ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠪᠣᠷᠣᠯᠳᠠᠢ ᠡᠪᠦᠭᠡᠨ ᠦ᠌ ᠳᠣᠯᠣᠭᠠᠨ ᠵᠥᠪ Гураван настай гунаган улаан баатар - Боролдой өвгөний долоон зөв
ᠪᠣᠷᠣᠯᠳᠠᠢ ᠡᠪᠦᠭᠡᠨ ᠦ᠌ ᠳᠣᠯᠣᠭᠠᠨ ᠵᠥᠪ
ᠪᠣᠷᠣᠯᠳᠠᠢ ᠡᠪᠦᠭᠡᠨ ᠪᠣᠷᠣ ᠠᠯᠠᠭ ᠬᠣᠨᠢ ᠪᠠᠨ ᠬᠠᠷᠢᠭᠤᠯᠬᠤ ᠳ᠋ᠠᠭᠠᠨ᠂ ᠪᠣᠷᠣ ᠬᠤᠷᠠᠭ᠎ᠠ ᠭᠠᠷᠤᠭᠠᠰᠠᠢ! ᠪᠣᠭᠳᠠ ᠲᠩᠷᠢ ᠪᠡᠨ ᠲᠠᠬᠢᠶ᠎ᠠ᠃ ᠬᠤᠨ ᠬᠤᠷᠠᠭ᠎ᠠ ᠭᠠᠷᠤᠭᠠᠰᠠᠢ! ᠬᠤᠷᠮᠤᠰᠲᠠ ᠲᠩᠷᠢ ᠪᠡᠨ ᠲᠠᠬᠢᠶ᠎ᠠ ᠭᠡᠳ ᠶᠠᠪᠤᠵᠤ ᠪᠠᠢᠲᠠᠯ᠎ᠠ᠂ ᠨᠢᠭᠡᠨ ᠬᠤᠨ ᠬᠤᠷᠠᠭ᠎ᠠ ᠭᠠᠷᠴᠤ ᠭᠡᠨ᠎ᠡ᠃ ᠡᠭᠦᠨ ᠳ᠋ᠦ᠍ ᠪᠣᠷᠣᠯᠳᠠᠢ ᠡᠪᠦᠭᠡᠨ ᠪᠠᠶᠠᠷᠯᠠᠵᠤ᠂ ᠪᠣᠷᠣ ᠤᠭᠤᠲᠠᠨ ᠳ᠋ᠤ᠌ ᠪᠠᠨ ᠬᠢᠪᠡᠯ ᠪᠤᠵᠠᠷ ᠪᠣᠯᠬᠤ ᠮᠠᠭᠠᠳ ᠦᠭᠡᠢ᠂ ᠭᠬᠢᠷ ᠲᠡᠢ ᠤᠭᠤᠲᠠᠨ ᠳ᠋ᠤ᠌ ᠪᠠᠨ ᠬᠢᠪᠡᠯ᠂ ᠭᠬᠢᠷᠲᠦᠵᠦ ᠪᠤᠵᠠᠷᠳᠠᠬᠤ ᠮᠠᠭᠠᠳ ᠦᠭᠡᠢ ᠭᠡᠳ᠂ ᠥᠯ ᠰᠢᠮᠡᠲᠡᠢ ᠭᠠᠵᠠᠷ ᠥᠨᠳᠥᠷ ᠬᠠᠳᠠ ᠶ᠋ᠢᠨ ᠨᠥᠮᠥᠷᠢ ᠳ᠋ᠦ᠍ ᠲᠠᠯᠪᠢᠭᠠᠳ ᠭᠡᠷ ᠡᠴᠡ ᠪᠡᠨ ᠭᠬᠢᠷ ᠦᠭᠡᠢ ᠤᠭᠤᠲᠠ ᠠᠪᠴᠢᠷᠠᠬᠤ ᠪᠠᠷ ᠶᠠᠪᠤᠭᠰᠠᠨ ᠬᠣᠭᠣᠷᠣᠨᠳᠣ ᠨᠢ ᠬᠠᠷᠢᠨ ᠬᠡᠷᠢᠶ᠎ᠡ ᠬᠡᠷᠢᠶ᠎ᠡ ᠡᠴᠡ ᠬᠡᠷᠡᠭ ᠥᠭᠡᠷ᠎ᠡ᠂ ᠠᠮᠢᠲᠠᠨ ᠠᠮᠢᠲᠠᠨ ᠠ᠋ᠴᠠ ᠠᠳᠠ ᠥᠭᠡᠷ᠎ᠡ᠂ ᠲᠡᠮᠦᠷ ᠬᠣᠰᠢᠭᠤ ᠲᠠᠢ ᠬᠡᠷᠢᠶ᠎ᠡ ᠢᠷᠡᠭᠡᠳ ᠨᠢᠳᠦ ᠶ᠋ᠢ ᠨᠢ ᠣᠬᠣᠴᠢᠬᠠᠵᠠᠢ᠃
