ᠰᠡᠳᠬᠢᠯ ᠡᠷᠭᠢᠴᠡᠭᠰᠡᠨ ᠨᠤᠲᠤᠭ-ᠪᠦ᠊· ᠳᠠᠯᠠᠨᠲᠠᠢСэтгэл эргэцсан нутаг-Бү·Далантай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠡᠷᠭᠢᠴᠡᠭᠰᠡᠨ ᠨᠤᠲᠤᠭ-ᠪᠦ᠊· ᠳᠠᠯᠠᠨᠲᠠᠢСэтгэл эргэцсан нутаг-Бү·Далантай

ᠰᠡᠳᠬᠢᠯ ᠡᠷᠭᠢᠴᠡᠭᠰᠡᠨ ᠨᠤᠲᠤᠭ-ᠪᠦ᠊· ᠳᠠᠯᠠᠨᠲᠠᠢСэтгэл эргэцсан нутаг-Бү·Далантай

2025-12-10

671

ᠰᠡᠳᠬᠢᠯ ᠡᠷᠭᠢᠴᠡᠭᠰᠡᠨ ᠨᠤᠲᠤᠭ


            ᠵᠣᠬᠢᠶᠠᠭᠴᠢ᠄ ᠪᠦ᠊· ᠳᠠᠯᠠᠨᠲᠠᠢ᠂

ᠲᠣᠷᠭᠠᠨ ᠬᠣᠷᠮᠣᠢ ᠳ᠋ᠤ᠌ ᠪᠠᠨ ᠲᠤᠰᠤᠮᠠᠭᠴᠠ
ᠤᠤᠭᠠᠨ ᠬᠠᠢᠷ᠎ᠠ ᠪᠠᠷ ᠢ᠋ᠶ᠋ᠠᠨ ᠡᠩᠬᠦᠷᠡᠢᠯᠡᠨ
ᠣᠷᠣᠭ᠎ᠠ ᠠᠮᠢᠳᠤᠷᠠᠯ ᠳ᠋ᠤ᠌ ᠳᠥᠷᠥᠭᠡ ᠵᠢᠭᠢᠯᠭᠡᠵᠦ
ᠵᠢᠷᠣᠭ᠎ᠠ ᠦᠢᠯᠡᠰ ᠲᠦ᠍ ᠵᠢᠯᠣᠭᠣ ᠰᠤᠩᠭᠠᠭᠤᠯᠤᠭᠰᠠᠨ

ᠠᠳᠤᠭᠤ ᠪᠠᠨ ᠮᠠᠨᠠᠭᠰᠠᠨ ᠠᠪᠤ ᠮᠢᠨᠢ ᠶᠦᠮ ᠰᠢᠭ
ᠠᠭᠯᠠᠭ ᠰᠠᠢᠬᠠᠨ ᠬᠠᠩᠭᠠᠢ ᠮᠢᠨᠢ
ᠠᠷᠤᠭ ᠢ᠋ᠶ᠋ᠠᠨ ᠡᠭᠦᠷᠦᠭᠰᠡᠨ ᠡᠵᠢ ᠮᠢᠨᠢ ᠶᠦᠮ ᠰᠢᠭ
ᠠᠯᠠᠭ ᠨᠢᠳᠦᠨ ᠳ᠋ᠦ᠍ ᠬᠠᠯᠠᠭᠤᠬᠠᠨ ᠰᠠᠨᠠᠭᠳᠠᠨ᠎ᠠ

ᠢᠲᠡᠭᠡᠯ ᠵᠢᠳᠬᠦᠯ ᠬᠣᠶᠠᠷ ᠢ᠋ᠶ᠋ᠠᠨ ᠪᠢ
ᠨᠤᠲᠤᠭ ᠴᠢᠮ᠎ᠠ ᠳ᠋ᠤ᠌ ᠪᠠᠨ ᠢᠯᠡᠭᠡᠵᠦ ᠪᠠᠢᠨ᠎ᠠ
ᠢᠷᠡᠭᠡᠳᠦᠢ ᠰᠠᠢᠬᠠᠨ ᠬᠦᠰᠡᠯ ᠢ᠋ᠶ᠋ᠡᠨ
ᠨᠣᠲ᠋ᠯᠠᠭᠠᠳ ᠪᠢ ᠳᠠᠭᠤᠯᠠᠵᠤ ᠶᠠᠪᠤᠨ᠎ᠠ᠃

