ᠰᠢᠯᠢᠨ ᠭᠠᠯᠵᠠᠭᠤ ᠪᠠᠭᠠᠲᠤᠷ – ᠠᠪᠤᠷᠠᠯᠲᠤ ᠬᠠᠨ Шилэн галзуу баатар – Авралт хан ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠢᠨ ᠭᠠᠯᠵᠠᠭᠤ ᠪᠠᠭᠠᠲᠤᠷ – ᠠᠪᠤᠷᠠᠯᠲᠤ ᠬᠠᠨ Шилэн галзуу баатар – Авралт хан

ᠰᠢᠯᠢᠨ ᠭᠠᠯᠵᠠᠭᠤ ᠪᠠᠭᠠᠲᠤᠷ – ᠠᠪᠤᠷᠠᠯᠲᠤ ᠬᠠᠨ Шилэн галзуу баатар – Авралт хан

ᠠᠩᠭᠢᠯᠠᠯ:ᠲᠤᠤᠯᠢᠰ
2025-12-10

114

ᠠᠪᠤᠷᠠᠯᠲᠤ ᠬᠠᠨ


 ᠡᠷᠲᠡ ᠤᠷᠢᠳᠤ ᠶ᠋ᠢᠨ ᠨᠢᠭᠡᠨ ᠰᠠᠢᠬᠠᠨ ᠴᠠᠭ ᠲᠤ
 ᠨᠠᠷᠠ ᠰᠠᠶᠢ ᠮᠠᠨᠳᠤᠵᠤ ᠪᠠᠢᠬᠤ ᠳ᠋ᠤ᠌ 
 ᠨᠠᠪᠴᠢ ᠰᠠᠶᠢ ᠳᠡᠯᠭᠡᠷᠡᠵᠦ ᠪᠠᠢᠬᠤ ᠳ᠋ᠤ᠌ 
 ᠰᠠᠷᠠ ᠰᠠᠶᠢ ᠮᠠᠨᠳᠤᠵᠤ ᠪᠠᠢᠬᠤ ᠳ᠋ᠤ᠌ 
 ᠰᠠᠮᠤᠷ ᠰᠠᠶᠢ ᠰᠠᠭᠤᠵᠤ ᠪᠠᠢᠬᠤ ᠳ᠋ᠤ᠌ 
 ᠣᠭᠲᠠᠷᠭᠤᠢ ᠶ᠋ᠢᠨ ᠣᠳᠣᠳ ᠢ᠋ 
 ᠤᠭᠣᠴᠢᠩ ᠴᠤᠭᠣᠴᠢᠩ ① ᠪᠠᠢᠬᠤ ᠳ᠋ᠤ᠌ 
 ᠣᠷᠴᠢᠯᠠᠩ ᠤ᠋ᠨ ᠠᠮᠢᠲᠠᠳ ᠢ᠋  
 ᠭᠠᠭᠴᠠ ᠬᠣᠶᠠᠷ ᠪᠠᠢᠬᠤ ᠳ᠋ᠤ᠌ 
 ᠰᠦᠨ ᠶᠡᠬᠡ ᠳᠠᠯᠠᠢ ᠶ᠋ᠢ 
 ᠱᠠᠯᠪᠠᠭ ᠲᠡᠳᠦᠢ ᠪᠠᠢᠬᠤ ᠳ᠋ᠤ᠌ 
 ᠰᠦᠮᠪᠦᠷ ᠶᠡᠬᠡ ᠠᠭᠤᠯᠠ ᠶ᠋ᠢ 
 ᠳᠣᠪᠣ ᠲᠡᠳᠦᠢ ᠪᠠᠢᠬᠤ ᠳ᠋ᠤ᠌ 
 ᠶᠠᠩᠴᠢᠶᠠᠨ ② ᠴᠠᠭᠠᠨ ᠭᠥᠷᠥᠭᠡᠰᠦ ᠶ᠋ᠢ 
 ᠢᠨᠵᠠᠭ᠎ᠠ ᠨᠢᠭᠡᠨ ᠪᠠᠢᠬᠤ ᠳ᠋ᠤ᠌ 
 ᠬᠤᠯᠠᠨ ᠴᠢᠬᠢᠲᠡᠢ ᠠᠳᠤᠭᠤ ᠶ᠋ᠢ 
 ᠤᠨᠠᠭ᠎ᠠ ᠨᠢᠭᠡᠨ ᠪᠠᠢᠬᠤ ᠳ᠋ᠤ᠌ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠭᠡᠵᠦ ᠪᠠᠢᠵᠠᠢ᠃ 
 ᠠᠪᠤᠷᠠᠯᠲᠤ ᠬᠠᠨ ᠤ᠋ ᠪᠡᠶ᠎ᠡ 
 ᠠᠩᠬ᠎ᠠ ᠲᠥᠷᠥᠬᠦ ᠡᠴᠡ ᠪᠡᠨ  
 ᠬᠣᠯᠲᠣᠷᠠᠬᠤ ᠶ᠋ᠢ ᠮᠡᠳᠡᠬᠦ ᠦᠭᠡᠢ 
 ᠬᠣᠶᠠᠷ ᠳᠠᠪᠬᠤᠷ ᠶᠠᠰᠤ ᠲᠠᠢ 
 ᠬᠣᠮᠬᠣᠷᠠᠬᠤ ᠶ᠋ᠢ ᠮᠡᠳᠡᠬᠦ ᠦᠭᠡᠢ 
 ᠬᠣᠷᠢᠨ ᠳᠠᠪᠬᠤᠷ ᠬᠥᠷᠥᠰᠥ ᠲᠡᠢ ᠶᠤᠮᠰᠠᠨᠵᠠᠢ᠃  
 ᠠᠪᠤᠷᠠᠯᠲᠤ ᠬᠠᠨ ᠤ᠋ ᠭᠡᠷ ᠲᠦ᠍ 
 ᠠᠯᠳᠠᠷ ᠨᠡᠷ᠎ᠡ ᠨᠢ ᠮᠠᠨᠳᠤᠭᠰᠠᠨ 
 ᠠᠪᠤ ᠶ᠋ᠢᠨ ᠦᠶ᠎ᠡ ᠡᠴᠡ ᠬᠣᠴᠣᠷᠤᠭᠰᠠᠨ 
 ᠠᠴᠢ ᠬᠠᠢᠷ᠎ᠠ ᠪᠠᠨ ᠬᠦᠷᠭᠡᠭᠰᠡᠨ 
 ᠨᠠᠶᠠᠨ ᠨᠠᠢ᠍ᠮᠠᠨ ᠨᠠᠰᠤᠲᠠᠢ 
 ᠭᠠ ᠪᠠᠭᠠᠲᠤᠷ ᠪᠣᠯᠣᠳ ᠡᠪᠦᠭᠡᠨ ᠲᠡᠢ ᠶᠤᠮᠰᠠᠨᠵᠠᠢ᠃ 
     *   *   * 
 ᠠᠪᠤᠷᠠᠯᠲᠤ ᠬᠠᠨ ᠳ᠋ᠤ᠌ 
 ᠠᠷᠪᠠᠨ ᠨᠠᠢ᠌ᠮᠠᠨ ᠨᠠᠰᠤᠲᠠᠢ 
 ᠠᠯᠲᠠᠨᠰᠢᠭᠦᠷ ᠬᠠᠲᠤᠨ ᠲᠠᠢ᠃ 
 ᠡᠨᠡ ᠬᠠᠲᠤᠨ ᠢ᠋ ᠬᠡᠯᠡᠪᠡᠯ : 
 《ᠲᠤᠩ ᠴᠠᠭᠠᠨ ᠰᠢᠳᠦ ᠲᠡᠢ 
 ᠲᠥᠭᠥᠷᠢᠭ ᠬᠠᠷ᠎ᠠ ᠨᠢᠳᠦ ᠲᠡᠢ 
 ᠭᠡᠷ ᠨᠡᠪᠲ᠌ᠨ᠋ ᠭᠡᠭᠡ ᠲᠡᠢ 
 ᠭᠡᠭᠡᠨ ᠤᠯᠠᠭᠠᠨ ᠬᠠᠴᠠᠷ ᠲᠠᠢ 
 ᠲᠤᠭᠤᠷᠭ᠎ᠠ ᠨᠡᠪᠲᠡ ᠲᠤᠶᠠᠭ᠎ᠠ ᠲᠠᠢ 
 ᠲᠤᠨᠤᠨ ③ ᠤᠯᠠᠭᠠᠨ ᠬᠠᠴᠠᠷ ᠲᠠᠢ 
 ᠠᠷᠤ ᠶ᠋ᠢᠨ ᠰᠠᠢᠬᠠᠨ ᠲᠤᠶᠠᠭᠠᠨ ᠳ᠋ᠤᠨᠢ 
 ᠠᠳᠤᠭᠤ ᠮᠠᠯ ᠢ᠋ᠶ᠋ᠠᠨ ᠮᠠᠨᠠᠳᠠᠭ 
 ᠥᠪᠥᠷ ᠦ᠋ᠨ ᠰᠠᠢᠬᠠᠨ ᠲᠤᠶᠠᠭᠠᠨ ᠳ᠋ᠤᠨᠢ 
 ᠦᠢᠯᠡ ᠣᠶᠣᠳᠠᠯ ᠢ᠋ᠶ᠋ᠠᠨ ᠣᠶᠣᠳᠠᠭ 
 ᠠᠯᠬᠤᠵᠤ ᠶᠠᠪᠤᠭᠰᠠᠨ ᠭᠠᠵᠠᠷ ᠲᠤᠨᠢ 
 ᠠᠯᠢᠮ᠎ᠠ ᠵᠢᠮᠢᠰ ᠤᠷᠭᠤᠳᠠᠭ 
 ᠠᠯᠢᠮ᠎ᠠ ᠵᠢᠮᠢᠰ ᠦ᠋ᠳ ᠨᠢ 
 ᠠᠯᠢᠶ᠎ᠠ ᠬᠡᠦᠬᠡᠳ ᠪᠤᠯᠢᠶᠠᠯᠳᠤᠳᠠᠭ 
 ᠰᠠᠭᠤᠭᠰᠠᠨ ᠭᠠᠵᠠᠷ ᠲᠤᠨᠢ  
 ᠰᠤᠪᠤᠳ ᠱ᠌ᠢᠷᠦ ᠪᠦᠲᠦᠳᠡᠭ 
 ᠰᠤᠪᠤᠳ ᠱ᠌ᠢᠷᠦ ᠨᠤᠬᠦᠳ ᠢ᠋ ᠨᠢ 
 ᠰᠣᠷᠭᠣᠭ ᠥᠬᠢᠳ ᠴᠤᠭᠯᠠᠭᠤᠯᠳᠠᠭ᠃ 
     *   *   * 
 ᠰᠠᠭᠤᠳᠠᠭ ᠰᠠᠢᠬᠠᠨ ᠥᠷᠥᠭᠡ ᠶ᠋ᠢ ᠨᠢ 
 ᠱᠠᠭᠰᠢᠨ ᠮᠠᠭᠲᠠᠵᠤ ᠬᠡᠯᠡᠪᠡᠯ᠄ 
 ᠲᠠᠮᠪᠤ ᠲᠣᠷᠭᠠᠨ ᠳᠡᠭᠡᠪᠦᠷ ᠲᠡᠢ 
 ᠬᠠᠩᠪᠤ ᠲᠣᠷᠭᠠᠨ ᠬᠠᠶᠠᠭᠠᠪᠴᠢ ᠲᠠᠢ 
 ᠰᠤᠪᠤᠳ ᠡᠷᠳᠡᠨᠢ ᠲᠣᠭᠣᠭᠣ ᠲᠠᠢ 
 ᠱ᠌ᠢᠷᠦ ᠡᠷᠳᠡᠨᠢ ᠬᠠᠪᠲᠠᠰᠤ ᠲᠠᠢ 
 ᠴᠠᠭᠠᠨ ᠽᠠᠨᠳᠠᠨ ᠣᠨᠢ ᠲᠠᠢ᠃ 
 ᠬᠦᠷᠡᠩ ᠽᠠᠨᠳᠠᠨ ᠬᠠᠨ᠎ᠠ ᠲᠠᠢ 
 ᠬᠥᠬᠡ ᠮᠠᠩᠨᠤᠭ ᠡᠭᠦᠳᠡ ᠲᠡᠢ 
 ᠬᠦᠷᠡᠩ ᠮᠠᠩᠨᠤᠭ ᠡᠷᠦᠬᠡ ᠲᠡᠢ 
 ᠳᠥᠷᠪᠡᠨ ᠲᠠᠯ᠎ᠠ ᠳ᠋ᠠᠭᠠᠨ ᠬᠠᠭᠠᠯᠭ᠎ᠠ ᠲᠠᠢ 
 ᠲᠥᠭᠥᠷᠢᠭ ᠰᠠᠢᠬᠠᠨ ᠥᠷᠥᠭᠡ ᠲᠡᠢ ᠶᠤᠮᠰᠠᠨᠵᠠᠢ᠃ 
 ᠤᠷᠲᠤ ᠵᠦᠭ ᠦ᠋ᠨ ᠬᠠᠭᠠᠯᠭᠠᠨ ᠳ᠋ᠤᠨᠢ 
 ᠤᠷᠠᠨ ᠯᠤᠤ ᠵᠣᠭᠰᠣᠭᠠᠵᠠᠢ᠂ 
 ᠤᠷᠠᠨ ᠯᠤᠤ ᠶ᠋ᠢᠨ ᠰᠡᠭᠦᠯ ᠳ᠋ᠦ᠍ 
 ᠤᠰᠤᠨ ᠲᠠᠷᠨᠢ ᠪᠦᠲᠦᠭᠡᠵᠡᠢ 
 ᠤᠷᠠᠨ ᠯᠤᠤ ᠨᠢᠷᠭᠡᠮᠡᠷ 
 ᠤᠰᠤᠨ ᠲᠠᠷᠨᠢ ᠬᠣᠣᠷᠯᠠᠮᠠᠷ 
 ᠤᠷᠲᠤ ᠵᠦᠭ ᠦ᠋ᠨ ᠠᠮᠢᠲᠠᠨ 
 ᠲᠡᠭᠦᠨ ᠢ᠋ ᠬᠠᠷᠠᠨ ᠪᠥᠬᠥᠢᠵᠡᠢ 
 ᠪᠠᠷᠠᠭᠤᠨ ᠵᠦᠭ ᠦ᠋ᠨ ᠬᠠᠭᠠᠯᠭᠠᠨ ᠳ᠋ᠤ᠌ 
 ᠪᠠᠷᠰ᠂ ᠯᠤᠤ ᠵᠣᠭᠰᠣᠭᠠᠵᠠᠢ 
 ᠪᠠᠷᠰ᠂ ᠯᠤᠤ ᠶ᠋ᠢᠨ ᠰᠡᠬᠦᠯᠦᠨ(ᠰᠡᠭᠦᠯ) ᠳ᠋ᠦ᠍ 
 ᠪᠠᠳᠮ᠎ᠠ ᠶ᠋ᠢᠨ ᠲᠠᠷᠨᠢ ᠪᠦᠲᠦᠭᠡᠵᠡᠢ᠂ 
 ᠪᠠᠷᠰ᠂ ᠯᠤᠤ ᠨᠢᠷᠭᠡᠮᠡᠷ  
 ᠪᠠᠳᠮ᠎ᠠ ᠶ᠋ᠢᠨ ᠲᠠᠷᠨᠢ ᠬᠣᠣᠷᠯᠠᠮᠠᠷ 
 ᠪᠠᠷᠠᠭᠤᠨ ᠵᠦᠭ ᠦ᠋ᠨ ᠠᠮᠢᠲᠠᠨ 
 ᠲᠡᠭᠦᠨ ᠢ᠋ ᠬᠠᠷᠠᠨ ᠪᠥᠬᠥᠢᠵᠡᠢ᠂ 
 ᠬᠣᠢᠲᠤ ᠵᠦᠭ ᠦ᠋ᠨ ᠬᠠᠭᠠᠯᠭᠠᠨ ᠳ᠋ᠤ᠌ 
 ᠬᠣᠣᠷᠲᠤ ᠯᠤᠤ ᠵᠣᠭᠰᠣᠭᠠᠵᠠᠢ 
 ᠬᠣᠣᠷᠲᠤ ᠯᠤᠤ ᠶ᠋ᠢᠨ ᠰᠡᠭᠦᠯᠦᠨ(ᠰᠡᠭᠦᠯ) ᠳ᠋ᠦ᠍ 
 ᠬᠣᠩᠰᠢᠮ ᠤ᠋ᠨ ᠲᠠᠷᠨᠢ ᠪᠦᠲᠦᠭᠡᠵᠡᠢ᠃ 
 ᠬᠣᠣᠷᠲᠤ ᠯᠤᠤ ᠨᠢᠷᠭᠡᠮᠡᠷ 
 ᠬᠣᠩᠰᠢᠮ ᠤ᠋ᠨ ᠲᠠᠷᠨᠢ ᠬᠣᠣᠷᠯᠠᠮᠠᠷ 
 ᠬᠣᠢᠲᠤ ᠵᠦᠭ ᠦ᠋ᠨ ᠠᠮᠢᠲᠠᠨ 
 ᠲᠡᠭᠦᠨ ᠢ᠋ ᠬᠠᠷᠠᠨ ᠪᠥᠬᠥᠢᠵᠡᠢ᠂ 
 ᠵᠡᠭᠦᠨ ᠵᠦᠭ ᠦ᠋ᠨ ᠬᠠᠭᠠᠯᠭᠠᠨ ᠳ᠋ᠤ᠌ 
 ᠵᠦᠷ᠂ ᠯᠤᠤ ᠵᠣᠭᠰᠣᠭᠠᠵᠠᠢ᠂ 
 ᠵᠦᠷ᠂ ᠯᠤᠤ ᠶ᠋ᠢᠨ ᠰᠡᠭᠦᠯᠦᠨ(ᠰᠡᠭᠦᠯ) ᠳ᠋ᠦ᠍ 
 ᠵᠢᠷᠦᠬᠡᠨ ᠦ᠌ ᠲᠠᠷᠨᠢ ᠪᠦᠲᠦᠭᠡᠵᠡᠢ᠃ 
 ᠵᠦᠷ᠂ ᠯᠤᠤ ᠨᠢᠷᠭᠡᠮᠡᠷ 
 ᠵᠢᠷᠦᠬᠡᠨ ᠦ᠌ ᠲᠠᠷᠨᠢ ᠬᠣᠣᠷᠯᠠᠮᠠᠷ 
 ᠵᠡᠭᠦᠨ ᠵᠦᠭ ᠦ᠋ᠨ ᠠᠮᠢᠲᠠᠨ 
 ᠲᠡᠭᠦᠨ ᠢ᠋ ᠬᠠᠷᠠᠨ ᠪᠥᠬᠥᠢᠵᠡᠢ᠃ 
     *   *   * 
 ᠰᠢᠨ᠎ᠡ ᠶ᠋ᠢᠨ ᠨᠠᠢ᠍ᠮᠠᠨ ᠤ᠋ ᠰᠥᠨᠢ 
 ᠰᠥᠨᠢ ᠳᠤᠮᠳᠠ ᠶ᠋ᠢᠨ ᠦᠶ᠎ᠡ ᠳ᠋ᠦ᠍ 
 ᠠᠷᠪᠠᠨ ᠨᠠᠢ᠍ᠮᠠᠨ ᠨᠠᠰᠤᠲᠠᠢ  
 ᠠᠯᠳᠠᠨᠰᠢᠬᠦᠢ ᠬᠠᠲᠤᠨ ᠨᠢ᠄ 
 《ᠵᠦᠭ ᠦ᠋ᠨ ᠮᠠᠭᠤ ᠵᠦᠭ ᠡᠴᠡ 
 ᠵᠡᠭᠦᠨ ᠬᠣᠢᠲᠤ ᠲᠠᠯ᠎ᠠ ᠠ᠋ᠴᠠ 
 ᠪᠤᠶᠠᠨ ᠦᠭᠡᠢ ᠵᠦᠭ ᠡᠴᠡ 
 ᠪᠤᠷᠬᠠᠨ ᠦᠭᠡᠢ ᠲᠠᠯ᠎ᠠ ᠠ᠋ᠴᠠ 
 ᠶᠡᠷᠡ ᠶᠢᠰᠦᠨ ᠮᠠᠩᠭᠤᠰ 
 ᠢᠷᠡᠵᠦ ᠨᠡᠰᠢ ᠶᠠᠪᠤᠨ᠎ᠠ᠃ 
 <ᠠᠷᠪᠠᠨ ᠭᠤᠷᠪᠠᠨ ᠨᠠᠰᠤᠲᠠᠢ
 ᠠᠪᠤᠷᠠᠯᠲᠤ ᠬᠠᠨ ᠢ᠋ ᠠᠯᠠᠵᠤ 
 ᠠᠷᠪᠠᠨ ᠨᠠᠢ᠌ᠮᠠᠨ ᠨᠠᠰᠤᠲᠠᠢ 
 ᠠᠯᠳᠠᠨᠰᠢᠭᠦᠷ ᠬᠠᠲᠤᠨ ᠢ᠋ ᠨᠢ ᠪᠤᠯᠢᠶᠠᠨ᠎ᠠ!> 
 ᠭᠡᠵᠦ ᠢᠷᠡᠯ᠎ᠡ! 》 ᠭᠡᠵᠦ 
 ᠵᠡᠭᠦᠳᠦᠯᠡᠨ ᠨᠢᠭᠡ ᠰᠡᠷᠢᠭᠡᠳ(ᠰᠡᠷᠡᠭᠡᠳ) 
 ᠳ᠋ᠧᠩ ᠯᠡ ᠪᠡᠨ ᠠᠰᠠᠭᠠᠵᠤ 
 ᠳᠡᠷᠭᠡᠳᠡᠬᠢ ᠬᠠᠨ ᠢ᠋ᠶ᠋ᠠᠨ ᠰᠡᠷᠢᠭᠡᠵᠦ(ᠰᠡᠷᠡᠭᠡᠵᠦ) 
 ᠵᠡᠭᠦᠳᠦ ᠪᠡᠨ ᠲᠣᠭᠠᠴᠢᠨ ᠬᠡᠯᠡᠵᠡᠢ᠃ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠠᠭᠤᠷᠯᠠᠵᠤ 
 《ᠬᠠᠷᠠᠩᠭᠤᠢ ᠰᠥᠨᠢ ᠶ᠋ᠢᠨ ᠵᠡᠭᠦᠳᠦᠨ 
 ᠬᠠᠰᠢ ᠶᠠᠰᠢ ᠪᠠᠢᠳᠠᠭ ᠶᠤᠮ᠂ 
 ᠪᠦᠷᠦᠩᠬᠦᠢ ᠰᠥᠨᠢ ᠶ᠋ᠢᠨ ᠵᠡᠭᠦᠳᠦᠨ 
 ᠪᠦᠦᠳᠡᠢ ᠲᠦᠦᠳᠡᠢ ᠪᠠᠢᠳᠠᠭ ᠶᠤᠮ 
 ᠪᠦᠰᠡᠭᠦᠢ ᠬᠥᠮᠦᠨ ᠪᠠᠢᠭᠠᠳ 
 ᠪᠤᠤ ᠣᠯᠠᠨ ᠴᠠᠯᠴᠢ! 》 ᠭᠡᠵᠡᠢ᠃ 
 ᠬᠠᠲᠤᠨ ᠬᠡᠪᠲᠡᠭᠡᠳ ᠤᠨᠲᠠᠵᠠᠢ᠂ 
 ᠬᠠᠷᠠᠬᠠᠨ ᠦᠷ ᠴᠠᠢᠬᠤ ᠶ᠋ᠢᠨ ᠡᠮᠦᠨ᠎ᠡ 
 ᠬᠠᠷᠢᠨ ᠪᠠᠰᠠ ᠯᠠ ᠵᠡᠭᠦᠳᠦᠯᠡᠭᠡᠳ 
 ᠬᠠᠨ ᠢᠶᠠᠨ ᠰᠡᠷᠢᠭᠡᠨ(ᠰᠡᠷᠡᠭᠡᠨ) ᠬᠡᠯᠡᠵᠡᠢ᠃ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠥᠪᠡᠷ ᠢ᠋ᠶ᠋ᠡᠨ 
 ᠬᠠᠷ᠎ᠠ ᠦᠷ ᠢ᠋ᠶ᠋ᠡᠷ ᠪᠣᠰᠴᠤ 
 ᠬᠠᠨᠲᠠᠭᠠᠵᠠ ᠥᠮᠥᠳᠥ ᠪᠡᠷ ᠭᠠᠷᠴᠤ 
 ᠠᠪᠤ ᠶ᠋ᠢᠨ ᠦᠶ᠎ᠡ ᠶ᠋ᠢᠨ ᠪᠠᠢᠭᠤᠯᠤᠭᠰᠠᠨ 
 ᠠᠯᠲᠠᠨ ᠥᠨᠳᠥᠷ ᠰᠤᠪᠤᠷᠭᠠᠨ ᠳ᠋ᠠᠭᠠᠨ 
 ᠳᠠᠯᠠᠨ ᠦᠶ᠎ᠡ ᠲᠡᠢ ᠱᠠᠲᠤ ᠪᠠᠷ ᠢ᠋ᠶ᠋ᠠᠨ 
 ᠳᠠᠮᠵᠢᠨ ᠨᠢᠭᠡ ᠭᠠᠷᠤᠭᠠᠳ 
 ᠠᠶᠠᠭᠠᠨ ᠴᠢᠨᠡᠭᠡ ᠨᠢᠳᠦ ᠪᠡᠨ 
 ᠠᠷᠴᠢᠨ ᠪᠠᠢᠵᠤ ᠬᠠᠷᠠᠵᠠᠢ᠂ 
 ᠠᠷᠤ ᠽᠠᠮᠪᠤᠲᠢᠪ ᠢ᠋ 
 ᠡᠷᠭᠢᠭᠦᠯᠦᠨ ᠳᠡᠷᠪᠡᠭᠦᠯᠦᠨ ᠬᠠᠷᠠᠵᠠᠢ᠃ 
 ᠲᠠᠪᠢᠨ ᠵᠢᠯ ᠦ᠋ᠨ ᠴᠢᠨᠡᠳᠡᠢ 
 ᠵᠢᠷᠠᠨ ᠵᠢᠯ ᠦ᠋ᠨ ᠨᠠᠭᠠᠲᠠᠢ 
 ᠪᠦᠷᠳᠦᠯᠵᠢᠬᠦ ᠨᠢᠭᠡᠨ ᠪᠠᠷ᠎ᠠ 
 ᠪᠦᠦᠳᠡᠢ ᠳᠥᠦᠲᠡᠢ ᠬᠠᠷᠠᠭᠳᠠᠵᠠᠢ 
 ᠠᠪᠤᠷᠠᠯᠲᠤ ᠬᠠᠨ ᠰᠠᠨᠳᠤᠷᠴᠤ 
 ᠭᠱᠠᠨ ᠵᠠᠭᠤᠷ᠎ᠠ ᠪᠠᠭᠤᠵᠤ ᠢᠷᠡᠭᠡᠳ 
 ᠨᠠᠶᠠᠨ ᠨᠠᠢ᠌ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ ᠢ᠋ᠶ᠋ᠡᠨ 
 ᠰᠣᠯᠢᠵᠤ④ ᠨᠢᠭᠡᠨ ᠠᠪᠴᠢᠷᠠᠭᠠᠳ 
 ᠰᠣᠨᠣᠰᠤᠭᠰᠠᠨ ᠦᠵᠡᠭᠰᠡᠨ ᠢ᠋ᠶ᠋ᠡᠨ ᠬᠡᠯᠡᠭᠡᠳ 
 ᠬᠣᠣᠷᠲᠠᠨ ᠳᠠᠢᠰᠤᠨ ᠢ᠋ ᠳᠠᠷᠤᠬᠤ ᠪᠠᠷ 
 ᠬᠣᠶᠠᠭᠤᠯᠠ ᠪᠠᠨ ᠶᠠᠪᠤᠬᠤ ᠪᠠᠷ ᠲᠣᠭᠲᠠᠵᠠᠢ᠃ 
     *   *   * 

— — — —
①* ᠤᠭᠤᠴᠢᠩ ᠴᠣᠤᠭᠤᠴᠢᠩ — ᠰᠡᠢᠷᠡᠭ ᠴᠥᠭᠡᠨ᠂ ᠡᠨᠳᠡ ᠲᠡᠨᠳᠡ᠃ 
②* ᠶᠠᠩᠴᠢᠶᠠᠨ— ᠮᠥᠩᠭᠥᠨ ᠵᠣᠭᠣᠰ᠂ ᠡᠨᠳᠡ ᠮᠥᠩᠭᠥᠨ ᠴᠠᠭᠠᠨ ᠭᠡᠰᠡᠨ ᠤᠳᠬ᠎ᠠ ᠲᠠᠢ᠃ 
③* ᠲᠤᠨᠤᠨ— ᠨᠢᠭᠡᠨ ᠵᠦᠢᠯ ᠦ᠋ᠨ ᠤᠯᠠᠭᠠᠨ ᠥᠩᠭᠡᠲᠡᠢ ᠵᠢᠮᠢᠰ 
④* ᠰᠣᠯᠢᠵᠤ— ᠤᠷᠢᠵᠤ᠂ ᠵᠠᠯᠠᠵᠤ
 
 ᠠᠷᠪᠠᠨ ᠭᠤᠷᠪᠠᠨ ᠨᠠᠰᠤᠲᠠᠢ ᠠᠪᠤᠷᠠᠯᠲᠤ ᠬᠠᠨ ᠨᠢ 
 ᠠᠶᠠᠨ ᠲᠡᠢᠨ ᠳ᠋ᠡᠭᠠᠨ ᠤᠨᠤᠳᠠᠭ 
 ᠠᠯᠲᠠᠨ ᠰᠢᠷᠭᠠᠯ ᠮᠣᠷᠢ ᠪᠠᠨ 
 ᠬᠠᠵᠠᠭᠠᠷ ᠢ᠋ᠶ᠋ᠠᠷ ᠢᠶᠠᠨ ᠭᠤᠷᠪᠠ ᠭᠤᠷᠪᠠ 
 ᠡᠮᠡᠭᠡᠯ ᠢ᠋ᠶ᠋ᠡᠷ ᠢ᠋ᠶ᠋ᠡᠨ ᠭᠤᠷᠪᠠ ᠭᠤᠷᠪᠠ ᠳᠠᠯᠠᠯᠵᠠᠢ᠃ 
 ᠠᠶᠠᠨ ᠲᠡᠢᠨ ᠳ᠋ᠦ᠍ ᠤᠨᠤᠳᠠᠭ 
 ᠠᠯᠲᠠᠨ ᠰᠢᠷᠭᠠᠯ ᠮᠣᠷᠢ ᠨᠢ᠄ 
 《ᠬᠠᠨ ᠶᠠᠭᠤᠨ ᠳ᠋ᠤ᠌ ᠳᠠᠭᠤᠳᠠᠪᠠ? 
 ᠬᠠᠵᠠᠭᠠᠷ ᠶᠠᠭᠤᠨ ᠳ᠋ᠤ᠌ ᠬᠠᠩᠭᠢᠨᠠᠪᠠ? 
 ᠡᠵᠡᠨ ᠶᠠᠭᠤᠨ ᠳ᠋ᠤ᠌ ᠳᠠᠭᠤᠳᠠᠪᠠ? 
 ᠡᠮᠡᠭᠡᠯ ᠶᠠᠭᠤᠨ ᠳ᠋ᠤ᠌ ᠬᠠᠩᠭᠢᠨᠠᠪᠠ? 》 ᠭᠡᠳ 
 ᠰᠦᠨ ᠳᠠᠯᠠᠢ ᠶ᠋ᠢᠨ ᠤᠰᠤ ᠶ᠋ᠢ 
 ᠪᠠᠯᠭᠤᠨ ᠪᠠᠢᠵᠤ ᠴᠢᠩᠡᠨᠡᠵᠤ 
 ᠰᠦᠮᠪᠦᠷ ᠠᠭᠤᠯᠠ ᠶ᠋ᠢᠨ ᠡᠪᠡᠰᠦ ᠶ᠋ᠢ 
 ᠬᠠᠵᠠᠯᠠᠨ ᠪᠠᠢᠵᠤ ᠴᠢᠩᠨᠠᠭᠠᠳ 
 ᠬᠤᠷ ᠰᠠᠢᠬᠠᠨ ᠳᠡᠯ ᠢ᠋ᠶ᠋ᠡᠨ 
 ᠬᠤᠷᠮᠤᠰᠲᠠ ᠲᠡᠭᠷᠢ ᠳ᠋ᠦ᠍ ᠬᠡᠢᠰᠬᠡᠵᠦ 
 ᠬᠤᠷᠴᠠ ᠳᠥᠷᠪᠡᠨ ᠲᠤᠭᠤᠷᠠᠢ ᠪᠠᠨ 
 ᠽᠠᠮᠪᠤᠲᠢᠪ ᠲᠤ᠌ ᠲᠠᠷᠬᠠᠭᠠᠵᠤ 
 ᠬᠦᠷᠴᠦ ᠨᠢᠭᠡᠨ ᠣᠴᠢᠭᠠᠳ 
 ᠭᠠᠳᠠᠭ᠎ᠠ ᠬᠦᠷᠢᠶᠡᠨ ᠦ᠌ ᠳᠣᠲᠣᠷ᠎ᠠ 
 ᠳᠣᠲᠣᠷ᠎ᠠ ᠬᠦᠷᠢᠶᠡᠨ ᠦ᠌ ᠭᠠᠳᠠᠭ᠎ᠠ 
 ᠵᠣᠭᠰᠣᠵᠤ ᠪᠠᠷᠢᠬᠤ ᠶ᠋ᠢ ᠬᠦᠯᠢᠶᠡᠵᠡᠢ 
     *   *   * 
 ᠨᠠᠶᠠᠨ ᠨᠠᠢ᠍ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ 
 ᠵᠢᠷᠠᠨ ᠳᠥᠷᠪᠡᠨ ᠰᠣᠶᠣᠭ᠎ᠠ ᠲᠠᠢ 
 ᠵᠠᠭᠠᠨ᠎ᠠ ᠶ᠋ᠢᠨ ᠰᠢᠷᠭᠠᠯ ᠮᠣᠷᠢ ᠪᠠᠨ 
 ᠬᠠᠵᠠᠭᠠᠷ ᠢ᠋ᠶ᠋ᠠᠷ ᠢᠶᠠᠨ ᠭᠤᠷᠪᠠ ᠭᠤᠷᠪᠠ 
 ᠡᠮᠡᠭᠡᠯ ᠢ᠋ᠶ᠋ᠡᠷ ᠢ᠋ᠶ᠋ᠡᠨ ᠭᠤᠷᠪᠠ ᠭᠤᠷᠪᠠ ᠳᠠᠯᠠᠯᠵᠠᠢ᠃ 
 ᠵᠢᠷᠠᠨ ᠳᠥᠷᠪᠡᠨ ᠰᠣᠶᠣᠭ᠎ᠠ ᠲᠠᠢ 
 ᠵᠠᠭᠠᠨ᠎ᠠ ᠶ᠋ᠢᠨ ᠰᠢᠷᠭᠠᠯ ᠮᠣᠷᠢ ᠨᠢ 
 ᠣᠯᠠᠨ ᠣᠯᠠᠨ ᠠᠳᠤᠭᠤᠨ ᠠ᠋ᠴᠠ 
 ᠣᠨᠴᠣᠭᠣᠢ ᠭᠠᠭᠴᠠᠭᠠᠷ ᠭᠠᠷᠴᠤ 
 ᠬᠡᠰᠡᠭ ᠬᠡᠰᠡᠭ ᠠᠳᠤᠭᠤᠨ ᠠ᠋ᠴᠠ  
 ᠬᠡᠯᠲᠡᠭᠡᠢ ᠭᠠᠭᠴᠠᠭᠠᠷ ᠭᠠᠷᠴᠤ 
 ᠲᠣᠯᠣᠭᠠᠢ ᠪᠠᠷ ᠢ᠋ᠶ᠋ᠠᠨ ᠲᠣᠭᠯᠠᠵᠤ 
 ᠲᠣᠭᠣᠰᠣᠨ ᠠ᠋ᠴᠠ ᠪᠠᠨ ᠪᠤᠯᠭᠢᠵᠤ 
 ᠰᠡᠭᠦᠯ ᠢ᠋ᠶ᠋ᠡᠷ ᠢ᠋ᠶ᠋ᠡᠨ ᠲᠣᠭᠯᠠᠵᠤ 
 ᠰᠡᠭᠦᠳᠡᠷ ᠡᠴᠡ ᠪᠡᠨ ᠪᠤᠯᠭᠢᠵᠤ 
 ᠪᠤᠲᠠ ᠬᠠᠷᠠᠪᠠᠯ ᠪᠣᠰᠬᠠᠵᠤ 
 ᠪᠤᠯᠠᠭ᠎ᠠ ᠬᠠᠷᠠᠪᠠᠯ ᠳᠠᠭᠠᠷᠢᠵᠤ 
 ᠬᠠᠳᠠ ᠬᠠᠷᠠᠪᠠᠯ ᠬᠠᠯᠢᠰᠬᠢᠵᠤ 
 ᠬᠠᠯᠢᠭᠤ ᠬᠠᠷᠠᠪᠠᠯ ᠳᠠᠭᠠᠷᠢᠵᠤ 
 ᠬᠦᠷᠴᠦ ᠨᠢᠭᠡᠨ ᠣᠴᠢᠭᠠᠳ 
 ᠭᠠᠳᠠᠭ᠎ᠠ ᠬᠦᠷᠢᠶᠡᠨ ᠦ᠌ ᠳᠣᠲᠣᠷ᠎ᠠ 
 ᠳᠣᠲᠣᠷ᠎ᠠ ᠬᠦᠷᠢᠶᠡᠨ ᠦ᠌ ᠭᠠᠳᠠᠭ᠎ᠠ 
 ᠵᠣᠭᠰᠣᠵᠤ ᠪᠠᠷᠢᠬᠤ ᠶ᠋ᠢ ᠬᠦᠯᠢᠶᠡᠵᠡᠢ᠃
     *   *   * 
 ᠬᠠᠨ᠂ ᠪᠠᠭᠠᠲᠤᠷ ᠬᠣᠶᠠᠭᠤᠯᠠ 
 ᠬᠣᠶᠠᠷ ᠮᠣᠷᠢ ᠪᠠᠨ ᠪᠠᠷᠢᠵᠤ 
 ᠨᠢᠭᠡ ᠬᠣᠨᠣᠭ ᠤᠶᠠᠵᠤ 
 ᠨᠢᠮᠭᠡᠨ ᠮᠢᠬ᠎ᠠ ᠶ᠋ᠢ ᠨᠢ ᠴᠢᠩᠭᠠᠷᠠᠭᠤᠯᠵᠤ 
 ᠬᠣᠶᠠᠷ ᠬᠣᠨᠣᠭ ᠤᠶᠠᠵᠤ 
 ᠬᠣᠩᠭᠣ ᠶ᠋ᠢᠨ ᠮᠢᠬ᠎ᠠ ᠶ᠋ᠢ ᠨᠢ ᠴᠢᠩᠭᠠᠷᠠᠭᠤᠯᠵᠤ 
 ᠭᠤᠷᠪᠠᠨ ᠬᠣᠨᠣᠭ ᠤᠶᠠᠵᠤ 
 ᠭᠤᠶ᠎ᠠ ᠶ᠋ᠢᠨ ᠮᠢᠬ᠎ᠠ ᠶ᠋ᠢ ᠨᠢ ᠴᠢᠩᠭᠠᠷᠠᠭᠤᠯᠵᠤ 
 ᠳᠥᠷᠪᠡᠨ ᠬᠣᠨᠣᠭ ᠤᠶᠠᠵᠤ 
 ᠳᠥᠷᠦᠭᠡᠨ ᠮᠢᠬ᠎ᠠ ᠶ᠋ᠢ ᠨᠢ ᠴᠢᠩᠭᠠᠷᠠᠭᠤᠯᠵᠤ 
 ᠲᠠᠪᠤᠨ ᠬᠣᠨᠣᠭ ᠤᠶᠠᠵᠤ 
 ᠲᠠᠰᠢᠶᠠᠨ ᠮᠢᠬ᠎ᠠ ᠶ᠋ᠢ ᠨᠢ ᠴᠢᠩᠭᠠᠷᠠᠭᠤᠯᠵᠤ 
 ᠵᠢᠷᠭᠤᠭᠠᠨ ᠬᠣᠨᠣᠭ ᠤᠶᠠᠵᠤ 
 ᠵᠣᠷᠠᠭᠠᠨ ①ᠮᠢᠬ᠎ᠠ ᠶ᠋ᠢ ᠨᠢ ᠴᠢᠩᠭᠠᠷᠠᠭᠤᠯᠵᠤ 
 ᠳᠣᠯᠣᠭᠠᠨ ᠬᠣᠨᠣᠭ ᠤᠶᠠᠵᠤ 
 ᠳᠣᠲᠣᠷ ᠬᠡᠪᠡᠯᠢ ᠶ᠋ᠢ ᠨᠢ ᠴᠢᠩᠭᠠᠷᠠᠭᠤᠯᠵᠤ 
 ᠨᠠᠢ᠌ᠮᠠᠨ ᠬᠣᠨᠣᠭ ᠤᠶᠠᠵᠤ 
 ᠨᠠᠷᠢᠨ ᠬᠡᠪᠡᠯᠢ ᠶ᠋ᠢ ᠨᠢ ᠴᠢᠩᠭᠠᠷᠠᠭᠤᠯᠵᠤ 
 ᠶᠢᠰᠦᠨ ᠬᠣᠨᠣᠭ ᠤᠶᠠᠵᠤ 
 ᠶᠡᠷᠦᠳᠡᠭᠡᠨ ᠰᠣᠢᠯᠭ᠎ᠠ ᠳᠠᠭᠤᠰᠴᠠᠢ᠃ 
 ᠬᠣᠶᠠᠷ ᠳᠠᠢᠴᠢᠨ ᠬᠦᠯᠦᠭ ᠨᠢ 
 ᠰᠠᠪᠬ᠎ᠠ ᠶ᠋ᠢᠨ ᠴᠢᠨᠡᠭᠡ ᠰᠢᠭᠡᠵᠦ 
 ᠱᠠᠯᠵᠠ ᠶ᠋ᠢᠨ ᠴᠢᠨᠡᠭᠡ ᠪᠠᠭᠠᠵᠠᠢ᠃ 
 ᠬᠣᠶᠠᠷ ᠪᠠᠭᠠᠲᠤᠷ ᠡᠵᠡᠨ ᠨᠢ 
 ᠭᠤᠨᠵᠢᠨ ᠦᠨᠢᠶ᠎ᠡ ᠠᠯᠠᠵᠤ 
 ᠭᠤᠷᠪᠠᠨ ᠬᠣᠨᠣᠭ ᠨᠠᠢᠷᠯᠠᠵᠠᠢ᠃ 
 ᠳᠦᠨᠵᠢᠨ ᠦᠨᠢᠶ᠎ᠡ ᠠᠯᠠᠵᠤ 
 ᠳᠥᠷᠪᠡᠨ ᠬᠣᠨᠣᠭ ᠨᠠᠢᠷᠯᠠᠵᠠᠢ᠃
 ᠠᠷᠢᠬᠢᠨ ᠳ᠋ᠤ᠌ ᠳᠤᠷᠠᠲᠠᠢ ᠡᠪᠦᠭᠡᠴᠦᠳ 
 ᠠᠱᠠᠷ ② ᠪᠣᠯᠣᠶ᠎ᠠ ᠭᠡᠵᠡᠢ᠂ 
 ᠥᠭᠡᠬᠦᠨ ᠳ᠋ᠦ᠍ ᠳᠤᠷᠠᠲᠠᠢ ᠡᠪᠦᠭᠡᠴᠦᠳ
 ᠥᠷᠯᠥᠭᠡ ᠪᠣᠯᠤᠶ᠎ᠠ ᠭᠡᠵᠡᠢ᠃ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠭᠠᠷᠴᠤ 
 ᠠᠶᠠᠨ ᠲᠡᠢᠨ ᠳ᠋ᠡᠭᠠᠨ ᠤᠨᠤᠳᠠᠭ 
 ᠠᠯᠲᠠᠨ ᠰᠢᠷᠭᠠᠯ ᠮᠣᠷᠢᠨ ᠳ᠋ᠠᠭᠠᠨ 
 ᠲᠠᠪᠢᠨ ᠯᠠᠩ ᠤ᠋ᠨ ᠬᠠᠵᠠᠭᠠᠷ ᠢ᠋ 
 ᠲᠡᠷᠢᠭᠦᠨ ᠤᠷᠤᠭᠤ ᠨᠢ ᠲᠠᠭᠠᠷᠠᠭᠤᠯᠵᠤ 
 ᠵᠠᠭᠤᠨ ᠯᠠᠩ ᠤ᠋ᠨ ᠬᠤᠳᠠᠷᠭ᠎ᠠ ᠶ᠋ᠢ 
 ᠵᠣ ᠤᠷᠤᠭᠤ ᠨᠢ ᠲᠠᠭᠠᠷᠠᠭᠤᠯᠵᠤ 
 ᠴᠢᠮᠪᠠᠢ ᠨᠡᠷᠡᠲᠡᠢ ᠴᠠᠯᠠᠮ③ ᠢ᠋ 
 ᠰᠢᠪᠬᠢᠲᠡᠯ᠎ᠡ ᠲᠠᠲᠠᠵᠤ
 ᠤᠮᠪᠠᠢ ᠨᠡᠷᠡᠲᠡᠢ ᠣᠯᠣᠮ④ ᠢ᠋ 
 ᠣᠮ ᠪᠠᠭᠤᠲᠠᠯ᠎ᠠ ᠲᠠᠲᠠᠵᠤ 
 ᠳᠠᠯᠠᠨ ᠭᠤᠷᠪᠠᠨ ᠲᠡᠷᠭᠡᠨ ᠦ᠌ 
 ᠵᠠᠬ᠎ᠠ ᠶ᠋ᠢᠨ ᠲᠡᠷᠭᠡᠨ ᠡᠴᠡ ᠤᠶᠠᠭᠠᠳ 
 ᠡᠷᠭᠢᠵᠦ ᠭᠡᠷ ᠲᠡᠭᠡᠨ ᠣᠷᠣᠭᠠᠳ 
 ᠡᠳ᠋ᠯᠡᠯ ᠬᠡᠷᠡᠭᠰᠡᠯ ᠢ᠋ᠶ᠋ᠡᠨ ᠪᠡᠯᠡᠳᠬᠡᠵᠦ 
 ᠳᠠᠯᠠᠨ ᠬᠣᠶᠠᠷ ᠲᠣᠪᠴᠢ ᠲᠠᠢ 
 ᠳᠤᠷᠳᠤᠩ ᠮᠠᠩᠨᠤᠭ ᠳᠡᠪᠡᠯ ᠢ 
 ᠰᠣᠶᠣᠭᠠᠲᠠᠨ ᠪᠠᠢᠵᠤ ᠡᠮᠦᠰᠴᠡᠢ᠃ 
 ᠬᠣᠷᠢᠨ ᠳᠥᠷᠪᠡᠨ ᠤᠭᠠᠯᠵᠠ ᠲᠠᠢ 
 ᠬᠣᠲᠠᠯᠠ ᠶᠠᠩᠵᠤ ᠶ᠋ᠢᠨ ᠭᠤᠲᠤᠯ ᠢ 
