ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–2 Идээ ундааны жинхэнэ товч–Хүсэхүй᠂ Хөхлуу нар – 1-р боть᠂Эрхэм найрлагат итгэн ундаа- 2
ᠡᠷᠬᠢᠮ ᠨᠠᠢᠷᠠᠯᠭᠠᠳᠤ ᠢᠳᠡᠭᠡᠨ ᠤᠮᠳᠠᠭᠠᠨ -2
ᠡᠨᠡ ᠢᠨᠦ ᠬᠣᠳᠣᠭᠣᠳᠣ ᠳᠡᠯᠢᠭᠦᠦ ᠪᠠ ᠬᠦᠴᠦᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠮᠤᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ᠂ ᠱᠥᠯᠦᠨ ᠳᠣᠲᠣᠷᠠᠬᠢ ᠵᠦᠢᠯ ᠦ᠋ᠳ ᠢ᠋ ᠱᠦᠭᠦᠵᠦ ᠭᠠᠷᠭᠠᠮᠤᠢ᠃ ᠭᠠᠷᠠᠨᠼᠠ ᠶ᠋ᠢᠨ ᠭᠤᠯᠢᠷ ᠬᠣᠶᠠᠷ ᠵᠢᠩ ᠢ᠋ ᠪᠤᠷᠴᠠᠭ ᠤ᠋ᠨ ᠭᠤᠯᠢᠷ ᠨᠢᠭᠡᠨ ᠵᠢᠩ ᠯᠦ᠍ᠭᠡ ᠨᠡᠢᠯᠡᠭᠦᠯᠦᠨ ᠨᠤᠬᠤᠭᠠᠳ ᠪᠥᠮᠪᠥᠷᠢᠭᠦᠯᠦᠨ ᠬᠠᠪᠲᠠᠭᠠᠢᠯᠠᠨ ᠬᠡᠷᠴᠢᠵᠦ᠂ ᠱᠥᠯᠦᠨ ᠳ᠋ᠦ᠍ᠷ ᠴᠢᠨᠠᠵᠤ᠂ ᠬᠣᠨᠢᠨ ᠮᠢᠬ᠎ᠠ ᠪᠠᠨ ᠨᠠᠷᠢᠨ ᠬᠢᠮ᠎ᠠ ᠬᠡᠷᠴᠢᠵᠦ᠂ ᠨᠣᠢᠲᠠᠨ ᠭᠠ ᠨᠢᠭᠡᠨ ᠭᠧ᠂ ᠬᠠᠭᠤᠷᠠᠭᠰᠠᠨ ᠰᠣᠩᠭᠢᠨ᠎ᠠ ᠶ᠋ᠢ ᠬᠢᠵᠦ ᠨᠠᠢᠷᠠᠭᠤᠯᠤᠨᠠ᠃
ᠭᠠᠷᠠᠨᠼᠠ ᠶ᠋ᠢᠨ ᠭᠤᠯᠢᠷ ᠤ᠋ᠨ ᠴᠢᠰᠤᠨ ᠶᠠᠯᠴᠢᠩ
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠨ᠎ᠠ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠠᠪᠤᠨ᠎ᠠ᠃ ᠵᠢᠴᠢ ᠭᠠᠷᠠᠨᠼᠠ ᠶ᠋ᠢᠨ ᠭᠤᠯᠢᠷ ᠬᠣᠶᠠᠷ ᠵᠢᠩ ᠪᠣᠯᠤᠨ ᠪᠤᠷᠴᠠᠭ ᠤ᠋ᠨ ᠭᠤᠯᠢᠷ ᠨᠢᠭᠡᠨ ᠵᠢᠩ ᠳ᠋ᠦ᠍ᠷ ᠬᠣᠨᠢᠨ ᠴᠢᠰᠤ ᠶ᠋ᠢ ᠨᠡᠢᠯᠡᠭᠦᠯᠦᠨ ᠪᠠᠵᠠᠮᠠᠯ ᠶᠠᠯᠴᠢᠩ ᠬᠢᠭᠡᠳ ᠂ᠬᠣᠨᠢᠨ ᠮᠢᠬ᠎ᠠ ᠪᠠᠨ ᠨᠠᠷᠢᠨ ᠬᠢᠮ᠎ᠠ ᠬᠡᠷᠴᠢᠨ ᠬᠠᠭᠤᠷᠤᠭᠰᠠᠨ ᠰᠣᠩᠭᠢᠨ᠎ᠠ ᠪᠠ ᠼᠤᠤ ᠬᠢᠵᠦ ᠨᠠᠢᠷᠠᠭᠤᠯᠤᠮᠤᠢ᠃
ᠭᠠᠷᠠᠨᠼᠠ ᠶ᠋ᠢᠨ ᠭᠤᠯᠢᠷ ᠤ᠋ᠨ ᠲᠠᠰᠤᠯᠪᠤᠷᠢ ᠢᠳᠡᠭᠡᠨ (ᠮᠢᠶᠠᠫᠢᠶᠠᠷ ᠪᠤᠶᠤ)
ᠬᠣᠳᠣᠭᠣᠳᠣ ᠳᠡᠯᠢᠭᠦᠦ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠨ᠎ᠠ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠠᠪᠤᠨ᠎ᠠ᠃ ᠲᠡᠭᠡᠭᠡᠳ ᠭᠠᠷᠠᠨᠼᠠ ᠶ᠋ᠢᠨ ᠭᠤᠯᠢᠷ ᠬᠣᠶᠠᠷ ᠵᠢᠩ᠂ ᠪᠤᠷᠴᠠᠭ ᠤ᠋ᠨ ᠭᠤᠯᠢᠷ ᠨᠢᠭᠡᠨ ᠵᠢᠩ᠂ ᠴᠠᠭᠠᠨ ᠭᠤᠯᠢᠷ ᠨᠢᠭᠡᠨ ᠵᠢᠩ᠂ ᠡᠳᠡᠭᠡᠷ ᠭᠤᠯᠢᠷ ᠢ᠋ ᠬᠣᠯᠢᠵᠤ ᠨᠤᠬᠤᠭᠠᠳ ᠮᠢᠶᠠᠨᠲ᠋ᠢᠶᠣᠣ ᠬᠢᠮᠦᠢ᠂ ᠵᠢᠴᠢ ᠬᠣᠨᠢᠨ ᠮᠢᠬ᠎ᠠ ᠪᠠᠨ ᠨᠢᠮᠭᠡᠨ ᠬᠡᠷᠴᠢᠵᠦ ᠬᠠᠭᠤᠷᠠᠭᠰᠠᠨ ᠰᠣᠩᠭᠢᠨ᠎ᠠ ᠪᠠ ᠼᠤᠤ ᠬᠢᠵᠦ ᠨᠠᠢᠷᠠᠭᠤᠯᠤᠨᠠ᠃
ᠭᠠᠷᠠᠨᠼᠠ ᠶ᠋ᠢᠨ ᠲᠠᠲᠠᠮᠠᠯ ᠶᠠᠯᠴᠢᠩ
ᠬᠣᠳᠣᠭᠣᠳᠣ ᠳᠡᠯᠢᠭᠦᠦ ᠶ᠋ᠢ ᠰᠡᠯᠪᠢᠨ ᠲᠤᠩᠭᠠᠯᠠᠭ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠭᠠᠮᠠᠷ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠨ᠂ ᠵᠢᠴᠢ ᠬᠣᠨᠢᠨ ᠡᠯᠢᠭᠡᠨ ᠤ ᠵᠢᠶᠠᠩ ᠢ᠋ ᠬᠢᠵᠦ᠂ ᠲᠤᠩᠭᠠᠯᠠᠭ ᠰᠥᠮᠥᠰᠦ ᠶ᠋ᠢ ᠠᠪᠤᠭᠠᠳ ᠨᠠᠯᠢᠱᠠᠮ ᠢ᠋ ᠨᠢᠭᠡ ᠯᠠᠩ ᠬᠢᠵᠦ ᠳᠠᠷᠠᠭ᠎ᠠ ᠨᠢ ᠭᠠᠷᠠᠨᠼᠠ ᠶ᠋ᠢᠨ ᠭᠤᠯᠢᠷ ᠬᠣᠶᠠᠷ ᠵᠢᠩ ᠢ᠋ ᠪᠤᠷᠴᠠᠭ ᠤ᠋ᠨ ᠭᠤᠯᠢᠷ ᠨᠢᠭᠡᠨ ᠵᠢᠩ ᠲᠡᠢ ᠨᠤᠬᠤᠵᠤ᠂ ᠲᠠᠲᠠᠮᠠᠯ ᠶᠠᠯᠴᠢᠩ ᠬᠢᠭᠡᠳ ᠨᠠᠷᠢᠨ ᠬᠡᠷᠴᠢᠭᠰᠡᠨ ᠬᠣᠨᠢᠨ ᠮᠢᠬ᠎ᠠ ᠶ᠋ᠢᠨ ᠬᠠᠮᠲᠤ ᠰᠥᠮᠥᠰᠦᠨ ᠳ᠋ᠦ᠍ᠷ ᠪᠤᠴᠠᠯᠭᠠᠨ᠂ ᠳᠠᠪᠤᠰᠤ ᠼᠤᠤ ᠲᠠᠯᠪᠢᠵᠤ ᠨᠠᠢᠷᠠᠭᠤᠯᠤᠮᠤᠢ᠃
