ᠶᠣᠯᠣ ᠶ᠋ᠢᠨ ᠪᠠᠭᠠᠰᠤYolyn baasЁлын баас
ᠶᠣᠯᠣ ᠶ᠋ᠢᠨ ᠪᠠᠭᠠᠰᠤ
ᠲᠤᠰ ᠡᠮ ᠪᠣᠯ ᠬᠠᠷᠴᠠᠭᠠᠢ ᠶ᠋ᠢᠨ ᠢᠵᠠᠭᠤᠷ ᠤ᠋ᠨ ᠠᠮᠢᠲᠠᠨ ᠪᠣᠯᠬᠤ ᠰᠠᠬᠠᠯᠲᠤ ᠶᠣᠯᠣ ᠶ᠋ᠢᠨ ᠬᠠᠲᠠᠭᠠᠭᠰᠠᠨ ᠪᠠᠭᠠᠰᠤ ᠮᠥᠨ᠃ ᠪᠠᠰᠠ ᠭᠤᠲ᠋ᠠᠯ ᠭᠡᠳᠡᠭ᠃
[ ᠤᠤᠯ ᠠᠮᠢᠲᠠᠨ] ᠪᠡᠶ᠎ᠡ ᠶ᠋ᠢᠨ ᠤᠷᠲᠤ ᠨᠢ133cm᠂ ᠳᠠᠯᠠᠪᠴᠢ ᠨᠢ83.5cm᠂ ᠰᠡᠭᠦᠯ ᠨᠢ54cm ᠪᠣᠢ᠃ ᠮᠠᠩᠨᠠᠢ ᠪᠠ ᠲᠣᠯᠣᠭᠠᠢ ᠣᠷᠣᠢ ᠳᠡᠭᠡᠷ᠎ᠡ ᠨᠢ ᠰᠢᠷᠠᠩᠭᠤᠢ ᠪᠤᠶᠤ ᠰᠢᠷᠠᠩᠭᠤᠢ ᠴᠠᠭᠠᠨ ᠨᠣᠣᠯᠣᠭᠤᠷ ᠥᠳᠥ ᠪᠦᠷᠬᠦᠵᠦ ᠪᠣᠢ᠃ ᠯᠠᠯᠢᠭ ᠪᠦᠷᠬᠦᠪᠴᠢ ᠲᠡᠢ᠂ ᠠᠷᠤ ᠳᠤᠬᠤ ᠪᠣᠯᠤᠨ ᠴᠢᠬᠢᠨ ᠦ᠌ ᠥᠳᠥ ᠨᠢ ᠭᠦᠢᠬᠡᠨ ᠰᠦᠨ ᠰᠢᠷ᠎ᠠ ᠥᠩᠭᠡ ᠲᠡᠢ ᠪᠥᠭᠡᠳ ᠪᠠᠭ᠎ᠠ ᠰᠠᠭ᠎ᠠ ᠬᠠᠷ᠎ᠠ ᠥᠳᠥ ᠬᠣᠯᠢᠯᠳᠤᠵᠤ ᠪᠠᠢᠳᠠᠭ᠃ ᠬᠦᠵᠦᠭᠦᠦ ᠶ᠋ᠢᠨ ᠠᠷᠤ ᠬᠠᠵᠠᠭᠤ᠂ ᠬᠠᠴᠠᠷ ᠤ᠋ᠨ ᠣᠯᠠᠩᠬᠢ ᠬᠡᠰᠡᠭ ᠪᠣᠯᠤᠨ ᠬᠣᠭᠣᠯᠠᠢ᠂ ᠴᠡᠭᠡᠵᠢ᠂ ᠬᠡᠪᠡᠯᠢ᠂ ᠴᠠᠷᠪᠠᠭᠤ᠂ ᠥᠯᠮᠡᠢ ᠬᠤᠷᠤᠭᠤ ᠳ᠋ᠠᠬᠢ ᠥᠳᠥ ᠦᠰᠦ ᠪᠠ ᠰᠡᠭᠦᠯ ᠦ᠋ᠨ ᠳᠣᠣᠷᠠᠬᠢ ᠪᠦᠷᠬᠦᠭᠦᠯ ᠥᠳᠥ ᠨᠢ ᠪᠦᠷ ᠭᠦᠢᠬᠡᠨ ᠰᠦᠨ ᠰᠢᠷ᠎ᠠ ᠥᠩᠭᠡ ᠲᠡᠢ᠂ ᠴᠡᠭᠡᠵᠢ ᠶ᠋ᠢᠨ ᠡᠮᠦᠨ᠎ᠡ ᠵᠢᠴᠢ ᠴᠡᠭᠡᠵᠢᠨ ᠦ᠌ ᠳᠡᠭᠡᠷᠡᠬᠢ ᠨᠢ ᠵᠢᠭᠠᠬᠠᠨ ᠰᠢᠷᠠᠪᠲᠤᠷ ᠬᠦᠷᠡᠩ ᠥᠩᠭᠡ ᠲᠡᠢ ᠮᠥᠷᠲᠡᠭᠡᠨ ᠬᠠᠷ᠎ᠠ ᠭᠤᠯᠳᠤ ᠵᠢᠷᠤᠭᠠᠰᠤ ᠲᠠᠢ᠂ ᠣᠨᠴᠠᠭᠠᠢᠯᠠᠨ ᠬᠡᠪᠡᠯᠢ ᠶ᠋ᠢᠨ ᠳᠡᠭᠡᠷ᠎ᠡ ᠬᠡᠰᠡᠭ ᠲᠦ᠍ ᠪᠦᠷᠢᠨ ᠪᠤᠰᠤ ᠴᠡᠭᠡᠵᠢᠨ ᠪᠦᠰᠡᠯᠡᠭᠦᠷ ᠪᠦᠷᠢᠯᠳᠦᠳᠡᠭ᠃ ᠨᠢᠷᠤᠭᠤ᠂ ᠬᠡᠪᠡᠯᠢ ᠪᠠ ᠰᠡᠭᠦᠯ ᠳᠡᠭᠡᠷᠡᠬᠢ ᠪᠦᠷᠬᠦᠭᠦᠯ ᠥᠳᠥ ᠨᠢ ᠮᠥᠩᠭᠥᠨ ᠪᠤᠭᠤᠷᠤᠯ ᠥᠩᠭᠡ ᠲᠡᠢ᠂ ᠤᠭ ᠤ᠋ᠨ ᠬᠡᠰᠡᠭ ᠨᠢ ᠴᠠᠭᠠᠨ᠂ ᠬᠥᠪᠡᠭᠡ ᠨᠢ ᠬᠠᠷ᠎ᠠ᠂ ᠲᠡᠩᠭᠡᠯᠢᠭ ᠦ᠋ᠨ ᠲᠣᠯᠪᠣ ᠨᠢ ᠴᠠᠭᠠᠨ᠂ ᠨᠢᠰᠬᠦ ᠥᠳᠥ ᠨᠢ ᠬᠠᠷ᠎ᠠ᠂ ᠵᠢᠭᠠᠬᠠᠨ ᠮᠥᠩᠭᠥᠨ ᠪᠤᠭᠤᠷᠤᠯ ᠥᠩᠭᠡ ᠬᠣᠯᠢᠯᠳᠤᠵᠤ ᠪᠣᠢ᠃ ᠥᠲᠥᠨ ᠲᠡᠩᠭᠡᠯᠢᠭ ᠨᠢ ᠲᠤᠩ ᠴᠠᠭᠠᠨ᠂ ᠪᠦᠷᠬᠦᠭᠦᠯ ᠥᠳᠥ ᠨᠢ ᠨᠢᠷᠤᠭᠤ ᠶ᠋ᠢᠨ ᠥᠩᠭᠡ ᠲᠡᠢ ᠪᠡᠨ ᠠᠳᠠᠯᠢ᠂ ᠴᠠᠭᠠᠨ ᠥᠩᠭᠡᠲᠦ ᠲᠡᠩᠭᠡᠯᠢᠭ ᠦ᠋ᠨ ᠲᠣᠯᠪᠣ ᠨᠢ ᠥᠲᠥᠨ ᠦ᠌ ᠦᠵᠦᠭᠦᠷ ᠲᠡᠭᠡᠨ ᠨᠡᠯᠢᠶᠡᠳ ᠥᠷᠭᠡᠨ᠂ ᠭᠤᠷᠪᠠᠯᠵᠢᠨ ᠬᠡᠯᠪᠡᠷᠢ ᠲᠡᠢ ᠲᠣᠯᠪᠣ ᠪᠣᠯᠳᠠᠭ᠃ ᠰᠡᠭᠦᠯ ᠦ᠋ᠨ ᠥᠳᠥ ᠨᠢ ᠮᠥᠩᠭᠥᠨ ᠪᠤᠭᠤᠷᠤᠯ᠂ ᠬᠠᠷᠠᠪᠲᠤᠷ ᠥᠩᠭᠡ ᠲᠡᠢ᠂ ᠥᠲᠥᠨ ᠦ᠌ ᠲᠡᠩᠭᠡᠯᠢᠭ ᠨᠢ ᠲᠤᠩ ᠴᠠᠭᠠᠨ᠃ ᠰᠠᠬᠠᠯᠲᠤ ᠶᠣᠯᠣ ᠶ᠋ᠢᠨ ᠨᠠᠰᠤᠨ ᠤ᠋ ᠬᠤᠪᠢᠷᠠᠯᠲᠠ ᠶ᠋ᠢ ᠳᠠᠭᠠᠯᠳᠤᠨ ᠨᠢᠯᠬ᠎ᠠ ᠦᠶ᠎ᠡ᠂ ᠨᠠᠰᠤ ᠭᠦᠢᠴᠡᠭᠰᠡᠨ ᠦᠶ᠎ᠡ ᠪᠠ ᠦᠳᠡᠯᠦᠭᠡ ᠦᠶ᠎ᠡ ᠭᠡᠵᠦ ᠭᠠᠳᠠᠷ ᠥᠩᠭᠡ ᠳ᠋ᠦ᠍ᠨᠢ ᠬᠤᠪᠢᠷᠠᠯᠲᠠ ᠭᠠᠷᠳᠠᠭ᠃ ᠶᠡᠷᠦ ᠳ᠋ᠡᠭᠡᠨ ᠦᠳᠡᠯᠦᠭᠡ ᠦᠶ᠎ᠡ ᠳ᠋ᠦ᠍ ᠲᠣᠯᠣᠭᠠᠢ ᠶ᠋ᠢᠨ ᠥᠳᠥ ᠶ᠋ᠢᠨ ᠥᠩᠭᠡ ᠨᠢ ᠭᠦᠢᠬᠡᠨ᠂ ᠰᠢᠷᠠᠪᠲᠤᠷ ᠬᠦᠷᠡᠩ ᠪᠤᠶᠤ ᠰᠢᠷᠠᠪᠲᠤᠷ ᠴᠠᠭᠠᠨ᠃ ᠨᠢᠯᠬ᠎ᠠ ᠦᠶᠡᠰ ᠲᠣᠯᠣᠭᠠᠢ ᠬᠦᠵᠦᠭᠦᠦ ᠨᠢ ᠪᠠᠷᠤᠭ ᠬᠠᠷ᠎ᠠ ᠪᠥᠭᠡᠳ ᠪᠡᠶ᠎ᠡ ᠶ᠋ᠢᠨ ᠳᠡᠭᠡᠷ᠎ᠡ ᠬᠡᠰᠡᠭ ᠨᠢ ᠬᠠᠷ᠎ᠠ ᠬᠦᠷᠡᠩ᠂ ᠢᠯᠭᠠᠯ ᠨᠢ ᠮᠠᠰᠢ ᠶᠡᠬᠡ᠂ ᠶᠡᠷᠦ ᠳ᠋ᠡᠭᠡᠨ ᠢᠵᠢᠯ ᠳᠦᠷᠰᠦ ᠠᠮᠢᠲᠠᠨ ᠪᠢᠰᠢ ᠭᠡᠵᠦ ᠡᠨᠳᠡᠭᠦᠷᠡᠳᠡᠭ᠃ ᠨᠠᠰᠤ ᠭᠦᠢᠴᠡᠭᠰᠡᠨ ᠦᠶ᠎ᠡ ᠶ᠋ᠢᠨ ᠬᠢᠨᠢ ᠳᠡᠭᠡᠷᠡᠬᠢ ᠬᠣᠶᠠᠷ ᠤ᠋ᠨ ᠳᠤᠮᠳᠠᠬᠢ ᠥᠩᠭᠡ ᠪᠣᠯᠤᠨ᠎ᠠ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠳᠠᠯᠠᠢ ᠶ᠋ᠢᠨ ᠲᠦᠪᠰᠢᠨ ᠦ᠌2000~4000m ᠪᠤᠶᠤ4000m ᠠ᠋ᠴᠠ ᠳᠡᠭᠡᠭᠰᠢ ᠥᠨᠳᠥᠷᠯᠢᠭ ᠭᠠᠵᠠᠷ ᠳᠤ ᠠᠮᠢᠲᠠᠨ ᠤ᠋ ᠰᠡᠭ ᠢ᠋ᠶ᠋ᠡᠷ ᠢᠳᠡᠰᠢᠯᠡᠵᠦ ᠠᠮᠢᠳᠤᠷᠠᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠰᠢᠨᠵᠢᠶᠠᠩ᠂ ᠭᠠᠨᠰᠦ᠂ ᠰᠧᠴᠤᠸᠠᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠢᠯ ᠦ᠋ᠨ ᠳᠥᠷᠪᠡᠨ ᠤᠯᠠᠷᠢᠯ ᠳ᠋ᠤ᠌ ᠴᠥᠮ ᠲᠡᠭᠦᠵᠦ ᠪᠣᠯᠤᠨ᠎ᠠ᠃ ᠲᠡᠭᠦᠵᠦ ᠠᠪᠤᠭᠰᠠᠨ ᠤ᠋ ᠬᠣᠢᠨ᠎ᠠ ᠬᠣᠯᠢᠴᠠ ᠶ᠋ᠢ ᠨᠢ ᠠᠷᠢᠯᠭᠠᠨ ᠴᠡᠪᠡᠷᠯᠡᠨ᠎ᠡ᠃
[ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ; ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠪᠡᠲᠡᠭᠢ ᠶ᠋ᠢ ᠡᠪᠳᠡᠬᠦ᠂ ᠢᠯᠴᠢ ᠶ᠋ᠢ ᠰᠡᠯᠪᠢᠬᠦ᠂ ᠢᠳᠡᠭᠡᠨ ᠢ᠋ ᠰᠢᠩᠭᠡᠭᠡᠬᠦ᠂ ᠳᠤᠷ᠎ᠠ ᠶ᠋ᠢ ᠨᠡᠭᠡᠭᠡᠬᠦ᠂ ᠬᠠᠪᠤᠳᠠᠷ ᠢ᠋ ᠦᠭᠡᠷᠢᠯᠡᠭᠦᠯᠬᠦ ᠴᠢᠳᠠᠯ ᠲᠠᠢ᠃ ᠭᠣᠣᠯᠳᠠᠭᠤ ᠢᠳᠡᠭᠡᠨ ᠦ᠌ ᠪᠡᠲᠡᠭᠢ᠂ ᠠᠶᠤᠤᠯᠢᠬᠠᠢ ᠶ᠋ᠢᠨ ᠪᠡᠲᠡᠭᠢ᠂ ᠲᠡᠮᠦᠷ ᠪᠠᠳ᠋ᠭᠠᠨ᠂ ᠬᠣᠳᠣᠭᠣᠳᠣᠨ ᠤ᠋ ᠭᠠᠯ ᠤ᠋ᠨ ᠢᠯᠴᠢ ᠮᠠᠭᠤᠳᠠᠭᠰᠠᠨ᠂ ᠡᠰᠡ ᠰᠢᠩᠭᠡᠭᠰᠡᠨ᠂ ᠦᠭᠡᠷᠢᠯᠡᠭᠡᠳᠦᠢ ᠬᠠᠪᠤᠳᠠᠷ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄鹫粪.(胡兀鹫)
ᠠᠩᠭ᠌ᠯᠢ ᠨᠡᠷ᠎ᠡ᠄Gypaetus barbatus Linnaeus
ᠦᠰᠦᠭ ᠠᠮᠢᠯᠠᠭᠤᠯᠤᠭᠴᠢ᠄ ᠡᠷᠳᠡᠨᠢᠭᠣᠸ᠋ᠠ
ᠬᠢᠨᠠᠭᠴᠢ᠄ ᠴᠡᠪᠡᠷᠴᠡᠴᠡᠭ