ᠡᠭᠦᠨ ᠳ᠋ᠦ᠍ ᠪᠣᠷᠣᠯᠳᠠᠢ ᠡᠪᠦᠭᠡᠨ ᠠᠭᠤᠷᠯᠠᠬᠤ ᠶ᠋ᠢᠨ ᠶᠡᠬᠡᠪᠡᠷ ᠠᠭᠤᠷᠯᠠᠵᠤ᠂ ᠤᠴᠠᠭᠠᠷᠳᠠᠬᠤ ᠶ᠋ᠢᠨ ᠶᠡᠬᠡᠪᠡᠷ ᠤᠴᠠᠭᠠᠷᠳᠠᠵᠤ᠂ ᠲᠡᠮᠦᠷ ᠬᠣᠰᠢᠭᠤ ᠲᠠᠢ ᠬᠡᠷᠢᠶ᠎ᠡ ᠳ᠋ᠦ᠍ᠨᠢ ᠡᠪᠡᠷ ᠬᠣᠰᠢᠭᠤ ᠬᠢᠭᠡᠳ ᠲᠠᠯᠪᠢᠭᠰᠠᠨ ᠳ᠋ᠤ᠌᠂ ᠬᠡᠷᠢᠶ᠎ᠡ ᠠᠭᠤᠷᠯᠠᠨ ᠤᠤᠯ ᠬᠣᠰᠢᠭᠤ ᠪᠠᠨ ᠨᠡᠬᠡᠵᠦ᠂ ᠤᠯᠠᠢ ᠢᠳᠡᠵᠦ ᠪᠣᠯᠬᠤ ᠦᠭᠡᠢ ᠪᠠᠢᠨ᠎ᠠ ᠭᠡᠵᠦ ᠬᠤᠷᠮᠤᠰᠲᠠ ᠳ᠋ᠤ᠌ ᠣᠴᠢᠵᠤ ᠵᠠᠭᠠᠯᠳᠤᠵᠠᠢ᠃
ᠬᠤᠷᠮᠤᠰᠲᠠ ᠲᠩᠷᠢ ᠨᠢ ᠬᠣᠭᠣᠯᠠ ᠬᠤᠱ᠌ᠢ ᠪᠠᠵᠠᠭᠠᠳᠠᠭ᠂ ᠬᠣᠪ ᠰᠢᠪ ᠵᠥᠭᠡᠭᠡᠳᠡᠭ ᠬᠡᠷᠢᠶ᠎ᠡ ᠶ᠋ᠢᠨ ᠮᠢᠨᠢ ᠬᠣᠩᠰᠢᠶᠠᠷ ᠢ᠋ ᠨᠢ ᠠᠪᠤᠯ᠎ᠠ ᠭᠡᠵᠦ ᠠᠭᠤᠷᠯᠠᠵᠤ᠂ ᠥᠯᠥᠨ ᠬᠥᠬᠡ ᠴᠢᠨᠣ᠎ᠠ ᠶ᠋ᠢ ᠶᠠᠪᠤᠭᠤᠯᠵᠤ ᠪᠣᠷᠣᠯᠳᠠᠢ ᠡᠪᠦᠭᠡᠨ ᠦ᠌ ᠰᠠᠢᠨ ᠪᠣᠷᠣ ᠮᠣᠷᠢ ᠶ᠋ᠢ ᠨᠢ ᠢᠳᠡᠴᠢᠬᠡᠭᠡᠳ ᠢᠷ᠎ᠡ ᠭᠡᠳ ᠶᠠᠪᠤᠭᠤᠯᠵᠠᠢ᠃
ᠪᠣᠷᠣᠯᠳᠠᠢ ᠡᠪᠦᠭᠡᠨ ᠡᠨᠡ ᠪᠠᠷᠤᠭ ᠢ᠋ ᠨᠢ ᠮᠡᠳᠡᠵᠦ᠂ ᠮᠠᠭᠤ ᠪᠣᠷᠣ ᠮᠣᠷᠢ ᠪᠠᠨ ᠤᠶᠠᠭᠠᠨ ᠳ᠋ᠠᠭᠠᠨ ᠳᠡᠩᠬᠡᠢᠲᠡᠯᠡ ᠨᠢ ᠰᠣᠢᠵᠤ ᠤᠶᠠᠭᠠᠳ᠂ ᠰᠠᠢᠨ ᠪᠣᠷᠣ ᠮᠣᠷᠢ ᠪᠠᠨ ᠪᠣᠷᠣ ᠢᠰᠡᠭᠡᠢ ᠪᠡᠷ ᠨᠠᠮᠨᠠᠵᠤ ᠨᠠᠮᠨᠠᠵᠤ ᠬᠥᠲᠥᠯᠦᠭᠡᠳ ᠶᠠᠪᠤᠵᠠᠢ᠃ ᠡᠭᠦᠨ ᠳ᠋ᠦ᠍ ᠴᠢᠨᠣ᠎ᠠ ᠢᠷᠡᠵᠦ ᠠᠵᠢᠭᠯᠠᠨ ᠦᠵᠡᠵᠦ ᠨᠡᠮᠨᠡᠭᠰᠡᠨ ᠢ᠋ ᠨᠢ ᠦᠵᠡᠬᠦ ᠳ᠋ᠦ᠍ ᠮᠠᠭᠤ ᠨᠢ ᠪᠠᠢᠯᠭᠦᠢ ᠳᠡ᠂ ᠰᠣᠢᠭᠰᠠᠨ ᠢ᠋ ᠨᠢ ᠦᠵᠡᠬᠦ ᠳ᠋ᠦ᠍ ᠰᠠᠢᠨ ᠨᠢ ᠪᠠᠢᠯᠭᠦᠢ ᠳᠡ ᠭᠡᠳ ᠮᠠᠭᠤ ᠪᠣᠷᠣ ᠮᠣᠷᠢ ᠶ᠋ᠢ ᠨᠢ ᠢᠳᠡᠬᠦ ᠳ᠋ᠦ᠍ ᠪᠣᠷᠣᠯᠳᠠᠢ ᠡᠪᠦᠭᠡᠨ ᠥᠯᠥᠨ ᠬᠥᠬᠡ ᠴᠢᠨᠣ᠎ᠠ ᠶ᠋ᠢ ᠪᠠᠷᠢᠨ ᠠᠪᠴᠤ ᠠᠬᠠᠷ ᠰᠡᠭᠦᠯ ᠡᠴᠡ ᠨᠢ ᠠᠪᠤᠭᠠᠳ ᠰᠠᠷᠢᠰᠤᠨ ᠬᠠᠮᠠᠷ ᠢ᠋ ᠨᠢ ᠬᠦᠷᠲᠡᠯ᠎ᠡ ᠠᠷᠠᠰᠤ ᠶ᠋ᠢ ᠨᠢ ᠥᠪᠴᠢᠵᠦ ᠶᠠᠪᠤᠭᠤᠯᠵᠠᠢ᠃
ᠴᠢᠨᠣ᠎ᠠ ᠠᠭᠤᠷᠯᠠᠨ ᠥᠯ ᠢ᠋ᠶ᠋ᠡᠨ ᠳᠠᠷᠤᠭᠰᠠᠨ ᠦᠭᠡᠢ ᠮᠥᠷᠲᠡᠭᠡᠨ ᠥᠪᠡᠷ ᠦ᠋ᠨ ᠠᠷᠠᠰᠤ ᠪᠠᠨ ᠥᠪᠴᠢᠭᠦᠯᠦᠯᠡ ᠭᠡᠵᠦ ᠬᠤᠷᠮᠤᠰᠲᠠ ᠳ᠋ᠤ᠌ ᠣᠴᠢᠵᠤ ᠵᠠᠭᠠᠯᠳᠤᠵᠠᠢ᠃ ᠬᠤᠷᠮᠤᠰᠲᠠ ᠪᠠᠰᠠ ᠥᠯ ᠬᠣᠭᠣᠯᠠ ᠵᠠᠯᠭᠠᠳᠠᠭ᠂ ᠡᠮᠦᠨ᠎ᠡ ᠬᠣᠢᠨ᠎ᠠ ᠨᠢ ᠭᠦᠶᠦᠳᠡᠭ ᠥᠯᠥᠨ ᠬᠥᠬᠡ ᠴᠢᠨᠣ᠎ᠠ ᠶ᠋ᠢ ᠮᠢᠨᠢ ᠢᠩᠭᠢᠯ᠎ᠡ ᠭᠡᠵᠦ ᠪᠣᠰᠢᠭᠣ ᠭᠠᠪᠰᠢᠭᠠᠢ ᠶ᠋ᠢ ᠶᠠᠪᠤᠭᠤᠯᠵᠤ ᠪᠣᠷᠣᠯᠳᠠᠢ ᠡᠪᠦᠭᠡᠨ ᠢ᠋ ᠠᠯᠠᠭᠠᠳ ᠢᠷ᠎ᠡ ᠭᠡᠳ ᠶᠠᠪᠤᠭᠤᠯᠵᠠᠢ᠃
ᠪᠣᠷᠣᠯᠳᠠᠢ ᠡᠪᠦᠭᠡᠨ ᠡᠨᠡ ᠪᠠᠷᠤᠭ ᠢ᠋ ᠨᠢ ᠮᠡᠳᠡᠵᠦ᠂ ᠪᠣᠷᠣ ᠳᠠᠬᠤ ᠪᠠᠨ ᠪᠣᠰᠤᠭ᠎ᠠ ᠬᠥᠮᠦᠨ ᠰᠢᠭ ᠪᠣᠯᠭᠠᠨ ᠲᠠᠯᠪᠢᠵᠤ᠂ ᠥᠪᠡᠷᠲᠡᠭᠡᠨ ᠰᠠᠭᠤᠭᠠᠯᠢ(ᠭᠥᠷᠥᠭᠡᠰᠦ ᠠᠯᠠᠬᠤ ᠳ᠋ᠤ᠌ ᠬᠡᠪᠲᠡᠳᠡᠭ ᠨᠦᠬᠡ) ᠳ᠋ᠦ᠍ ᠬᠡᠪᠲᠡᠵᠦ ᠪᠠᠢᠲᠠᠯ᠎ᠠ᠂ ᠪᠤᠰᠢᠭᠤ ᠭᠠᠪᠰᠢᠭᠠᠢ ᠢᠷᠡᠵᠦ ᠪᠣᠷᠣᠯᠠᠭ ᠬᠣᠨᠢ ᠶ᠋ᠢᠨ ᠵᠠᠬ᠎ᠠ ᠳ᠋ᠤ᠌ ᠪᠣᠰᠤᠭ᠎ᠠ ᠵᠣᠭᠰᠣᠬᠤ ᠶ᠋ᠢ ᠨᠢ ᠦᠵᠡᠵᠦ ᠪᠣᠰᠬᠠᠭᠰᠠᠨ ᠳᠠᠬᠤ ᠶ᠋ᠢ ᠨᠢ ᠪᠤᠲᠠᠷᠠᠲᠠᠯ᠎ᠠ ᠴᠣᠬᠢᠬᠤ ᠳ᠋ᠤ᠌᠂ ᠪᠣᠷᠣᠯᠳᠠᠢ ᠡᠪᠦᠭᠡᠨ ᠰᠡᠮᠡᠬᠡᠷ ᠦᠵᠡᠵᠦ ᠯᠤᠤ ᠶ᠋ᠢᠨ ᠲᠣᠯᠣᠭᠠᠢ ᠰᠡᠢᠯᠦᠭᠰᠡᠨ᠂ ᠯᠤᠲᠤ ᠪᠦᠳᠦᠭᠦᠨ ᠲᠠᠶᠠᠭ ᠢ᠋ᠶ᠋ᠠᠨ ᠪᠠᠷᠢᠵᠤ᠂ ᠠᠷᠰᠯᠠᠨ ᠲᠣᠯᠣᠭᠠᠢ ᠰᠡᠢᠯᠦᠭᠰᠡᠨ᠂ ᠠᠶᠤᠯᠲᠤ ᠪᠦᠳᠦᠭᠦᠨ ᠲᠠᠶᠠᠭ ᠢ᠋ᠶ᠋ᠠᠷ ᠢ᠋ᠶ᠋ᠠᠨ ᠡᠭᠡᠯᠵᠢᠨ ᠰᠣᠯᠢᠨ ᠪᠠᠯᠪᠠᠭᠰᠠᠨ ᠳ᠋ᠤ᠌᠂ ᠪᠣᠰᠢᠭᠣ ᠭᠠᠪᠰᠢᠭᠠᠢ ᠶ᠋ᠢᠨ ᠳᠠᠯᠤ ᠮᠥᠷᠥ ᠨᠢ ᠳᠡᠯᠪᠡᠷᠡᠵᠦ᠂ ᠲᠠᠰᠢᠶᠠᠨ ᠤ᠋ ᠲᠣᠯᠣᠭᠠᠢ ᠨᠢ ᠬᠡᠮᠬᠡᠷᠡᠵᠦ᠂ ᠥᠨᠳᠡᠰ ᠥᠨᠳᠡᠰ ᠪᠥᠮᠪᠥᠭᠡᠨᠡᠵᠦ ᠥᠷᠥᠭᠡᠯ ᠳᠣᠭᠣᠯᠠᠩ᠂ ᠳᠣᠬᠢᠯᠵᠠᠵᠤ ᠬᠠᠷᠢᠭᠠᠳ ᠬᠠᠨ ᠬᠤᠷᠮᠤᠰᠲᠠ ᠳ᠋ᠠᠭᠠᠨ ᠵᠠᠭᠠᠯᠳᠤᠵᠠᠢ᠃
ᠬᠠᠨ ᠬᠤᠷᠮᠤᠰᠲᠠ ᠶ᠋ᠢᠨ ᠬᠠᠷ᠎ᠠ ᠠᠭᠤᠷ ᠨᠢ ᠬᠦᠷᠴᠦ᠂ ᠬᠠᠮᠤᠭ ᠢ᠋ ᠳᠡᠢᠯᠦᠭᠴᠢ ᠳᠣᠯᠣᠭᠠᠨ ᠴᠢᠳᠬᠥᠷ ᠢ᠋ ᠶᠠᠪᠤᠭᠤᠯᠵᠤ ᠪᠣᠷᠣᠯᠳᠠᠢ ᠡᠪᠦᠭᠡᠨ ᠢ᠋ ᠨᠢᠲᠤᠯᠤᠭᠠᠳ ᠢᠷ᠎ᠡ ᠭᠡᠳ ᠶᠠᠪᠤᠭᠤᠯᠵᠠᠢ᠃
ᠪᠣᠷᠣᠯᠳᠠᠢ ᠡᠪᠦᠭᠡᠨ ᠪᠣᠷᠣ ᠮᠣᠷᠢᠨ ᠤ᠋ ᠪᠠᠨ ᠪᠤᠵᠠᠷ ᠤ᠋ᠨ ᠮᠢᠬ᠎ᠠ ᠶ᠋ᠢ ᠴᠢᠨᠠᠵᠤ ᠭᠠᠷᠭᠠᠭᠠᠳ᠂ ᠤᠯᠠᠭᠠᠨ ᠲᠣᠷᠭᠠᠨ ᠴᠣᠭ ᠤ᠋ᠨ ᠳᠡᠭᠡᠷ᠎ᠡ ᠲᠣᠰᠣ ᠲᠠᠢ ᠤᠬᠢᠶᠠᠳᠠᠰᠤ ᠳᠠᠷᠭᠢᠯᠠᠭᠤᠯᠵᠤ ᠠᠯᠲᠠᠨ ᠬᠠᠷᠭᠠᠨ᠎ᠠ ᠶ᠋ᠢᠨ ᠱᠦᠭᠦᠷ ᠢ᠋ᠶ᠋ᠡᠨ ᠪᠠᠷᠢᠵᠤ᠂ ᠠᠭᠠᠵᠢᠮᠬᠠᠨ ᠤᠬᠢᠶᠠᠵᠤ ᠪᠠᠢᠲᠠᠯ᠎ᠠ᠂ ᠬᠠᠮᠤᠭ ᠢ᠋ ᠳᠡᠢᠯᠦᠭᠴᠢ ᠳᠣᠯᠣᠭ᠎ᠠ ᠬᠠᠷᠢᠨ ᠪᠠᠬᠠᠨ ᠰᠦᠷᠳᠡᠵᠦ᠂ ᠪᠣᠷᠣ ᠭᠡᠷ ᠦ᠋ᠨ ᠭᠠᠳᠠᠨ᠎ᠠ ᠨᠢ ᠪᠣᠪᠣᠷ ᠪᠣᠪᠣᠷ ᠭᠡᠯᠳᠦᠨ᠂ ᠬᠠᠷ᠎ᠠ ᠭᠡᠷ ᠦ᠋ᠨ ᠭᠠᠳᠠᠨ᠎ᠠ ᠨᠢ ᠬᠠᠪᠢᠷ ᠬᠠᠪᠢᠷ ᠭᠡᠯᠳᠦᠨ᠂ ᠴᠢ ᠲᠡᠷᠢᠭᠦᠯᠡ ᠭᠡᠲᠡᠯ᠎ᠡ ᠪᠢ ᠰᠡᠭᠦᠯ ᠳ᠋ᠦ᠍ᠨᠢ ᠭᠡᠵᠡᠭᠡᠭᠡᠳ᠂ ᠠᠷᠭ᠎ᠠ ᠶᠠᠳᠠᠬᠤ ᠳ᠋ᠠᠭᠠᠨ ᠪᠣᠷᠣ ᠢᠰᠡᠭᠡᠢ ᠶ᠋ᠢ ᠨᠢ ᠴᠤᠭᠤᠯᠤᠭᠠᠳ ᠬᠠᠷᠠᠮᠠᠭᠴᠠ ᠪᠣᠷᠣᠯᠳᠠᠢ ᠡᠪᠦᠭᠡᠨ ᠪᠤᠴᠠᠯᠵᠤ ᠪᠠᠢᠭᠰᠠᠨ ᠤᠬᠢᠶᠠᠳᠠᠰᠤ ᠪᠠᠨ ᠭᠠᠭᠴᠠᠬᠠᠨ ᠰᠠᠴᠤᠮᠠᠭᠴᠨ᠂ ᠬᠠᠮᠤᠭ ᠢ᠋ ᠲᠠᠢᠯᠤᠭᠴᠢ ᠳᠣᠯᠣᠭ᠎ᠠ ᠶ᠋ᠢᠨ ᠬᠠᠷᠠᠬᠤ ᠨᠢᠳᠦ ᠨᠢ ᠬᠠᠷᠠᠩᠭᠤᠢᠳᠠᠵᠤ᠂ ᠦᠵᠡᠬᠦ ᠨᠢᠳᠦᠨ ᠨᠢ ᠡᠭᠦᠯᠡᠲᠦᠵᠦ᠂ ᠳᠡᠭᠡᠷ᠎ᠡ ᠳᠣᠣᠷ᠎ᠠ ᠠᠯᠬᠤᠭᠰᠠᠭᠠᠷ᠂ ᠳᠡᠮᠡᠢ ᠪᠠᠯᠠᠢ ᠲᠡᠨᠦᠭᠰᠡᠭᠡᠷ ᠬᠠᠨ ᠬᠤᠷᠮᠤᠰᠲᠠ ᠳ᠋ᠠᠭᠠᠨ ᠵᠠᠭᠠᠯᠳᠤᠵᠠᠢ᠃
ᠬᠠᠨ ᠬᠤᠷᠮᠤᠰᠲᠠ ᠶ᠋ᠢᠨ ᠬᠠᠷ᠎ᠠ ᠠᠭᠤᠷ ᠨᠢ ᠬᠦᠷᠴᠦ᠂ ᠬᠠᠮᠤᠭ ᠪᠡᠶ᠎ᠡ ᠨᠢ ᠴᠡᠴᠡᠷᠡᠵᠦ᠂ ᠤᠰᠤ ᠪᠠᠷ ᠨᠢᠯᠪᠤᠵᠤ᠂ ᠴᠢᠰᠤ ᠪᠠᠷ ᠣᠭᠰᠢᠵᠤ᠂ ᠬᠤᠷᠮᠤᠰᠲᠠ ᠬᠠᠭᠠᠨ ᠰᠢᠯᠵᠢᠵᠦ᠂ ᠬᠣᠷᠸ᠎ᠠ ᠶᠢᠷᠲᠢᠨᠴᠦ ᠳ᠋ᠦ᠍ ᠪᠠᠭᠤᠵᠤ᠂ ᠪᠣᠭᠳᠠ ᠬᠠᠭᠠᠨ ᠰᠢᠯᠵᠢᠵᠦ᠂ ᠪᠣᠱᠣᠭ᠎ᠠ ᠡᠭᠦᠳᠡ ᠪᠡᠨ ᠠᠯᠬᠤᠵᠤ᠂ ᠪᠣᠷᠣᠯᠳᠠᠢ ᠡᠪᠦᠭᠡᠨ ᠲᠡᠢ ᠶᠣᠰᠣ ᠬᠡᠯᠡᠯᠴᠡᠬᠦ ᠪᠡᠷ ᠢᠷᠡᠵᠦ᠄《ᠴᠢ ᠮᠢᠨᠦ ᠲᠡᠮᠦᠷ ᠬᠣᠰᠢᠭᠤ ᠲᠠᠢ ᠬᠡᠷᠢᠶ᠎ᠡ ᠶ᠋ᠢᠨ ᠬᠣᠩᠰᠢᠶᠠᠷ ᠢ᠋ ᠶᠠᠭᠤᠨ ᠳ᠋ᠤ᠌ ᠡᠪᠡᠷ ᠬᠣᠰᠢᠭᠤ ᠪᠣᠯᠭᠠᠪᠠ᠃》 ᠭᠡᠵᠡᠢ᠃ ᠪᠣᠷᠣᠯᠳᠠᠢ ᠡᠪᠦᠭᠡᠨ᠄《ᠪᠢ ᠨᠢᠭᠡᠨ ᠨᠠᠰᠤᠨ ᠳ᠋ᠠᠭᠠᠨ ᠪᠣᠷᠣ ᠬᠤᠷᠠᠭ᠎ᠠ ᠭᠠᠷᠪᠠᠯ᠂ ᠪᠣᠭᠳᠠ ᠲᠩᠷᠢ ᠶ᠋ᠢ ᠲᠠᠬᠢᠶ᠎ᠠ᠃ ᠬᠤᠨ ᠬᠤᠷᠠᠭ᠎ᠠ ᠭᠠᠷᠪᠠᠯ᠂ ᠬᠤᠷᠮᠤᠰᠲᠠ ᠲᠩᠷᠢ ᠶ᠋ᠢ ᠲᠠᠬᠢᠶ᠎ᠠ ᠭᠡᠵᠦ ᠪᠠᠢᠲᠠᠯ᠎ᠠ᠂ ᠬᠣᠪᠴᠢ ᠬᠠᠷ᠎ᠠ ᠬᠡᠷᠢᠶ᠎ᠡ ᠪᠡᠨ ᠶᠠᠪᠤᠭᠤᠯᠤᠭᠠᠳ ᠬᠤᠷᠠᠭᠠᠨ ᠤ᠋ ᠮᠢᠨᠢ ᠨᠢᠳᠦ ᠶ᠋ᠢ ᠮᠠᠯᠲᠠᠭᠤᠯᠬᠤᠯᠠᠷ ᠨᠢ᠂ ᠲᠩᠷᠢ ᠨᠠᠮᠠᠶ᠋ᠢ ᠦᠵᠡᠬᠦ ᠦᠭᠡᠢ ᠶᠦᠮ᠃ ᠲᠡᠨᠡᠭ ᠨᠠᠮᠠᠶ᠋ᠢ ᠥᠷᠥᠰᠢᠶᠡᠬᠦ ᠦᠭᠡᠢ ᠶᠦᠮ ᠭᠡᠳ ᠲᠡᠮᠦᠷ ᠬᠣᠰᠢᠭᠤ ᠶ᠋ᠢ ᠨᠢ ᠠᠪᠤᠭᠠᠳ᠂ ᠡᠪᠡᠷ ᠬᠣᠰᠢᠭᠤ ᠬᠢᠭᠰᠡᠨ ᠨᠢ ᠡᠪᠦᠭᠡᠨ ᠮᠢᠨᠦ ᠥᠷᠥᠰᠢᠶᠡᠭᠰᠡᠨ ᠬᠡᠷᠡᠭ ᠭᠡᠵᠦ ᠪᠣᠳᠣᠵᠤ ᠪᠠᠢᠨ᠎ᠠ》 ᠭᠡᠵᠡᠢ᠃
ᠬᠤᠷᠮᠤᠰᠲᠠ᠄《ᠴᠢᠩᠭᠢᠭᠡᠳ ᠴᠢ ᠶᠠᠭᠤᠨ ᠳ᠋ᠤ᠌ ᠴᠢᠨᠣ᠎ᠠ ᠶ᠋ᠢᠨ ᠮᠢᠨᠢ ᠠᠷᠠᠰᠤ ᠶ᠋ᠢ ᠥᠪᠴᠢᠪᠡ?》 ᠭᠡᠵᠡᠢ᠃ ᠪᠣᠷᠣᠯᠳᠠᠢ ᠡᠪᠦᠭᠡᠨ ᠬᠡᠯᠡᠵᠡᠢ᠄《ᠰᠠᠨᠰᠠᠷ ᠲᠩᠷᠢ ᠶ᠋ᠢᠨ ᠡᠯᠴᠢ ᠭᠡᠵᠦ ᠪᠠᠢᠭᠠᠳ ᠰᠠᠢᠨ ᠪᠣᠷᠣ ᠮᠣᠷᠢ ᠶ᠋ᠢ ᠨᠢ ᠢᠳᠡᠭᠡᠳ ᠢᠷ᠎ᠡ ᠭᠡᠵᠦ ᠪᠠᠢᠲᠠᠯ᠎ᠠ᠂ ᠰᠠᠢᠨ ᠮᠠᠭᠤ ᠬᠣᠶᠠᠷ ᠮᠣᠷᠢ ᠶ᠋ᠢ ᠢᠯᠭᠠᠬᠤ ᠦᠭᠡᠢ᠂ ᠮᠠᠭᠤ ᠪᠣᠷᠣ ᠮᠣᠷᠢ ᠶ᠋ᠢ ᠮᠢᠨᠢ ᠢᠳᠡᠬᠦᠯᠡᠷ ᠨᠢ᠂ ᠰᠠᠨᠰᠠᠷ ᠲᠩᠷᠢ ᠶ᠋ᠢᠨ ᠵᠠᠷᠯᠢᠭ ᠢ᠋ ᠰᠠᠭᠠᠷᠮᠠᠭᠳᠠᠭᠤᠯᠠᠵᠤ ᠶᠠᠪᠤᠳᠠᠭ ᠳᠠᠮᠰᠢᠭ ᠭᠡᠳ ᠠᠷᠠᠰᠤ ᠶ᠋ᠢ ᠨᠢ ᠥᠪᠴᠢᠭᠰᠡᠨ ᠨᠢ ᠦᠨᠡᠨ》 ᠭᠡᠵᠡᠢ᠃