ᠭᠠᠷᠠᠨᠼᠠ ᠶ᠋ᠢᠨ ᠲᠦᠨᠲᠦᠭ (ᠮᠤᠬᠤᠷ ᠵᠠᠩᠭᠤᠤ ᠪᠣᠭᠣᠷᠰᠣᠭ)
ᠬᠣᠳᠣᠭᠣᠳᠣ ᠳᠡᠯᠢᠭᠦᠦ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠮᠤᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠠᠪᠤᠮᠤᠢ᠃ ᠵᠢᠴᠢ ᠬᠣᠨᠢᠨ ᠮᠢᠬ᠎ᠠ ᠪᠠᠨ ᠢᠳᠡᠭᠡ ᠪᠣᠯᠭᠠᠨ ᠬᠡᠷᠴᠢᠨ᠂ ᠴᠠᠭᠠᠨ ᠢ᠋ ᠨᠢ ᠠᠷᠢᠯᠭᠠᠨ ᠠᠪᠤᠭᠰᠠᠨ ᠵᠦᠷᠪᠠᠭ ᠨᠢᠭᠡᠨ ᠴᠢᠨ᠂ ᠨᠣᠢᠲᠠᠨ ᠭᠠ ᠨᠢᠭᠡ ᠴᠢᠨ ᠢ᠋ ᠨᠠᠷᠢᠨ ᠬᠡᠷᠴᠢᠵᠦ᠂ ᠲᠠᠪᠤᠨ ᠠᠮᠲᠠ ᠶ᠋ᠢᠨ ᠨᠠᠢᠷᠠᠯᠭ᠎ᠠ ᠶ᠋ᠢ ᠢᠳᠡᠭᠡ ᠳ᠋ᠡᠭᠡᠨ ᠨᠠᠢᠷᠠᠭᠤᠯᠤᠭᠰᠠᠨ ᠤ᠋ ᠬᠣᠢᠨ᠎ᠠ᠂ ᠭᠠᠷᠠᠨᠼᠠ ᠶ᠋ᠢᠨ ᠭᠤᠯᠢᠷ ᠬᠣᠶᠠᠷ ᠵᠢᠩ ᠪᠤᠷᠴᠠᠭ ᠤ᠋ᠨ ᠭᠤᠯᠢᠷ ᠨᠢᠭᠡᠨ ᠵᠢᠩ ᠢ᠋ ᠬᠣᠯᠢᠵᠤ ᠨᠤᠬᠤᠭᠠᠳ ᠳᠡᠷᠡ ᠮᠠᠢᠭ ᠤ᠋ᠨ ᠳᠥᠨᠳᠥᠭ ᠪᠠᠷᠢᠵᠤ ᠪᠤᠴᠠᠯᠭᠠᠵᠤ᠂ ᠲᠡᠭᠡᠭᠡᠳ ᠱᠥᠯᠦᠨ ᠳᠣᠲᠣᠷ᠎ᠠ ᠲᠤᠲᠤᠷᠭ᠎ᠠ ᠨᠢᠭᠡᠨ ᠱᠧᠩ ᠪᠣᠯᠤᠨ ᠪᠣᠯᠭᠣᠭᠰᠠᠨ ᠸᠠᠨᠳᠧᠦ ᠪᠤᠷᠴᠠᠭ ᠬᠣᠶᠠᠷ ᠭᠧ᠂ ᠨᠣᠢᠲᠠᠨ ᠭᠠ ᠶ᠋ᠢᠨ ᠰᠢᠭᠦᠰᠦ ᠬᠣᠶᠠᠷ ᠭᠧ᠂ ᠪᠢᠯᠤ᠎ᠠ ᠶ᠋ᠢᠨ ᠰᠢᠭᠦᠰᠦ ᠨᠢᠭᠡᠨ ᠭᠧ ᠵᠡᠷᠭᠡ ᠶ᠋ᠢ ᠬᠢᠭᠡᠳ ᠬᠠᠭᠤᠷᠠᠭᠰᠠᠨ ᠰᠣᠩᠭᠢᠨ᠎ᠠ ᠪᠠ ᠳᠠᠪᠤᠰᠤ ᠬᠢᠵᠦ ᠨᠠᠢᠷᠠᠭᠤᠯᠤᠮᠤᠢ᠃
ᠬᠣᠯᠢᠮᠠᠭ ᠱᠥᠯᠥ
