ᠵᠦᠢᠷ ᠰᠡᠴᠡᠨ ᠦᠭᠡZüir setsen ügЗүйр сэцэн үг- ᠪᠤᠤᠬᠢᠶ᠎ᠠ20251209 ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠢᠷ ᠰᠡᠴᠡᠨ ᠦᠭᠡZüir setsen ügЗүйр сэцэн үг- ᠪᠤᠤᠬᠢᠶ᠎ᠠ20251209

ᠵᠦᠢᠷ ᠰᠡᠴᠡᠨ ᠦᠭᠡZüir setsen ügЗүйр сэцэн үг- ᠪᠤᠤᠬᠢᠶ᠎ᠠ20251209

ᠠᠩᠭᠢᠯᠠᠯ:ᠪᠤᠤᠬᠢᠶ᠎ᠠ
2025-12-09

336

ᠵᠦᠢᠷ ᠰᠡᠴᠡᠨ ᠦᠭᠡ


1. ᠲᠣᠳᠣᠭᠡᠷᠡᠯ
ᠣᠯᠠᠩᠬᠢ ᠲᠠᠢ ᠶᠠᠪᠤᠪᠠᠯ᠂ᠣᠯᠣᠮ ᠦᠭᠡᠢ ᠤᠰᠤ ᠪᠠᠷ ᠲᠤᠭᠤᠯᠤᠨ᠎ᠠ᠃
2. ᠤᠶᠤᠡᠬᠡᠷᠡᠯ
ᠪᠤᠰᠤᠳ ᠲᠤ᠌ ᠥᠭᠴᠦ ᠪᠠᠢᠭ᠎ᠠ ᠪᠦᠬᠦᠨ ᠴᠢᠨᠢ
ᠠᠮᠢᠳᠤᠷᠠᠯ ᠴᠢᠮ᠎ᠠ ᠳ᠋ᠤ᠌ ᠦᠷᠡᠵᠢᠭᠦᠯᠦᠭᠡᠳ ᠪᠤᠴᠠᠭᠠᠵᠤ ᠥᠭᠭᠦᠨ᠎ᠡ᠃
3. ᠵᠣᠷᠢᠭ
ᠢᠯᠠᠯᠲᠠ ᠶ᠋ᠢᠨ ᠰᠠᠭᠤᠷᠢ ᠨᠢ ᠪᠦᠯᠬᠦᠮᠳᠡᠯ᠂
ᠢᠯᠠᠭᠳᠠᠯ ᠤ᠋ᠨ ᠦᠨᠳᠦᠰᠦ ᠨᠢ ᠬᠠᠭᠠᠴᠠᠯ᠃
4. ᠤᠳᠤᠨᠭᠡᠷᠡᠯ
ᠪᠣᠰᠤᠭ᠎ᠠ ᠮᠣᠩᠭᠣᠯ ᠦᠰᠦᠭ ᠦ᠋ᠨ ᠢ᠋ᠶ᠋ᠡᠨ ᠠᠪᠢᠶ᠎ᠠ ᠶ᠋ᠢ ᠭᠠᠢᠬᠠᠭᠤᠯᠤᠨ ᠰᠢᠯᠦᠭ ᠪᠢᠴᠢᠨ᠎ᠡ
ᠪᠣᠯᠪᠠᠰᠤᠨ ᠰᠠᠢᠬᠠᠨ ᠲᠡᠦᠬᠡᠨ ᠦ᠌ ᠪᠡᠨ ᠠᠯᠳᠠᠷ  ᠢ᠋ ᠨᠢ ᠡᠷᠭᠦᠵᠦ ᠰᠢᠯᠦᠭ ᠪᠢᠴᠢᠨ᠎ᠡ᠃
5. ᠬᠠᠰᠪᠠᠭᠠᠲᠤᠷ
ᠲᠡᠮᠦᠷ ᠠᠶᠠᠭ᠎ᠠ ᠨᠢᠭᠡ ᠦᠶ᠎ᠡ
ᠲᠥᠷᠥᠯᠬᠢ ᠬᠡᠯᠡ ᠲᠦᠮᠡᠨ ᠦᠶ᠎ᠡ᠃
ᠡᠷᠬᠡ ᠵᠡᠷᠭᠡ ᠨᠢᠭᠡ ᠦᠶ᠎ᠡ
ᠡᠬᠡ ᠨᠤᠲᠤᠭ ᠦᠶ᠎ᠡ ᠶ᠋ᠢᠨ ᠦᠶ᠎ᠡ᠃
6. ᠮᠣᠣᠡᠬᠡᠤᠬᠡᠨ
