ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠮᠠᠨᠽᠤᠰᠢᠷᠢ ᠠᠪᠤᠷᠠᠭᠰᠠᠨ ᠦᠭᠡᠢ᠂ ᠮᠠᠩᠬᠠᠨ ᠤ᠋ ᠲᠠᠤᠯᠠᠢ ᠠᠪᠤᠷᠠᠪᠠ Гураван настай гунаган улаан баатар - Манзошир аварсангүй᠂ манхны туулай аврав ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠮᠠᠨᠽᠤᠰᠢᠷᠢ ᠠᠪᠤᠷᠠᠭᠰᠠᠨ ᠦᠭᠡᠢ᠂ ᠮᠠᠩᠬᠠᠨ ᠤ᠋ ᠲᠠᠤᠯᠠᠢ ᠠᠪᠤᠷᠠᠪᠠ Гураван настай гунаган улаан баатар - Манзошир аварсангүй᠂ манхны туулай аврав

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠮᠠᠨᠽᠤᠰᠢᠷᠢ ᠠᠪᠤᠷᠠᠭᠰᠠᠨ ᠦᠭᠡᠢ᠂ ᠮᠠᠩᠬᠠᠨ ᠤ᠋ ᠲᠠᠤᠯᠠᠢ ᠠᠪᠤᠷᠠᠪᠠ Гураван настай гунаган улаан баатар - Манзошир аварсангүй᠂ манхны туулай аврав

ᠠᠩᠭᠢᠯᠠᠯ:ᠳᠣᠮᠣᠭ ᠦᠯᠢᠭᠡᠷ
2025-12-10

138

ᠮᠠᠨᠽᠤᠰᠢᠷᠢ ᠠᠪᠤᠷᠠᠭᠰᠠᠨ ᠦᠭᠡᠢ᠂ ᠮᠠᠩᠬᠠᠨ ᠤ᠋ ᠲᠠᠤᠯᠠᠢ ᠠᠪᠤᠷᠠᠪᠠ


       ᠡᠷᠲᠡ ᠢᠵᠠᠭᠤᠷ ᠴᠠᠭ  ᠲᠤ᠌᠂ ᠬᠠᠷ᠎ᠠ ᠬᠠᠯᠵᠠᠨ ᠡᠮ᠎ᠡ ᠬᠣᠨᠢ ᠬᠠᠮᠠᠷ ᠳᠡᠭᠡᠷ᠎ᠡ ᠪᠡᠨ ᠱᠠᠭᠠᠨ ᠴᠢᠨᠡᠭᠡᠨ ᠰᠢᠷ᠎ᠠ ᠲᠣᠰᠣ ᠲᠠᠯᠪᠢᠵᠤ᠂ ᠤᠲᠠᠢ ᠳ᠋ᠤ᠌ ᠮᠥᠷᠭᠥᠯ ᠬᠢᠬᠦ ᠪᠡᠷ ᠭᠠᠷᠤᠭᠠᠳ ᠶᠠᠪᠤᠵᠠᠢ᠃ 
       ᠬᠣᠪᠣᠷ ᠬᠣᠪᠣᠷ ᠶᠠᠪᠤᠵᠤ᠂ ᠬᠣᠶᠠᠷ ᠡᠳᠦᠷ ᠦ᠋ᠨ ᠵᠠᠮ ᠢ᠋ ᠨᠢᠭᠡᠨ ᠡᠳᠦᠷ ᠶᠠᠪᠤᠵᠤ᠂ ᠭᠣᠪᠣᠷ ᠭᠣᠪᠣᠷ ᠶᠠᠪᠤᠵᠤ᠂ ᠭᠤᠷᠪᠠᠨ ᠡᠳᠦᠷ ᠦ᠋ᠨ ᠵᠠᠮ ᠢ᠋ ᠨᠢᠭᠡᠨ ᠡᠳᠦᠷ ᠶᠠᠪᠤᠵᠤ᠂ ᠬᠡᠳᠦᠨ ᠰᠠᠷ᠎ᠠ ᠶᠠᠪᠤᠵᠤ ᠪᠠᠢᠲᠠᠯ᠎ᠠ ᠬᠡᠭᠡᠯ ᠨᠢ ᠬᠦᠨᠳᠦᠷᠡᠵᠦ ᠶᠠᠪᠤᠵᠤ ᠴᠢᠳᠠᠬᠤ ᠦᠭᠡᠢ᠂ ᠰᠠᠨᠠᠭ᠎ᠠ ᠨᠢ ᠪᠠᠢᠪᠠᠴᠤ᠂ ᠴᠢᠳᠠᠯ ᠨᠢ ᠬᠦᠷᠬᠦ ᠦᠭᠡᠢ᠂ ᠰᠠᠵᠢᠯᠠᠵᠤ ᠪᠠᠢᠪᠠᠴᠤ ᠵᠠᠮ ᠨᠢ ᠬᠣᠷᠣᠬᠤ ᠦᠭᠡᠢ᠂ ᠡᠢᠰᠢ ᠲᠠᠢᠰᠢ ᠪᠠᠨ ᠬᠠᠷᠠᠵᠤ᠂ ᠡᠷᠡᠭᠡᠯᠵᠡᠨ ᠵᠣᠭᠰᠣᠵᠤ ᠪᠠᠢᠲᠠᠯ᠎ᠠ᠂ ᠥᠯᠥᠨ ᠬᠥᠬᠡ ᠴᠢᠨᠣ᠎ᠠ ᠱᠣᠭᠰᠢᠨ ᠢᠷᠡᠵᠦ ᠪᠠᠶᠠᠷᠯᠠᠨ᠄《ᠪᠡᠯᠡᠨ ᠴᠠᠪ᠂ ᠪᠦᠯᠢᠶᠡᠨ ᠮᠠᠩᠵᠠ᠂ ᠬᠣᠨᠢ ᠴᠢᠮᠠᠶ᠋ᠢ ᠢᠳᠡᠨ᠎ᠡ》 ᠭᠡᠵᠡᠢ᠃ ᠬᠣᠨᠢ ᠶᠡᠬᠡ ᠰᠠᠨᠳᠤᠷᠤᠨ᠄《ᠪᠢ ᠮᠠᠨᠽᠤᠰᠢᠷᠢ ᠶ᠋ᠢᠨ ᠭᠡᠭᠡᠨ ᠳ᠋ᠦ᠍ ᠮᠥᠷᠭᠥᠵᠦ᠂ ᠮᠠᠭᠠᠳ ᠰᠠᠢᠨ ᠢ᠋ᠶ᠋ᠠᠨ ᠳᠠᠭᠠᠳᠬᠠᠵᠤ᠂ ᠵᠠᠩᠭᠢᠶ᠎ᠠ ᠪᠤᠷᠬᠠᠨ ᠳ᠋ᠤ᠌ ᠮᠥᠷᠭᠥᠵᠦ ᠵᠠᠶᠠᠭᠠᠨ ᠲᠩᠷᠢ ᠪᠡᠨ ᠳᠠᠬᠢᠭᠤᠯᠵᠤ ᠂ ᠡᠳᠦᠭᠡ ᠪᠠ ᠬᠣᠢᠲᠤ ᠪᠠᠨ ᠳᠠᠭᠠᠳᠬᠠᠵᠤ᠂ ᠡᠯᠳᠡᠪ ᠪᠠᠷᠴᠢᠳ ᠢ᠋ᠶ᠋ᠠᠨ ᠦᠭᠡᠢ ᠪᠣᠯᠭᠠᠶ᠎ᠠ ᠭᠡᠰᠡᠨ ᠶᠦᠮ》 ᠭᠡᠵᠦ ᠭᠤᠶᠤᠭᠰᠠᠨ ᠳ᠋ᠤ᠌᠂ ᠴᠢᠨᠣ᠎ᠠ ᠶᠡᠷᠦ ᠬᠦᠯᠢᠶᠡᠬᠦ ᠦᠭᠡᠢ᠄《ᠤᠲᠠᠢ ᠳ᠋ᠤ᠌ ᠮᠥᠷᠭᠥᠬᠦ ᠶ᠋ᠢ ᠬᠠᠮᠢᠶᠠᠷᠬᠤ ᠦᠭᠡᠢ᠂ ᠥᠯᠥᠰᠬᠦ ᠠᠷᠢᠯᠪᠠᠯ ᠪᠣᠯᠤᠨ᠎ᠠ᠃ ᠭᠡᠮ ᠲᠡᠢ ᠭᠡᠮ ᠦᠭᠡᠢ ᠶ᠋ᠢ ᠬᠠᠮᠢᠶᠠᠷᠬᠤ ᠦᠭᠡᠢ᠂ ᠭᠡᠳᠡᠰᠦ ᠴᠠᠳᠪᠠᠯ ᠪᠣᠯᠤᠨ᠎ᠠ᠃ ᠬᠣᠨᠢ ᠭᠤᠸᠠᠢ ᠴᠢ ᠬᠤᠳᠠᠯ ᠬᠡᠯᠡᠵᠦ ᠪᠠᠢᠨ᠎ᠠ》 ᠭᠡᠵᠡᠢ᠃ 