 ᠭᠢᠯᠪᠢᠨ ᠪᠠᠢᠵᠤ ᠡᠮᠦᠰᠴᠡᠢ᠃ 
 ᠠᠯᠲᠠᠨ ᠰᠢᠷ᠎ᠠ ᠮᠠᠯᠠᠭᠠᠢ ᠪᠠᠨ 
 ᠠᠷᠴᠢᠨ ᠨᠢᠭᠡ ᠡᠮᠦᠰᠴᠡᠢ 
 ᠡᠷᠳᠡᠨᠢ ᠶ᠋ᠢᠨ ᠨᠣᠭᠣᠭᠠᠨ ᠪᠦᠰᠡ ᠪᠡᠨ 
 ᠡᠷᠭᠢᠭᠦᠯᠦᠨ ᠨᠢᠭᠡ ᠪᠦᠰᠡᠯᠡᠵᠡᠢ᠃ 
 ᠪᠤᠷᠬᠠᠨ ᠤ᠋ ᠥᠷᠥᠭᠡᠨ ᠳ᠋ᠡᠭᠡᠨ ᠣᠷᠣᠵᠤ 
 ᠪᠣᠯᠣᠳ ᠰᠡᠯᠡᠮ᠎ᠡ ᠪᠡᠨ ᠠᠪᠴᠤ 
 ᠰᠠᠩ ᠤ᠋ᠨ ᠥᠷᠥᠭᠡᠨ ᠳ᠋ᠡᠭᠡᠨ ᠣᠷᠣᠵᠤ 
 ᠰᠠᠭᠠᠳᠠᠭ ᠨᠤᠮᠤ ᠪᠠᠨ ᠠᠭᠰᠠᠵᠠᠢ᠃ 
 ᠨᠠᠶᠠᠨ ᠨᠠᠢ᠍ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ 
 ᠬᠤᠷᠳᠤᠨ ᠮᠣᠷᠢ ᠪᠠᠨ ᠡᠮᠡᠭᠡᠯᠯᠡᠭᠡᠳ 
 ᠬᠤᠶᠠᠭ ᠳᠤᠭᠤᠯᠠᠭ᠎ᠠ ᠪᠠᠨ ᠡᠮᠦᠰᠦᠭᠡᠳ 
 ᠵᠢᠷᠠᠨ ᠵᠢᠷᠭᠤᠭᠠᠨ ᠠᠯᠲᠠ ᠶ᠋ᠢᠨ 
 ᠵᠢᠳᠠ ᠪᠠᠨ ᠰᠢᠭᠦᠷᠦᠨ ᠠᠪᠴᠤ᠄ 
 《ᠳᠠᠢᠰᠤᠨ ᠬᠠᠮᠢᠭ᠎ᠠ ᠪᠠᠢᠪᠠᠯ 
 ᠳᠠᠷᠤᠵᠤ ᠯᠠ ᠬᠦᠷᠴᠦ ᠢᠷᠡᠨ᠎ᠡ ᠳᠠ! 》 ᠭᠡᠵᠡᠢ᠃ 
 ᠠᠪᠤᠷᠠᠯᠲᠤ ᠬᠠᠨ ᠮᠣᠷᠳᠠᠵᠤ 
 ᠠᠶᠠᠨ ᠲᠡᠢᠨ ᠳ᠋ᠦ᠍ ᠶᠠᠪᠤᠬᠤ ᠳ᠋ᠤᠨᠢ 
 ᠠᠷᠪᠠᠨ ᠨᠠᠢ᠌ᠮᠠᠨ ᠨᠠᠰᠤᠲᠠᠢ 
 ᠠᠯᠳᠠᠨᠰᠢᠭᠦᠷ ᠬᠠᠲᠤᠨ ᠨᠢ᠄ 
 《ᠡᠷᠲᠡ ᠶ᠋ᠢᠨ ᠨᠠᠷᠠ ᠶ᠋ᠢ ᠮᠠᠨᠳᠤᠬᠤ ᠳ᠋ᠤ᠌ 
 ᠡᠷᠳᠡᠨᠢ ᠶ᠋ᠢᠨ ᠵᠢᠩ ᠢ᠋ᠶ᠋ᠡᠨ ᠳᠡᠯᠡᠳᠦᠭᠡᠳ 
 ᠡᠪᠡᠷᠲᠦ ᠳᠠᠢᠰᠤᠨ ᠢ᠋ᠶ᠋ᠠᠨ ᠳᠠᠷᠤᠭᠠᠳ 
 ᠡᠷᠭᠢᠵᠦ ᠬᠣᠲᠠᠨ ᠳ᠋ᠠᠭᠠᠨ ᠪᠠᠭᠤᠭᠠᠷᠠᠢ᠃ 
 ᠲᠦᠷᠦᠭᠦᠴᠢ ᠶ᠋ᠢᠨ ᠨᠠᠷᠠ ᠶ᠋ᠢ ᠭᠠᠷᠬᠤ ᠳ᠋ᠤ᠌ 
 ᠲᠡᠮᠦᠷ ᠵᠢᠩ ᠢ᠋ᠶ᠋ᠡᠨ ᠳᠡᠯᠡᠳᠦᠭᠡᠳ 
 ᠲᠦᠢᠳᠬᠡᠷᠲᠦ ᠮᠠᠩᠭᠤᠰ ᠢ᠋ ᠳᠠᠷᠤᠭᠠᠳ 
 ᠲᠥᠷᠥᠭᠰᠡᠨ ᠬᠣᠲᠠᠨ ᠳ᠋ᠠᠭᠠᠨ ᠪᠠᠭᠤᠭᠠᠷᠠᠢ !》 ᠭᠡᠳ 
 ᠬᠠᠨ᠂ ᠪᠠᠭᠠᠲᠤᠷ ᠬᠣᠶᠠᠷ ᠢ᠋ᠶ᠋ᠠᠨ 
 ᠬᠠᠷᠢᠲᠠᠨ ᠳᠠᠢᠰᠤᠨ ᠳ᠋ᠤ᠌ ᠮᠣᠷᠳᠠᠭᠤᠯᠵᠠᠢ᠃ 
     *   *   * 
 ᠬᠥᠨᠳᠡᠢ ᠬᠥᠨᠳᠡᠢ ᠭᠠᠵᠠᠷ 
 ᠬᠥᠯ ᠢ᠋ᠶ᠋ᠡᠨ ᠲᠥᠷᠥᠯ ᠦᠭᠡᠢ ᠭᠠᠷᠴᠠᠢ᠂ 
 ᠬᠥᠲᠥᠯ ᠦ᠋ᠨ ᠭᠤᠷᠪᠠᠨ ᠳᠠᠪᠠᠭᠠᠨ ᠳ᠋ᠤ᠌ 
 ᠰᠠᠭᠠᠲᠠᠯ ᠴᠦ ᠦᠭᠡᠢ ᠶᠠᠪᠤᠵᠠᠢ᠃ 
 ᠬᠥᠨᠳᠡᠢ ᠬᠥᠲᠥᠯ ᠦ᠋ᠨ ᠠᠮᠢᠲᠠᠨ 
 ᠬᠥᠯ ᠪᠣᠯᠤᠨ ᠱᠤᠤᠭᠢᠯᠳᠤᠵᠤ᠄ 
 《ᠬᠦᠷᠦᠭᠡᠳ ᠢᠷᠡᠯ᠎ᠡ ᠶᠠᠭᠠᠬᠢᠬᠤ ᠪᠢᠯᠡ? 
 ᠬᠥᠳᠡᠭᠡᠭᠦᠷ ᠭᠠᠷᠤᠯ᠎ᠠ ᠭᠠᠢᠭᠤᠢ ᠳᠠ! 
 ᠣᠷᠣᠭᠠᠳ ᠢᠷᠡᠯ᠎ᠡ ᠶᠠᠭᠠᠬᠢᠬᠤ ᠪᠢᠯᠡ? 
 ᠣᠷᠬᠢᠭᠠᠳ ᠶᠠᠪᠤᠯ᠎ᠠ ᠭᠠᠢᠭᠤᠢ ᠳᠠ! 
 ᠳᠠᠭᠠᠷᠢᠭᠠᠳ ᠢᠷᠡᠯ᠎ᠡ ᠶᠠᠭᠠᠬᠢᠬᠤ ᠪᠢᠯᠡ? 
 ᠳᠠᠯᠳᠠᠭᠤᠷ ᠭᠠᠷᠤᠯ᠎ᠠ ᠭᠠᠢᠭᠤᠢ ᠳᠠ! 》 ᠭᠡᠳ 
 ᠴᠠᠪ ᠴᠠᠭᠠᠨ ᠢᠮᠠᠭ᠎ᠠ ᠭᠡᠨ᠎ᠡ 
 ᠰᠠᠬᠠᠯ ᠬᠡᠢᠰᠬᠡᠨ ᠵᠢᠭᠤᠲᠠᠵᠠᠢ᠂ 
 ᠴᠡᠯ ᠪᠤᠭᠤᠷᠠᠯ ᠯᠠᠮᠠ ᠨᠠᠷ ᠭᠡᠨ᠎ᠡ 
 ᠰᠠᠨᠠᠭ᠎ᠠ ᠠᠯᠲᠠᠨ ᠵᠢᠭᠤᠲᠠᠵᠠᠢ᠃ 
 ᠲᠡᠮᠡᠭᠡ ᠬᠦᠷᠲᠡᠯ᠎ᠡ 
 ᠲᠡᠭᠷᠢ ᠶ᠋ᠢᠨ ᠠᠶᠤᠯ ᠪᠣᠯᠤᠯ᠎ᠠ ᠭᠡᠳ ᠵᠢᠭᠤᠲᠠᠵᠠᠢ᠃ 
 ᠭᠠᠬᠠᠢ ᠬᠦᠷᠲᠡᠯ᠎ᠡ 
 ᠭᠠᠵᠠᠷ ᠤ᠋ᠨ ᠠᠶᠤᠯ ᠪᠣᠯᠤᠯ᠎ᠠ ᠭᠡᠳ ᠵᠢᠭᠤᠲᠠᠵᠠᠢ᠃ 
 ᠬᠠᠨ᠂ ᠪᠠᠭᠠᠲᠤᠷ ᠬᠣᠶᠠᠭᠤᠯᠠ 
 ᠪᠣᠯᠵᠣᠭᠠᠲᠤ ᠶ᠋ᠢᠨ ᠪᠣᠷᠣ ᠲᠣᠯᠣᠭᠠᠢ ᠳ᠋ᠤ᠌ ᠬᠦᠷᠴᠦ 
 ᠠᠮᠤᠰᠬᠢᠵᠦ ᠵᠢᠭᠠᠬᠠᠨ ᠰᠠᠭᠤᠵᠤ 
 ᠠᠮᠠᠨ ᠤ᠋ ᠠᠭᠰᠢᠭ᠎ᠠ ᠪᠠᠨ ᠭᠠᠷᠭᠠᠵᠠᠢ᠃ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠨᠢ 
 ᠭᠠᠩ ᠪᠣᠯᠣᠳ ᠵᠢᠳᠠ ᠪᠠᠨ 
 ᠭᠠᠭᠴᠠ ᠬᠣᠶᠠᠷ ᠬᠠᠪᠢᠷᠴᠤ 
 ᠭᠠᠯᠵᠠᠭᠤ ᠤᠨᠯᠠᠭᠠᠨ ᠲᠠᠮᠠᠬᠢ ᠪᠠᠨ 
 ᠭᠠᠭᠴᠠ ᠬᠣᠶᠠᠷ ᠤᠭᠤᠭᠢᠭᠤᠯᠵᠠᠢ᠃ 
 ᠠᠮᠠᠨ ᠤ᠋ ᠬᠢᠨᠢ ᠤᠲᠤᠭ᠎ᠠ 
 ᠠᠷᠤ ᠲᠢᠪ ᠢ᠋ ᠪᠦᠷᠬᠦᠵᠡᠢ᠂ 
 ᠵᠠᠪᠠᠵᠢᠨ ᠤ᠋ ᠬᠢᠨᠢ ᠤᠲᠤᠭ᠎ᠠ 
 ᠽᠠᠮᠪᠤᠲᠢᠪ ᠢ᠋ ᠪᠦᠷᠬᠦᠵᠡᠢ᠃ 
 ᠤᠷᠤᠭᠤᠯ ᠤ᠋ᠨ ᠬᠢᠨᠢ ᠤᠲᠤᠭ᠎ᠠ 
 ᠤᠷᠢᠳᠤ ᠲᠢᠪ ᠢ᠋ ᠪᠦᠷᠬᠦᠵᠡᠢ᠃ 
 ᠢᠩᠭᠢᠵᠦ ᠪᠠᠬᠠᠨ ᠰᠠᠭᠤᠵᠤ 
 ᠡᠷᠭᠢᠨ ᠲᠣᠭᠣᠷᠢᠨ ᠢ᠋ ᠰᠢᠷᠲᠡᠵᠦ ᠪᠠᠢᠲᠠᠯ᠎ᠠ 
 ᠵᠡᠭᠦᠨ ᠬᠣᠢᠲᠤ ᠵᠦᠭ ᠡᠴᠡ 
 ᠠᠭᠤᠯᠠ ᠭᠡᠬᠦ ᠳ᠋ᠦ᠍ ᠠᠭᠤᠯᠠ ᠪᠢᠰᠢ 
 ᠡᠭᠦᠯᠡ ᠭᠡᠬᠦ ᠳ᠋ᠦ᠍ ᠡᠭᠦᠯᠡ ᠪᠢᠰᠢ 
 ᠨᠢᠭᠡ ᠯᠡ ᠶᠡᠬᠡ ᠪᠠᠷ᠎ᠠ ᠬᠠᠷᠠᠭᠳᠠᠵᠠᠢ᠃ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠪᠣᠭᠳᠠ ᠬᠠᠨ ᠤ᠋ 
 ᠬᠠᠮᠤᠭ ᠪᠡᠶ᠎ᠡ ᠨᠢ ᠠᠷᠵᠠᠰᠬᠢᠵᠦ 
 ᠬᠠᠷ᠎ᠠ ᠬᠥᠯᠥᠰᠥ ᠨᠢ ᠴᠢᠬᠠᠷᠠᠵᠠᠢ᠃ 
 ᠮᠥᠯᠳᠡᠭ ᠬᠣᠶᠠᠷ ᠡᠪᠡᠷ ᠨᠢ 
 ᠮᠥᠷᠦᠨ ᠡᠴᠡ ᠨᠢ ᠤᠷᠭᠤᠭᠰᠠᠨ 
 ᠠᠷᠪᠠᠨ ᠲᠠᠪᠤᠨ ᠲᠣᠯᠣᠭᠠᠢ ᠲᠠᠢ 
 ᠠᠨᠳᠠᠯᠠᠢ ᠰᠢᠷ᠎ᠠ ᠮᠠᠩᠭᠤᠰ ᠮᠥᠨ᠃ 
 ᠬᠣᠯᠠ ᠬᠠᠯᠲᠠᠷ ᠯᠠᠭᠤᠰᠠ ᠲᠠᠢ 
 ᠬᠤᠪᠠᠬᠠᠢ ᠲᠠᠯᠬᠢᠨ ᠡᠮᠡᠭᠡᠯ ᠲᠡᠢ 
 ᠬᠥᠮᠦᠨ ᠬᠥᠮᠦᠨ ᠦ᠌ ᠮᠢᠬ᠎ᠠ ᠶ᠋ᠢ 
 ᠬᠡᠦᠳᠡᠢ ᠬᠡᠦᠳᠡᠢ ᠲᠡᠩᠨᠡᠵᠡᠢ᠂  
 ᠳᠠᠩ ᠬᠥᠮᠦᠨ ᠦ᠌ ᠮᠢᠬ᠎ᠠ ᠶ᠋ᠢ 
 ᠳᠠᠯᠢᠩᠪᠤ ᠳᠠᠯᠢᠩᠪᠤ ⑤ ᠲᠠᠩᠨᠠᠵᠠᠢ᠃ 
 ᠨᠠᠶᠠᠨ ᠨᠠᠢ᠌ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ᠄ 
 《ᠬᠡᠪ ᠨᠤᠲᠤᠭ ᠬᠠᠮᠢᠭ᠎ᠠ ᠪᠣᠢ? 