ᠣᠳᠣᠨ ᠰᠦᠷᠦᠭ ᠲᠡᠢ ᠨᠤᠲᠤᠭ ᠢ᠋ᠶ᠋ᠠᠨ ᠪᠢ
ᠤᠯᠠᠭᠠᠨ ᠵᠢᠷᠦᠬᠡᠨ ᠳ᠋ᠦ᠍ ᠪᠡᠨ ᠬᠠᠳᠠᠭᠠᠯᠠᠵᠤ
ᠰᠣᠳᠣᠨ ᠪᠡᠯᠴᠢᠭᠡᠷ ᠲᠡᠢ ᠬᠥᠳᠡᠭᠡ ᠪᠡᠨ
ᠰᠣᠷᠭᠣᠭ ᠬᠠᠷᠠᠭᠠᠨ ᠳ᠋ᠤ᠌ ᠪᠠᠨ ᠪᠠᠭᠲᠠᠭᠠᠵᠤ

ᠳᠡᠯᠭᠡᠷ ᠬᠠᠩᠭᠠᠢ ᠣᠷᠣᠨ ᠤ᠋ ᠪᠠᠨ
ᠲᠡᠨᠢᠭᠡᠷ ᠨᠣᠭᠣᠭᠠᠨ ᠡᠯᠢᠭᠡᠨ ᠳᠡᠭᠡᠷ᠎ᠡ 
ᠳᠠᠷᠬᠠᠨ ᠦᠢᠯᠡᠰ ᠢ᠋ᠶ᠋ᠡᠨ ᠪᠤᠰᠬᠠᠨ
ᠳᠠᠢᠴᠢᠨ ᠠᠮᠢᠳᠤᠷᠠᠯ ᠢ᠋ᠶ᠋ᠠᠨ ᠴᠣᠭᠴᠠᠯᠠᠵᠤ

ᠢᠲᠡᠭᠡᠯ ᠵᠢᠳᠬᠦᠯ ᠬᠣᠶᠠᠷ ᠢ᠋ᠶ᠋ᠠᠨ ᠪᠢ
ᠨᠤᠲᠤᠭ ᠴᠢᠮ᠎ᠠ ᠳ᠋ᠤ᠌ ᠪᠠᠨ ᠢᠯᠡᠭᠡᠵᠦ ᠪᠠᠢᠨ᠎ᠠ
ᠢᠷᠡᠭᠡᠳᠦᠢ ᠰᠠᠢᠬᠠᠨ ᠬᠦᠰᠡᠯ ᠢ᠋ᠶ᠋ᠡᠨ
ᠨᠣᠲ᠋ᠯᠠᠭᠠᠳ᠋ᠠ ᠪᠢ ᠳᠠᠭᠤᠯᠠᠵᠤ ᠶᠠᠪᠤᠨ᠎ᠠ᠃

ᠠᠰᠬᠠᠷᠠᠬᠤ ᠪᠦᠯᠢᠶᠡᠨ ᠨᠢᠯᠪᠤᠰᠤ ᠪᠠᠨ
ᠠᠶᠠᠰ ᠤ᠋ᠨ ᠰᠠᠯᠬᠢ ᠪᠠᠷ ᠢᠯᠪᠢᠭᠦᠯᠤᠨ
ᠠᠶᠠᠷᠯᠠᠬᠤ ᠦᠷ᠎ᠡ ᠶ᠋ᠢᠨ ᠢ᠋ᠶ᠋ᠡᠨ ᠬᠣᠢᠨ᠎ᠠ ᠠ᠋ᠴᠠ
ᠠᠢᠷᠠᠭ ᠢ᠋ᠶ᠋ᠠᠨ ᠡᠷᠭᠦᠨ ᠬᠣᠴᠣᠷᠤᠭᠰᠠᠨ