ᠡᠨᠡ ᠪᠣᠯᠪᠠᠰᠤ ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠮᠤᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠨ᠎ᠠ᠃ ᠬᠤᠢᠬᠠᠯᠠᠭᠰᠠᠨ ᠬᠣᠨᠢᠨ ᠲᠣᠯᠣᠭᠠᠢ ᠬᠣᠶᠠᠷ ᠢ᠋ ᠴᠡᠪᠡᠷᠯᠡᠨ ᠤᠬᠢᠶᠠᠵᠤ᠂ ᠬᠣᠨᠢᠨ ᠭᠦᠵᠡᠭᠡ ᠪᠠ ᠠᠭᠤᠰᠬᠢ ᠲᠤᠰ ᠪᠦᠷᠢ ᠬᠣᠶᠠᠷ᠂ ᠬᠣᠨᠢ ᠶ᠋ᠢᠨ ᠴᠢᠰᠤ ᠲᠠᠢ ᠪᠠ ᠴᠢᠰᠤ ᠦᠭᠡᠢ ᠭᠡᠳᠡᠰᠦ ᠨᠢᠭᠡᠨ ᠪᠦᠬᠦᠯᠢ ᠶ᠋ᠢ ᠬᠠᠮᠲᠤ ᠴᠢᠨᠠᠵᠤ ᠪᠣᠯᠭᠣᠭᠠᠳ ᠬᠡᠷᠴᠢᠨ᠎ᠡ᠃ ᠳᠠᠷᠠᠭ᠎ᠠ ᠠᠨᠤ ᠪᠤᠷᠴᠠᠭ ᠤ᠋ᠨ ᠭᠤᠯᠢᠷ ᠭᠤᠷᠪᠠᠨ ᠵᠢᠩ ᠢ᠋ᠶ᠋ᠡᠷ ᠶᠠᠯᠴᠢᠩ ᠬᠢᠵᠦ᠂ ᠮᠥᠭᠥ ᠬᠠᠭᠠᠰ ᠵᠢᠩ᠂ ᠭᠦᠢᠯᠡᠰᠦᠨ ᠦ᠌ ᠨᠦᠳᠦᠮᠡᠯ ᠬᠣᠭᠣᠷᠮᠠᠭ ᠬᠠᠭᠠᠰ ᠵᠢᠩ᠂ ᠨᠠᠯᠢᠱᠠᠮ ᠨᠢᠭᠡᠨ ᠯᠠᠩ᠂ ᠬᠥᠬᠡ ᠨᠣᠭᠣᠭ᠎ᠠ᠂ ᠦᠨᠦᠷᠲᠦ ᠨᠣᠭᠣᠭ᠎ᠠ ᠪᠣᠯᠤᠨ ᠬᠠᠭᠤᠷᠤᠭᠰᠠᠨ ᠰᠣᠩᠭᠢᠨ᠎ᠠ, ᠳᠠᠪᠤᠰᠤ ᠼᠤᠤ ᠵᠡᠷᠭᠡ ᠶ᠋ᠢ ᠬᠢᠵᠦ ᠨᠠᠢᠷᠠᠭᠤᠯᠤᠮᠤᠢ᠃
ᠱᠦᠰᠦ ᠬᠠᠷᠠᠰᠤ ᠬᠣᠯᠢᠮᠠᠭ ᠱᠥᠯᠥ
ᠡᠨᠡ ᠪᠣᠯᠪᠠᠰᠤ ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠮᠤᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠨ᠎ᠠ᠃ ᠪᠤᠷᠴᠠᠭ ᠤ᠋ᠨ ᠭᠤᠯᠢᠷ ᠭᠤᠷᠪᠠᠨ ᠵᠢᠩ ᠢ᠋ᠶ᠋ᠡᠷ ᠬᠠᠪᠲᠠᠭᠠᠢ ᠶᠠᠯᠴᠢᠩ ᠬᠢᠵᠦ᠂ ᠬᠣᠨᠢᠨ ᠤ᠋ ᠬᠠᠷ᠎ᠠ ᠮᠢᠬ᠎ᠠ ᠶ᠋ᠢ ᠨᠠᠷᠢᠨ ᠬᠡᠷᠴᠢᠨ᠂ ᠨᠠᠩᠭᠢ ᠴᠠᠭᠠᠨ ᠨᠢᠭᠡ ᠵᠢᠩ᠂ ᠠᠷᠢᠬᠢᠨ ᠤ᠋ ᠪᠠᠵᠠᠮᠠᠭ ᠲᠤᠷ ᠳᠠᠷᠤᠭᠰᠠᠨ ᠭᠠ ᠬᠣᠶᠠᠷ ᠬᠡᠰᠡᠭ᠂ ᠳᠠᠪᠤᠰᠤᠯᠠᠭᠰᠠᠨ ᠬᠡᠮᠬᠡ ᠨᠢᠭᠡᠨ ᠬᠡᠰᠡᠭ᠂ ᠬᠤᠷᠤᠳ ᠨᠢᠭᠡᠨ ᠪᠦᠬᠦᠯᠢ᠂ ᠬᠣ ᠯᠤᠤᠪᠠᠩ ᠠᠷᠪᠠ᠂ ᠮᠥᠭᠥ ᠬᠠᠭᠠᠰ ᠵᠢᠩ᠂ ᠨᠣᠢᠲᠠᠨ ᠭᠠ ᠳᠥᠷᠪᠡᠨ ᠯᠠᠩ ᠵᠡᠷᠭᠡ ᠶ᠋ᠢ ᠲᠣᠰᠪᠣᠷᠢ ᠳ᠋ᠤᠨᠢ ᠬᠡᠷᠴᠢᠮᠦᠢ᠃ ᠲᠠᠬᠢᠶᠠᠨ ᠥᠨᠳᠡᠭᠡ ᠠᠷᠪᠠ ᠪᠠᠷ ᠬᠤᠢᠮᠠᠭ ᠬᠠᠭᠠᠷᠢᠵᠤ᠂ ᠬᠦᠨᠵᠢᠳ ᠦ᠋ᠨ ᠨᠦᠳᠦᠮᠡᠯ ᠬᠣᠭᠣᠷᠮᠠᠭ ᠨᠢᠭᠡᠨ ᠵᠢᠩ᠂ ᠭᠦᠢᠯᠡᠰᠦᠨ ᠦ᠌ ᠨᠦᠳᠦᠮᠡᠯ ᠬᠣᠭᠣᠷᠮᠠᠭ ᠬᠠᠭᠠᠰ ᠵᠢᠩ ᠵᠡᠷᠭᠡ ᠶ᠋ᠢ ᠬᠠᠭᠤᠷᠤᠭᠰᠠᠨ ᠰᠣᠩᠭᠢᠨ᠎ᠠ ᠪᠠ ᠳᠠᠪᠤᠰᠤ ᠼᠤᠤ ᠲᠠᠢ ᠨᠠᠢᠷᠠᠭᠤᠯᠤᠨᠠ᠃
ᠰᠤᠪᠤᠳᠯᠢᠭ ᠱᠥᠯᠥ
ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠨ᠎ᠠ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠬᠠᠭᠠᠰ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠨ᠎ᠠ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠠᠪᠤᠨ᠎ᠠ᠃ ᠬᠣᠨᠢᠨ ᠤ᠋ ᠬᠠᠷ᠎ᠠ ᠮᠢᠬ᠎ᠠ ᠶ᠋ᠢ ᠨᠠᠷᠢᠨ ᠬᠡᠷᠴᠢᠵᠦ᠂ ᠬᠣᠨᠢ ᠶ᠋ᠢᠨ ᠡᠯᠢᠭᠡ ᠵᠢᠷᠦᠬᠡ᠂ ᠭᠦᠵᠡᠭᠡ ᠠᠭᠤᠰᠬᠢ ᠶ᠋ᠢ ᠲᠤᠰ ᠪᠦᠷᠢ ᠨᠢᠭᠡᠨ ᠪᠦᠬᠦᠯᠢ᠂ ᠨᠣᠢᠲᠠᠨ ᠭᠠ ᠬᠣᠶᠠᠷ ᠯᠠᠩ᠂ ᠠᠷᠢᠬᠢᠨ ᠤ᠋ ᠪᠠᠵᠠᠮᠠᠭ ᠲᠤᠷ ᠳᠠᠷᠤᠭᠰᠠᠨ ᠭᠠ ᠳᠥᠷᠪᠡᠨ ᠯᠠᠩ᠂ ᠳᠠᠪᠤᠰᠤᠯᠠᠭᠰᠠᠨ ᠬᠡᠮᠬᠡ ᠨᠢᠭᠡᠨ ᠯᠠᠩ᠂ ᠬᠣ ᠯᠤᠤᠪᠠᠩ ᠠᠷᠪᠠ᠂ ᠨᠠᠩᠭᠢ ᠴᠠᠭᠠᠨ ᠨᠢᠭᠡ ᠵᠢᠩ᠂ ᠬᠤᠷᠤᠳ ᠨᠢᠭᠡᠨ ᠪᠦᠬᠦᠯᠢ ᠲᠠᠬᠢᠶᠠᠨ ᠥᠨᠳᠡᠭᠡ ᠠᠷᠪᠠ ᠪᠠᠷ ᠬᠤᠢᠮᠠᠭ ᠬᠠᠭᠠᠷᠢᠵᠤ᠂ ᠴᠥᠮ ᠢ᠋ ᠬᠡᠷᠴᠢᠨ᠎ᠡ᠃ ᠳᠠᠷᠠᠭ᠎ᠠ ᠨᠢ ᠬᠦᠨᠵᠢᠳ ᠦ᠋ᠨ ᠬᠣᠭᠣᠷᠮᠠᠭ ᠨᠢᠭᠡᠨ ᠵᠢᠩ ᠢ᠋ ᠲᠠᠯᠪᠢᠭᠠᠳ ᠬᠠᠭᠤᠷᠤᠭᠰᠠᠨ ᠰᠣᠩᠭᠢᠨ᠎ᠠ ᠪᠠ ᠳᠠᠪᠤᠰᠤ ᠼᠤᠤ ᠵᠡᠷᠭᠡ ᠶ᠋ᠢ ᠨᠡᠮᠡᠵᠦ ᠨᠠᠢᠷᠠᠭᠤᠯᠤᠮᠤᠢ᠃