ᠬᠤᠷᠮᠤᠰᠲᠠ᠄《ᠴᠢᠩᠭᠢᠭᠡᠳ ᠴᠢ ᠶᠠᠭᠤᠨ ᠳ᠋ᠤ᠌ ᠮᠢᠨᠦ ᠪᠣᠰᠢᠭᠣ ᠭᠠᠪᠰᠢᠭᠠᠢ ᠶ᠋ᠢ ᠥᠷᠥᠭᠡᠯ ᠳᠣᠭᠣᠯᠠᠩ ᠪᠣᠯᠭᠠᠪᠠ?》 ᠭᠡᠵᠡᠢ᠃ ᠪᠣᠷᠣᠯᠳᠠᠢ ᠡᠪᠦᠭᠡᠨ᠄《ᠪᠣᠭᠳᠠ ᠡᠵᠡᠨ ᠲᠠᠨ ᠤ᠋ ᠵᠠᠷᠯᠢᠭ ᠪᠣᠰᠢᠭᠣ ᠭᠠᠪᠰᠢᠭᠠᠢ ᠪᠠᠨ ᠶᠠᠪᠤᠭᠤᠯᠤᠭᠠᠳ᠂ ᠪᠣᠷᠣᠯᠳᠠᠢ ᠡᠪᠦᠭᠡᠨ ᠢ᠋ ᠠᠯᠠᠭᠠᠳ ᠢᠷ᠎ᠡ ᠭᠡᠰᠡᠨ ᠪᠣᠯᠬᠤ ᠠ᠋ᠴᠠ ᠪᠢᠰᠢ᠂ ᠪᠣᠷᠣ ᠳᠠᠬᠤᠨ ᠮᠠᠨᠠᠭᠤᠯ ᠢ᠋ ᠨᠢ ᠤᠨᠠᠭᠠᠴᠢᠭᠠᠳ ᠢᠷ᠎ᠡ ᠭᠡᠵᠦ ᠬᠡᠯᠡᠪᠡ ᠭᠡᠵᠦ ᠤᠤ》 ᠭᠡᠵᠡᠢ᠃
ᠬᠤᠷᠮᠤᠰᠲᠠ᠄《ᠴᠢᠩᠭᠢᠭᠡᠳ ᠴᠢ ᠶᠠᠭᠤᠨ ᠳ᠋ᠤ᠌ ᠮᠢᠨᠦ ᠬᠠᠮᠤᠭ ᠢ᠋ ᠳᠡᠢᠯᠦᠭᠴᠢ ᠳᠣᠯᠣᠭ᠎ᠠ ᠶ᠋ᠢᠨ ᠨᠢᠳᠦ ᠶ᠋ᠢ ᠨᠢ ᠰᠣᠬᠣᠯᠪᠠ!》 ᠭᠡᠵᠡᠢ᠃ ᠪᠣᠷᠣᠯᠳᠠᠢ ᠡᠪᠦᠭᠡᠨ᠄《ᠬᠠᠨ ᠬᠤᠷᠮᠤᠰᠲᠠ ᠲᠠᠨ ᠤ᠋ ᠵᠠᠷᠯᠢᠭ᠂ ᠬᠠᠮᠤᠭ ᠢ᠋ ᠲᠠᠢᠯᠤᠭᠴᠢ ᠳᠣᠯᠣᠭ᠎ᠠ ᠪᠠᠨ ᠶᠠᠪᠤᠭᠤᠯᠤᠭᠠᠳ ᠬᠠᠷᠠᠴᠤ ᠪᠣᠷᠣᠯᠳᠠᠢ ᠶ᠋ᠢ ᠪᠠᠷᠢᠵᠤ ᠠᠪ ᠭᠡᠰᠡᠨ ᠪᠣᠯᠬᠤ ᠠ᠋ᠴᠠ ᠪᠢᠰᠢ᠂ ᠬᠠᠷ᠎ᠠ ᠢᠰᠡᠭᠡᠢ ᠶ᠋ᠢ ᠨᠢ ᠴᠤᠭᠤᠯᠤᠭᠠᠳ᠂ ᠬᠠᠨ᠎ᠠ ᠶ᠋ᠢᠨ ᠨᠦᠬᠡ ᠪᠡᠷ ᠨᠢ ᠱᠠᠭᠠᠢᠭᠠᠳ ᠢᠷ᠎ᠡ ᠭᠡᠵᠦ ᠬᠡᠯᠡᠪᠡ ᠭᠡᠵᠦ ᠤᠤ?》 ᠭᠡᠵᠡᠢ᠃
ᠬᠤᠷᠮᠤᠰᠲᠠ ᠡᠨᠡ ᠴᠢᠨᠢ ᠳᠣᠯᠣᠭᠠᠨ ᠵᠥᠪ ᠭᠡᠵᠦ ᠠᠮᠠ ᠨᠡᠭᠡᠭᠡᠬᠦ ᠶ᠋ᠢᠨ ᠠᠷᠭ᠎ᠠ ᠦᠭᠡᠢ ᠪᠣᠯᠵᠤ᠂ ᠠᠷᠤ ᠰᠢᠯᠢ ᠪᠡᠨ ᠮᠠᠭᠠᠵᠢᠵᠤ᠂ ᠬᠡᠯᠡᠬᠦ ᠶᠠᠷᠢᠬᠤ ᠦᠭᠡ ᠦᠭᠡᠢ ᠪᠣᠯᠵᠤ᠂ ᠬᠡᠬᠦᠳᠡᠭ ᠴᠡᠭᠡᠵᠢ ᠪᠡᠨ ᠴᠣᠬᠢᠯᠵᠤ᠂ ᠬᠤᠷᠭᠠᠵᠤ ᠣᠷᠣᠬᠤ ᠪᠣᠷᠣᠭᠠᠨ ᠰᠢᠭ᠋᠂ ᠬᠤᠢᠯᠠᠷᠠᠵᠤ ᠬᠡᠢᠰᠬᠦ ᠰᠠᠯᠬᠢᠨ ᠰᠢᠭ᠋᠂ ᠬᠣᠷᠣᠮᠬᠠᠨ ᠵᠠᠭᠤᠷ᠎ᠠ ᠠᠯᠠᠭ᠎ᠠ ᠪᠣᠯᠵᠠᠢ᠃