ᠦᠨᠡᠨ ᠦᠭᠡ ᠬᠡᠯᠡᠭᠰᠡᠨ ᠬᠥᠮᠦᠨ ᠳ᠋ᠦ᠍ ᠂ᠬᠥᠮᠦᠨ ᠥᠰᠢᠶᠡᠲᠡᠢ
ᠥᠨᠳᠥᠷ ᠮᠣᠳᠣ ᠪᠠᠷᠢᠭᠰᠠᠨ ᠬᠥᠮᠦᠨ ᠳ᠋ᠦ᠍ ᠂ᠨᠣᠬᠠᠢ ᠥᠰᠢᠶᠡᠲᠡᠢ
7᠂ ᠮᠢ· ᠬᠠᠰ
ᠪᠠᠭ᠎ᠠ ᠶ᠋ᠢᠨ ᠵᠢᠷᠭᠠᠯ ᠂ᠵᠢᠷᠭᠠᠯ ᠤ᠋ᠨ ᠲᠣᠭᠠᠨ ᠳ᠋ᠤ᠌ ᠪᠠᠢᠬᠤ ᠦᠭᠡᠢ᠃
ᠥᠷᠯᠥᠭᠡ ᠶ᠋ᠢᠨ ᠨᠠᠷᠠ ᠂ᠡᠳᠦᠷ ᠦ᠋ᠨ ᠲᠣᠭᠠᠨ ᠳ᠋ᠤ᠌ ᠪᠠᠢᠬᠤ ᠦᠭᠡᠢ᠃
8. ᠬᠤᠷᠴᠠ
ᠡᠷᠳᠡᠮ ᠡᠴᠡ ᠢᠯᠡᠭᠦᠦ ᠡᠳ᠋ ᠦᠭᠡᠢ
ᠡᠷᠡᠭᠦᠯ ᠡᠴᠡ ᠢᠯᠡᠭᠦᠦ ᠵᠢᠭᠠᠯ ᠦᠭᠡᠢ
9᠂ ᠬᠦᠥᠳᠠᠭᠤᠯᠠ
ᠠᠭᠲᠠ ᠶ᠋ᠢᠨ ᠰᠠᠢᠨ  ᠢ᠋  ᠤᠨᠤᠨ ᠪᠠᠢᠵᠤ ᠮᠡᠳᠡᠨ᠎ᠡ
ᠠᠨᠳᠠ ᠶ᠋ᠢᠨ ᠰᠠᠢᠨ  ᠢ᠋  ᠬᠠᠨᠢᠯᠠᠨ ᠪᠠᠢᠵᠤ ᠲᠠᠨᠢᠨ᠎ᠠ᠃
10. ᠪᠠᠢ· ᠰᠦᠬᠡ
ᠰᠤᠷᠤᠭᠰᠠᠨ ᠡᠷᠳᠡᠮ ᠢ᠋ᠶ᠋ᠡᠨ ᠰᠡᠯᠪᠢᠨ ᠶᠠᠪᠤ
ᠰᠤᠷᠤᠭ᠎ᠠ ᠦᠭᠡᠢ ᠡᠷᠳᠡᠮ ᠢ᠋ᠶ᠋ᠡᠨ ᠰᠢᠮᠳᠠᠨ ᠰᠤᠷ
ᠰᠤᠷᠤᠭᠰᠠᠨ ᠮᠠᠭᠤ ᠵᠠᠩ ᠢ᠋ᠶ᠋ᠠᠨ ᠦᠳᠲᠡᠷ ᠣᠷᠭᠢ
ᠰᠤᠤ ᠪᠢᠯᠢᠭᠲᠦ ᠶ᠋ᠢ ᠬᠦᠨᠳᠦᠯᠡᠨ ᠳᠠᠭ᠎ᠠ᠃
11. ᠮᠠᠩᠯᠠᠢ
ᠵᠣᠯ ᠵᠢᠷᠭᠠᠯ ᠭᠡᠳᠡᠭ ᠲᠠᠨ ᠤ᠋ ᠰᠡᠳᠬᠢᠯ ᠳ᠋ᠦ᠍ ᠴᠢᠨᠢ ᠪᠣᠢ᠃
ᠲᠠᠯᠠᠷᠬᠠᠵᠤ ᠶᠠᠪᠤᠶ᠎ᠠ᠂ ᠠᠭᠤᠴᠢᠯᠠᠵᠤ ᠶᠠᠪᠤᠶ᠎ᠠ᠂ ᠴᠢᠷᠮᠠᠢᠵᠤ ᠶᠠᠪᠤᠶ᠎ᠠ᠂
ᠰᠠᠢᠨ ᠰᠠᠢᠬᠠᠨ ᠢ᠋ᠶ᠋ᠠᠷ ᠶᠠᠪᠤᠭᠠᠳ᠂ᠰᠡᠳᠬᠢᠯ ᠬᠠᠨᠤᠮᠵᠢᠲᠠᠢ ᠪᠠᠢᠪᠠᠯ ᠂
ᠲᠡᠷᠡ ᠳᠠᠷᠤᠢ ᠵᠣᠯ ᠵᠢᠷᠭᠠᠯ ᠪᠣᠯᠬᠤ ᠶ᠋ᠢ ᠦᠷᠡᠭᠦᠯᠵᠢ ᠰᠡᠳᠬᠢᠯ ᠳ᠋ᠡᠭᠡᠨ ᠪᠠᠲᠤ ᠴᠡᠭᠡᠵᠢᠯᠡᠵᠦ ᠪᠠᠢᠶ᠎ᠠ᠃