ᠥᠨᠢᠷ ᠮᠣᠩᠭᠣᠯ ᠣᠷᠣᠨ ᠤ᠋ ᠪᠠᠨ
ᠵᠢᠷᠦᠬᠡ ᠨᠢ ᠶᠦᠮ ᠰᠢᠭ ᠬᠣᠯᠪᠣᠯᠳᠤᠭᠰᠠᠨ
ᠦᠵᠡᠯ ᠴᠠᠭᠠᠨ ᠡᠵᠢ ᠶ᠋ᠢᠨ
ᠵᠢᠰᠦ ᠨᠢ ᠶᠦᠮ ᠰᠢᠭ ᠥᠯᠥᠭᠡᠢ ᠮᠢᠨᠢ

ᠢᠲᠡᠭᠡᠯ ᠵᠢᠳᠬᠦᠯ ᠬᠣᠶᠠᠷ ᠢ᠋ᠶ᠋ᠠᠨ ᠪᠢ
ᠨᠤᠲᠤᠭ ᠴᠢᠮ᠎ᠠ ᠳ᠋ᠤ᠌ ᠪᠠᠨ ᠢᠯᠡᠭᠡᠵᠦ ᠪᠠᠢᠨ᠎ᠠ
ᠢᠷᠡᠭᠡᠳᠦᠢ ᠰᠠᠢᠬᠠᠨ ᠬᠦᠰᠡᠯ ᠢ᠋ᠶ᠋ᠡᠨ
ᠨᠣᠲ᠋ᠯᠠᠭᠠᠳ ᠪᠢ ᠳᠠᠭᠤᠯᠠᠵᠤ ᠶᠠᠪᠤᠨ᠎ᠠ᠃

ᠬᠠᠷᠢ ᠭᠠᠵᠠᠷ ᠬᠢᠯᠢ ᠶ᠋ᠢᠨ ᠴᠠᠢᠵᠠ ᠶ᠋ᠢ
ᠲᠥᠷᠥ ᠶ᠋ᠢᠨ ᠶᠣᠰᠣᠭᠠᠷ ᠴᠢᠭᠯᠡᠨ ᠵᠣᠷᠢᠵᠤ
ᠬᠤᠯᠠᠨ ᠵᠢᠷᠣᠭ᠎ᠠ ᠰᠤᠷ ᠵᠢᠯᠣᠭᠣ ᠲᠠᠢ
ᠬᠣᠷᠭᠣᠢ ᠨᠤᠲᠤᠭ ᠠ᠋ᠴᠠ ᠪᠠᠨ ᠰᠠᠯᠤᠨ ᠶᠠᠪᠤᠵᠤ

ᠰᠡᠷᠭᠦᠯᠡᠩ ᠮᠣᠩᠭᠣᠯ ᠡᠵᠢ ᠶ᠋ᠢᠨ ᠬᠦᠦ
ᠰᠡᠳᠬᠢᠯ ᠰᠡᠢᠷᠡᠭ  ᠶᠠᠪᠤᠬᠤ ᠦᠭᠡᠢ ᠭᠡᠵᠦ
ᠰᠠᠶ᠎ᠠ ᠣᠯᠠᠨ ᠠᠷᠠᠳ ᠤ᠋ᠨ ᠢ᠋ᠶ᠋ᠠᠨ
ᠰᠠᠨᠠᠭ᠎ᠠ ᠤᠬᠠᠭᠠᠨ ᠳ᠋ᠤ᠌ ᠵᠠᠯᠠᠭᠤᠵᠢᠨ

ᠢᠲᠡᠭᠡᠯ ᠵᠢᠳᠬᠦᠯ ᠬᠣᠶᠠᠷ ᠢ᠋ᠶ᠋ᠠᠨ ᠪᠢ
ᠨᠤᠲᠤᠭ ᠴᠢᠮ᠎ᠠ ᠳ᠋ᠤ᠌ ᠪᠠᠨ ᠢᠯᠡᠭᠡᠵᠦ ᠪᠠᠢᠨ᠎ᠠ
ᠢᠷᠡᠭᠡᠳᠦᠢ ᠶ᠋ᠢᠨ ᠰᠠᠢᠬᠠᠨ ᠬᠦᠰᠡᠯ ᠢ᠋ᠶ᠋ᠡᠨ
ᠨᠣᠲ᠋ᠯᠠᠭᠠᠳ ᠪᠢ ᠳᠠᠭᠤᠯᠠᠵᠤ ᠶᠠᠪᠤᠨ᠎ᠠ᠃

ᠥᠩᠰᠢᠭ ᠵᠢᠯ ᠦ᠋ᠨ ᠬᠠᠪᠤᠷ ᠨᠢ ᠶᠦᠮ ᠰᠢᠭ
ᠥᠭᠡᠳᠡᠯᠡᠬᠦ ᠴᠠᠭ ᠤ᠋ᠨ ᠬᠥᠭᠵᠢᠯ ᠢ᠋ ᠤᠷᠢᠭᠰᠠᠨ
ᠥᠩᠭᠡᠲᠦ ᠠᠮᠢᠳᠤᠷᠠᠯ ᠤ᠋ᠨ ᠨᠣᠭᠣᠭᠠᠨ ᠳᠡᠨᠵᠢᠨ ᠡᠴᠡ
ᠦᠢᠯᠡᠰ ᠦ᠋ᠨ ᠥᠨᠳᠥᠷᠯᠢᠭ ᠢ᠋ ᠴᠣᠭᠴᠠᠯᠠᠵᠤ ᠶᠠᠪᠤᠬᠤ

ᠦᠷ ᠢ᠋ᠶ᠋ᠡᠷ ᠡᠬᠢᠯᠡᠭᠰᠡᠨ ᠲᠠᠩᠭᠠᠷᠢᠭ ᠢ᠋ᠶ᠋ᠠᠨ
ᠰᠦᠷ ᠢ᠋ᠶ᠋ᠡᠷ ᠪᠠᠲᠤᠯᠠᠨ ᠰᠦᠨᠳᠡᠷᠯᠡᠭᠦᠯᠵᠦ
ᠥᠨᠢᠳᠡ ᠡᠷᠴᠢᠯᠡᠭᠰᠡᠨ ᠵᠣᠷᠢᠭ ᠢ᠋ᠶ᠋ᠠᠨ
ᠰᠥᠯ ᠰᠢᠮ᠎ᠡ ᠲᠡᠢ ᠲᠤᠩᠬᠠᠭᠯᠠᠨ ᠪᠠᠢᠵᠤ

ᠢᠲᠡᠭᠡᠯ ᠵᠢᠳᠬᠦᠯ ᠬᠣᠶᠠᠷ ᠢ᠋ᠶ᠋ᠠᠨ ᠪᠢ
ᠨᠤᠲᠤᠭ ᠴᠢᠮ᠎ᠠ ᠳ᠋ᠤ᠌ ᠪᠠᠨ ᠢᠯᠡᠭᠡᠵᠦ ᠪᠠᠢᠨ᠎ᠠ
ᠢᠷᠡᠭᠡᠳᠦᠢ ᠰᠣᠳᠤᠬᠠᠨ ᠬᠦᠰᠡᠯ ᠢ᠋ᠶ᠋ᠡᠨ
ᠨᠤᠲ᠋ᠯᠠᠭᠠᠤᠨ ᠪᠢ ᠳᠠᠭᠤᠯᠠᠵᠤ ᠶᠠᠪᠤᠨ᠎ᠠ᠃

ᠠᠳᠤᠭᠤᠨ ᠤ᠋ ᠠᠷᠤ ᠠ᠋ᠴᠠ ᠤᠷᠠᠭ᠎ᠠ ᠲᠣᠬᠣᠢᠯᠠᠨ
ᠨᠣᠮ ᠤ᠋ᠨ ᠦᠰᠦᠭ ᠢ᠋ ᠮᠥᠷᠳᠡᠨ ᠲᠠᠨᠢᠭᠰᠠᠨ
ᠠᠯᠤᠰ ᠤ᠋ᠨ ᠠᠯᠪᠠᠨ ᠳ᠋ᠤ᠌ ᠫᠤᠤ ᠮᠥᠷᠥᠯᠡᠨ
ᠨᠠᠮ ᠤ᠋ᠨ ᠦᠭᠡ ᠶ᠋ᠢ ᠬᠢᠴᠢᠶᠡᠨ ᠳᠠᠭᠠᠭᠰᠠᠨ

