ᠴᠠᠭᠠᠨ ᠡᠷᠢᠶᠡᠨ ᠮᠣᠭᠠᠢ Tsagaan ereen mogoiЦагаан эрээн могой
ᠴᠠᠭᠠᠨ ᠡᠷᠢᠶᠡᠨ ᠮᠣᠭᠠᠢ
ᠲᠤᠰ ᠡᠮ ᠪᠣᠯ ᠰᠢᠯᠲᠦ ᠮᠣᠭᠠᠢ ᠶ᠋ᠢᠨ ᠢᠵᠠᠭᠤᠷ ᠤ᠋ᠨ ᠠᠮᠢᠲᠠᠨ ᠪᠣᠯᠬᠤ ᠮᠥᠩᠭᠥᠨ ᠴᠠᠭᠠᠷᠢᠭᠲᠤ ᠮᠣᠭᠠᠢ ᠶ᠋ᠢᠨ ᠵᠤᠯᠵᠠᠭ᠎ᠠ ᠶ᠋ᠢᠨ ᠬᠠᠲᠠᠭᠠᠭᠰᠠᠨ ᠪᠦᠬᠦᠯᠢ ᠪᠡᠶ᠎ᠡ ᠮᠥᠨ᠃
[ ᠤᠤᠯ ᠠᠮᠢᠲᠠᠨ] ᠪᠦᠬᠦ ᠤᠷᠲᠤ ᠨᠢ140cm᠃ ᠲᠣᠯᠣᠭᠠᠢ ᠶ᠋ᠢᠨ ᠬᠡᠰᠡᠭ ᠨᠢ ᠵᠤᠤᠪᠠᠩ ᠬᠡᠯᠪᠡᠷᠢ ᠲᠡᠢ᠂ ᠬᠦᠵᠦᠭᠦᠦ ᠡᠴᠡ ᠪᠡᠨ ᠵᠢᠭᠠᠬᠠᠨ ᠪᠦᠳᠦᠭᠦᠨ᠂ ᠰᠡᠭᠦᠯ ᠨᠢ ᠤᠷᠲᠤ ᠪᠥᠭᠡᠳ ᠠᠯᠭᠤᠷ ᠨᠠᠷᠢᠰᠳᠠᠭ᠃ ᠪᠡᠶ᠎ᠡ ᠶ᠋ᠢᠨ ᠠᠷᠤ ᠨᠢ ᠬᠥᠬᠡ ᠬᠠᠷ᠎ᠠ᠂ ᠥᠪᠥᠷ ᠨᠢ ᠴᠠᠭᠠᠨ᠂37~61 ᠴᠠᠢᠪᠤᠷ ᠴᠠᠭᠠᠷᠢᠭ ᠲᠣᠯᠪᠣ ᠲᠠᠢ ᠪᠠᠢᠳᠠᠭ ᠢ᠋ᠶ᠋ᠠᠷ ᠨᠢ ᠮᠥᠩᠭᠥᠨ ᠴᠠᠭᠠᠷᠢᠭᠲᠤ ᠮᠣᠭᠠᠢ ᠭᠡᠵᠡᠢ᠃ ᠲᠣᠯᠣᠭᠠᠢ ᠶ᠋ᠢᠨ ᠠᠷᠤ ᠳ᠋ᠤᠨᠢ ᠲᠣᠮᠣ ᠬᠠᠢᠷᠰᠤ ᠨᠤᠭᠤᠳ ᠲᠠᠢ᠃ ᠳᠡᠭᠡᠳᠦ ᠤᠷᠤᠭᠤᠯ ᠳ᠋ᠠᠭᠠᠨ7~9᠂ ᠳᠣᠣᠷᠠᠲᠤ ᠤᠷᠤᠭᠤᠯ ᠳ᠋ᠠᠭᠠᠨ7 ᠬᠠᠢᠷᠰᠤ ᠲᠠᠢ᠃ ᠪᠡᠶ᠎ᠡ ᠶ᠋ᠢᠨ ᠠᠷᠤ ᠬᠠᠢᠷᠰᠤ ᠨᠢ15 ᠮᠥᠷ᠂ ᠬᠢᠷ᠎ᠠ ᠬᠢᠭᠡᠳ ᠰᠦᠪᠡ ᠦᠭᠡᠢ᠂ ᠥᠪᠥᠷ ᠬᠠᠢᠷᠰᠤ ᠨᠢ198~218 ᠢᠯᠭᠠᠰᠤᠨ ᠰᠦᠪᠡ ᠶ᠋ᠢᠨ ᠬᠠᠢᠷᠰᠤ ᠨᠢ ᠳᠠᠩ᠂ ᠰᠡᠭᠦᠯ ᠦ᠋ᠨ ᠳᠣᠣᠷᠠᠲᠤ ᠬᠠᠢᠷᠰᠤ ᠨᠢ40~53 ᠪᠠᠢᠳᠠᠭ᠃ ᠳᠡᠭᠡᠳᠦ ᠡᠷᠡᠦ ᠳ᠋ᠡᠭᠡᠨ ᠡᠭᠦᠳᠡᠨ ᠰᠢᠳᠦ ᠬᠢᠭᠡᠳ ᠵᠢᠵᠢᠭ ᠬᠣᠣᠷᠲᠤ ᠪᠤᠯᠴᠢᠷᠬᠠᠢ ᠲᠠᠢ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠲᠠᠯ᠎ᠠ ᠭᠠᠵᠠᠷ᠂ ᠠᠭᠤᠯᠠ᠂ ᠤᠰᠤᠨ ᠤ᠋ ᠬᠥᠪᠡᠭᠡ ᠶ᠋ᠢᠨ ᠡᠪᠡᠰᠦᠨ ᠳᠣᠲᠣᠷ᠎ᠠ ᠠᠮᠢᠳᠤᠷᠠᠳᠠᠭ᠂ ᠠᠨᠾᠦ᠋ᠢ ᠵᠧᠵᠢᠶᠠᠩ᠂ ᠵᠢᠶᠠᠩᠰᠢ᠂ ᠹᠦᠵᠢᠶᠠᠨ᠂ ᠲᠠᠢᠸᠠᠨ᠂ ᠬᠤᠪᠧᠢ᠂ ᠬᠤᠨᠠᠨ᠂ ᠭᠤᠸᠠᠩᠳᠦ᠋ᠩ ᠬᠠᠢᠨᠠᠨ᠂ ᠭᠤᠸᠠᠩᠰᠢ᠂ ᠰᠧᠴᠤᠸᠠᠨ᠂ ᠭᠦᠢᠵᠧᠦ᠂ ᠶᠦᠨᠨᠠᠨ ᠳ᠋ᠤ᠌ ᠲᠠᠷᠬᠠᠴᠠ ᠲᠠᠢ
[ᠡᠳ᠋ᠰᠢᠭᠦᠯᠦᠨ ᠪᠣᠯᠪᠠᠰᠤᠷᠠᠭᠤᠯᠬᠤ] ᠵᠤᠨ᠂ ᠨᠠᠮᠤᠷ ᠪᠠᠷᠢᠵᠤ ᠬᠡᠪᠡᠯᠢ ᠶ᠋ᠢ ᠨᠢ ᠬᠠᠭᠠᠯᠤᠭᠠᠳ᠂ ᠳᠣᠲᠣᠷ ᠴᠤᠯᠤ ᠰᠠᠪᠠ ᠶ᠋ᠢ ᠨᠢ ᠠᠷᠢᠯᠭᠠᠨ ᠬᠠᠶᠠᠭᠠᠳ᠂ ᠴᠢᠰᠤ ᠶ᠋ᠢ ᠨᠢ ᠠᠷᠴᠢᠨ ᠵᠦᠯᠭᠦᠵᠦ᠂ ᠠᠯᠺᠣᠣᠯ ᠳ᠋ᠤ᠌ ᠳᠡᠪᠲᠦᠭᠡᠨ ᠰᠢᠢᠳᠪᠦᠷᠢᠯᠡᠭᠡᠳ ᠲᠠᠪᠠᠭ ᠠᠳᠠᠯᠢ ᠣᠷᠢᠶᠠᠵᠤ᠂ ᠬᠤᠯᠤᠰᠤᠨ ᠰᠠᠪᠠᠭ᠎ᠠ ᠳᠡᠭᠡᠷ᠎ᠡ ᠲᠣᠭᠲᠠᠪᠤᠷᠢᠵᠢᠭᠤᠯᠤᠭᠠᠳ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠳᠠᠪᠤᠰᠤᠯᠢᠭ ᠠᠮᠲᠠ ᠲᠠᠢ᠂ ᠪᠦᠯᠢᠶᠡᠨ ᠴᠢᠨᠠᠷ ᠲᠠᠢ᠂ ᠬᠣᠣᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠠᠷᠠᠭ᠎ᠠ ᠶ᠋ᠢ ᠰᠠᠢᠵᠢᠷᠠᠭᠤᠯᠬᠤ᠂ ᠴᠠᠭᠠᠨ ᠰᠤᠳᠠᠯ ᠤ᠋ᠨ ᠡᠪᠡᠳᠴᠢᠨ ᠢ᠋ ᠠᠨᠠᠭᠠᠬᠤ ᠴᠢᠳᠠᠯ ᠲᠠᠢ᠃ ᠭᠣᠣᠯᠳᠠᠭᠤ ᠬᠠᠷᠠᠭ᠎ᠠ ᠮᠠᠭᠤᠳᠠᠭᠰᠠᠨ᠂ ᠴᠠᠭᠠᠨ ᠰᠤᠳᠠᠯ ᠤ᠋ᠨ ᠡᠪᠡᠳᠴᠢᠨ᠂ ᠴᠢᠰᠤᠨ ᠪᠡᠲᠡᠭᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 金钱白花蛇( 银环蛇)
ᠠᠩᠭ᠌ᠯᠢ ᠨᠡᠷ᠎ᠡ᠄Bungarus multicinctus BIyth
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠲᠤᠶᠠᠭ᠎ᠠ