12. ᠡᠷᠳᠡᠨᠢᠴᠢᠮᠡᠭ
ᠪᠡᠶ᠎ᠡ ᠪᠠᠭᠠᠲᠤᠷ ᠪᠣᠯᠪᠠᠰᠤ ᠨᠢᠭᠡᠨ ᠦᠶ᠎ᠡ ᠶ᠋ᠢᠨ ᠪᠠᠭᠠᠲᠤᠷ
ᠪᠢᠯᠢᠭ ᠪᠠᠭᠠᠲᠤᠷ ᠪᠣᠯᠪᠠᠰᠤ ᠲᠦᠮᠡᠨ ᠦᠶ᠎ᠡ ᠶ᠋ᠢᠨ ᠪᠠᠭᠠᠲᠤᠷ᠃
ᠢᠳᠡᠭᠰᠡᠨ ᠡᠷᠡᠦ ᠬᠤᠪᠠᠬᠠᠢᠷᠠᠵᠤ
ᠢᠳᠡᠭᠳᠡᠭᠰᠡᠨ ᠳᠣᠪᠣ ᠨᠣᠭᠣᠭᠠᠷᠠᠬᠤ᠃
13᠂ ᠪᠦᠷᠢᠨ
ᠰᠠᠨᠠᠭ᠎ᠠ ᠰᠡᠳᠬᠢᠯ ᠠᠮᠤᠭᠤᠯᠠᠩ ᠪᠣᠯᠪᠠᠰᠤ᠂
ᠪᠠᠶᠠᠰᠤᠯ ᠬᠠᠨᠤᠮᠵᠢ ᠠᠶᠠᠨᠳᠠᠭᠠᠨ ᠲᠥᠷᠥᠭᠳᠡᠮᠦᠢ᠂
ᠰᠠᠨᠠᠭ᠎ᠠ ᠰᠡᠳᠬᠢᠯ ᠦᠨᠡᠨᠴᠢ ᠪᠣᠯᠪᠠᠰᠤ
ᠪᠢᠰᠢᠷᠡᠯ ᠬᠦᠨᠳᠦᠳᠬᠡᠯ ᠠᠶᠠᠨᠳᠠᠭᠠᠨ ᠢᠷᠡᠬᠦ ᠶᠦᠮ᠃
14᠂ ᠰᠡᠴᠡᠨ᠌ᠪᠠᠲᠤ
ᠪᠣᠰᠤᠭ᠎ᠠ ᠦᠰᠦᠭ ᠢ᠋ᠶ᠋ᠡᠷ ᠢ᠋ᠶ᠋ᠡᠨ ᠪᠢᠴᠢᠬᠦ ᠳ᠋ᠦ᠍ ᠪᠣᠳᠣᠯ ᠠᠷᠢᠭᠤᠰᠳᠠᠭ
ᠮᠣᠩᠭᠣᠯ ᠪᠢᠴᠢᠭ ᠢ᠋ᠶ᠋ᠡᠷ ᠢ᠋ᠶ᠋ᠡᠨ ᠪᠢᠴᠢᠬᠦ ᠳ᠋ᠦ᠍ ᠰᠡᠳᠬᠢᠯ ᠠᠷᠢᠭᠤᠰᠳᠠᠭ᠃
15. ᠴᠠᠭᠠᠨ
ᠣᠳᠣ ᠴᠠᠭ ᠲᠤ᠌᠄
ᠥᠩᠭᠡ ᠮᠥᠩᠭᠥ ᠬᠠᠪᠴᠢᠵᠤ ᠬᠠᠤᠯᠢ ᠦᠭᠡᠢ ᠪᠣᠯᠤᠨ᠎ᠠ
ᠬᠠᠪᠤᠷ ᠨᠠᠮᠤᠷ ᠬᠠᠪᠴᠢᠵᠤ ᠵᠤᠨ ᠦᠭᠡᠢ ᠪᠣᠯᠤᠨ᠎ᠠ
ᠬᠤᠷᠴᠠ ᠰᠡᠢᠷᠡᠭ ᠬᠡᠯᠡᠲᠡᠨ ᠢ᠋ᠶ᠋ᠡᠨ ᠰᠡᠴᠡᠨ ᠮᠡᠷᠭᠡᠨ ᠳ᠋ᠦ᠍ ᠲᠣᠭᠠᠴᠠᠨ᠎ᠠ᠂
16᠂ ᠠᠯᠲᠠᠨ᠌ᠨᠠᠪᠴᠢ
ᠠᠯᠢ ᠬᠢᠯᠢᠨᠴᠡᠲᠦ ᠮᠠᠭᠤ ᠬᠥᠮᠦᠨ ᠢ᠋ ᠪᠠᠭᠠᠲᠤᠷ ᠮᠡᠲᠦ ᠡᠷᠬᠢᠮᠯᠡᠨ ᠡᠷᠭᠦᠮᠵᠢᠯᠡᠨ᠎ᠡ᠂
ᠦᠨᠡᠨᠴᠢ ᠬᠥᠮᠦᠨ ᠬᠣᠭ ᠱᠦᠭᠦᠷᠳᠡᠵᠦ᠂ ᠬᠤᠳᠠᠯᠴᠢ ᠬᠥᠮᠦᠨ ᠬᠣᠢᠮᠣᠷ ᠵᠠᠯᠠᠷᠠᠨ᠎ᠠ᠂᠂᠂᠂᠂᠂᠂᠂᠂᠂ ᠬᠡᠮᠡᠵᠦᠬᠦᠢ᠃
17᠂ ᠪᠠᠭᠠᠲᠤᠷ
ᠬᠠᠪᠤᠷ ᠤ᠋ᠨ ᠵᠢᠩ ᠬᠠᠪᠢᠷᠭ᠎ᠠ ᠨᠡᠪᠲᠡᠷᠡᠨ᠎ᠡ