ᠢᠪᠢᠯᠵᠦ ᠪᠠᠢᠭ᠎ᠠ ᠬᠠᠢᠷ᠎ᠠ ᠪᠠᠷ ᠢ᠋ᠶ᠋ᠠᠨ
ᠢᠷᠦᠭᠡᠵᠦ ᠶᠠᠪᠤᠨ᠎ᠠ ᠨᠤᠲᠤᠭ ᠢ᠋ᠶ᠋ᠠᠨ
ᠢᠯᠪᠢᠵᠦ ᠪᠠᠢᠭ᠎ᠠ ᠰᠠᠯᠬᠢᠨ ᠳ᠋ᠤ᠌ ᠨᠢ
ᠢᠰᠬᠡᠷᠴᠦ ᠶᠠᠪᠤᠨ᠎ᠠ ᠠᠮᠢᠳᠤᠷᠠᠯ ᠢ᠋ᠶ᠋ᠠᠨ

ᠢᠲᠡᠭᠡᠯ ᠵᠢᠳᠬᠦᠯ ᠬᠣᠶᠠᠷ ᠢ᠋ᠶ᠋ᠠᠨ ᠪᠢ
ᠨᠤᠲᠤᠭ ᠴᠢᠮ᠎ᠠ ᠳ᠋ᠤ᠌ ᠪᠠᠨ ᠢᠯᠡᠭᠡᠵᠦ ᠪᠠᠢᠨ᠎ᠠ
ᠢᠷᠡᠭᠡᠳᠦᠢ ᠠᠭᠤᠳᠠᠮ ᠬᠦᠰᠡᠯ ᠢ᠋ᠶ᠋ᠡᠨ
ᠨᠣᠲ᠋ᠯᠠᠭᠠᠳ ᠪᠢ ᠳᠠᠭᠤᠯᠠᠵᠤ ᠶᠠᠪᠤᠨ᠎ᠠ᠃

ᠰᠤᠪᠤᠳ ᠲᠠᠯ᠎ᠠ ᠶ᠋ᠢᠨ ᠪᠠᠶᠠᠨ ᠳᠡᠨᠵᠢ ᠪᠡᠷ
ᠰᠤᠷ ᠵᠢᠯᠣᠭᠣ ᠰᠤᠩᠭᠠᠨ ᠳᠠᠪᠬᠢᠵᠤ
ᠰᠣᠶᠣᠯ ᠪᠣᠯᠪᠠᠰᠤᠨ ᠤ᠋ ᠭᠡᠭᠡᠨ ᠵᠥᠷᠢᠭ ᠢ᠋ᠶ᠋ᠡᠷ
ᠰᠣᠳᠣᠨ ᠬᠦᠯᠦᠭ ᠢ᠋ᠶ᠋ᠡᠨ ᠰᠣᠷᠢᠨ ᠲᠣᠭᠯᠠᠭᠤᠯᠵᠤ

ᠨᠠᠷᠮᠠᠢ ᠮᠣᠩᠭᠣᠯ ᠨᠤᠲᠤᠭ ᠤ᠋ᠨ ᠢ᠋ᠶ᠋ᠠᠨ
ᠨᠠᠷᠠᠨ ᠳᠣᠣᠷ᠎ᠠ ᠨᠢ ᠵᠢᠷᠭᠠᠵᠤ
ᠨᠠᠰᠤᠨ ᠤ᠋ ᠰᠠᠷᠠᠭᠤᠯᠬᠠᠨ ᠬᠦᠰᠡᠯ ᠢ᠋ᠶ᠋ᠡᠨ
ᠨᠠᠪᠴᠢᠨ ᠳᠡᠭᠡᠷ᠎ᠡ ᠨᠢ ᠵᠢᠷᠤᠭᠯᠠᠵᠤ