ᠪᠣᠷᠣᠯᠳᠠᠢ ᠡᠪᠦᠭᠡᠨ ᠪᠣᠭᠳᠠ ᠬᠤᠷᠮᠤᠰᠲᠠ ᠶ᠋ᠢᠨ ᠡᠮᠦᠨ᠎ᠡ ᠪᠤᠴᠠᠯᠲᠠ ᠦᠭᠡᠢ ᠬᠡᠯᠡᠯᠴᠡᠵᠦ᠂ ᠪᠤᠷᠤᠭᠤ ᠵᠥᠪ ᠢ᠋ᠶ᠋ᠡᠨ ᠢᠯᠭᠠᠵᠤ᠂ ᠬᠠᠨ ᠬᠤᠷᠮᠤᠰᠲᠠ ᠲᠠᠢ ᠲᠡᠮᠡᠴᠡᠵᠦ᠂ ᠬᠠᠯᠠᠰᠢᠷᠠᠯ ᠦᠭᠡᠢ ᠬᠡᠯᠡᠯᠴᠡᠴᠦ ᠬᠠᠮᠤᠭ ᠵᠥᠪ ᠢ᠋ᠶ᠋ᠡᠨ ᠠᠪᠴᠤ᠂ ᠪᠣᠷᠣ ᠬᠣᠨᠢ ᠪᠠᠨ ᠥᠰᠬᠡᠵᠦ᠂ ᠪᠤᠮ ᠲᠦᠮᠡ ᠪᠣᠯᠭᠠᠵᠤ᠂ ᠪᠣᠯᠵᠣᠭᠠᠲᠤ ᠶ᠋ᠢᠨ ᠲᠣᠯᠣᠭᠠᠢ ᠶ᠋ᠢ ᠪᠦᠷᠬᠦᠭᠦᠯᠵᠦ᠂ ᠬᠤᠨ ᠬᠣᠨᠢ ᠪᠠᠨ ᠥᠰᠬᠡᠵᠦ᠂ ᠬᠣᠷᠣᠭᠠᠨ ᠳ᠋ᠤ᠌ ᠪᠠᠭᠲᠠᠬᠤ ᠦᠭᠡᠢ ᠪᠣᠯᠭᠠᠵᠤ᠂ ᠬᠤᠮᠠᠬᠢ ᠶ᠋ᠢᠨ ᠲᠣᠭᠣᠰᠣ ᠰᠢᠭ᠋ ᠣᠯᠠᠰᠢᠷᠠᠭᠤᠯᠵᠤ᠂ ᠠᠢᠯ ᠤ᠋ᠨ ᠳᠤᠮᠳᠠ ᠪᠠᠨ ᠠᠬᠠᠮᠠᠳ᠂ ᠠᠵᠢᠯ ᠤ᠋ᠨ ᠳᠤᠮᠳᠠ ᠪᠠᠨ ᠮᠠᠩᠯᠠᠢ᠂ ᠪᠤᠶᠠᠨ ᠶᠡᠬᠡᠲᠡᠢ ᠪᠣᠷᠣᠯᠳᠠᠢ ᠡᠪᠦᠭᠡᠨ ᠠᠯᠳᠠᠷᠲᠠᠢ ᠪᠣᠯᠤᠭᠠᠳ ᠠᠮᠤᠷ ᠰᠠᠢᠨ ᠳ᠋ᠠᠭᠠᠨ ᠵᠢᠷᠭᠠᠵᠤ ᠭᠡᠨ᠎ᠡ᠃
ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ ᠪᠠᠢ·ᠰᠠᠷᠠᠨ᠎ᠠ᠂
ᠬᠡᠷᠡᠢᠳ·ᠮᠥᠩᠬᠡᠨᠠᠰᠤᠨ᠂ ᠮᠥᠩᠭᠥᠨ᠂ ᠭᠡᠷᠡᠯ᠂ ᠡᠷᠴᠢᠨ᠂ ᠠᠯᠲᠠᠨᠴᠡᠴᠡᠭ
ᠬᠢᠨᠠᠭᠴᠢ᠄ ᠣᠳᠬᠠᠨᠰᠣ᠎ᠠ᠂ ᠪᠠᠯ᠂ ᠭᠠᠷᠮ᠎ᠠ᠂ ᠡᠭᠦᠯᠡᠩᠬᠤᠸᠠᠷ᠂ ᠤᠷᠠᠨᠴᠢᠮᠡᠭ᠂ ᠰᠡᠬᠡᠭᠡᠷᠡᠯ᠂
ᠨᠠᠷᠠᠨ᠂ ᠣᠶᠤᠨᠴᠢᠮᠡᠭ᠂ ᠬᠡᠯᠡᠰᠣᠶᠣᠯ(ᠪᠤᠤ ᠸᠧᠨ ᠬᠤᠸᠠ)᠂ ᠭᠡᠷᠡᠯ᠂ ᠮᠣᠩᠭᠣᠯ ᠰᠦᠨᠡᠰᠦ