18. ᠣᠳᠬᠣᠨ
ᠮᠢᠩᠭᠠᠨ ᠨᠠᠢᠵᠢ ᠲᠠᠢ ᠪᠠᠢᠨ᠎ᠠ ᠭᠡᠳᠡᠭ ᠭᠠᠢᠬᠠᠮᠰᠢᠭ ᠪᠢᠰᠢ᠂᠂᠂᠂᠂᠂᠂
ᠬᠠᠷᠢᠨ ᠮᠢᠩᠭᠠᠨ ᠬᠥᠮᠦᠨ ᠴᠢᠨᠦ ᠡᠰᠡᠷᠭᠦ ᠪᠠᠢᠬᠤ ᠳ᠋ᠤ᠌
ᠬᠠᠵᠠᠭᠤ ᠳ᠋ᠤ᠌ ᠴᠢᠨᠢ ᠵᠣᠭᠰᠣᠬᠤ ᠨᠠᠢᠵᠢ ᠯᠠ ᠭᠠᠢᠬᠠᠮᠰᠢᠭ᠃
19. ᠬᠥᠬᠡ·ᠲᠣᠯᠪᠣᠲᠠᠨ
ᠴᠡᠪᠡᠷ ᠠᠷᠢᠭᠤᠨ ᠪᠣᠳᠣᠯ ᠰᠡᠳᠬᠢᠯ᠂ᠲᠥᠪ ᠦᠨᠡᠨᠴᠢ᠂ ᠵᠠᠩᠰᠢᠯ ᠠ᠋ᠴᠠ ᠬᠥᠮᠦᠨ ᠦ᠌ ᠰᠠᠢᠬᠠᠨ ᠬᠤᠪᠢ ᠵᠠᠶᠠᠭ᠎ᠠ ᠢᠷᠡᠳᠡᠭ᠃
20᠂ ᠤᠯᠠᠭᠠᠨ
ᠮᠥᠩᠭᠥᠨ ᠳᠡᠭᠡᠳᠦ ᠣᠷᠣᠢ ᠨᠢ ᠂ᠮᠥᠰᠥ ᠴᠠᠰᠤᠨ ᠳ᠋ᠤ᠌ ᠬᠤᠴᠢᠮᠠᠯ᠃
ᠮᠥᠩᠬᠡ ᠬᠥᠬᠡ ᠲᠩᠷᠢ ᠶ᠋ᠢᠨ᠂ᠮᠥᠩᠭᠥᠨ ᠴᠠᠭᠠᠨ ᠪᠠᠭᠠᠨ᠎ᠠ᠃
ᠮᠥᠴᠢᠲᠦ ᠳᠥᠷᠪᠡᠨ ᠬᠥᠯᠲᠡᠨ ᠦ᠌᠂ᠮᠥᠷ ᠨᠢ ᠭᠠᠷᠤᠭ᠎ᠠ ᠦᠭᠡᠢ ᠣᠷᠭᠢᠯ᠃
21. ᠨᠠᠷᠠᠨᠲᠣᠭᠣᠰ
ᠢᠲᠡᠭᠡᠯ ᠦ᠋ᠨ ᠬᠦᠴᠦᠨ ᠳ᠋ᠦ᠍ ᠠᠮᠢᠳᠤᠷᠠᠯ ᠰᠠᠢᠬᠠᠨ᠃
ᠵᠢᠳᠬᠦᠯ ᠦ᠋ᠨ ᠬᠦᠴᠦᠨ ᠳ᠋ᠦ᠍ ᠦᠢᠯᠡᠰ ᠰᠠᠢᠬᠠᠨ᠃
22᠂ ᠣᠳᠬᠠᠨᠰᠠᠩ
ᠵᠢᠪᠠᠷ ᠨᠡᠪᠲᠡᠷᠡᠬᠦ ᠦᠭᠡᠢ ᠬᠡᠷᠡᠮ ᠭᠡᠵᠦ ᠦᠭᠡᠢ
ᠵᠢᠪᠳᠡᠷᠡᠭᠡ ᠭᠠᠷᠬᠤ ᠦᠭᠡᠢ ᠬᠡᠷᠡᠭ ᠭᠡᠵᠦ ᠦᠭᠡᠢ
23᠂ ᠠᠯᠲᠠᠨᠬᠤᠸᠠᠷ
ᠥᠷᠯᠥᠭᠡ ᠪᠦᠷᠢ ᠦᠭᠡ ᠶ᠋ᠢᠨ ᠰᠠᠢᠬᠠᠨ ᠢ᠋ ᠬᠡᠯᠡᠯᠴᠡᠵᠦ
ᠡᠳᠦᠷ ᠪᠦᠷᠢ ᠬᠥᠮᠦᠨ ᠦ᠌ ᠰᠠᠢᠬᠠᠨ ᠲᠠᠢ ᠤᠴᠠᠷᠠᠵᠤ
ᠣᠯᠠᠨ ᠤ᠋ ᠳᠤᠮᠳᠠ ᠣᠳᠣ ᠮᠡᠲᠦ ᠬᠡᠷᠡᠯᠳᠦᠵᠦ
ᠪᠤᠰᠤᠳ ᠤ᠋ᠨ ᠳᠤᠮᠳᠠ ᠪᠤᠷᠬᠠᠨ ᠮᠡᠲᠦ ᠬᠦᠨᠳᠦᠯᠡᠭᠳᠡᠵᠦ ᠶᠠᠪᠤᠭᠠᠷᠠᠢ!