       ᠬᠣᠨᠢ ᠰᠠᠨᠳᠤᠷᠴᠤ ᠬᠠᠮᠠᠷ ᠳᠡᠭᠡᠷᠡᠬᠢ ᠰᠢᠷ᠎ᠠ ᠲᠣᠰᠣ ᠪᠠᠨ ᠵᠢᠭᠠᠵᠤ ᠬᠤᠳᠠᠯ ᠭᠡᠪᠡᠯ ᠡᠭᠦᠨ ᠢ᠋ ᠦᠵᠡ ᠭᠡᠵᠦ ᠬᠠᠮᠠᠷ ᠢ᠋ᠶ᠋ᠠᠨ ᠵᠢᠭᠠᠵᠤ᠄《ᠬᠣᠨᠢ ᠭᠤᠸᠠᠢ ᠨᠠᠮᠠᠶ᠋ᠢ ᠢᠳᠡᠬᠦ ᠭᠡᠪᠡᠯ ᠡᠷᠭᠢᠭᠡᠳ ᠢᠷᠡᠬᠦ ᠳᠡᠭᠡᠷ᠎ᠡ ᠢᠳᠡ ᠳᠠ! 》 ᠭᠡᠵᠦ ᠭᠤᠶᠤᠭᠰᠠᠨ ᠳ᠋ᠤ᠌᠂ ᠴᠢᠨᠣ᠎ᠠ ᠰᠠᠶᠢ ᠵᠥᠪᠰᠢᠶᠡᠷᠡᠨ᠄《ᠡᠷᠭᠢᠭᠡᠳ ᠢᠷᠡᠬᠦ ᠳ᠋ᠦ᠍ ᠴᠢᠨᠢ᠂ ᠡᠷᠬᠡᠪᠰᠢ ᠴᠢᠮᠠᠶ᠋ᠢ ᠢᠳᠡᠨ᠎ᠡ᠂ ᠪᠤᠴᠠᠭᠠᠳ ᠢᠷᠡᠬᠦ ᠳ᠋ᠦ᠍ ᠴᠢᠨᠢ᠂ ᠪᠤᠴᠠᠯᠲᠠ ᠦᠭᠡᠢ ᠴᠢᠮᠠᠶ᠋ᠢ ᠢᠳᠡᠨ᠎ᠡ!》 ᠭᠡᠵᠦ ᠭᠡᠷ᠎ᠡ ᠲᠣᠭᠲᠠᠭᠠᠳ ᠶᠠᠪᠤᠭᠤᠯᠵᠠᠢ᠃  
       ᠬᠠᠷ᠎ᠠ ᠬᠠᠯᠵᠠᠨ ᠬᠣᠨᠢ ᠤᠲᠠᠢ ᠳ᠋ᠤ᠌ ᠬᠦᠷᠴᠦ᠂ ᠬᠠᠯᠵᠠᠨ ᠬᠤᠷᠠᠭ᠎ᠠ ᠭᠠᠷᠭᠠᠵᠤ ᠡᠬᠡ ᠬᠤᠷᠠᠭ᠎ᠠ ᠬᠣᠶᠠᠭᠤᠯᠠ᠂ ᠡᠷᠭᠢᠯ ᠮᠥᠷᠭᠥᠯ ᠬᠢᠵᠦ ᠭᠡᠨ᠎ᠡ᠃ ᠡᠨᠡ ᠲᠡᠷᠡ ᠪᠡᠨ ᠳᠠᠭᠠᠳᠬᠠᠵᠤ ᠭᠡᠨ᠎ᠡ᠃ ᠡᠬᠡ ᠶ᠋ᠢᠨ ᠠᠭᠤᠢ ᠳ᠋ᠤ᠌ ᠰᠢᠷᠭᠤᠵᠤ᠂ ᠡᠷᠭᠢᠵᠦ ᠲᠥᠷᠥᠬᠦ ᠪᠡᠨ ᠳᠠᠭᠠᠳᠬᠠᠵᠤ ᠭᠡᠨ᠎ᠡ᠃ ᠰᠠ ᠶ᠋ᠢᠨ ᠬᠣᠣᠷ ᠢ᠋ ᠣᠯᠬᠤ ᠦᠭᠡᠢ ᠭᠡᠵᠦ ᠰᠠᠷᠠᠨ ᠬᠤᠳᠳᠤᠭ ᠢ᠋ ᠥᠩᠭᠡᠢᠵᠦ ᠭᠡᠨ᠎ᠡ᠃ ᠰᠠᠴᠤᠷᠠᠬᠤ ᠬᠡᠢ ᠮᠣᠷᠢ ᠪᠠᠨ ᠰᠡᠷᠭᠦᠭᠡᠨ᠎ᠡ ᠭᠡᠵᠦ ᠰᠠᠨᠰᠠᠷ ᠤ᠋ᠨ ᠣᠷᠣᠢ ᠳ᠋ᠤ᠌ ᠪᠠᠰᠠ ᠭᠠᠷᠴᠤ ᠭᠡᠨ᠎ᠡ᠃ ᠬᠠᠷ᠎ᠠ ᠬᠠᠯᠵᠠᠨ ᠬᠣᠨᠢ ᠢᠩᠭᠢᠵᠦ ᠶᠠᠪᠤᠬᠤ ᠳ᠋ᠠᠭᠠᠨ ᠣᠴᠢᠭᠰᠠᠨ ᠦᠭᠡᠢ ᠣᠷᠣᠨ ᠴᠤ᠌ ᠭᠡᠵᠦ ᠦᠭᠡᠢ᠂ ᠮᠥᠷᠭᠥᠭᠰᠡᠨ ᠦᠭᠡᠢ ᠪᠤᠷᠬᠠᠨ ᠴᠤ᠌ ᠭᠡᠵᠦ ᠦᠭᠡᠢ᠂ ᠡᠪᠡᠰᠦ ᠨᠢ ᠪᠣᠯᠪᠠᠴᠤ ᠠᠳᠢᠰ ᠭᠡᠵᠦ ᠠᠮᠠᠨ ᠳ᠋ᠠᠭᠠᠨ ᠵᠠᠭᠤᠵᠤ᠂ ᠠᠮᠲᠠᠯᠠᠨ ᠰᠢᠮᠡᠵᠦ᠂ ᠤᠰᠤ ᠨᠢ ᠪᠣᠯᠪᠠᠴᠤ ᠷᠠᠰᠢᠶᠠᠨ ᠭᠡᠵᠦ ᠤᠮᠳᠠᠯᠠᠨ ᠰᠢᠮᠡᠵᠦ᠂ ᠣᠷᠣᠢ ᠳᠡᠭᠡᠷ᠎ᠡ ᠪᠡᠨ ᠲᠦᠷᠬᠢᠵᠦ᠂ ᠢᠩᠭᠢᠵᠦ ᠪᠤᠶᠠᠨ ᠢ᠋ᠶ᠋ᠠᠨ ᠬᠢᠭᠡᠳ ᠡᠷᠭᠢᠵᠦ ᠪᠤᠴᠠᠨ ᠶᠠᠪᠤᠵᠠᠢ᠃ 
       ᠢᠩᠭᠢᠵᠦ ᠪᠤᠴᠠᠨ ᠶᠠᠪᠤᠬᠤ ᠳ᠋ᠠᠭᠠᠨ ᠠᠯᠤᠰ ᠵᠠᠮ ᠢ᠋ ᠬᠥᠭᠡᠭᠡᠵᠦ ᠭᠠᠷᠬᠤ ᠦᠭᠡᠢ᠂ ᠠᠷᠭ᠎ᠠ ᠦᠭᠡᠢ ᠶᠠᠳᠠᠷᠠᠵᠤ ᠬᠣᠯᠠ ᠵᠠᠮ ᠢ᠋ ᠬᠥᠭᠡᠭᠡᠵᠦ ᠭᠠᠷᠬᠤ ᠦᠭᠡᠢ᠂ ᠬᠣᠩᠭᠣ ᠰᠡᠭᠦᠯ ᠨᠢ ᠰᠤᠯᠠᠷᠠᠵᠤ᠂ ᠡᠬᠡ ᠬᠤᠷᠠᠭ᠎ᠠ ᠬᠣᠶᠠᠭᠤᠯᠠ᠂ ᠡᠮᠭᠡᠨᠢᠨ ᠵᠣᠪᠠᠵᠤ᠂ ᠡᠮᠭᠡᠨᠢᠨ ᠮᠠᠢᠯᠠᠵᠤ᠂ ᠣᠷᠣᠭᠰᠢ ᠶᠠᠪᠤᠬᠤ ᠶ᠋ᠢᠨ ᠠᠷᠭ᠎ᠠ ᠦᠭᠡᠢ᠂ ᠤᠶᠠᠷᠠᠨ ᠵᠣᠪᠠᠵᠤ᠂ ᠤᠬᠢᠯᠠᠨ ᠰᠠᠭᠤᠵᠤ ᠪᠠᠢᠲᠠᠯ᠎ᠠ᠂ ᠭᠡᠨᠡᠳᠲᠡ ᠵᠠᠮ ᠤ᠋ᠨ ᠬᠠᠵᠠᠭᠤ ᠠ᠋ᠴᠠ ᠨᠢᠭᠡ ᠲᠠᠤᠯᠠᠢ ᠭᠠᠷᠴᠤ ᠬᠣᠨᠢᠨ ᠠ᠋ᠴᠠ᠄《ᠴᠢ ᠶᠠᠭᠤ ᠭᠡᠵᠦ ᠤᠬᠢᠯᠠᠵᠤ ᠪᠠᠢᠨ᠎ᠠ ᠪᠣᠢ?》 ᠭᠡᠵᠦ ᠠᠰᠠᠭᠤᠵᠠᠢ᠃ ᠬᠣᠨᠢ ᠶᠠᠳᠠᠷᠠᠭᠰᠠᠨ ᠤᠴᠢᠷ ᠪᠣᠯᠤᠭᠠᠳ ᠴᠢᠨᠣ᠎ᠠ ᠶ᠋ᠢᠨ ᠤᠴᠢᠷ ᠢ᠋ ᠬᠡᠯᠡᠵᠦ᠄《ᠪᠢ ᠮᠠᠨᠽᠤᠰᠢᠷᠢ ᠪᠤᠷᠬᠠᠨ ᠳ᠋ᠤ᠌ ᠮᠥᠷᠭᠥᠭᠰᠡᠨ᠂ ᠮᠠᠭᠠᠳ ᠰᠠᠢᠨ ᠢ᠋ᠶ᠋ᠠᠨ ᠳᠠᠭᠠᠳᠬᠠᠭᠰᠠᠨ᠂ ᠤᠲᠠᠢ ᠶ᠋ᠢᠨ ᠣᠷᠣᠨ ᠳ᠋ᠤ᠌ ᠮᠥᠷᠭᠥᠭᠰᠡᠨ᠂ ᠦᠢᠯᠡ ᠵᠣᠪᠠᠯᠠᠩ ᠢ᠋ᠶ᠋ᠠᠨ ᠳᠠᠭᠠᠳᠬᠠᠭᠰᠠᠨ᠂ ᠲᠡᠨᠳᠡ ᠪᠠᠢᠬᠤ ᠳ᠋ᠤ᠌ ᠠᠶᠤᠭᠰᠠᠨ ᠦᠭᠡᠢ᠂ ᠡᠨᠳᠡ ᠢᠷᠡᠭᠰᠡᠨ ᠳ᠋ᠦ᠍ ᠠᠶᠤᠭᠠᠳ ᠪᠠᠢᠨ᠎ᠠ》 ᠭᠡᠵᠡᠢ᠃ 
       ᠲᠠᠤᠯᠠᠢ ᠰᠠᠨᠳᠤᠷᠤᠨ ᠣᠮᠣᠭᠣᠷ ᠤᠷᠤᠭᠤᠯ ᠢ᠋ᠶ᠋ᠠᠨ ᠳᠠᠷᠪᠠᠯᠵᠠᠭᠤᠯᠵᠤ᠂ ᠤᠷᠲᠤ ᠴᠢᠬᠢ ᠪᠡᠨ ᠰᠣᠯᠪᠢᠯᠵᠡᠭᠤᠯᠵᠦ ᠬᠡᠳᠦ ᠪᠣᠳᠣᠭᠠᠳ ᠴᠢᠮᠠᠶ᠋ᠢ ᠴᠢᠨᠣ᠎ᠠ ᠶ᠋ᠢᠨ ᠠᠶᠤᠯ ᠠ᠋ᠴᠠ ᠪᠢ ᠨᠢᠭᠡ ᠭᠠᠷᠭᠠᠵᠤ ᠦᠵᠡᠶ᠎ᠡ ᠭᠡᠳ ᠭᠤᠷᠪᠠᠭᠤᠯᠠ ᠶᠠᠪᠤᠵᠤ᠂ ᠨᠢᠭᠡᠨ ᠠᠢᠯ ᠤ᠋ᠨ ᠡᠪᠦᠯᠵᠢᠶ᠎ᠡ ᠳᠡᠭᠡᠷ᠎ᠡ ᠬᠦᠷᠴᠦ᠂ ᠡᠷᠢᠨ ᠡᠷᠢᠭᠰᠡᠭᠡᠷ ᠪᠠᠢᠭᠠᠳ᠂ ᠨᠢᠭᠡ ᠡᠭᠡᠷᠡᠦᠯ᠂ ᠨᠢᠭᠡ ᠪᠠᠷᠢᠭᠤᠯ᠂ ᠨᠢᠭᠡ ᠬᠠᠲᠠᠭᠤ ᠴᠠᠢ ᠶ᠋ᠢᠨ ᠳᠥᠷᠪᠡᠯᠵᠢᠨ ᠰᠢᠷ᠎ᠠ ᠴᠠᠭᠠᠰᠤ ᠣᠯᠵᠤ᠂ ᠲᠠᠤᠯᠠᠢ ᠬᠣᠨᠢ ᠶ᠋ᠢᠨ ᠵᠦᠭ ᠬᠡᠯᠡᠭᠰᠡᠨ ᠨᠢ᠄《ᠵᠠ᠂ ᠡᠨᠡ ᠬᠡᠳᠦᠨ ᠵᠦᠢᠯ ᠦ᠋ᠨ ᠶᠠᠭᠤᠮ᠎ᠠ ᠪᠠᠷ ᠲᠠ ᠨᠠᠷ ᠤ᠋ᠨ ᠠᠮᠢ ᠶ᠋ᠢ ᠠᠪᠤᠷᠠᠶ᠎ᠠ》 ᠭᠡᠵᠡᠢ᠃ ᠬᠣᠨᠢ ᠡᠰᠡ ᠲᠣᠭᠣᠵᠤ ᠲᠣᠯᠣᠭᠠᠢ ᠪᠠᠨ ᠳᠠᠮᠠᠷᠤᠳᠠᠬᠤ ᠳ᠋ᠤ᠌᠂ ᠲᠠᠤᠯᠠᠢ ᠬᠣᠨᠢᠨ ᠤ᠋ ᠴᠢᠬᠢᠨ ᠳ᠋ᠦ᠍ ᠰᠢᠪᠡᠨᠡᠨ ᠬᠡᠯᠡᠬᠦ ᠳ᠋ᠦ᠍᠂ ᠬᠣᠨᠢ ᠰᠠᠶᠢ ᠲᠣᠯᠣᠭᠠᠢ ᠳᠣᠬᠢᠨ ᠳᠠᠭᠠᠵᠤ ᠶᠠᠪᠤᠵᠠᠢ᠃  