ᠰᠢᠷᠭᠠᠯ ᠱᠥᠯᠥ
ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠮᠤᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠨ᠎ᠠ᠃ ᠲᠡᠭᠡᠭᠡᠳ ᠪᠣᠯᠭᠣᠭᠰᠠᠨ ᠸᠠᠨᠳᠧᠦ ᠪᠤᠷᠴᠠᠭ ᠬᠣᠶᠠᠷ ᠭᠧ᠂ ᠲᠤᠲᠤᠷᠭ᠎ᠠ ᠶ᠋ᠢᠨ ᠠᠮᠤ ᠨᠢᠭᠡ ᠱᠧᠩ᠂ ᠬᠣ ᠯᠤᠤᠪᠠᠩ ᠲᠠᠪᠤ ᠶ᠋ᠢ ᠬᠡᠷᠴᠢᠨ᠂ ᠬᠣᠨᠢᠨ ᠤ᠋ ᠬᠣᠢᠲᠤ ᠮᠥᠴᠢ ᠶ᠋ᠢᠨ ᠮᠢᠬ᠎ᠠ ᠪᠠᠷ ᠬᠢᠭᠰᠡᠨ ᠮᠢᠬᠠᠨ ᠪᠥᠮᠪᠥᠭᠡᠯᠢᠭ ᠦ᠋ᠳ᠂ ᠬᠣᠨᠢᠨ ᠬᠠᠪᠢᠷᠭ᠎ᠠ ᠨᠢᠭᠡ ᠢᠮᠠᠬᠤ ᠶ᠋ᠢᠨ ᠲᠡᠳᠦᠢ ᠬᠡᠷᠴᠢᠵᠦ᠂ ᠶᠦᠩᠸ᠎ᠠ ᠭᠤᠷᠪᠠᠨ ᠴᠢᠨ᠂ ᠭᠠ ᠶ᠋ᠢᠨ ᠲᠠᠯᠬ᠎ᠠ ᠲᠠᠪᠤᠨ ᠴᠢᠨ᠂ ᠬᠣᠲᠣᠩ ᠣᠷᠣᠨ ᠤ᠋ ᠭᠦᠷᠭᠦᠮ ᠨᠢᠭᠡ ᠴᠢᠨ᠂ ᠦᠨᠦᠷᠲᠦ ᠨᠣᠭᠣᠭᠠᠨ ᠤ᠋ ᠨᠠᠪᠴᠢ ᠬᠢᠭᠡᠳ ᠳᠠᠪᠤᠰᠤ ᠼᠤᠤ ᠲᠠᠢ ᠨᠠᠢᠷᠠᠭᠤᠯᠤᠮᠤᠢ᠃
ᠴᠢᠮᠬᠢᠭᠦᠷ ᠢᠳᠡᠭᠡᠨ
ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠪᠣᠷᠣ ᠭᠠ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠳᠣᠲᠣᠷᠠᠬᠢ ᠵᠦᠢᠯ ᠢ᠋ ᠱᠦᠭᠦᠵᠦ ᠭᠠᠷᠭᠠᠨ᠎ᠠ᠃ ᠬᠣᠨᠢᠨ ᠤ᠋ ᠬᠣᠢᠲᠤ ᠮᠥᠴᠢ ᠶ᠋ᠢᠨ ᠮᠢᠬ᠎ᠠ ᠪᠠᠷ ᠪᠥᠮᠪᠥᠭᠡᠯᠢᠭ ᠬᠢᠵᠦ᠂ ᠢᠩᠭᠢᠵᠦ ᠬᠣᠨᠢ ᠶ᠋ᠢᠨ ᠮᠢᠬᠠᠨ ᠢᠳᠡᠭᠡ ᠲᠠᠢ ᠴᠢᠮᠬᠢᠭᠦᠷ ᠢᠳᠡᠭᠡᠨ ᠪᠠᠷᠢᠵᠤ ᠬᠢᠭᠡᠳ ᠱᠥᠯᠦᠨ ᠳ᠋ᠦ᠍ ᠪᠤᠴᠠᠯᠭᠠᠨ᠂ ᠫᠣᠸᠠᠷᠢ ᠨᠢᠭᠡᠨ ᠯᠠᠩ ᠪᠠ ᠳᠠᠪᠤᠰᠤ ᠼᠤᠤ ᠨᠡᠮᠡᠵᠦ ᠨᠠᠢᠷᠠᠭᠤᠯᠤᠮᠤᠢ᠃
