᠭᠣᠣᠯ ᠨᠢ ᠲᠠᠰᠤᠷᠠᠭᠠᠳᠤᠢ᠂ ᠡᠭᠦᠨ ᠡᠴᠡ ᠬᠣᠢᠰᠢ ᠲᠡᠭᠦᠨ ᠡᠴᠡ ᠴᠢᠨᠠᠭᠰᠢ᠂ ᠡᠭᠦᠨ ᠢ᠋ ᠰᠠᠢᠨ ᠬᠢᠴᠢᠶᠡ ᠃ᠲᠡᠭᠦᠨ ᠢ᠋ ᠰᠠᠢᠨ ᠰᠡᠷᠡᠮᠵᠢᠯᠡᠬᠦ ᠳ᠋ᠦ᠍᠂ ᠡᠭᠡᠭᠡ ᠡᠢᠮᠦ ᠪᠠᠢᠬᠤ ᠬᠡᠷᠡᠭᠲᠡᠢ》 ᠭᠡᠵᠦ ᠶᠠᠪᠤᠭᠰᠠᠨ ᠵᠦᠭ ᠲᠦ᠋ᠨᠢ ᠰᠢᠷᠳᠡᠵᠦ᠂ ᠶᠠᠰᠤᠨ ᠨᠤᠮᠤ ᠰᠤᠮᠤ ᠪᠠᠨ ᠠᠪᠴᠤ᠂ ᠮᠡᠬᠡᠢᠳᠡᠯᠡ ᠬᠥᠪᠴᠢᠯᠡᠵᠦ᠂ ᠲᠡᠨᠢᠢᠲᠡᠯ᠎ᠡ ᠲᠠᠲᠠᠵᠤ᠂ ᠤᠳᠠᠲᠠᠯ᠎ᠠ ᠣᠨᠢᠯᠠᠵᠤ᠂ ᠣᠯᠠᠨ ᠳ᠋ᠠᠭᠠᠨ ᠦᠵᠡᠭᠦᠯᠵᠡᠢ᠃
ᠡᠭᠦᠨ ᠢ᠋ ᠦᠵᠡᠭᠰᠡᠨ ᠣᠯᠠᠨ᠂ ᠰᠡᠳᠬᠢᠯ ᠨᠢ ᠬᠥᠳᠡᠯᠵᠦ᠂ ᠰᠡᠷᠡᠮᠵᠢ ᠨᠢ ᠥᠨᠳᠥᠷᠵᠢᠵᠦ᠄《ᠡᠷᠭᠢᠭᠡᠳ ᠢᠷᠡᠪᠡᠯ ᠡᠷ᠎ᠡ ᠶ᠋ᠢᠨ ᠵᠣᠷᠢᠭ ᠬᠤᠷᠴᠠ᠂ ᠳᠠᠬᠢᠭᠠᠳ ᠢᠷᠡᠪᠡᠯ᠂ ᠳᠠᠯᠠᠢᠭᠰᠠᠨ ᠢᠯᠳᠦ ᠬᠤᠷᠴᠠ᠂ ᠶᠠᠭᠠᠬᠢᠪᠠᠴᠤ ᠠᠯᠠᠵᠤ᠂ ᠵᠠᠪᠠᠯ ᠴᠤ᠌ ᠰᠥᠨᠥᠭᠡᠨ᠎ᠡ》 ᠭᠡᠵᠦ ᠲᠠᠩᠭᠠᠷᠢᠭᠯᠠᠭᠠᠳ᠂ ᠭᠣᠯᠣᠮᠲᠠ ᠪᠠᠢᠭᠰᠠᠨ ᠢ᠋ ᠨᠢ ᠬᠤᠰᠤᠵᠤ ᠭᠡᠨ᠎ᠡ᠃ ᠭᠣᠭᠣᠵᠢᠭᠰᠠᠨ ᠴᠢᠰᠤ ᠶ᠋ᠢ ᠨᠢ ᠠᠷᠢᠭᠤᠳᠬᠠᠵᠤ ᠭᠡᠨ᠎ᠡ᠃ ᠦᠭᠡᠨᠴᠠ ᠮᠥᠷ ᠢ᠋ ᠨᠢ ᠱᠦᠭᠦᠷᠳᠡᠭᠡᠳ᠂ ᠦᠳᠡᠰᠢ ᠶ᠋ᠢᠨ ᠰᠠᠯᠬᠢᠨ ᠳ᠋ᠤ᠌ ᠬᠡᠢᠰᠬᠡᠭᠡᠳ᠂ ᠳᠠᠶᠠᠩ ᠳᠡᠯᠡᠬᠡᠢ ᠶ᠋ᠢᠨ ᠳᠣᠲᠣᠷ᠎ᠠ ᠲᠡᠢᠨ ᠳᠠᠵᠢᠨ ᠦᠭᠡᠢ᠂ ᠳᠠᠶᠠᠭᠠᠷ ᠣᠯᠠᠨ ᠤ᠋ ᠳᠣᠲᠣᠷ᠎ᠠ ᠳᠠᠷᠤᠯᠠᠯ ᠮᠥᠯᠵᠢᠯ ᠦᠭᠡᠢ᠂ ᠥᠭᠭᠢᠶᠡᠮᠦᠷ ᠪᠣᠷᠣᠭᠠᠨ ᠣᠷᠣᠵᠤ᠂ ᠦᠯᠭᠡᠭ ᠲᠣᠭᠣᠰᠣ ᠳᠠᠷᠤᠭᠳᠠᠵᠤ᠂ ᠥᠷᠭᠡᠨ ᠳᠡᠯᠡᠬᠡᠢ ᠨᠣᠭᠣᠭᠠᠷᠠᠵᠤ᠂ ᠥᠩᠭᠡ ᠶ᠋ᠢᠨ ᠴᠡᠴᠡᠭ ᠳᠡᠯᠭᠡᠷᠡᠵᠦ᠂ ᠠᠷᠢᠭᠤᠨ ᠦᠨᠦᠷ ᠠᠭᠠᠷ ᠳᠦᠭᠦᠷᠡᠩ ᠠᠩᠬᠢᠯᠵᠤ᠂ ᠠᠷᠪᠢᠨ ᠰᠦᠷᠦᠭ ᠲᠠᠯ᠎ᠠ ᠳᠦᠭᠦᠷᠡᠩ ᠪᠡᠯᠴᠢᠵᠦ᠂ ᠬᠥᠳᠡᠯᠮᠦᠷᠢ ᠳ᠋ᠡᠭᠡᠨ ᠬᠥᠭᠵᠢᠵᠦ᠂ ᠬᠥᠷᠥᠩᠭᠡ ᠳ᠋ᠡᠭᠡᠨ ᠴᠡᠩᠭᠡᠵᠦ᠂ ᠳᠡᠪᠰᠢᠯᠲᠡ ᠶ᠋ᠢᠨ ᠵᠦᠭ ᠳᠠᠪᠬᠢᠵᠤ᠂ ᠳᠠᠶᠠᠩ ᠣᠯᠠᠨ ᠢ᠋ᠶ᠋ᠠᠷ ᠢ᠋ᠶ᠋ᠠᠨ ᠳᠠᠪᠬᠢᠵᠤ ᠬᠥᠭᠵᠢᠯᠲᠡ ᠶ᠋ᠢᠨ ᠵᠦᠭ ᠬᠥᠭᠵᠢᠵᠦ᠂ ᠬᠥᠮᠦᠨ ᠲᠥᠷᠥᠯᠬᠢᠲᠡᠨ ᠢ᠋ᠶ᠋ᠡᠷ ᠢ᠋ᠶ᠋ᠡᠨ ᠬᠥᠭᠵᠢᠵᠦ᠂ ᠠᠮᠤᠷ ᠰᠠᠢᠨ ᠳ᠋ᠠᠭᠠᠨ ᠵᠢᠷᠭᠠᠵᠤ ᠭᠡᠨ᠎ᠡ᠃
ᠦᠰᠦᠭ ᠠᠮᠢᠯᠠᠭᠤᠯᠤᠭᠴᠢ᠄ ᠬᠡᠯᠡᠰᠣᠶᠣᠯ(ᠪᠤᠤ ᠸᠧᠨ ᠬᠤᠸᠠ)᠂ ᠡᠭᠦᠯᠡᠩᠬᠤᠸᠠᠷ᠂ ᠠᠯᠲᠠᠨᠴᠢᠮᠡᠭ᠂
ᠤᠷᠠᠨᠴᠢᠮᠡᠭ᠂ ᠨᠠᠷᠠᠨᠲᠤᠶᠠᠭ᠎ᠠ
ᠬᠢᠨᠠᠭᠴᠢ᠄ ᠣᠳᠬᠠᠨᠰᠣ᠎ᠠ᠂ ᠭᠠᠷᠮ᠎ᠠ᠂ ᠬᠡᠯᠡᠰᠣᠶᠣᠯ