 ᠬᠡᠳᠦ ᠵᠣᠷᠢᠭ ᠬᠡᠨ ᠪᠣᠢ? 
 ᠶᠠᠪ ᠨᠤᠲᠤᠭ ᠬᠠᠮᠢᠭ᠎ᠠ ᠪᠣᠢ? 
 ᠶᠠᠪᠤᠳᠠᠯ ᠤᠴᠢᠷ ᠬᠡᠨ ᠳ᠋ᠦ᠍ ᠪᠣᠢ? 
 ᠤᠨᠤᠭᠰᠠᠨ ᠤᠨᠤᠭ᠎ᠠ ᠴᠢᠨᠢ ᠶᠠᠮᠠᠷ ᠶᠤᠮ? 
 ᠪᠠᠷᠢᠭᠰᠠᠨ ᠪᠠᠭᠠᠵᠢ ᠴᠢᠨᠢ ᠬᠢᠷᠷ ᠶᠦᠮ? 
 ᠳᠠᠭᠠᠭᠤᠯᠤᠭᠰᠠᠨ ᠨᠥᠬᠥᠷ ᠴᠢᠨᠢ ᠬᠡᠳᠦ ᠶᠦᠮ? 
 ᠪᠢᠷ᠎ᠠ ᠲᠡᠩᠬᠡᠭᠡ ᠴᠢᠨᠢ ᠬᠢᠷᠢ ᠶᠦᠮ?》 ᠭᠡᠵᠡᠢ᠃ 
 ᠠᠷᠪᠠᠨ ᠲᠠᠪᠤᠨ ᠲᠣᠯᠣᠭᠠᠢ ᠲᠠᠢ 
 ᠠᠨᠳᠠᠯᠠᠢ ᠰᠢᠷ᠎ᠠ ᠮᠠᠩᠭᠤᠰ : 
 《ᠬᠡᠪ ᠨᠤᠲᠤᠭ ᠵᠡᠭᠦᠨ ᠬᠣᠢᠨ᠎ᠠ 
 ᠬᠡᠳᠦ ᠵᠣᠷᠢᠭ ᠪᠠᠷᠠᠭᠤᠨ ᠤᠷᠲᠤ 
 ᠶᠠᠪ ᠨᠤᠲᠤᠭ ᠵᠡᠭᠦᠨ ᠬᠣᠢᠨ᠎ᠠ 
 ᠶᠠᠪᠤᠳᠠᠯ ᠤᠴᠢᠷ ᠪᠠᠷᠠᠭᠤᠨ ᠤᠷᠲᠤ᠃ 
 ᠤᠨᠤᠭᠰᠠᠨ ᠤᠨᠤᠭ᠎ᠠ ᠶ᠋ᠢ ᠬᠡᠯᠡᠪᠡᠯ 
 ᠳᠠᠯᠤ ᠳᠤᠮᠳᠠ ᠪᠠᠨ ᠲᠠᠭᠠᠷᠢ ᠲᠠᠢ 
 ᠲᠠᠬᠢᠷ⑥ ᠬᠣᠯᠠ ᠬᠠᠯᠲᠠᠷ ᠯᠠᠭᠤᠰᠠ ᠳᠠ! ᠭᠡᠪᠡᠯ 
 ᠳᠠᠪᠬᠢᠳᠠᠭ ᠲᠠᠬᠢᠷ ᠰᠡᠭᠦᠯ ᠨᠢ ᠭᠤᠳᠤᠢᠳᠠᠭ ᠣ! ᠭᠡᠪᠡᠯ 
 ᠣᠨᠳᠣᠴᠢᠳᠠᠭ ᠣᠭᠣᠳᠣᠩ ᠰᠡᠭᠦᠯ ᠨᠢ ᠭᠣᠳᠣᠢᠳᠠᠭ᠃ 
 ᠪᠠᠷᠢᠭᠰᠠᠨ ᠪᠠᠭᠠᠵᠢ ᠶ᠋ᠢ ᠬᠡᠯᠡᠪᠡᠯ 
 ᠭᠠᠯᠪᠠ ᠭᠠᠯᠪᠠ ᠳ᠋ᠤ᠌ ᠭᠠᠢᠬᠠᠭᠳᠠᠭᠰᠠᠨ 
 ᠭᠠᠰ ᠤᠯᠠᠭᠠᠨ ᠪᠢᠯᠠᠭᠤ 
 ᠲᠦᠷᠥᠰᠡᠨ ᠪᠦᠭᠦᠳᠡ ᠶᠢ ᠲᠦᠢᠪᠡᠭᠡᠳᠡᠭ 
 ᠲᠦᠭᠦᠬᠡᠢ ᠤᠯᠠᠭᠠᠨ ᠪᠢᠯᠠᠭᠤ᠃ 
 ᠳᠠᠭᠠᠭᠤᠯᠤᠭᠰᠠᠨ ᠨᠥᠬᠥᠳ ᠢ᠋ ᠬᠡᠯᠡᠪᠡᠯ᠄ 
 ᠢᠷᠡᠭᠰᠡᠨ ᠪᠦᠭᠦᠳᠡ ᠶ᠋ᠢ ᠢᠪᠡᠭᠡᠯᠳᠡᠭ 
 ᠶᠡᠷᠡᠨ ᠨᠠᠢ᠌ᠮᠠᠨ ᠨᠥᠬᠥᠷ ᠶᠦᠮ᠃ 
 ᠪᠢᠷ᠎ᠠ ᠲᠡᠩᠬᠡᠭᠡ ᠶ᠋ᠢ ᠬᠡᠯᠡᠪᠡᠯ 
 ᠳᠡᠭᠡᠳᠦ ᠬᠦᠴᠦᠨ ᠳ᠋ᠡᠭᠡᠨ 
 ᠶᠡᠷᠡᠨ ᠶᠢᠰᠦᠨ ᠲᠡᠭᠷᠢ ᠶ᠋ᠢᠨ ᠬᠦᠴᠦᠲᠡᠢ 
 ᠳᠣᠣᠷᠠᠲᠤ ᠬᠦᠴᠦᠨ ᠳ᠋ᠡᠭᠡᠨ 
 ᠮᠢᠩᠭᠠᠨ ᠯᠤᠤ ᠶ᠋ᠢᠨ ᠬᠦᠴᠦᠲᠡᠢ! 》 ᠭᠡᠳ 
 ᠨᠠᠶᠠᠨ ᠨᠠᠢ᠌ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ ᠡᠴᠡ ᠠᠰᠠᠭᠤᠭᠰᠠᠨ ᠨᠢ᠄ 
 《ᠬᠡᠪ ᠨᠤᠲᠤᠭ ᠬᠠᠮᠢᠭ᠎ᠠ ᠪᠣᠢ? 
 ᠬᠡᠳᠦ ᠵᠣᠷᠢᠭ ᠬᠡᠨ ᠳ᠋ᠦ᠍ ᠪᠣᠢ? 
 ᠶᠠᠪ ᠨᠤᠲᠤᠭ ᠬᠠᠮᠢᠭ᠎ᠠ ᠪᠣᠢ?
 ᠶᠠᠪᠤᠳᠠᠯ ᠤᠴᠢᠷ ᠬᠡᠨ ᠳ᠋ᠦ᠍ ᠪᠣᠢ? 》 ᠭᠡᠵᠡᠢ᠃ 
 《ᠬᠡᠪ ᠨᠤᠲᠤᠭ ᠪᠠᠷᠠᠭᠤᠨ ᠤᠷᠲᠤ 
 ᠬᠡᠳᠦ ᠵᠣᠷᠢᠭ ᠵᠡᠭᠦᠨ ᠬᠣᠢᠨ᠎ᠠ 
 ᠶᠠᠪ ᠨᠤᠲᠤᠭ ᠪᠠᠷᠠᠭᠤᠨ ᠤᠷᠲᠤ 
 ᠶᠠᠪᠤᠳᠠᠯ ᠤᠴᠢᠷ ᠵᠡᠭᠦᠨ ᠬᠣᠢᠨ᠎ᠠ᠃ 
 ᠬᠣᠯᠲᠣᠷᠠᠬᠤ ᠶ᠋ᠢ ᠮᠡᠳᠡᠬᠦ ᠦᠭᠡᠢ 
 ᠬᠣᠶᠠᠷ ᠳᠠᠪᠬᠤᠷ ᠶᠠᠰᠤ ᠲᠠᠢ 
 ᠬᠣᠮᠬᠣᠷᠠᠬᠤ ᠶ᠋ᠢ ᠮᠡᠳᠡᠬᠦ ᠦᠭᠡᠢ 
 ᠬᠣᠷᠢᠨ ᠳᠠᠪᠬᠤᠷ ᠬᠤᠢᠬ᠎ᠠ ᠲᠠᠢ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠤ᠋ ᠭᠡᠷ ᠦ᠋ᠨ 
 ᠪᠠᠭᠠᠲᠤᠷ ᠪᠣᠯᠣᠳ ᠡᠪᠦᠭᠡᠨ ᠪᠢ ᠪᠠᠢᠨ᠎ᠠ! 》 ᠭᠡᠵᠡᠢ᠃ 
     *   *   * 
— — — — 
① ᠵᠤᠷᠠᠭᠠᠨ ᠮᠢᠬ᠎ᠠ— ᠭᠤᠶ᠎ᠠ ᠶ᠋ᠢᠨ ᠮᠢᠬ᠎ᠠ 
② ᠠᠱᠠᠷ— ᠠᠯᠭᠤᠷ᠂ ᠳᠠᠷᠠᠭ᠎ᠠ᠂ ᠬᠣᠵᠢᠮ 
③ ᠴᠠᠯᠠᠮ— ᠵᠢᠷᠢᠮ 
④ ᠣᠯᠣᠮ — ᠣᠯᠣᠩ 
⑤ ᠳᠠᠯᠢᠩᠪᠤᠤ— ᠬᠥᠨᠳᠡᠯᠡᠨ ᠰᠢᠷᠬᠡᠭ ᠲᠡᠢ ᠵᠤᠵᠠᠭᠠᠨ ᠪᠦᠰ ᠢᠶᠠᠷ ᠬᠢᠭᠰᠡᠨ ᠬᠡᠦᠳᠡᠢ  
⑥ ᠲᠠᠬᠢᠷ— ᠳᠠᠩ ᠭᠠᠭᠴᠠ᠂ ᠬᠠᠢᠰᠠᠩ ᠬᠣᠢᠷᠠᠭᠤ᠂ ᠡᠯᠳᠡᠪ ᠦ᠋ᠨ ᠵᠠᠩ ᠠᠭᠠᠰᠢ ᠲᠠᠢ᠂ ᠬᠠᠯᠠ ᠦᠵᠡᠭᠰᠡᠨ 

 ᠣᠷᠣᠢ ᠶ᠋ᠢᠨ ᠦᠰᠦ ᠨᠢ ᠥᠷᠪᠥᠰᠬᠢᠵᠦ 
 ᠣᠭᠣᠴᠢ ᠶ᠋ᠢᠨ ᠰᠠᠬᠠᠯ ᠨᠢ ᠰᠦᠷᠪᠡᠰᠬᠢᠭᠡᠳ 
 ᠮᠠᠩᠭᠤᠰ ᠶᠡᠬᠡ ᠰᠣᠴᠢᠭᠠᠳ 
 ᠮᠠᠷᠭᠠᠰᠢ ᠡᠪᠦᠭᠡᠨ ᠲᠡᠢ ᠲᠤᠯᠤᠯᠳᠤᠬᠤ ᠪᠠᠷ ᠲᠣᠭᠲᠠᠵᠠᠢ᠃ 
 ᠪᠠᠭᠠᠲᠤᠷ ᠪᠣᠯᠣᠳ ᠡᠪᠦᠭᠡᠨ 
 ᠪᠤᠴᠠᠭᠠᠳ ᠬᠠᠨ ᠤ᠋ ᠪᠠᠨ ᠵᠦᠭ ᠳᠠᠪᠬᠢᠵᠠᠢ᠃ 
 ᠪᠤᠰᠤᠰᠬᠢᠭᠰᠡᠨ ᠲᠣᠭᠣᠰᠣ ᠨᠢ ᠭᠡᠨ᠎ᠡ 
 ᠪᠤᠭ ᠮᠠᠩᠭᠤᠰ ᠤ᠋ᠨ ᠡᠮᠦᠨ᠎ᠡ ᠭᠡᠨ᠎ᠡ 
 ᠪᠤᠭᠳᠤᠢᠰᠬᠢᠭᠰᠠᠨ ᠡᠪᠦᠭᠡᠨ ᠭᠡᠨ᠎ᠡ 
 ᠪᠣᠭᠳᠠ ᠬᠠᠨ ᠤ᠋ ᠡᠮᠦᠨ᠎ᠡ ᠭᠡᠨ᠎ᠡ᠃ 
 ᠬᠠᠨ ᠳ᠋ᠠᠭᠠᠨ ᠤᠴᠢᠷ ᠢ᠋ᠶ᠋ᠠᠨ ᠮᠡᠳᠡᠭᠦᠯᠵᠦ 
 ᠬᠣᠶᠠᠭᠤᠯᠠ ᠪᠠᠨ ᠵᠥᠪᠯᠡᠵᠦ ᠲᠣᠭᠲᠠᠭᠰᠠᠨ ᠨᠢ ᠄᠄ 
 ᠲᠦᠷᠦᠭᠦᠦ ᠭᠠᠭᠴᠠ ᠮᠠᠩᠭᠤᠰ ᠲᠠᠢ ᠨᠢ 
 ᠬᠠᠨ ᠪᠠᠢᠯᠳᠤᠬᠤ ᠪᠠᠷ ᠪᠣᠯᠵᠠᠢ᠂ 
 ᠲᠡᠭᠦᠨ ᠡᠴᠡ ᠪᠤᠰᠤᠳ ᠮᠠᠩᠭᠤᠰ ᠢ᠋ ᠨᠢ 
 ᠡᠪᠦᠭᠡᠨ ᠠᠯᠠᠬᠤ ᠪᠠᠷ ᠪᠡᠯᠡᠳᠬᠡᠵᠡᠢ᠃ 
     *   *   *   
 ᠥᠷᠯᠥᠭᠡ ᠡᠷᠲᠡ ᠨᠢ ᠪᠣᠯᠵᠠᠢ 
 ᠥᠰᠢᠶᠡᠲᠡᠨ ᠳᠠᠢᠰᠤᠨ ᠲᠠᠢ ᠪᠠᠨ ᠤᠴᠠᠷᠠᠵᠠᠢ᠃ 
 ᠡᠡᠷᠪᠡᠨ ᠲᠠᠪᠤᠨ ᠲᠣᠯᠣᠭᠠᠢ ᠲᠠᠢ 
 ᠠᠨᠳᠠᠯᠠᠢ ᠰᠢᠷ᠎ᠠ ᠮᠡᠠᠩᠭᠤᠰ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠤ᠋ ᠥᠭᠡᠳᠡ ᠡᠴᠡ 
 ᠭᠠᠯᠪᠠ ᠭᠠᠯᠪᠠ ᠳ᠋ᠤ᠌ ᠭᠠᠢᠬᠠᠭᠳᠠᠭᠰᠠᠨ  
 ᠭᠠᠰ ᠤᠯᠠᠭᠠᠨ ᠪᠢᠯᠠᠭᠤ ᠪᠠᠨ᠂ 
 ᠲᠥᠷᠥᠭᠰᠡᠨ ᠪᠦᠭᠦᠳᠡ ᠶ᠋ᠢ ᠲᠦᠢᠪᠡᠭᠡᠳᠡᠭ 
 ᠲᠦᠭᠦᠬᠡᠢ ᠤᠯᠠᠭᠠᠨ ᠪᠢᠯᠠᠭᠤ ᠪᠠᠨ᠄ 
 《ᠭᠠᠷᠬᠤ ᠳ᠋ᠠᠭᠠᠨ ᠭᠠᠯ ᠤᠯᠠᠭᠠᠨ 
 ᠭᠠᠵᠠᠷ ᠤ᠋ᠨ ᠳᠤᠮᠳᠠ ᠴᠣᠭ ᠤᠯᠠᠭᠠᠨ 
 ᠬᠦᠷᠬᠦ ᠳ᠋ᠡᠭᠡᠨ ᠬᠦᠷᠡᠩ ᠤᠯᠠᠭᠠᠨ 
 ᠬᠦᠷᠦᠭᠰᠡᠨ ᠬᠣᠢᠨ᠎ᠠ ᠪᠠᠨ ᠠᠶᠤᠩᠭ᠎ᠠ ᠪᠣᠯᠵᠤ᠂ 
 ᠨᠢᠷᠤᠭᠤ ᠪᠦᠭᠦᠳᠡ ᠶ᠋ᠢ ᠨᠢ ᠨᠤᠭᠤᠯ! 