24. ᠯᠢᠩᠬᠤ᠎ᠠ
ᠡᠷᠲᠡ ᠪᠣᠰᠪᠠᠯ ᠨᠢᠭᠡ ᠶ᠋ᠢ ᠦᠵᠡᠵᠦ
ᠣᠷᠣᠢ ᠤᠨᠲᠠᠪᠠᠯ ᠨᠢᠭᠡ ᠶ᠋ᠢ ᠰᠣᠨᠣᠰᠤᠨ᠎ᠠ᠃
25᠂ ᠬᠠᠢᠲᠠᠩ
ᠪᠠᠷᠰ ᠴᠠᠭ ᠲᠤ᠌ ᠪᠣᠰᠬᠤ ᠦᠭᠡᠢ ᠪᠣᠯ ᠡᠳᠦᠷ ᠦ᠋ᠨ ᠠᠵᠢᠯ ᠬᠣᠴᠣᠷᠤᠨ᠎ᠠ᠂
ᠪᠠᠭ᠎ᠠ ᠨᠠᠰᠤᠨ ᠳ᠋ᠠᠭᠠᠨ ᠰᠤᠷᠬᠤ ᠦᠭᠡᠢ ᠪᠣᠯ ᠨᠠᠰᠤᠨ ᠤ᠋ ᠶᠠᠪᠤᠳᠠᠯ ᠬᠣᠴᠣᠷᠤᠨ᠎ᠠ᠃
26. ᠳᠠᠮᠳᠢᠨᠰᠦ᠋ᠷᠦᠩ
ᠮᠥᠯᠲᠥ ᠮᠥᠴᠢᠳ ᠬᠠᠷᠠᠪᠠᠯ ᠡᠭᠦᠯᠡ ᠭᠡᠮᠡᠷ ᠠᠭᠤᠯᠠ ᠪᠠᠢᠨ᠎ᠠ
ᠮᠥᠰᠬᠢᠵᠦ ᠰᠠᠢᠬᠠᠨ ᠬᠠᠷᠠᠪᠠᠯ ᠡᠭᠦᠯᠡᠨ ᠡᠴᠡ ᠥᠨᠳᠥᠷ ᠠᠭᠤᠯᠠ ᠪᠠᠢᠨ᠎ᠠ᠃
ᠡᠯᠢᠭᠡᠨ ᠶᠡᠬᠡ ᠬᠠᠳᠠᠨ ᠳ᠋ᠤ᠌ ᠨᠢ
ᠪᠦᠷᠭᠦᠳ ᠰᠢᠪᠠᠭᠤ ᠬᠠᠯᠢᠭᠰᠠᠨ᠃
27. ᠣᠳᠣᠨᠴᠢᠮᠡᠭ
ᠦᠭᠡ ᠠᠮᠢ ᠲᠠᠢ ᠶᠤᠮ ᠰᠢᠦ
ᠦᠷᠭᠦᠯᠵᠢ ᠥᠭᠡᠳᠡ ᠲᠡᠢ ᠦᠭᠡ ᠬᠡᠯᠡᠵᠦ ᠶᠠᠪᠤᠭᠠᠷᠠᠢ᠃
ᠬᠠᠷᠠᠳᠠᠬᠤ᠂ ᠮᠠᠭᠤᠯᠠᠬᠤ᠂ ᠬᠡᠷᠡᠯᠳᠦᠬᠦ ᠶ᠋ᠢᠨ
ᠨᠢᠭᠦᠯ ᠢ᠋ᠶ᠋ᠡᠷ ᠭᠠᠷᠤᠵᠠ ᠶ᠋ᠢᠨ ᠡᠭᠦᠳᠡ ᠨᠡᠭᠡᠭᠡᠭᠳᠡᠨ᠎ᠡ
ᠬᠠᠢᠷᠠᠯᠠᠬᠤ᠂ ᠬᠦᠨᠳᠦᠯᠡᠬᠦ᠂ ᠮᠠᠭᠲᠠᠬᠤ ᠶ᠋ᠢᠨ
ᠪᠤᠶᠠᠨ ᠢ᠋ᠶ᠋ᠠᠷ ᠣᠯᠵᠠ ᠶ᠋ᠢᠨ ᠡᠭᠦᠳᠡ ᠰᠡᠬᠦᠭᠳᠡᠨ᠎ᠡ᠃
28. ᠥᠷᠭᠡᠨᠳᠠᠯᠠᠢ
ᠪᠠᠷᠰ ᠤ᠋ᠨ ᠲᠣᠯᠣᠭᠠᠢ ᠪᠠᠷ ᠡᠬᠢᠯᠡᠵᠦ
ᠮᠣᠭᠠᠢ ᠶ᠋ᠢᠨ ᠰᠡᠭᠦᠯ ᠢ᠋ᠶ᠋ᠡᠷ ᠲᠡᠭᠦᠰᠬᠦ᠃
29᠂ ᠪᠠᠢ· ᠤᠬᠠᠭᠠᠨ
ᠪᠠᠷᠳᠠᠮ ᠳ᠋ᠤ᠌ ᠰᠠᠢᠨ ᠦᠭᠡᠢ
ᠱᠠᠯᠳᠠᠩ ᠳ᠋ᠤ᠌ ᠳᠤᠯᠠᠭᠠᠨ ᠦᠭᠡᠢ᠃