       ᠬᠡᠳᠦᠭᠦᠯᠡ ᠪᠢᠴᠢᠬᠠᠨ ᠶᠠᠪᠤᠲᠠᠯ᠎ᠠ᠂ ᠥᠯᠥᠨ ᠬᠥᠬᠡ ᠴᠢᠨᠣ᠎ᠠ ᠥᠭᠡᠳᠡ ᠡᠴᠡ ᠨᠢ ᠢᠷᠡᠵᠦ ᠱᠣᠳᠣᠭᠣᠷ ᠰᠡᠭᠦᠯ ᠢ᠋ᠶ᠋ᠡᠨ ᠪᠣᠷᠪᠢᠨ ᠳ᠋ᠠᠭᠠᠨ ᠬᠠᠪᠴᠢᠵᠤ᠂ ᠰᠣᠶᠣᠭ᠎ᠠ ᠰᠢᠲᠦ ᠪᠡᠨ ᠢᠷᠵᠠᠢᠯᠭᠠᠨ᠂ ᠭᠡᠮ ᠨᠢ ᠵᠢᠰᠦᠨ ᠳ᠋ᠡᠭᠡᠨ ᠢᠯᠡᠷᠡᠵᠦ᠂ ᠭᠡᠳᠡᠰᠦ ᠨᠢ ᠨᠢᠷᠤᠭᠤᠨ ᠳ᠋ᠠᠭᠠᠨ ᠨᠠᠭᠠᠯᠳᠤᠵᠤ᠂ ᠠᠩᠬ᠎ᠠ ᠬᠡᠯᠡᠭᠰᠡᠨ ᠢ᠋ᠶ᠋ᠡᠨ ᠳᠤᠷᠠᠰᠴᠤ᠂ ᠠᠶᠤᠮᠠᠷ ᠰᠦᠷᠲᠡᠢ ᠵᠠᠩᠨᠠᠵᠤ ᠠᠮᠠ ᠪᠠᠨ ᠠᠩᠭᠠᠢᠨ ᠢᠷᠡᠬᠦ ᠳ᠋ᠦ᠍᠂ ᠲᠠᠤᠯᠠᠢ ᠲᠣᠩᠭᠣᠰ ᠲᠣᠩᠭᠣᠰ ᠳᠡᠭᠳᠡᠵᠦ ᠬᠣᠨᠢ ᠶ᠋ᠢᠨ ᠡᠮᠦᠨ᠎ᠡ ᠭᠠᠷᠴᠤ ᠳᠣᠪᠣᠢᠲᠠᠯ᠎ᠠ ᠰᠠᠭᠤᠵᠤ ᠪᠠᠢᠭᠠᠳ ᠲᠤᠩ ᠴᠤ᠌ ᠶᠡᠬᠡᠮᠰᠦᠭ ᠢ᠋ᠶ᠋ᠡᠷ ᠬᠡᠯᠡᠭᠰᠡᠨ ᠨᠢ᠄《ᠠᠰᠯᠠᠵᠤ ᠢᠷᠡᠭᠰᠡᠨ ᠵᠣᠷᠢᠭ ᠢ᠋ᠶ᠋ᠠᠷ ᠠᠲᠠᠷ ᠲᠠᠯ᠎ᠠ ᠳᠡᠭᠡᠷ᠎ᠡ ᠭᠦᠢᠴᠡᠳᠬᠡᠶ᠎ᠡ᠃ ᠴᠣᠬᠣᠯᠠᠵᠤ ᠢᠷᠡᠭᠰᠡᠨ ᠵᠣᠷᠢᠭ ᠢ᠋ᠶ᠋ᠠᠨ ᠴᠣᠬᠣᠮ ᠡᠨᠳᠡ ᠭᠦᠢᠴᠡᠳᠬᠡᠶ᠎ᠡ》 ᠭᠡᠵᠡᠢ᠃  
       ᠴᠢᠨᠣ᠎ᠠ᠂ ᠦᠭᠡ ᠶ᠋ᠢ ᠨᠢ ᠮᠡᠳᠡᠬᠦ ᠦᠭᠡᠢ ᠦᠯᠪᠡᠯᠵᠡᠵᠦ᠂ ᠤᠬᠠᠭᠠᠨ ᠢ᠋ ᠨᠢ ᠣᠯᠬᠤ ᠦᠭᠡᠢ ᠤᠯᠠᠪᠠᠯᠵᠠᠵᠤ ᠪᠠᠢᠲᠠᠯ᠎ᠠ᠂ ᠲᠠᠤᠯᠠᠢ᠄《ᠣᠯᠪᠣᠭ ᠢ᠋ᠶ᠋ᠠᠨ ᠳᠡᠪᠢᠰ》 ᠭᠡᠵᠡᠢ᠃ ᠬᠣᠨᠢ ᠪᠠᠷᠢᠭᠤᠯ ᠢ᠋ᠶ᠋ᠠᠨ ᠠᠪᠠᠴᠢᠭᠠᠳ ᠳᠡᠪᠢᠰᠴᠡᠢ᠃ ᠲᠠᠤᠯᠠᠢ ᠲᠡᠭᠦᠨ ᠳᠡᠭᠡᠷ᠎ᠡ ᠨᠢ ᠲᠣᠪᠬᠢᠲᠠᠯ᠎ᠠ ᠰᠠᠭᠤᠵᠠᠢ᠃ ᠲᠠᠤᠯᠠᠢ᠄《 ᠲᠤᠭ ᠢ᠋ᠶ᠋ᠠᠨ ᠪᠤᠰᠬ᠎ᠠ》 ᠭᠡᠵᠡᠢ᠃  