 ᠨᠤᠭᠤᠰᠤ ᠪᠦᠭᠦᠳᠡ ᠶ᠋ᠢ ᠨᠢ ᠳᠠᠰᠤᠯ ! 
 ᠰᠡᠭᠡᠷ ᠪᠦᠭᠦᠳᠡ ᠶ᠋ᠢ ᠨᠢ ᠰᠡᠲᠡᠯ! 
 ᠰᠡᠮᠡᠵᠡ ᠪᠦᠭᠦᠳᠡ ᠶ᠋ᠢ ᠨᠢ ᠬᠡᠷᠴᠢᠯᠡ! 
 ᠴᠢᠮᠥᠭᠡ ᠪᠦᠭᠦᠳᠡ ᠶ᠋ᠢ ᠨᠢ ᠬᠠᠭᠠᠯ! 
 ᠰᠢᠷᠪᠥᠰᠥ ᠪᠦᠭᠦᠳᠡ ᠶ᠋ᠢ ᠨᠢ ᠤᠭᠲᠤᠯ!》 ᠭᠡᠳ ᠰᠢᠲᠡᠵᠡᠢ᠃ 
 ᠠᠯᠲᠠᠨ ᠰᠢᠷᠭᠠᠯ ᠮᠣᠷᠢ ᠨᠢ 
 ᠠᠪᠤᠷᠠᠯᠲᠤ ᠬᠠᠨ ᠢ᠋ᠶ᠋ᠠᠨ ᠠᠪᠤᠭᠠᠳ 
 ᠬᠤᠷᠮᠤᠰᠲᠠ ᠲᠡᠭᠷᠢ ᠳ᠋ᠦ᠍ ᠭᠠᠷᠴᠤ 
 ᠬᠣᠣᠷᠲᠤ ᠵᠡᠪᠰᠡᠭ ᠤᠨ ᠠᠶᠤᠯ ᠠ᠋ᠴᠠ ᠵᠠᠢᠯᠠᠵᠠᠢ᠃ 
 ᠭᠠᠯᠪᠠ ᠭᠠᠯᠪᠠ ᠳ᠋ᠤ᠌ ᠭᠠᠢᠬᠠᠭᠳᠠᠭᠰᠠᠨ 
 ᠭᠠᠰ ᠤᠯᠠᠭᠠᠨ ᠪᠢᠯᠠᠭᠤ ᠨᠢ 
 ᠲᠥᠷᠥᠭᠰᠡᠨ ᠪᠦᠭᠦᠳᠡ ᠶ᠋ᠢ ᠲᠦᠢᠪᠡᠭᠡᠳᠡᠭ 
 ᠲᠦᠭᠦᠬᠡᠢ ᠤᠯᠠᠭᠠᠨ ᠪᠢᠯᠠᠭᠤ ᠨᠢ 
 ᠭᠠᠷᠬᠤ ᠳ᠋ᠠᠭᠠᠨ ᠭᠠᠯ ᠤᠯᠠᠭᠠᠨ 
 ᠭᠠᠵᠠᠷ ᠤ᠋ᠨ ᠳᠤᠮᠳᠠ ᠴᠣᠭ ᠤᠯᠠᠭᠠᠨ 
 ᠬᠦᠷᠬᠦ ᠳ᠋ᠡᠭᠡᠨ ᠬᠦᠷᠡᠩ ᠤᠯᠠᠭᠠᠨ 
 ᠬᠦᠷᠦᠭᠰᠡᠨ ᠬᠣᠢᠨ᠎ᠠ ᠪᠠᠨ ᠠᠶᠤᠩᠭ᠎ᠠ ᠪᠣᠯᠵᠤ 
 ᠪᠣᠯᠵᠣᠭᠠᠲᠤ ᠶ᠋ᠢᠨ ᠪᠣᠷᠣ ᠲᠣᠯᠣᠭᠠᠢ ᠶ᠋ᠢ 
 ᠪᠤᠯᠲᠤ ᠣᠩᠭᠢᠴᠡᠨ ᠬᠠᠶᠠᠵᠠᠢ᠃ 
     *   *   * 
 ᠠᠪᠤᠷᠠᠯᠲᠤ ᠬᠠᠨ ᠲᠡᠭᠷᠢ ᠡᠴᠡ ᠪᠠᠭᠤᠭᠠᠳ 
 ᠠᠨᠳᠠᠯᠠᠢ ᠰᠢᠷ᠎ᠠ ᠮᠡᠠᠩᠭᠤᠰ ᠤ᠋ᠨ ᠵᠦᠭ 
 ᠡᠴᠢᠭᠡ ᠶ᠋ᠢᠨ ᠦᠶ᠎ᠡ ᠡᠴᠡ ᠡᠳ᠌ᠯᠡᠭᠰᠡᠨ 
 ᠡᠷᠳᠡᠨᠢ ᠶ᠋ᠢᠨ ᠴᠠᠭᠠᠨ ᠰᠤᠮᠤ ᠪᠠᠨ 
 ᠡᠷᠭᠢᠭᠦᠯᠦᠨ ᠨᠢᠭᠡ ᠪᠠᠷᠢᠵᠤ 
 ᠠᠪᠤ ᠶ᠋ᠢᠨ ᠢ᠋ᠶ᠋ᠡᠨ ᠦᠶ᠎ᠡ ᠡᠴᠡ ᠪᠠᠷᠢᠭᠰᠠᠨ 
 ᠠᠯᠠᠭ ᠡᠷᠢᠶᠡᠨ ᠨᠤᠮᠤ ᠪᠠᠨ 
 ᠠᠯᠳᠠᠯᠠᠨ ᠨᠢᠭᠡ ᠲᠠᠲᠠᠵᠤ 
 ᠮᠠᠩᠭᠤᠰ ᠤ᠋ᠨ ᠠᠳᠠᠯᠢ ᠰᠢᠪᠰᠢᠵᠦ 
 ᠮᠠᠰᠢ ᠬᠣᠷᠣᠰᠤᠯ ᠲᠠᠢ ᠬᠠᠷᠪᠤᠵᠠᠢ᠄ 
 ᠡᠴᠢᠭᠡ ᠶ᠋ᠢᠨ ᠢ᠋ᠶ᠋ᠡᠨ ᠦᠶ᠎ᠡ ᠡᠴᠡ ᠡᠳ᠌ᠯᠡᠭᠰᠡᠨ 
 ᠡᠷᠳᠡᠨᠢ ᠶ᠋ᠢᠨ ᠴᠠᠭᠠᠨ ᠰᠤᠮᠤ ᠨᠢ 
 ᠭᠠᠷᠬᠤ ᠳ᠋ᠠᠭᠠᠨ ᠭᠠᠯ ᠤᠯᠠᠭᠠᠨ 
 ᠭᠠᠵᠠᠷ ᠤ᠋ᠨ ᠳᠤᠮᠳᠠ ᠴᠣᠭ ᠤᠯᠠᠭᠠᠨ 
 ᠬᠦᠷᠬᠦ ᠳ᠋ᠡᠭᠡᠨ ᠬᠦᠷᠡᠩ ᠤᠯᠠᠭᠠᠨ 
 ᠬᠦᠷᠦᠭᠰᠡᠨ ᠬᠣᠢᠨ᠎ᠠ ᠪᠠᠨ ᠠᠶᠤᠩᠭ᠎ᠠ ᠪᠣᠯᠵᠤ 
 ᠨᠢᠷᠤᠭᠤ ᠪᠦᠭᠦᠳᠡ ᠶ᠋ᠢ ᠨᠢ ᠨᠤᠭᠤᠯᠵᠠᠢ᠂ 
 ᠨᠤᠭᠤᠰᠤ ᠪᠦᠭᠦᠳᠡ ᠶ᠋ᠢ ᠨᠢ ᠲᠠᠰᠤᠯᠵᠠᠢ᠂ 
 ᠰᠡᠭᠡᠷ ᠪᠦᠭᠦᠳᠡ ᠶ᠋ᠢ ᠨᠢ ᠰᠡᠲᠡᠯᠵᠡᠢ᠂ 
 ᠰᠡᠮᠡᠵᠡ ᠪᠦᠭᠦᠳᠡ ᠶ᠋ᠢ ᠨᠢ ᠬᠡᠷᠴᠢᠯᠡᠵᠡᠢ᠂ 
 ᠴᠢᠮᠥᠭᠡ ᠪᠦᠭᠦᠳᠡ ᠶ᠋ᠢ ᠨᠢ ᠬᠠᠭᠠᠯᠵᠠᠢ᠂ 
 ᠰᠢᠷᠪᠥᠰᠥ ᠪᠦᠭᠦᠳᠡ ᠶ᠋ᠢ ᠨᠢ ᠣᠬᠲᠦᠯᠵᠠᠢ᠂
 《ᠡᠷ᠎ᠡ ᠬᠥᠮᠦᠨ ᠪᠣᠯᠤᠭᠰᠠᠨ ᠤ ᠬᠣᠢᠨ᠎ᠠ 
 ᠡᠨᠡᠦᠬᠡᠨ ᠰᠢᠷᠬᠠᠨ ᠳ᠋ᠤ᠌ ᠶᠠᠭᠠᠬᠢᠬᠤ ᠪᠣᠢ!》 ᠭᠡᠳ 
 ᠠᠷᠪᠠᠨ ᠲᠠᠪᠤᠨ ᠲᠣᠯᠣᠭᠠᠢ ᠲᠠᠢ 
 ᠠᠨᠳᠠᠯᠠᠢ ᠰᠢᠷ᠎ᠠ ᠮᠠᠩᠭᠤᠰ  
 ᠠᠷᠪᠠᠨ ᠭᠤᠷᠪᠠᠨ ᠨᠠᠰᠤᠲᠠᠢ 
 ᠡᠡᠪᠤᠷᠠᠯᠲᠦ ᠬᠠᠨ ᠲᠠᠢ ᠣᠴᠢᠭᠠᠳ ᠨᠣᠴᠣᠯᠳᠤᠵᠠᠢ᠃ 
 ᠬᠡᠳᠦ ᠬᠣᠨᠣᠭ ᠨᠣᠴᠣᠯᠳᠤᠵᠤ 
 ᠬᠡᠨ ᠠᠯᠢᠨ ᠨᠢ ᠴᠦ᠍ ᠳᠡᠢᠯᠬᠦ ᠦᠭᠡᠢ 
 ᠣᠭᠲᠠᠷᠭᠤᠢ ᠳ᠋ᠤ᠌ ᠭᠠᠷᠴᠤ 
 ᠣᠳᠣ ᠲᠣᠭᠠᠯᠠᠨ ᠨᠣᠴᠣᠯᠳᠤᠵᠤ 
 ᠡᠷᠭᠢᠵᠦ ᠪᠠᠭᠤᠵᠤ ᠢᠷᠡᠭᠡᠳ 
 ᠡᠪᠡᠰᠦ ᠲᠣᠭᠠᠯᠠᠨ ᠨᠣᠴᠣᠯᠳᠤᠵᠤ 
 ᠠᠭᠤᠯᠠᠨ ᠳ᠋ᠤ᠌ ᠭᠠᠷᠴᠤ 
 ᠴᠢᠯᠠᠭᠤ ᠲᠣᠭᠠᠯᠠᠨ ᠨᠣᠴᠣᠯᠳᠤᠵᠤ 
 ᠤᠰᠤᠨ ᠳ᠋ᠤ᠌ ᠣᠷᠣᠵᠤ 
 ᠵᠢᠷᠠᠭᠠᠭᠠᠢ ᠲᠣᠭᠠᠯᠠᠨ ᠨᠣᠴᠣᠯᠳᠤᠵᠠᠢ᠃ 
 ᠠᠪᠤᠷᠠᠯᠲᠤ ᠬᠠᠨ ᠤ᠋ ᠪᠡᠶ᠎ᠡ ᠶ᠋ᠢᠨ 
 ᠠᠭᠤᠷ ᠬᠢᠯᠢᠭ ᠨᠢ ᠣᠷᠭᠢᠯᠵᠤ 
 ᠠᠪᠤᠷᠭᠤ ᠬᠦᠴᠦ ᠨᠢ ᠪᠠᠳᠠᠷᠠᠵᠤ᠂ 
 ᠠᠨᠳᠠᠯᠠᠢ ᠰᠢᠷ᠎ᠠ ᠮᠠᠩᠭᠤᠰ ᠤ᠋ᠨ 
 ᠠᠷᠭ᠎ᠠ ᠬᠦᠴᠦ ᠨᠢ ᠪᠠᠷᠠᠭᠳᠠᠵᠤ 
 ᠠᠮᠠᠨ ᠠ᠋ᠴᠠ ᠨᠢ ᠨᠥᠵᠢ ᠤᠨᠠᠬᠤ ᠳ᠋ᠤ᠌ 
 ᠪᠠᠭᠠᠲᠤᠷ ᠨᠢ ᠮᠠᠩᠭᠤᠰ ᠢ᠋ 
 ᠡᠪᠬᠡᠵᠦ ᠡᠪᠬᠡᠵᠦ 
 ᠡᠷᠡᠬᠡᠢ ᠶ᠋ᠢᠨ ᠴᠢᠨᠡᠭᠡ ᠪᠣᠯᠭᠠᠵᠤ 
 ᠬᠤᠮᠢᠵᠤ ᠬᠤᠮᠢᠵᠤ 
 ᠬᠤᠷᠤᠭᠤᠪᠴᠢᠨ ᠴᠢᠨᠡᠭᠡ ᠪᠣᠯᠭᠠᠵᠤ ᠤᠨᠠᠭᠠᠭᠠᠳ 
 ᠡᠪᠦᠳᠦᠭ ᠳᠣᠣᠷ᠎ᠠ ᠪᠠᠨ ᠳᠠᠷᠤᠵᠤ 
 ᠥᠴᠢᠭ ᠲᠠᠩᠭᠠᠷᠢᠭ ᠢ᠋ ᠨᠢ ᠰᠣᠨᠣᠰᠴᠠᠢ᠃ 
 ᠠᠨᠳᠠᠯᠠᠢ ᠰᠢᠷ᠎ᠠ ᠮᠠᠩᠭᠤᠰ 
 ᠠᠨᠳᠠᠭᠠᠢᠯᠠᠵᠤ ᠦᠭᠡ ᠪᠡᠨ ᠬᠡᠯᠡᠭᠰᠡᠨ ᠨᠢ᠄
 《ᠨᠣᠮᠣᠬᠠᠨ ᠮᠣᠷᠢᠨ ᠤ᠋ ᠴᠢᠨᠢ 
 ᠨᠣᠭᠲᠣ ᠪᠣᠯᠤᠶ᠎ᠠ! 