ᠢᠯᠵᠢᠷᠡᠭᠰᠡᠨ ᠮᠣᠳᠣ ᠤᠷᠭᠤᠬᠤᠶ᠎ᠠ ᠪᠡᠷᠬᠡ
ᠡᠷᠲᠡᠢᠭᠰᠡᠨ ᠬᠥᠮᠦᠨ ᠳᠠᠪᠰᠢᠬᠤᠶ᠎ᠠ ᠪᠡᠷᠬᠡ᠃
ᠣᠮᠣᠭ ᠶᠡᠬᠡᠳᠡᠪᠡᠯ ᠣᠰᠣᠯᠳᠠᠨ᠎ᠠ
ᠣᠪᠣᠷ ᠮᠠᠭᠤᠳᠠᠪᠠᠯ ᠳᠣᠷᠣᠢᠲᠠᠨ᠎ᠠ᠃
30. ᠰᠠᠭᠠᠯᠢᠴᠢᠨ
ᠡᠩᠬᠡ ᠶᠠᠪᠤᠵᠤ ᠮᠥᠩᠬᠡ ᠵᠢᠷᠭᠠᠭᠠᠷᠠᠢ
ᠡᠷᠡᠭᠦᠯ ᠰᠠᠷᠠᠭᠤᠯ ᠢ᠋ᠶ᠋ᠠᠷ ᠰᠡᠳᠬᠢᠯ ᠪᠠᠶᠠᠰᠤᠭᠠᠷᠠᠢ!
31. ᠨᠠᠷᠠᠨ
ᠠᠢᠯ ᠤ᠋ᠨ ᠬᠥᠮᠦᠨ ᠦ᠌ ᠠᠮᠢ ᠨᠢ ᠨᠢᠭᠡ᠂ᠬᠥᠷᠰᠢ ᠬᠥᠮᠦᠨ ᠦ᠌ ᠬᠥᠪᠡᠭᠡ ᠨᠢᠭᠡ᠃
ᠠᠯᠳᠠᠭᠰᠠᠨ ᠠᠷᠪᠠᠨ ᠪᠣᠳᠣᠯ᠂ᠣᠯᠤᠭᠰᠠᠨ ᠨᠢᠭᠡ ᠯᠡ ᠪᠣᠳᠣᠯ᠃
32᠂ ᠳᠠᠯᠠ
ᠪᠤᠳᠠᠭ᠎ᠠ ᠰᠢᠭ᠋ ᠪᠤᠴᠠᠯᠵᠤ᠂ ᠪᠤᠯᠠᠭ ᠰᠢᠭ᠋ ᠣᠷᠭᠢᠯᠬᠤ
ᠪᠦᠭᠦᠳᠡᠭᠡᠷ ᠵᠦᠳᠡᠷᠡᠪᠡᠯ ᠪᠤᠷᠤᠭᠤ ᠦᠭᠡᠢ᠂
ᠪᠦᠯᠢᠶᠡᠨ ᠤᠰᠤ ᠪᠠᠷ ᠤᠬᠢᠶᠠᠪᠠᠯ ᠭᠬᠢᠷ ᠦᠭᠡᠢ᠃
33. ᠨᠠᠷᠠᠨᠰᠣ᠎ᠡ
ᠬᠢᠬᠦ ᠳ᠋ᠦ᠍ ᠵᠠᠯᠬᠠᠭᠤᠷᠠᠵᠤ ᠪᠣᠯᠬᠤ ᠦᠭᠡᠢ᠂ᠰᠤᠷᠬᠤ ᠳ᠋ᠤ᠌ ᠮᠡᠳᠡᠮᠡᠬᠡᠢᠷᠡᠵᠦ ᠪᠣᠯᠬᠤ ᠦᠭᠡᠢ᠃
ᠣᠮᠣᠷᠬᠠᠭ ᠬᠥᠮᠦᠨ ᠣᠩᠭᠣᠢᠨ᠎ᠠ᠂ᠳᠠᠷᠤᠤ ᠬᠥᠮᠦᠨ ᠳᠠᠪᠰᠢᠨ᠎ᠠ᠃
34. ᠪᠣᠷᠵᠢᠭᠢᠨ· ᠵᠠᠮᠪᠠᠯ
ᠥᠭᠡᠳᠡᠯᠡᠬᠦ ᠳ᠋ᠦ᠍ ᠣᠮᠣᠭᠰᠢᠬᠤ ᠮᠠᠭᠤ
ᠤᠷᠤᠭᠤᠳᠠᠬᠤ ᠳ᠋ᠤ᠌ ᠭᠤᠲᠤᠷᠠᠬᠤ ᠮᠠᠭᠤ᠃
ᠥᠮᠥᠭ ᠲᠡᠢ ᠬᠥᠮᠦᠨ ᠦ᠌ ᠦᠭᠡ ᠪᠠᠷᠳᠠᠮ
ᠲᠦᠰᠢᠭ ᠲᠡᠢ ᠬᠥᠮᠦᠨ ᠦ᠌ ᠣᠮᠣᠭ ᠶᠡᠬᠡ᠃
ᠬᠠᠯᠠᠭᠠᠢ ᠢᠳᠡᠭᠰᠡᠨ ᠲᠡᠮᠡᠭᠡ ᠡᠷᠲᠡᠭᠡᠷ