ᠤᠯᠠᠭᠠᠨ ᠬᠠᠯᠤᠮᠠ ᠶ᠋ᠢᠨ ᠱᠥᠯᠥ
ᠡᠨᠡ ᠨᠢ ᠬᠡᠢ ᠶ᠋ᠢ ᠶᠠᠪᠤᠭᠤᠯᠤᠨ, ᠰᠢᠭᠡᠰᠦ ᠴᠢᠪᠳᠠᠭᠰᠢᠬᠤ ᠶ᠋ᠢ ᠨᠡᠪᠲᠡᠷᠡᠭᠦᠯᠦᠨ᠂ ᠭᠡᠪᠡᠴᠦ ᠬᠦᠢᠲᠡᠨ ᠴᠢᠨᠠᠷᠲᠠᠢ ᠲᠤᠯᠠ ᠢᠯᠡᠭᠦᠦ ᠢᠳᠡᠵᠦ ᠦᠯᠦ ᠪᠣᠯᠤᠮᠤᠢ᠃ ᠡᠳᠦᠭᠡ ᠡᠭᠦᠨ ᠢ᠋ ᠪᠤᠰᠤᠳ ᠢᠳᠡᠭᠡᠨ ᠦ᠌ ᠵᠦᠢᠯ ᠦ᠋ᠳ ᠯᠦ᠍ᠭᠡ ᠬᠠᠮᠲᠤ ᠨᠠᠢᠷᠠᠭᠤᠯᠵᠤ ᠬᠡᠷᠡᠭᠯᠡᠬᠦ ᠲᠤᠯᠠ ᠪᠠᠬᠠᠨ ᠪᠦᠯᠢᠶᠡᠨ ᠴᠢᠨᠠᠷ ᠲᠠᠢ ᠪᠣᠯᠤᠭᠰᠠᠨ ᠠᠵᠤᠭᠤ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠪᠣᠷᠣ ᠭᠠ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ᠂ ᠪᠣᠯᠭᠣᠭᠰᠠᠨ ᠬᠣᠨᠢᠨ ᠭᠦᠵᠡᠭᠡ ᠠᠭᠤᠰᠬᠢ ᠲᠤᠰ ᠪᠦᠷᠢ ᠨᠢᠭᠡᠨ ᠪᠦᠬᠦᠯᠢ ᠶ᠋ᠢ ᠬᠡᠷᠴᠢᠨ᠂ ᠮᠥᠭᠥ ᠬᠠᠭᠠᠰ ᠵᠢᠩ ᠢ᠋ ᠬᠡᠷᠴᠢᠵᠦ᠂ ᠫᠣᠸᠠᠷᠢ ᠲᠠᠪᠤᠨ ᠴᠢᠨ᠂ ᠴᠠᠭᠠᠨ ᠭᠤᠯᠢᠷ ᠨᠢᠭᠡ ᠵᠢᠩ ᠢ᠋ᠶ᠋ᠡᠷ ᠲᠠᠬᠢᠶᠠᠨ ᠰᠠᠪᠠᠷ ᠮᠡᠲᠦ ᠮᠢᠶᠠᠨᠲ᠋ᠢᠶᠣᠣᠷ ᠬᠢᠭᠡᠳ ᠤᠯᠠᠭᠠᠨ ᠬᠠᠯᠤᠮᠠ ᠨᠣᠭᠣᠭ᠎ᠠ ᠶ᠋ᠢᠨ ᠬᠠᠮᠲᠤ ᠱᠥᠯᠦᠨ ᠳ᠋ᠡᠭᠡᠨ ᠬᠢᠵᠦ ᠪᠤᠴᠠᠯᠭᠠᠭᠠᠳ᠂ ᠬᠠᠭᠤᠷᠤᠭᠰᠠᠨ ᠰᠣᠩᠭᠢᠨ᠎ᠠ ᠪᠠ ᠳᠠᠪᠤᠰᠤ ᠼᠤᠤ ᠨᠡᠮᠡᠵᠦ ᠨᠠᠢᠷᠠᠭᠤᠯᠤᠮᠤᠢ᠃
ᠬᠤᠯᠤᠨ ᠬᠡᠮᠬᠡ ᠶ᠋ᠢᠨ ᠱᠥᠯᠥ