 ᠲᠣᠭᠰᠢᠨ ᠮᠣᠷᠢᠨ ᠤ᠋ ᠴᠢᠨᠢ 
 ᠴᠢᠳᠥᠷ ᠪᠣᠯᠤᠶ᠎ᠠ! 
 ᠭᠠᠳᠠᠭ᠎ᠠ ᠮᠣᠷᠢᠨ ᠤ᠋ ᠴᠢᠨᠢ 
 ᠤᠶᠠᠭ᠎ᠠ ᠪᠣᠯᠤᠶ᠎ᠠ!  
 ᠭᠠᠩᠭᠠᠩ ᠬᠥᠮᠦᠨ ᠦ᠌ ᠴᠢᠨᠢ 
 ᠵᠠᠷᠤᠴᠠ ᠪᠣᠯᠤᠶ᠎ᠠ! 
 ᠬᠣᠯᠠ ᠶᠠᠪᠤᠬᠤ ᠳ᠋ᠤ᠌ ᠴᠢᠨᠢ 
 ᠬᠠᠨᠢ ᠪᠣᠯᠤᠶ᠎ᠠ! 
 ᠣᠢᠷ᠎ᠠ ᠶᠠᠪᠤᠬᠤ ᠳ᠋ᠤ᠌ ᠴᠢᠨᠢ 
 ᠪᠠᠷᠠᠭ᠎ᠠ ᠪᠣᠯᠤᠶ᠎ᠠ! 
 ᠬᠦᠦ ᠶ᠋ᠢᠨ ᠴᠢᠨᠢ 
 ᠪᠣᠭᠣᠯ ᠪᠣᠯᠤᠶ᠎ᠠ! 
 ᠬᠡᠦᠬᠡᠨ ᠦ᠌ ᠴᠢᠨᠢ  
 ᠢᠨᠵᠢ ᠪᠣᠯᠤᠶ᠎ᠠ! 
 ᠤᠲᠠᠰᠤᠨ ᠴᠢᠨᠡᠭᠡ ᠤᠯᠠᠭᠠᠨ ᠭᠣᠣᠯ ᠢ᠋ ᠮᠢᠨᠢ 
 ᠦᠯᠡᠳᠡᠭᠡᠵᠦ ᠦᠵᠡᠭᠡᠴᠢ᠂ 
 ᠠᠪᠤᠷᠠᠭᠠᠷᠠᠢ!》 ᠭᠡᠵᠡᠢ᠃ 
 ᠠᠷᠪᠠᠨ ᠭᠤᠷᠪᠠᠨ ᠨᠠᠰᠤᠲᠠᠢ 
 ᠠᠪᠤᠷᠠᠯᠲᠤ ᠬᠠᠨ ᠤ ᠬᠠᠷᠢᠭᠤᠯᠤᠭᠰᠠᠨ ᠨᠢ᠄
 《ᠠᠪᠤ ᠶ᠋ᠢᠨ ᠦᠶ᠎ᠡ ᠡᠴᠡ ᠬᠣᠴᠣᠷᠤᠭᠰᠠᠨ 
 ᠠᠴᠢ ᠬᠠᠢᠷ᠎ᠠ ᠪᠠᠨ ᠬᠦᠷᠲᠡᠭᠡᠭᠰᠡᠨ 
 ᠨᠠᠶᠠᠨ ᠨᠠᠢ᠍ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ ᠡᠴᠡ 
 ᠠᠰᠠᠭᠤᠵᠤ ᠵᠥᠪᠯᠡᠵᠦ ᠪᠠᠢᠭᠠᠳ 
 ᠠᠯᠠᠵᠤ ᠠᠪᠤᠷᠠᠬᠤ ᠶ᠋ᠢ ᠲᠣᠭᠲᠠᠭᠠᠶ᠎ᠠ!》ᠭᠡᠵᠡᠢ᠃ 
     *   *   *   
 ᠨᠠᠶᠠᠨ ᠨᠠᠢ᠍ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ 
 ᠠᠨᠳᠠᠯᠠᠢ ᠰᠢᠷ᠎ᠠ ᠮᠠᠩᠭᠤᠰ ᠤ᠋ᠨ 
 ᠠᠷᠤ ᠳ᠋ᠠᠭᠠᠨ ᠳᠠᠭᠠᠭᠤᠯᠵᠤ ᠢᠷᠡᠭᠰᠡᠨ 
 ᠶᠡᠷᠡᠨ ᠨᠠᠢ᠍ᠮᠠᠨ ᠨᠥᠬᠥᠷ ᠢ᠋ ᠨᠢ 
 ᠢᠪᠡᠷᠡᠲᠡᠯ᠎ᠡ ᠳᠠᠭᠠᠷᠢᠵᠤ ᠠᠯᠠᠭᠠᠳ 
 ᠵᠡᠭᠦᠨ ᠬᠣᠢᠲᠤ ᠵᠦᠭ ᠡᠴᠡ 
 ᠬᠦᠷᠴᠦ ᠨᠢᠭᠡ ᠢᠷᠡᠵᠡᠢ᠃ 
 ᠠᠪᠤᠷᠠᠯᠲᠤ ᠬᠠᠨ ᠪᠠᠶᠠᠷᠯᠠᠵᠤ 
 ᠪᠠᠭᠠᠲᠤᠷ ᠪᠣᠯᠣᠳ ᠡᠪᠦᠭᠡᠨ ᠳ᠋ᠡᠭᠡᠨ 
 ᠠᠨᠳᠠᠯᠠᠢ ᠰᠢᠷ᠎ᠠ ᠶ᠋ᠢᠨ ᠠᠨᠳᠠᠭᠠᠢ ᠶ᠋ᠢ ᠬᠡᠯᠡᠵᠦ 
 ᠠᠯᠠᠵᠤ ᠠᠪᠤᠷᠠᠬᠤ ᠶ᠋ᠢ ᠠᠰᠠᠭᠤᠬᠤ ᠳ᠋ᠤ᠌ 
 ᠨᠠᠶᠠᠨ ᠨᠠᠢ᠍ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ ᠨᠢ᠄
 《ᠮᠠᠩᠬ᠎ᠠ ᠡᠯᠡᠰᠦ ᠡᠯᠪᠡᠭ ᠪᠣᠯᠪᠠᠴᠤ 
 ᠭᠤᠯᠢᠷ ᠬᠢᠵᠦ ᠪᠣᠯᠬᠤ ᠦᠭᠡᠢ 
 ᠮᠠᠩᠭᠤᠰ ᠰᠢᠮᠨᠤᠰ ᠣᠯᠠᠨ ᠪᠣᠯᠪᠠᠴᠤ  
 ᠠᠯᠪᠠᠲᠤ ᠬᠢᠵᠦ ᠪᠣᠯᠳᠠᠭ ᠦᠭᠡᠢ 
 ᠬᠡᠰᠡᠭ ᠬᠡᠰᠡᠭ ᠣᠭᠲᠣᠯᠵᠤ 
 ᠬᠡᠷᠢᠶ᠎ᠡ ᠱᠠᠭᠠᠵᠠᠭᠠᠢ ᠴᠠᠳᠬᠠᠭ᠎ᠠ! 
 ᠣᠯᠠᠨ ᠣᠯᠠᠨ ᠣᠭᠲᠣᠯᠵᠤ 
 ᠣᠯᠠᠨ ᠤ᠋ ᠨᠣᠬᠠᠢ ᠴᠠᠳᠬᠠᠭ᠎ᠠ! 
 ᠡᠷᠬᠡᠯᠡᠭᠰᠡᠨ ᠰᠢᠭ ᠪᠣᠯᠤᠭᠠᠳ 
 ᠡᠯᠢᠭᠡ ᠵᠢᠷᠦᠬᠡ ᠶ᠋ᠢ ᠨᠢ ᠤᠭᠲᠤᠯ! 
 ᠲᠣᠭᠯᠠᠭᠰᠠᠨ ᠰᠢᠭ᠋ ᠪᠣᠯᠤᠭᠠᠳ 
 ᠲᠣᠯᠣᠭᠠᠢ ᠲᠠᠷᠢᠬᠢ ᠶ᠋ᠢ ᠨᠢ ᠤᠨᠠᠭ᠎ᠠ! 》 ᠭᠡᠵᠡᠢ᠃ 
 ᠬᠡᠯᠡᠭᠰᠡᠨ ᠢ᠋ᠶ᠋ᠡᠷ ᠨᠢ ᠪᠣᠯᠭᠠᠵᠤ 
 ᠬᠡᠷᠡᠭ ᠶᠠᠪᠤᠳᠠᠯ ᠢ᠋ᠶ᠋ᠠᠨ ᠲᠡᠭᠦᠰᠬᠡᠵᠦ 
 ᠠᠨᠳᠠᠯᠠᠢ ᠰᠢᠷ᠎ᠠ ᠮᠠᠩᠭᠤᠰ ᠤᠨ 
 ᠠᠮᠢ ᠨᠠᠰᠤ ᠶ᠋ᠢ ᠳᠠᠭᠤᠰᠬᠠᠵᠠᠢ᠃ 
     *   *   *   
 ᠳᠠᠢᠰᠤᠨ ᠢ᠋ᠶ᠋ᠠᠨ ᠳᠠᠷᠤᠵᠤ 
 ᠳᠠᠷᠬᠠᠨ ᠴᠣᠯᠠ ᠣᠯᠤᠯ᠎ᠠ 
 ᠥᠰᠢᠶᠡᠲᠡᠨ ᠢ᠋ᠶ᠋ᠡᠨ ᠳᠠᠷᠤᠵᠤ 
 ᠥᠷᠭᠡᠨ ᠴᠣᠯᠠ ᠪᠠᠨ ᠮᠠᠨᠳᠤᠭᠤᠯᠤᠯ᠎ᠠ ᠭᠡᠳ 
 ᠬᠠᠨ ᠪᠠᠭᠠᠲᠤᠷ ᠬᠣᠶᠠᠭᠤᠯᠠ ᠪᠠᠨ 
 ᠬᠠᠷᠢᠵᠤ ᠪᠤᠴᠠᠬᠤ ᠪᠠᠷ ᠶᠠᠪᠤᠬᠤ ᠳ᠋ᠤ᠌  
 ᠠᠯᠲᠠᠨ ᠰᠢᠷᠭᠠᠯ ᠮᠣᠷᠢ ᠨᠢ 
 ᠢᠨᠴᠠᠭᠠᠵᠤ ᠭᠡᠨᠡᠳᠲᠡ ᠵᠣᠭᠰᠣᠵᠠᠢ᠃ 
 ᠠᠪᠤᠷᠠᠯᠲᠤ ᠬᠠᠨ ᠰᠠᠨᠳᠤᠷᠴᠤ 
 ᠠᠭᠲᠠ ᠬᠦᠯᠦᠭ ᠡᠴᠡ ᠪᠡᠨ ᠠᠰᠠᠭᠤᠭᠰᠠᠨ ᠨᠢ᠄ 
 《ᠠᠯᠲᠠᠨ ᠰᠢᠷᠭᠠᠯ ᠮᠣᠷᠢ ᠮᠢᠨᠢ 
 ᠢᠨᠴᠠᠭᠠᠵᠤ ᠶᠠᠭᠤᠨ ᠳ᠋ᠤ᠌ ᠵᠣᠭᠰᠣᠪᠠ? 