ᠬᠠᠭᠠᠰ ᠮᠡᠳᠡᠭᠰᠡᠨ ᠬᠥᠮᠦᠨ ᠡᠷᠲᠡᠭᠡᠷ᠃
ᠦᠭᠡ ᠶ᠋ᠢᠨ ᠶᠡᠬᠡ ᠦᠨ᠎ᠡ ᠪᠡᠨ ᠪᠠᠷᠠᠨ᠎ᠠ
ᠡᠪᠡᠳᠴᠢᠨ ᠦ᠌ ᠶᠡᠬᠡ ᠪᠡᠶ᠎ᠡ ᠪᠡᠨ ᠪᠠᠷᠠᠨ᠎ᠠ᠃
35᠂ ᠴᠢᠯᠠᠭᠤ
ᠤᠯᠠᠭᠠᠨ ᠮᠢᠬ᠎ᠠ ᠣᠯᠳᠠᠨ᠎ᠠ᠂ ᠤᠯᠠᠭᠠᠨ ᠨᠢᠭᠤᠷ ᠣᠯᠳᠠᠬᠤ ᠦᠭᠡᠢ᠂
36᠂ ᠲᠣᠷᠭᠠᠨ ᠴᠡᠷᠢᠭ
ᠣᠷᠣᠬᠤ ᠲᠩᠷᠢ ᠶ᠋ᠢᠨ ᠣᠷᠣᠢ ᠨᠢ ᠴᠣᠭᠣᠷᠬᠠᠢ᠂
ᠣᠷᠣᠭᠰᠠᠨ ᠪᠤᠤᠷ᠎ᠠ ᠶ᠋ᠢᠨ ᠰᠢᠨᠡ ᠨᠢ ᠴᠣᠭᠣᠷᠬᠠᠢ᠃
37. ᠵᠣᠷᠢᠭᠲᠤ
ᠬᠣᠴᠣᠷᠴᠤ ᠭᠡᠮᠡᠨ ᠪᠢᠲᠡᠭᠡᠢ ᠴᠥᠬᠥᠷᠡ
ᠬᠤᠷᠳᠤᠯᠠᠵᠠᠢ ᠭᠡᠮᠡᠨ ᠪᠢᠲᠡᠭᠡᠢ ᠪᠠᠷᠳᠠᠮᠨᠠ᠃
ᠣᠮᠣᠷᠬᠠᠭ ᠬᠥᠮᠦᠨ ᠳᠡᠪᠢᠯᠵᠡᠭᠦᠷ
ᠤᠰᠤᠨ ᠬᠣᠯᠠ ᠬᠦᠪᠦᠯᠵᠡᠭᠦᠷ᠃
ᠰᠠᠭᠰᠠᠭᠤ ᠬᠥᠮᠦᠨ ᠤᠷᠭᠢᠶ᠎ᠠ
ᠰᠠᠷᠠᠯ ᠡᠯᠵᠢᠭᠡ ᠴᠣᠭᠭᠢᠶ᠎ᠠ᠃
38᠂ ᠤᠷᠠᠩᠭᠣᠸ᠎ᠡ
ᠤᠰᠤᠨ ᠳᠠᠯᠠᠢ ᠪᠤᠯᠠᠭ ᠠ᠋ᠴᠠ ᠡᠬᠢᠲᠡᠢ
ᠤᠬᠠᠭᠠᠨ ᠳᠠᠯᠠᠢ ᠨᠣᠮ ᠠ᠋ᠴᠠ ᠡᠬᠢᠲᠡᠢ
ᠦᠨᠡᠨ ᠢ᠋ ᠮᠥᠩᠭᠥ ᠳᠠᠷᠤᠵᠤ
ᠡᠪᠡᠰᠦ ᠶ᠋ᠢ ᠴᠠᠰᠤ ᠳᠠᠷᠤᠨ᠎ᠠ᠃
39᠂ ᠮᠥᠩᠭᠦᠨᠪᠤᠯᠠᠭ
ᠳᠡᠭᠡᠳᠦ ᠤᠷᠤᠭᠤᠯ ᠳ᠋ᠤ᠌ ᠪᠠᠨ ᠬᠦᠷᠭᠡᠭᠡᠰᠢ ᠦᠭᠡᠢ
ᠳᠡᠷᠭᠡᠳᠡᠬᠢ ᠬᠥᠮᠦᠨ ᠳ᠋ᠦ᠍ ᠠᠮᠰᠠᠭᠤᠯᠠᠰᠢ ᠦᠭᠡᠢ᠃
40. ᠬᠡᠰᠢᠭᠰᠣ᠎ᠡ
ᠲᠡᠨᠡᠭ ᠬᠥᠮᠦᠨ ᠲᠡᠭ ᠳᠤᠮᠳᠠᠭᠤᠷ᠂
ᠲᠡᠮᠡᠭᠡ ᠢᠮᠠᠭ᠎ᠠ ᠤᠰᠤᠨ ᠳᠤᠮᠳᠠᠭᠤᠷ᠂
ᠲᠡᠨᠡᠭ ᠬᠥᠮᠦᠨ ᠲᠥᠷᠥ ᠶ᠋ᠢᠨ ᠲᠥᠯᠥᠭᠡ ᠵᠣᠪᠠᠬᠤ᠃
41. ᠢᠯᠠᠯᠲᠠ
