ᠴᠢᠨᠣ᠎ᠠ ᠶ᠋ᠢᠨ ᠬᠣᠳᠣᠭᠣᠳᠣChiniin khodoodЧинийн ходоод ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠨᠣ᠎ᠠ ᠶ᠋ᠢᠨ ᠬᠣᠳᠣᠭᠣᠳᠣChiniin khodoodЧинийн ходоод

ᠴᠢᠨᠣ᠎ᠠ ᠶ᠋ᠢᠨ ᠬᠣᠳᠣᠭᠣᠳᠣChiniin khodoodЧинийн ходоод

2025-12-09

266

ᠴᠢᠨᠣ᠎ᠠ ᠶ᠋ᠢᠨ ᠬᠣᠳᠣᠭᠣᠳᠣ


   ᠲᠤᠰ ᠡᠮ ᠪᠣᠯ ᠨᠣᠬᠠᠢ ᠶ᠋ᠢᠨ ᠢᠵᠠᠭᠤᠷ ᠤ᠋ᠨ ᠠᠮᠢᠲᠠᠨ ᠪᠣᠯᠬᠤ ᠴᠢᠨᠣ᠎ᠠ ᠶ᠋ᠢᠨ ᠬᠠᠲᠠᠭᠠᠭᠰᠠᠨ ᠬᠣᠳᠣᠭᠣᠳᠣ ᠮᠥᠨ᠃ ᠪᠠᠰᠠ ᠵᠠᠩᠭᠢᠫᠣᠸ᠎ᠠ ᠭᠡᠳᠡᠭ᠃
    [ ᠤᠤᠯ ᠠᠮᠢᠲᠠᠨ] ᠪᠡᠶ᠎ᠡ ᠨᠢ1.5m ᠤᠷᠲᠤ᠂0.7m ᠥᠨᠳᠥᠷ᠃ ᠲᠣᠯᠣᠭᠠᠢ ᠨᠢ ᠨᠣᠬᠠᠢ ᠲᠠᠢ ᠲᠥᠰᠦᠭᠡᠲᠡᠢ᠂ ᠬᠣᠩᠰᠢᠶᠠᠷ ᠨᠢ ᠤᠷᠲᠤ᠂ ᠬᠠᠮᠠᠷ ᠨᠢ ᠨᠢᠴᠦᠭᠦᠨ᠂ ᠠᠮᠠ ᠨᠢ ᠶᠡᠬᠡ᠂ ᠰᠣᠶᠣᠭ᠎ᠠ ᠨᠢ ᠤᠷᠲᠤ᠂ ᠠᠷᠠᠭ᠎ᠠ ᠨᠢ ᠦᠵᠦᠭᠦᠷ ᠲᠡᠢ᠃ ᠨᠢᠳᠦ ᠨᠢ ᠵᠢᠵᠢᠭ᠂ ᠭᠤᠷᠪᠠᠯᠵᠢᠨ᠂ ᠴᠢᠬᠢ ᠨᠢ ᠵᠢᠵᠢᠭ ᠪᠣᠰᠤᠭ᠎ᠠ ᠪᠥᠭᠡᠳ ᠱᠣᠪᠬᠣ᠃ ᠬᠦᠵᠦᠭᠦᠦ ᠨᠢ ᠪᠦᠳᠦᠭᠦᠨ᠂ ᠪᠡᠶ᠎ᠡ ᠨᠢ ᠨᠠᠷᠢᠨ᠂ ᠰᠡᠭᠦᠯ ᠨᠢ ᠤᠷᠲᠤᠪᠲᠤᠷ ᠪᠥᠭᠡᠳ ᠰᠠᠭᠰᠠᠭᠠᠷ᠂ ᠬᠡᠵᠢᠶᠡᠳᠡ ᠤᠨᠵᠢᠩᠬᠠᠢ ᠪᠠᠢᠳᠠᠭ᠃ ᠳᠥᠷᠪᠡᠨ ᠮᠥᠴᠢ ᠨᠢ ᠨᠠᠷᠢᠪᠲᠤᠷ ᠪᠣᠯᠪᠠᠴᠤ ᠬᠦᠴᠦᠷᠬᠡᠭ᠂ ᠡᠮᠦᠨ᠎ᠡ ᠬᠥᠯ ᠳ᠋ᠡᠭᠡᠨ5᠂ ᠬᠣᠢᠨ᠎ᠠ ᠬᠥᠯ ᠳ᠋ᠡᠭᠡᠨ4 ᠣᠬᠣᠷ ᠬᠤᠷᠤᠭᠤ ᠲᠠᠢ᠂ ᠮᠤᠬᠤᠷ ᠬᠢᠮᠤᠰᠤ ᠲᠠᠢ᠃ ᠪᠡᠶ᠎ᠡ ᠨᠢ ᠰᠢᠷᠠᠪᠲᠤᠷ ᠬᠤᠸᠠ ᠪᠣᠯᠪᠠᠴᠤ ᠬᠠᠷ᠎ᠠ ᠰᠤᠷ ᠲᠠᠢ᠃ ᠬᠣᠩᠰᠢᠶᠠᠷ ᠪᠣᠯᠤᠨ ᠬᠥᠯ ᠨᠢ ᠪᠠᠭᠠᠬᠠᠨ ᠬᠤᠸᠠ ᠴᠠᠢᠪᠤᠷ ᠪᠠᠢᠳᠠᠭ᠃