ᠢᠳᠡᠭᠦᠯ ᠵᠢᠳᠬᠦᠯ ᠬᠣᠶᠠᠷ ᠢ᠋ᠶ᠋ᠠᠨ ᠪᠢ
ᠨᠤᠲᠤᠭ ᠴᠢᠮ᠎ᠠ ᠳ᠋ᠤ᠌ ᠪᠠᠨ ᠢᠯᠡᠭᠡᠵᠦ ᠪᠠᠢᠨ᠎ᠠ
ᠢᠷᠡᠭᠡᠳᠦᠢ ᠭᠠᠩᠭᠠᠩ ᠬᠦᠰᠡᠯ ᠢ᠋ᠶ᠋ᠡᠨ
ᠨᠣᠲ᠋ᠯᠠᠭᠠᠳ ᠪᠢ ᠳᠠᠭᠤᠯᠠᠵᠤ ᠶᠠᠪᠤᠨ᠎ᠠ

ᠰᠠᠷᠠᠭᠤᠯ ᠨᠤᠲᠤᠭ ᠢ᠋ᠶ᠋ᠠᠨ ᠳᠤᠷᠠᠰᠤᠨ ᠶᠠᠪᠤᠬᠤ
ᠰᠠᠢᠬᠠᠨ ᠢᠷᠦᠭᠡᠯ ᠲᠡᠢ ᠬᠦᠦ ᠴᠢᠨᠢ
ᠰᠠᠯᠳᠠᠭ ᠦᠭᠡᠢ ᠮᠥᠩᠬᠡ ᠣᠷᠣᠨ ᠢ᠋ᠶ᠋ᠠᠨ
ᠰᠠᠨᠠᠵᠤ ᠶᠠᠪᠤᠬᠤ ᠶ᠋ᠢᠨ ᠵᠠᠶᠠᠭᠠᠨ ᠳ᠋ᠤ᠌

ᠡᠯᠡᠰᠦ ᠲᠡᠢ ᠴᠤ᠌ ᠪᠣᠯᠤᠭ ᠨᠤᠲᠤᠭ ᠮᠢᠨᠢ
ᠡᠴᠢᠭᠡ ᠳᠡᠭᠡᠳᠦ ᠶ᠋ᠢᠨ ᠭᠣᠯᠣᠮᠲᠠ ᠭᠡᠵᠦ
ᠡᠵᠡᠭᠦᠢ ᠴᠤ᠌ ᠪᠠᠢᠭ ᠬᠠᠩᠭᠠᠢ ᠮᠢᠨᠢ
ᠦᠷ᠎ᠡ ᠨᠢ ᠮᠢᠨᠦ ᠥᠯᠥᠭᠡᠢ ᠶᠦᠮ ᠭᠡᠵᠦ

ᠢᠲᠡᠭᠡᠯ ᠵᠢᠳᠬᠦᠯ ᠬᠣᠶᠠᠷ ᠢ᠋ᠶ᠋ᠠᠨ ᠪᠢ
ᠢᠷᠦᠭᠡᠯ ᠦ᠋ᠨ ᠰᠠᠢᠬᠠᠨ ᠢ᠋ᠶ᠋ᠠᠷ ᠳᠡᠭᠡᠳᠦᠯᠡᠵᠦ ᠪᠠᠢᠨ᠎ᠠ
ᠡᠷᠢᠨ ᠦ᠌ ᠲᠡᠨᠢᠭᠦᠬᠡᠨ ᠬᠦᠰᠡᠯ ᠢ᠋ᠶ᠋ᠡᠨ
ᠡᠭᠡᠰᠢᠭᠯᠡᠭᠡᠳ ᠪᠢ ᠰᠢᠯᠦᠭᠯᠡᠵᠦ ᠪᠠᠢᠨ᠎ᠠ᠃

         ᠦᠰᠦᠭ ᠠᠮᠢᠯᠠᠭᠤᠯᠤᠭᠴᠢ᠄ ᠰᠦᠨ ᠰᠠᠴᠤᠯᠢ《 ᠬᠡ 》( g ) ᠬᠣᠯᠪᠣᠭ᠎ᠠ ᠠ᠋ᠴᠠ
        ᠬᠢᠨᠠᠭᠴᠢ᠄ ᠲᠣᠳᠣᠭᠡᠷᠡᠯ᠂ ᠨᠠ᠊· ᠴᠠᠭᠠᠨ᠂ ᠨᠠᠷᠠᠨ᠌ᠲᠣᠭᠣᠰ᠂ ᠤᠤᠭᠠᠨᠵᠢᠳ