ᠤᠰᠤ ᠶ᠋ᠢ ᠨᠢ ᠤᠤᠭᠤᠪᠠᠯ
ᠶᠣᠰᠣ ᠶ᠋ᠢ ᠨᠢ ᠳᠠᠭᠠᠨ᠎ᠠ᠃
42. ᠬᠠᠯᠠᠭᠤᠨ ᠬᠠᠢᠷ᠎ᠠ
ᠠᠪᠠ ᠳ᠋ᠤ᠌ ᠶᠠᠪᠤᠭᠰᠠᠨ ᠬᠥᠮᠦᠨ ᠳ᠋ᠦ᠍ ᠨᠣᠬᠠᠢ ᠬᠡᠷᠡᠭᠲᠡᠢ
ᠠᠳᠤᠭᠤᠨ ᠳ᠋ᠤ᠌ ᠶᠠᠪᠤᠭᠰᠠᠨ ᠬᠥᠮᠦᠨ ᠳ᠋ᠦ᠍ ᠤᠷᠭ᠎ᠠ ᠬᠡᠷᠡᠭᠲᠡᠢ᠃
43 ᠳᠠᠪᠰᠢᠯᠲᠤ
ᠭᠠᠵᠠᠷ ᠭᠠᠵᠠᠷ ᠤ᠋ᠨ ᠵᠠᠩ᠂ ᠭᠦᠵᠡᠭᠡ ᠭᠦᠵᠡᠭᠡ ᠶ᠋ᠢᠨ ᠪᠦᠯᠦᠭ᠂
ᠭᠠᠷ ᠬᠣᠭᠣᠰᠣᠨ᠂ ᠭᠠᠨᠵᠤᠭ᠎ᠠ ᠳᠤᠲᠠᠭᠤ᠃
44. ᠲᠦᠪᠰᠢᠨ
ᠨᠠᠷᠠᠨ ᠲᠣᠭᠲᠠᠬᠤ ᠬᠣᠷᠸ᠎ᠠ ᠳ᠋ᠤ᠌ ᠭᠡᠷᠡᠯ ᠪᠣᠯᠵᠤ
ᠨᠠᠰᠤ ᠲᠣᠭᠲᠠᠬᠤ ᠬᠣᠷᠸ᠎ᠠ ᠳ᠋ᠤ᠌ ᠵᠢᠷᠭᠠᠯ ᠪᠣᠯᠵᠤ
ᠦᠵᠡᠮᠵᠢ ᠲᠣᠭᠲᠠᠬᠤ ᠬᠣᠷᠸ᠎ᠠ ᠳ᠋ᠤ᠌ ᠴᠢᠮᠡᠭ ᠪᠣᠯᠵᠤ
ᠦᠷᠭᠦᠯᠵᠢ ᠰᠡᠳᠬᠢᠯ ᠢ᠋ᠶ᠋ᠡᠨ ᠪᠠᠶᠠᠰᠬᠠᠵᠤ ᠶᠠᠪᠤᠵᠠᠭᠠᠶ᠎ᠠ!
45. ᠤᠤᠭᠠᠨᠵᠢᠳ
ᠰᠢᠮᠡᠵᠦ ᠥᠰᠦᠭᠰᠡᠨ ᠰᠦ ᠮᠢᠨᠢ ᠮᠣᠩᠭᠣᠯ
ᠰᠢᠮᠳᠠᠵᠤ ᠰᠤᠷᠬᠤ ᠰᠣᠶᠣᠯ ᠮᠢᠨᠢ ᠮᠣᠩᠭᠣᠯ
ᠲᠣᠭᠯᠠᠵᠤ ᠥᠰᠦᠭᠰᠡᠨ ᠨᠤᠲᠤᠭ ᠮᠢᠨᠢ ᠮᠣᠩᠭᠣᠯ
ᠲᠣᠮᠣᠭᠠᠵᠢᠵᠤ ᠰᠠᠷᠠᠭᠤᠯᠵᠢᠬᠤ ᠣᠶᠤᠨ ᠮᠢᠨᠢ ᠮᠣᠩᠭᠣᠯ
ᠠᠪᠤ ᠳᠡᠭᠡᠳᠦᠰ ᠦ᠋ᠨ ᠲᠡᠦᠬᠡ ᠮᠢᠨᠢ ᠮᠣᠩᠭᠣᠯ
ᠠᠶᠤᠤᠯᠢᠬᠠᠢ ᠴᠡᠭᠡᠵᠢᠨ ᠦ᠌ ᠬᠦᠰᠡᠯ ᠮᠢᠨᠢ ᠮᠣᠩᠭᠣᠯ᠃

           ᠰᠦᠨ ᠰᠠᠴᠤᠯᠢ 《ᠬᠡ》(g) ᠬᠣᠯᠪᠣᠭ᠎ᠠ ᠠ᠋ᠴᠠ
           ᠬᠢᠨᠠᠭᠴᠢ᠄ ᠲᠣᠳᠣᠭᠡᠷᠡᠯ᠂ ᠨᠠ᠊· ᠴᠠᠭᠠᠨ᠂ ᠨᠠᠷᠠᠨᠲᠣᠭᠣᠰ᠂ ᠤᠤᠭᠠᠨᠵᠢᠳ