       ᠬᠣᠨᠢ ᠡᠭᠡᠷᠡᠦᠯ ᠢ᠋ᠶ᠋ᠡᠨ ᠠᠪᠠᠴᠢᠭᠠᠳ ᠬᠠᠳᠬᠤᠵᠠᠢ᠃ ᠲᠠᠤᠯᠠᠢ᠄《ᠪᠢᠴᠢᠭ ᠢ᠋ᠶ᠋ᠡᠨ ᠠᠪᠴᠤ ᠢᠷ᠎ᠡ》 ᠭᠡᠵᠡᠢ᠃ ᠬᠣᠨᠢ ᠰᠢᠷ᠎ᠠ ᠴᠠᠭᠠᠰᠤ ᠪᠠᠨ ᠠᠪᠴᠢᠷᠠᠭᠠᠳ ᠥᠭᠴᠡᠢ᠃ ᠲᠠᠤᠯᠠᠢ ᠪᠢᠴᠢᠭ ᠢ᠋ ᠠᠪᠤᠨ᠂ ᠣᠴᠣᠢᠨ ᠰᠠᠭᠤᠵᠤ᠂ ᠥᠨᠳᠥᠷ ᠡᠷᠭᠦᠵᠦ᠂᠂ ᠠᠭᠠᠵᠢᠮᠬᠠᠨ ᠦᠭᠡ ᠪᠡᠷ᠂ ᠠᠭᠰᠢᠭᠤᠨ ᠳᠠᠭᠤᠨ ᠢ᠋ᠶ᠋ᠠᠷ ᠠᠶᠠᠯᠤᠨ ᠤᠩᠰᠢᠵᠠᠢ᠃《ᠳᠡ ᠴᠢᠩ ᠡᠵᠡᠨ ᠬᠠᠭᠠᠨ ᠠ᠋ᠴᠠ᠂ ᠳᠠᠯᠠᠢ ᠯᠠᠮᠠ ᠶ᠋ᠢᠨ ᠭᠡᠭᠡᠨ ᠲᠠᠨ ᠳ᠋ᠤ᠌ ᠳᠠᠩᠰᠢᠭ ᠮᠠᠨᠳᠤᠯ ᠡᠷᠭᠦᠨ᠎ᠡ ᠭᠡᠵᠦ ᠳᠠᠯᠠᠨ ᠬᠣᠶᠠᠷ ᠴᠢᠨᠣ᠎ᠠ ᠶ᠋ᠢᠨ ᠠᠷᠠᠰᠤ ᠶ᠋ᠢ ᠳᠠᠪ ᠳᠠᠷᠤᠢ ᠠᠪᠴᠢᠷᠠᠬᠤ ᠶ᠋ᠢ ᠳᠠᠬᠢᠨ ᠳᠠᠬᠢᠨ ᠰᠢᠪᠠᠳᠠᠨ ᠵᠠᠷᠯᠠᠪᠠ》ᠭᠡᠰᠡᠨ ᠳ᠋ᠦ᠍ ᠴᠢᠨᠣ᠎ᠠ ᠠᠶᠤᠭᠰᠠᠨ ᠪᠠᠢᠳᠠᠯ ᠲᠠᠢ ᠪᠠᠢᠬᠤ ᠶ᠋ᠢ ᠲᠠᠤᠯᠠᠢ ᠮᠡᠳᠡᠵᠦ ᠨᠡᠩ ᠶᠡᠬᠡ ᠳᠠᠭᠤ ᠪᠠᠷ ᠪᠠᠰᠠ ᠬᠡᠯᠡᠵᠡᠢ᠃《ᠡᠵᠡᠨ ᠦ᠌ ᠵᠠᠷᠯᠢᠭ ᠢ᠋ ᠡᠷᠭᠢᠭᠦᠯᠵᠦ ᠪᠣᠯᠬᠤ ᠦᠭᠡᠢ᠂ ᠬᠠᠭᠠᠨ ᠤ᠋ ᠵᠠᠷᠯᠢᠭ ᠢ᠋ ᠬᠠᠯᠢᠷᠠᠵᠤ ᠪᠣᠯᠬᠤ ᠦᠭᠡᠢ᠃ ᠳᠠᠯᠠᠢ ᠳ᠋ᠤ᠌ ᠳᠤᠰᠤᠯ ᠨᠡᠮᠡᠷᠢ᠂ ᠳᠠᠩᠰᠢᠭ ᠲᠤ᠌ ᠬᠠᠳᠠᠭ ᠨᠡᠮᠡᠷᠢ᠂ ᠨᠢᠭᠡ ᠶ᠋ᠢ ᠥᠷᠲᠥᠭᠰᠡᠨ ᠴᠦ᠍ ᠨᠢᠳᠤᠷᠴᠤ ᠪᠠᠢ! ᠬᠣᠶᠠᠷ ᠢ᠋ ᠥᠷᠲᠥᠭᠰᠡᠨ ᠴᠦ᠍ ᠬᠣᠷᠣᠭᠠᠵᠤ ᠪᠠᠢ! ᠬᠣᠨᠢ ᠭᠤᠸᠠᠢ ᠪᠣᠰ! ᠴᠢᠨᠣ᠎ᠠ ᠭᠤᠸᠠᠢ ᠶ᠋ᠢ ᠪᠡᠷᠢ!》ᠭᠡᠵᠦ ᠪᠠᠷᠬᠢᠷᠠᠭᠰᠠᠨ ᠳ᠋ᠤ᠌᠂ ᠥᠯᠥᠨ ᠴᠢᠨᠣ᠎ᠠ ᠶ᠋ᠢᠨ ᠦᠰᠦ ᠨᠢ ᠵᠠᠷᠠᠢᠵᠤ᠂ ᠦᠶ᠎ᠡ ᠨᠢ ᠴᠠᠷᠴᠠᠵᠤ᠂ ᠰᠦᠷ ᠨᠢ ᠪᠠᠭᠤᠷᠠᠨ ᠰᠦᠨᠡᠰᠦ ᠨᠢ ᠵᠠᠢᠯᠠᠨ ᠱᠦᠷᠳ᠋ ᠭᠡᠲᠡᠯ᠎ᠡ ᠳᠤᠲᠠᠭᠠᠪᠠ᠃  