  [ ᠠᠮᠢᠳᠤᠷᠠᠬᠤ ᠣᠷᠴᠢᠨ ᠬᠢᠭᠡᠳ ᠲᠠᠷᠬᠠᠴᠠ] ᠠᠭᠤᠯᠠᠨ ᠣᠢ᠂ ᠮᠠᠩᠬᠠᠨ ᠳᠣᠪᠣ ᠶ᠋ᠢᠨ ᠪᠠᠷᠲᠠᠭᠠᠲᠤ ᠭᠠᠵᠠᠷ ᠢ᠋ᠶ᠋ᠠᠷ ᠪᠠᠢᠷᠢᠯᠠᠵᠤ ᠮᠠᠯ ᠪᠣᠯᠤᠨ ᠭᠥᠷᠥᠭᠡᠰᠦ ᠪᠡᠷ ᠢᠳᠡᠰᠢᠯᠡᠳᠡᠭ᠃ ᠲᠠᠢᠸᠠᠨ᠂ ᠬᠠᠢᠨᠠᠨ᠂ ᠶᠦᠨᠨᠠᠨ ᠠ᠋ᠴᠠ ᠪᠤᠰᠤᠳ ᠭᠠᠵᠠᠷ ᠣᠷᠣᠨ ᠳ᠋ᠤ᠌ ᠨᠡᠢᠳᠡᠮ ᠲᠠᠷᠬᠠᠴᠠ ᠲᠠᠢ᠃
 [ ᠡᠲᠰᠢᠭᠦᠯᠦᠨ ᠪᠣᠯᠪᠠᠰᠤᠷᠠᠭᠤᠯᠬᠤ] ᠵᠢᠯ ᠦ᠋ᠨ ᠳᠥᠷᠪᠡᠨ ᠤᠯᠠᠷᠢᠯ ᠳ᠋ᠤ᠌ ᠴᠥᠮ ᠠᠪᠴᠤ ᠪᠣᠯᠤᠨ᠎ᠠ᠃ ᠠᠩᠨᠠᠨ ᠠᠯᠠᠭᠰᠠᠨ ᠤ᠋ ᠬᠣᠢᠨ᠎ᠠ ᠬᠣᠳᠣᠭᠣᠳᠣ ᠶ᠋ᠢ ᠨᠢ ᠠᠪᠴᠤ᠂ ᠠᠷᠢᠯᠭᠠᠨ ᠴᠡᠪᠡᠷᠯᠡᠭᠡᠳ ᠳᠡᠭᠦᠵᠢᠯᠡᠵᠦ ᠨᠠᠷᠠᠨ ᠳ᠋ᠤ᠌ ᠬᠠᠲᠠᠭᠠᠨ᠎ᠠ᠃
  [ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠂ ᠬᠠᠯᠠᠭᠤᠨ ᠴᠢᠨᠠᠷ ᠲᠠᠢ᠃
 [ ᠴᠢᠳᠠᠯ ᠪᠠ ᠭᠣᠣᠯᠳᠠᠭᠤ ᠵᠠᠰᠠᠬᠤ] ᠬᠣᠳᠣᠭᠣᠳᠣᠨ ᠤ᠋ ᠢᠯᠴᠢ ᠶ᠋ᠢ ᠰᠡᠯᠪᠢᠬᠦ᠂ ᠰᠢᠩᠭᠡᠭᠡᠯᠲᠡ ᠶ᠋ᠢ ᠰᠠᠢᠵᠢᠷᠠᠭᠤᠯᠬᠤ ᠴᠢᠳᠠᠯ ᠲᠠᠢ᠃ ᠡᠰᠡ ᠰᠢᠩᠭᠡᠭᠰᠡᠨ᠂ ᠬᠣᠳᠣᠭᠣᠳᠣᠨ ᠪᠠᠳᠭ᠋ᠠᠨ᠂ ᠬᠣᠳᠣᠭᠣᠳᠣ ᠡᠪᠡᠳᠬᠦ᠂ ᠬᠣᠳᠣᠭᠣᠳᠣᠨ ᠪᠡᠲᠡᠭᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
    [ ᠳᠠᠭᠠᠯᠳᠤᠭᠤᠯᠤᠯ] ᠴᠢᠨᠣ᠎ᠠ ᠶ᠋ᠢᠨ ᠬᠠᠲᠠᠭᠠᠭᠰᠠᠨ ᠬᠡᠯᠡ ᠶ᠋ᠢ ᠪᠠᠰᠠ ᠵᠠᠩᠴᠧ ᠭᠡᠳᠡᠭ᠃ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠬᠡᠯᠡᠨ ᠦ᠌ ᠬᠠᠪᠤᠳᠠᠷ᠂ ᠬᠡᠯᠡ ᠠᠮᠠᠨ ᠤ᠋ ᠡᠪᠡᠳᠴᠢᠨ᠂ ᠰᠠᠬᠤᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
    
    ᠬᠢᠲᠠᠳ ᠨᠡᠷ᠎ᠡ᠄狼胃(狼)
    ᠠᠩᠭ᠌ᠯᠢ ᠨᠡᠷ᠎ᠡ᠄Canis Lupus Linnaeus

    ᠦᠰᠦᠭ ᠠᠮᠢᠯᠠᠭᠤᠯᠤᠭᠴᠢ᠄ ᠣᠶᠤᠨᠴᠢᠮᠡᠭ
    ᠬᠢᠨᠠᠭᠴᠢ᠄ ᠲᠤᠶᠠᠭ᠎ᠠ