ᠡᠨᠡ ᠪᠣᠯ ᠬᠦᠢᠲᠡᠨ ᠴᠢᠨᠠᠷ ᠲᠠᠢ ᠤᠮᠳᠠᠭᠠᠰᠬᠤ ᠶ᠋ᠢ ᠵᠣᠭᠰᠣᠭᠠᠨ᠂ ᠤᠰᠤᠨ ᠵᠠᠮ ᠢ᠋ ᠨᠡᠪᠲᠡᠷᠡᠭᠦᠯᠦᠮᠦᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠳᠣᠲᠣᠷᠠᠬᠢ ᠵᠦᠢᠯ ᠢ᠋ ᠱᠦᠭᠦᠵᠦ ᠠᠪᠤᠨ᠎ᠠ᠃ ᠬᠤᠯᠤᠨ ᠬᠡᠮᠬᠡ ᠵᠢᠷᠭᠤᠭ᠎ᠠ ᠶ᠋ᠢ ᠳᠣᠲᠣᠷ ᠥᠭᠡᠬᠦ ᠪᠠ ᠭᠠᠳᠠᠷ ᠬᠠᠯᠢᠰᠤ ᠶ᠋ᠢ ᠴᠥᠮ ᠠᠪᠴᠤ ᠬᠠᠶᠠᠭᠠᠳ ᠬᠡᠷᠴᠢᠨ᠂ ᠪᠣᠯᠭᠣᠭᠰᠠᠨ ᠬᠣᠨᠢᠨ ᠮᠢᠬ᠎ᠠ ᠶ᠋ᠢ ᠨᠢᠮᠭᠡᠨ ᠬᠡᠷᠴᠢᠵᠦ ᠂ ᠨᠣᠢᠲᠠᠨ ᠭᠠ ᠶ᠋ᠢᠨ ᠰᠢᠭᠦᠰᠦ ᠬᠠᠭᠠᠰ ᠭᠧ᠂ ᠴᠠᠭᠠᠨ ᠭᠤᠯᠢᠷ ᠬᠣᠶᠠᠷ ᠯᠠᠩ ᠢ᠋ᠶ᠋ᠠᠷ ᠰᠢᠷᠬᠡᠭ ᠪᠣᠯᠭᠠᠨ ᠬᠢᠭᠡᠳ ᠬᠠᠭᠤᠷᠤᠭᠰᠠᠨ ᠰᠣᠩᠭᠢᠨ᠎ᠠ ᠪᠣᠯᠤᠨ ᠳᠠᠪᠤᠰᠤ ᠼᠤᠤ ᠲᠠᠢ ᠨᠠᠢᠷᠠᠭᠤᠯᠤᠮᠤᠢ᠃
ᠯᠠᠭ ᠮᠡᠯᠡᠬᠡᠢ ᠶ᠋ᠢᠨ ᠱᠥᠯᠥ
ᠡᠨᠡ ᠪᠣᠯ ᠳᠣᠲᠣᠷ ᠭᠡᠮᠲᠦᠵᠦ ᠬᠣᠬᠢᠷᠠᠭᠰᠠᠨ ᠢ᠋ ᠰᠡᠯᠪᠢᠨ ᠲᠥᠯᠵᠢᠭᠦᠯᠵᠦ᠂ ᠲᠠᠮᠢᠷ ᠬᠦᠴᠦᠨ ᠢ᠋ ᠰᠠᠢᠵᠢᠷᠠᠭᠤᠯᠤᠮᠤᠢ᠃(ᠳᠣᠲᠣᠷ ᠭᠡᠮᠲᠦᠬᠦ ᠬᠡᠮᠡᠭᠴᠢ ᠴᠣᠯᠠ ᠰᠠᠪᠠ ᠶ᠋ᠢᠨ ᠭᠡᠮᠲᠦᠯ ᠢ᠋ ᠬᠡᠯᠡᠭᠰᠡᠨ ᠪᠣᠯᠠᠢ᠃)
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠮᠤᠢ᠃ᠯᠠᠭ ᠮᠡᠯᠡᠬᠡᠢ ᠲᠠᠪᠤ ᠪᠤᠶᠤ ᠵᠢᠷᠭᠤᠭ᠎ᠠ ᠶᠢ ᠴᠢᠨᠠᠵᠤ ᠪᠣᠯᠭᠣᠭᠠᠵᠤ ᠠᠷᠠᠰᠤ ᠶᠠᠰᠤ ᠶ᠋ᠢ ᠨᠢ ᠠᠪᠴᠤ ᠬᠠᠶᠠᠭᠠᠳ ᠬᠡᠰᠡᠭᠯᠡᠨ ᠬᠡᠷᠴᠢᠨ᠂ ᠴᠠᠭᠠᠨ ᠭᠤᠯᠢᠷ ᠬᠣᠶᠠᠷ ᠯᠠᠩ ᠢ᠋ᠶ᠋ᠠᠷ ᠰᠢᠷᠬᠡᠭᠯᠢᠭ ᠬᠢᠵᠦ᠂ ᠨᠣᠢᠲᠠᠨ ᠭᠠ ᠶ᠋ᠢᠨ ᠰᠢᠭᠦᠰᠦ ᠨᠢᠭᠡ ᠭᠧ᠂ ᠨᠠᠯᠢᠱᠠᠮ ᠨᠢᠭᠡᠨ ᠯᠠᠩ ᠵᠡᠷᠭᠡ ᠶ᠋ᠢ ᠬᠠᠭᠤᠷᠤᠭᠰᠠᠨ ᠰᠣᠩᠭᠢᠨ᠎ᠠ ᠪᠠ ᠳᠠᠪᠤᠰᠤ ᠼᠤᠤ ᠲᠠᠢ ᠨᠠᠢᠷᠠᠭᠤᠯᠤᠮᠤᠢ᠃
ᠦᠰᠦᠭ ᠠᠮᠢᠯᠠᠭᠤᠯᠤᠭᠰᠠᠨ ᠨᠢ ᠄ ᠭᠠᠸᠠ