       ᠲᠠᠤᠯᠠᠢ ᠠᠷᠭ᠎ᠠ ᠪᠦᠲᠦᠭᠰᠡᠨ ᠳ᠋ᠡᠭᠡᠨ ᠪᠠᠶᠠᠷᠯᠠᠨ ᠠᠭᠠᠵᠢᠮ ᠢ᠋ᠶ᠋ᠠᠷ ᠰᠤᠨᠢᠶᠠᠨ ᠪᠣᠰᠴᠤ᠂ ᠬᠠᠷ᠎ᠠ ᠬᠠᠯᠵᠠᠨ ᠬᠣᠨᠢᠨ ᠤ᠋ ᠬᠠᠮᠠᠷ ᠤ᠋ᠨ ᠲᠣᠰᠣ ᠶ᠋ᠢ ᠨᠢ ᠵᠢᠭᠠᠵᠤ:《ᠮᠠᠨᠽᠤᠰᠢᠷᠢ ᠴᠢᠮᠠᠶ᠋ᠢ ᠠᠪᠤᠷᠠᠭᠰᠠᠨ ᠦᠭᠡᠢ᠂ ᠮᠠᠩᠬ᠎ᠠ ᠶ᠋ᠢᠨ ᠲᠠᠤᠯᠠᠢ ᠠᠪᠤᠷᠠᠪᠠ᠃ ᠡᠨᠡ ᠶᠡᠬᠡ ᠦᠯᠢᠭᠡᠷ ᠢ᠋ᠶ᠋ᠡᠨ ᠡᠭᠦᠷᠢᠳᠡ ᠪᠢᠲᠡᠭᠡᠢ ᠮᠠᠷᠲᠠ!》ᠭᠡᠳ ᠲᠣᠩᠭᠣᠰ ᠲᠣᠩᠭᠣᠰ ᠲᠣᠯᠣᠭᠠᠢ ᠰᠠᠵᠢᠨ ᠶᠠᠪᠤᠵᠤ ᠭᠡᠨ᠎ᠡ᠃  

              ᠦᠰᠦᠭ ᠠᠮᠢᠯᠠᠭᠤᠯᠤᠭᠴᠢ᠄  ᠬᠡᠯᠡᠰᠣᠶᠣᠯ(ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                         ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ ᠪᠠᠢ·ᠰᠠᠷᠠᠨ᠎ᠠ᠂
                                         ᠬᠡᠷᠡᠢᠳ·ᠮᠥᠩᠬᠡᠨᠠᠰᠤᠨ᠂ ᠮᠥᠩᠭᠥᠨ᠂ ᠭᠡᠷᠡᠯ᠂ ᠡᠷᠴᠢᠨ᠂ ᠠᠯᠲᠠᠨᠴᠡᠴᠡᠭ 
                   ᠬᠢᠨᠠᠭᠴᠢ᠄ ᠣᠳᠬᠠᠨᠰᠣ᠎ᠠ᠂ ᠪᠠᠯ᠂ ᠭᠠᠷᠮ᠎ᠠ᠂ ᠡᠭᠦᠯᠡᠩᠬᠤᠸᠠᠷ᠂ ᠤᠷᠠᠨᠴᠢᠮᠡᠭ᠂ ᠰᠡᠬᠡᠭᠡᠷᠡᠯ᠂ 
                                ᠨᠠᠷᠠᠨ᠂ ᠣᠶᠤᠨᠴᠢᠮᠡᠭ ᠂ ᠬᠡᠯᠡᠰᠣᠶᠣᠯ(ᠪᠤᠤ ᠸᠧᠨ ᠬᠤᠸᠠ)᠂ ᠭᠡᠷᠡᠯ᠂ ᠮᠣᠩᠭᠣᠯ ᠰᠦᠨᠡᠰᠦ