 ᠡᠪ ᠦᠭᠡᠢ ᠤᠴᠢᠷ ᠶᠠᠭᠤ ᠪᠣᠯᠪᠠ 
 ᠡᠵᠡᠨ ᠳ᠋ᠡᠭᠡᠨ ᠲᠦᠷᠭᠡᠨ ᠬᠡᠯᠡᠨ᠎ᠡ ᠤᠤ? 》 ᠭᠡᠬᠦ ᠳ᠋ᠦ᠍ 
 ᠠᠯᠲᠠᠨ ᠰᠢᠷᠭᠠᠯ ᠮᠣᠷᠢ ᠨᠢ 
 ᠠᠴᠢᠲᠤ ᠡᠵᠡᠨ ᠳ᠋ᠡᠭᠡᠨ ᠬᠡᠯᠡᠭᠰᠡᠨ ᠨᠢ᠄ 
 《ᠬᠠᠷᠢᠳᠠᠨ ᠳᠠᠢᠰᠤᠨ ᠢ᠋ ᠳᠠᠷᠤᠯ᠎ᠠ 
 ᠬᠠᠷᠢᠨ ᠪᠠᠰᠠ ᠳᠤᠲᠠᠭᠤ ᠪᠠᠢᠨ᠎ᠠ 
 ᠵᠡᠭᠦᠨ ᠬᠣᠢᠲᠤ ᠵᠦᠭ ᠲᠦ᠍ 
 ᠰᠢᠷ᠎ᠠ᠂ ᠨᠣᠭᠣᠭᠠᠨ᠂ ᠬᠠᠷ᠎ᠠ 
 ᠭᠤᠷᠪᠠᠨ ᠭᠡᠷ ᠮᠠᠩᠭᠤᠰ 
 ᠭᠤᠲᠤᠷᠠᠯ ᠦᠭᠡᠢ ᠬᠡᠪᠲᠡᠵᠦ ᠪᠠᠢᠨ᠎ᠠ! 》 ᠭᠡᠵᠡᠢ᠃ 
     *   *   *  
 ᠨᠠᠶᠠᠨ ᠨᠠᠢ᠍ᠮᠠᠨ ᠨᠠᠰᠤᠲᠠᠢ 
 ᠪᠠᠭᠠᠲᠤᠷ ᠪᠣᠯᠣᠳ ᠡᠪᠦᠭᠡᠨ 
 ᠬᠥᠳᠡᠯᠦᠭᠡᠳ ᠨᠢᠭᠡᠨ ᠥᠭᠴᠡᠢ 
 ᠬᠦᠷᠦᠭᠡᠳ ᠨᠢᠭᠡ ᠣᠴᠢᠵᠠᠢ᠃ 
 ᠪᠠᠷᠠᠭᠤᠨ ᠲᠠᠯ᠎ᠠ ᠶ᠋ᠢᠨ ᠰᠢᠷ᠎ᠠ ᠭᠡᠷ ᠢ᠋ 
 ᠪᠠᠯᠪᠠ ᠢᠰᠬᠦᠯᠦᠨ ᠣᠷᠣᠵᠠᠢ᠃ 
 ᠵᠠᠷᠠᠭᠠᠨ ᠠᠷᠠᠰᠤᠨ ᠵᠠᠩᠴᠢ ᠲᠠᠢ 
 ᠵᠠᠢᠷ ᠴᠢᠯᠠᠭᠤᠨ ᠡᠷᠢᠭᠡ ᠲᠡᠢ 
 ᠬᠣᠷᠢᠨ ᠲᠠᠪᠤᠨ ᠲᠣᠯᠣᠭᠠᠢ ᠲᠠᠢ 
 ᠬᠣᠯᠳᠣᠯᠠᠢ ᠰᠢᠷ᠎ᠠ ᠯᠠᠮᠠ ᠪᠠᠢᠵᠠᠢ᠃ 
 ᠬᠣᠷᠢᠨ ᠲᠠᠪᠤᠨ ᠲᠣᠯᠣᠭᠠᠢ ᠶ᠋ᠢ ᠨᠢ 
 ᠬᠣᠢᠰᠢ ᠣᠷᠣᠭᠰᠢ ᠤᠨᠠᠭᠠᠴᠢᠬᠠᠵᠠᠢ᠂ 
 ᠳᠤᠮᠳᠠ ᠲᠠᠯ᠎ᠠ ᠶ᠋ᠢᠨ ᠨᠣᠭᠣᠭᠠᠨ ᠭᠡᠷ ᠢ᠋ 
 ᠳᠣᠭᠳᠣᠯᠲᠠᠯ᠎ᠠ ᠬᠠᠰᠬᠢᠷᠤᠭᠠᠳ ᠣᠷᠣᠵᠠᠢ᠃ 
 ᠡᠷᠡᠦ ᠡᠪᠦᠳᠦᠭ ᠨᠢ ᠨᠡᠢᠯᠡᠭᠰᠡᠨ 
 ᠡᠮᠰᠢᠩ᠂ ᠳᠤᠮᠰᠢᠡᠭ ᠭᠡᠰᠡᠨ 
 ᠠᠷᠪᠠᠨ ᠲᠠᠪᠤᠨ ᠲᠣᠯᠣᠭᠠᠢ ᠲᠠᠢ 
 ᠠᠲᠤᠭᠠᠷ ᠬᠠᠷ᠎ᠠ ᠡᠪᠦᠭᠡᠨ ᠡᠮᠡᠭᠡᠨ ᠮᠠᠩᠭᠤᠰ ᠄ 
 《ᠴᠢ ᠮᠠᠨ ᠤ᠋ ᠬᠦᠦ ᠤᠤ? 
 ᠠᠨᠳᠠᠯᠠᠢ ᠰᠢᠷ᠎ᠠ ᠮᠢᠨᠢ ᠢᠷᠡᠪᠡ ᠤᠤ? 
 ᠳᠠᠢᠰᠤᠨ ᠢ᠋ᠶ᠋ᠠᠨ ᠳᠠᠷᠤᠪᠠ ᠤᠤ? 
 ᠳᠠᠷᠬᠠᠨ ᠴᠣᠯᠠ ᠪᠠᠨ ᠣᠯᠪᠠ ᠤᠤ? 
 ᠥᠰᠢᠶᠡᠲᠡᠨ ᠢ᠋ᠶ᠋ᠡᠨ ᠳᠠᠷᠤᠪᠠ ᠤᠤ? 
 ᠥᠷᠭᠡᠨ ᠴᠣᠯᠠ ᠪᠠᠨ ᠮᠠᠨᠳᠤᠭᠤᠯᠪᠠ ᠤᠤ? 》 ᠭᠡᠵᠡᠢ᠃ 
 《ᠳᠠᠢᠰᠤᠨ ᠢ᠋ᠶ᠋ᠠᠨ ᠳᠠᠷᠤᠵᠤ 
 ᠳᠠᠷᠬᠠᠨ ᠴᠣᠯᠠ ᠪᠠᠨ ᠣᠯᠳᠠᠭ ᠨᠢ 
 ᠲᠠᠨ ᠤ᠋ ᠬᠦᠦ ᠴᠢᠨᠢ ᠯᠡ ᠶᠦᠮ ᠤᠤ? 
 ᠥᠰᠢᠶᠡᠲᠡᠨ ᠢ᠋ᠶ᠋ᠡᠨ ᠳᠠᠷᠤᠵᠤ 
 ᠥᠷᠭᠡᠨ ᠴᠣᠯᠠ ᠪᠠᠨ ᠣᠯᠳᠠᠭ ᠨᠢ 
 ᠲᠠᠨ ᠤ᠋ ᠬᠦᠦ ᠴᠢᠨᠢ ᠯᠠ ᠶᠦᠮ ᠤᠤ? 》 ᠭᠡᠳ 
 ᠠᠷᠪᠠᠨ ᠲᠠᠪᠤᠨ ᠲᠣᠯᠣᠭᠠᠢ ᠶ᠋ᠢ ᠨᠢ 
 ᠠᠷᠤ ᠥᠪᠥᠷ ᠤᠷᠤᠭᠤ ᠨᠢ ᠪᠥᠮᠪᠥᠷᠢᠭᠦᠯᠵᠡᠢ᠃ 
 ᠵᠡᠭᠦᠨ ᠲᠠᠯ᠎ᠠ ᠶ᠋ᠢᠨ ᠬᠠᠷ᠎ᠠ ᠭᠡᠷ ᠢ᠋ 
 ᠵᠠᠳᠠ ᠢᠰᠬᠦᠯᠦᠭᠡᠳ ᠣᠷᠣᠬᠤ ᠳ᠋ᠤ᠌ 
 ᠭᠡᠷ ᠦ᠋ᠨ ᠴᠢᠨᠡᠭᠡ ᠭᠡᠳᠡᠰᠦ ᠲᠡᠢ 
 ᠭᠡᠳᠡᠭᠡᠷ ᠰᠢᠷ᠎ᠠ ᠮᠠᠩᠭᠤᠰ ᠪᠠᠢᠵᠠᠢ᠃ 
 ᠭᠡᠳᠡᠰᠦ ᠶ᠋ᠢ ᠨᠢ ᠬᠠᠭ᠎ᠠ ᠴᠢᠴᠢᠬᠦ ᠳ᠋ᠦ᠍ 
 ᠲᠥᠭᠡ ᠬᠢᠷᠢ ᠶᠢᠨ ᠪᠡᠶ᠎ᠡ ᠲᠡᠢ 
 ᠲᠡᠮᠦᠷ ᠬᠤᠶᠠᠭ ᠲᠠᠢ ᠬᠦᠦ ᠭᠠᠷᠤᠭᠠᠳ 
 ᠡᠪᠦᠭᠡᠨ ᠲᠡᠢ ᠰᠢᠭᠤᠳ ᠨᠣᠴᠣᠯᠳᠤᠵᠠᠢ᠃ 
 ᠡᠪᠦᠭᠡᠨ ᠢ᠋ ᠳᠡᠢᠯᠬᠦ ᠦᠭᠡᠢ ᠳ᠋ᠡᠭᠡᠨ 
 ᠦᠬᠦᠬᠦ ᠶ᠋ᠢᠨ ᠢ᠋ᠶ᠋ᠡᠨ ᠡᠮᠦᠨ᠎ᠡ ᠬᠡᠯᠡᠭᠰᠡᠨ ᠨᠢ᠄ 
 《ᠠᠷᠪᠠᠨ ᠰᠠᠷ᠎ᠠ ᠪᠣᠯᠤᠭ᠎ᠠ ᠦᠭᠡᠢ 
 ᠨᠢᠭᠡᠨ ᠶᠡᠬᠡ ᠭᠣᠮᠣᠳᠠᠯ ᠲᠠᠢ 
 ᠠᠩᠭᠢᠷ ᠤᠭᠤᠷᠠᠭ ᠢ᠋ᠶ᠋ᠠᠨ ᠬᠥᠬᠥᠭᠡ ᠦᠭᠡᠢ 
 ᠬᠣᠶᠠᠷ ᠶᠡᠬᠡ ᠭᠣᠮᠣᠳᠠᠯ ᠲᠠᠢ 
 ᠠᠪᠤ ᠶ᠋ᠢᠨ ᠢ᠋ᠶ᠋ᠡᠨ ᠨᠢᠭᠤᠷ ᠢ᠋ ᠦᠵᠡᠭᠡ ᠦᠭᠡᠢ 
 ᠭᠤᠷᠪᠠᠨ ᠶᠡᠬᠡ ᠭᠣᠮᠣᠳᠠᠯ ᠲᠠᠢ! 》 ᠭᠡᠵᠡᠢ᠃ 
     *   *   *   
 ᠪᠠᠭᠠᠲᠤᠷ ᠪᠣᠯᠣᠳ ᠡᠪᠦᠭᠡᠨ 
 ᠪᠤᠭ ᠮᠠᠩᠭᠤᠰ ᠤ᠋ᠨ ᠦᠨᠳᠦᠰᠦ ᠶ᠋ᠢ ᠲᠠᠰᠤᠯᠤᠭᠠᠳ 
 ᠠᠪᠤᠷᠠᠯᠲᠤ ᠬᠠᠨ ᠲᠠᠢ ᠪᠠᠨ ᠬᠣᠶᠠᠭᠤᠯᠠ 
 ᠠᠩᠬᠠᠨ ᠨᠤᠲᠤᠭ ᠲᠠᠭᠠᠨ ᠬᠦᠷᠦᠭᠡᠳ 
 ᠡᠷᠲᠡ ᠶ᠋ᠢᠨ ᠨᠠᠷᠠ ᠶ᠋ᠢ ᠮᠠᠨᠳᠤᠬᠤ ᠳ᠋ᠤ᠌ 
 ᠡᠷᠳᠡᠨᠢ ᠶ᠋ᠢᠨ ᠵᠢᠩ ᠢ᠋ᠶ᠋ᠡᠨ ᠳᠡᠯᠡᠳᠦᠭᠡᠳ 
 ᠡᠪᠡᠷᠲᠦ ᠳᠠᠢᠰᠤᠨ ᠢ᠋ᠶ᠋ᠠᠨ ᠳᠠᠷᠤᠭᠠᠳ 
 ᠡᠷᠭᠢᠵᠦ ᠬᠣᠲᠠᠨ ᠳ᠋ᠠᠭᠠᠨ ᠪᠠᠭᠤᠵᠠᠢ᠃ 
 ᠲᠦᠷᠦᠭᠦᠴᠢ ᠶ᠋ᠢᠨ ᠨᠠᠷᠠ ᠶ᠋ᠢ ᠭᠠᠷᠬᠤ ᠳ᠋ᠤ᠌ 
 ᠲᠡᠮᠦᠷ ᠵᠢᠩ ᠢᠶᠠᠨ ᠳᠡᠯᠡᠰᠦᠭᠡᠳ 
 ᠲᠦᠢᠳᠬᠡᠷᠲᠦ ᠮᠠᠩᠭᠤᠰ ᠢ᠋ ᠳᠠᠷᠤᠭᠠᠳ 
 ᠲᠥᠷᠥᠭᠰᠡᠨ ᠬᠣᠲᠠᠨ ᠳ᠋ᠠᠭᠠᠨ ᠪᠠᠭᠤᠵᠠᠢ᠃ 
 ᠭᠤᠨᠵᠢᠨ ᠦᠨᠢᠶ᠎ᠡ ᠠᠯᠠᠵᠤ 
 ᠭᠤᠷᠪᠠᠨ ᠬᠣᠨᠣᠭ ᠨᠠᠢᠷᠯᠠᠵᠤ 
 ᠳᠦᠨᠵᠡᠨ ᠦᠨᠢᠶ᠎ᠡ ᠠᠯᠠᠵᠤ 
 ᠳᠥᠷᠪᠡᠨ ᠬᠣᠨᠣᠭ ᠨᠠᠢᠷᠯᠠᠵᠤ 
 ᠬᠢᠲᠤᠭ᠎ᠠ ᠲᠠᠯᠪᠢᠯ ᠦᠭᠡᠢ 
 ᠮᠢᠬ᠎ᠠ ᠢᠳᠡᠵᠦ 
 ᠬᠤᠨᠳᠠᠭ᠎ᠠ ᠲᠠᠯᠪᠢᠯ ᠦᠭᠡᠢ 
 ᠠᠷᠢᠬᠢ ᠤᠤᠭᠤᠵᠤ 
 ᠠᠷᠢᠬᠢᠨ ᠳᠤ ᠳᠤᠷᠠᠲᠠᠢ ᠡᠪᠦᠭᠡᠴᠦᠳ 
 ᠠᠱᠠᠷ ᠪᠣᠯᠤᠶ᠎ᠠ ᠭᠡᠵᠡᠢ᠂ 
 ᠥᠭᠡᠬᠦᠨ ᠳᠤ ᠳᠤᠷᠠᠲᠠᠢ ᠡᠪᠦᠭᠡᠴᠦᠳ 
 ᠥᠷᠯᠥᠭᠡ ᠪᠣᠯᠤᠶ᠎ᠠ ᠭᠡᠵᠡᠢ᠃  

      ᠦᠰᠦᠭ ᠠᠮᠢᠯᠠᠭᠤᠯᠤᠭᠰᠠᠨ ᠨᠢ᠄ ᠬᠥᠬᠡ ᠮᠣᠩᠭᠣᠯ 
          ᠬᠢᠨᠠᠭᠴᠢ᠄  ᠪᠠᠶᠠᠨᠴᠡᠴᠡᠭ