ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠣᠮᠣᠭ ᠶᠡᠬᠡᠲᠦ ᠣᠯᠠᠨ ᠤ᠋ ᠳᠠᠢᠰᠤᠨ ᠳᠠᠷᠤᠭᠳᠠᠪᠠ Гураван настай гунаган улаан баатар - Омог ихт олны давсан дарагдав ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠣᠮᠣᠭ ᠶᠡᠬᠡᠲᠦ ᠣᠯᠠᠨ ᠤ᠋ ᠳᠠᠢᠰᠤᠨ ᠳᠠᠷᠤᠭᠳᠠᠪᠠ Гураван настай гунаган улаан баатар - Омог ихт олны давсан дарагдав

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠣᠮᠣᠭ ᠶᠡᠬᠡᠲᠦ ᠣᠯᠠᠨ ᠤ᠋ ᠳᠠᠢᠰᠤᠨ ᠳᠠᠷᠤᠭᠳᠠᠪᠠ Гураван настай гунаган улаан баатар - Омог ихт олны давсан дарагдав

ᠠᠩᠭᠢᠯᠠᠯ:ᠳᠣᠮᠣᠭ ᠦᠯᠢᠭᠡᠷ
2025-12-08

148

ᠣᠮᠣᠭ ᠶᠡᠬᠡᠲᠦ ᠣᠯᠠᠨ ᠤ᠋ ᠳᠠᠢᠰᠤᠨ ᠳᠠᠷᠤᠭᠳᠠᠪᠠ

 
       ᠡᠷᠲᠡ ᠤᠷᠢᠳᠤ ᠨᠢᠭᠡᠨ ᠴᠠᠭ ᠲᠤ᠌ ᠨᠢᠭᠡ ᠶᠡᠬᠡ ᠰᠠᠨᠠᠭᠠᠲᠤ ᠵᠠᠭᠠᠨ ᠪᠠᠢᠵᠠᠢ᠃ ᠲᠡᠷᠡ ᠡᠭᠦᠷᠢᠳᠡ ᠥᠪᠡᠷ ᠦ᠋ᠨ ᠪᠡᠶ᠎ᠡ ᠪᠡᠨ ᠨᠦᠰᠡᠷ ᠪᠦᠳᠦᠭᠦᠨ᠂ ᠨᠠᠳᠠ ᠰᠢᠭ᠋ ᠠᠮᠢᠲᠠᠨ ᠶᠢᠷᠲᠢᠨᠴᠦ ᠳ᠋ᠦ᠍ ᠦᠭᠡᠢ ᠭᠡᠵᠦ ᠣᠮᠣᠭᠯᠠᠩ ᠶᠠᠪᠤᠳᠠᠭ ᠭᠡᠨ᠎ᠡ᠃ 
       ᠢᠩᠭᠢᠭᠡᠳ ᠡᠭᠦᠷᠢᠳᠡ ᠢᠨᠠᠭᠰᠢ ᠴᠢᠨᠠᠭᠰᠢ ᠶᠠᠪᠤᠬᠤ ᠳ᠋ᠠᠭᠠᠨ ᠬᠤᠯᠤᠭᠠᠨ᠎ᠠ ᠶ᠋ᠢᠨ ᠭᠦᠶᠦᠭᠡ ᠶ᠋ᠢ ᠳᠠᠭᠠᠷᠢᠨ ᠢᠳᠡᠳᠡᠭ ᠪᠠᠢᠨ᠎ᠠ᠃ ᠬᠤᠯᠤᠭᠠᠨ᠎ᠠ ᠡᠳᠦᠷᠵᠢᠨ ᠬᠣᠪᠣᠷ ᠬᠣᠪᠣᠷ ᠴᠤᠭᠯᠠᠭᠤᠯᠤᠨ ᠲᠠᠯᠪᠢᠭᠰᠠᠨ ᠭᠦᠶᠦᠭᠡ ᠶ᠋ᠢ ᠡᠳᠦᠷ ᠪᠦᠷᠢ ᠵᠠᠭᠠᠨ ᠬᠣᠭᠣᠰᠣᠯᠠᠬᠤ ᠲᠤᠯᠠ᠂ ᠣᠯᠠᠨ ᠬᠤᠯᠤᠭᠠᠨ᠎ᠠ ᠠᠷᠭ᠎ᠠ ᠦᠭᠡᠢ ᠪᠣᠯᠵᠤ ᠵᠠᠭᠠᠨ ᠤ᠋ ᠡᠮᠦᠨ᠎ᠡ ᠭᠤᠶᠤᠵᠠᠢ᠃《ᠪᠢᠳᠡ ᠲᠠᠨ ᠢ᠋ ᠪᠣᠳᠣᠪᠠᠯ ᠵᠢᠵᠢᠭᠬᠡᠨ ᠠᠮᠢᠲᠠᠨ᠂ ᠣᠳᠣ ᠤᠳᠠᠯ ᠦᠭᠡᠢ ᠡᠪᠦᠯ ᠪᠣᠯᠪᠠᠯ᠂ ᠪᠢᠳᠡ ᠢᠳᠡᠬᠦ ᠶᠠᠭᠤᠮ᠎ᠠ ᠦᠭᠡᠢ ᠪᠣᠯᠤᠨ᠎ᠠ᠃ ᠪᠠᠭ᠎ᠠ ᠵᠢᠵᠢᠭ ᠪᠢᠳᠡᠨ ᠢ᠋ ᠥᠷᠥᠰᠢᠶᠡ!》 ᠭᠡᠵᠦ ᠭᠤᠶᠤᠭᠰᠠᠨ ᠪᠣᠯᠪᠠᠴᠤ ᠵᠠᠭᠠᠨ ᠣᠭᠲᠣ ᠬᠠᠢᠬᠤᠷᠬᠤ ᠦᠭᠡᠢ ᠠᠭᠤᠷᠯᠠᠨ᠄《ᠳᠡᠯᠡᠬᠡᠢ ᠶᠢᠷᠲᠢᠨᠴᠦ ᠳ᠋ᠦ᠍ ᠨᠠᠳᠠ ᠠ᠋ᠴᠠ ᠢᠯᠡᠭᠦᠦ ᠲᠣᠮᠣ ᠠᠮᠢᠲᠠᠨ ᠦᠭᠡᠢ᠃ ᠮᠢᠨᠦ ᠢᠳᠡᠬᠦ ᠡᠪᠡᠰᠦ᠂ ᠮᠢᠨᠦ ᠶᠠᠪᠤᠬᠤ ᠭᠠᠵᠠᠷ ᠢ᠋ ᠬᠡᠨ ᠪᠣᠯᠪᠠᠴᠤ ᠬᠡᠮᠵᠢᠶᠡᠯᠡᠵᠦ ᠴᠢᠳᠠᠬᠤ ᠦᠭᠡᠢ》 ᠭᠡᠵᠦ ᠬᠠᠮᠠᠷ ᠢ᠋ᠶ᠋ᠠᠨ ᠤᠨᠵᠢᠭᠠᠨᠠᠭᠤᠯᠤᠨ ᠰᠡᠭᠦᠯ ᠢ᠋ᠶ᠋ᠡᠨ ᠰᠠᠯᠪᠠᠯᠵᠠᠭᠤᠯᠤᠨ ᠶᠠᠪᠤᠵᠠᠢ᠃  
       ᠡᠭᠦᠨ ᠳ᠋ᠦ᠍ ᠣᠯᠠᠨ ᠬᠤᠯᠤᠭᠠᠨ᠎ᠠ ᠠᠷᠭ᠎ᠠ ᠵᠥᠪᠳᠡᠨ ᠪᠠᠢᠲᠠᠯ᠎ᠠ ᠬᠥᠭᠰᠢᠨ ᠬᠤᠯᠤᠭᠠᠨ᠎ᠠ ᠠᠷᠭ᠎ᠠ ᠭᠠᠷᠭᠠᠵᠤ᠄《ᠪᠢ ᠪᠣᠯ ᠥᠨᠥ ᠮᠠᠷᠭᠠᠲᠠ ᠦᠭᠡᠢ ᠦᠬᠦᠬᠦ ᠰᠢᠬᠠᠭᠰᠠᠨ ᠪᠣᠯᠬᠣᠷ᠂ ᠣᠯᠠᠨ ᠲᠠ ᠨᠠᠷ ᠤ᠋ᠨ ᠲᠥᠯᠥᠭᠡ ᠦᠬᠦᠶ᠎ᠡ᠃ ᠪᠦᠲᠦᠪᠡᠯ ᠰᠠᠢᠨ᠂ ᠪᠦᠲᠦᠬᠦ ᠦᠭᠡᠢ ᠪᠣᠯ ᠲᠠ ᠨᠠᠷ ᠪᠠᠰᠠ ᠠᠷᠭ᠎ᠠ ᠭᠠᠷᠭᠠᠵᠤ᠂ ᠡᠨᠡ ᠳᠠᠢᠰᠤᠨ ᠢ᠋ ᠳᠠᠷᠤ! ᠪᠢ ᠭᠦᠶᠦᠭᠡ ᠳᠣᠣᠷ᠎ᠠ ᠨᠢ ᠬᠡᠪᠲᠡᠵᠦ ᠪᠠᠢᠭᠠᠳ ᠵᠠᠭᠠᠨ ᠢᠳᠡᠬᠦ ᠭᠡᠲᠡᠯ᠎ᠡ ᠪᠢ ᠠᠮᠠᠨ ᠳᠣᠲᠣᠷ᠎ᠠ ᠨᠢ ᠣᠷᠣᠵᠤ᠂ ᠪᠠᠭ᠎ᠠ ᠬᠡᠯᠡ ᠶ᠋ᠢ ᠨᠢ ᠪᠠᠭᠠᠯᠵᠤᠤᠷ ᠲᠠᠢ ᠨᠢ ᠢᠳᠡᠶ᠎ᠡ᠃ ᠢᠩᠭᠢᠪᠡᠯ ᠲᠡᠷᠡ ᠯᠠᠪ ᠦᠬᠦᠨ᠎ᠡ》 ᠭᠡᠵᠦ ᠲᠣᠭᠲᠠᠵᠠᠢ᠃ ᠦᠨᠡᠬᠡᠷ ᠵᠠᠭᠠᠨ ᠢᠷᠡᠵᠦ ᠢᠳᠡᠮᠡᠭᠴᠡ ᠬᠥᠭᠰᠢᠨ ᠬᠤᠯᠤᠭᠠᠨ᠎ᠠ ᠠᠮᠠᠨ ᠳᠣᠲᠣᠷ᠎ᠠ ᠨᠢ ᠣᠷᠣᠵᠤ ᠪᠠᠭᠠᠯᠵᠤᠤᠷ ᠢ᠋ ᠨᠢ ᠬᠡᠮᠡᠯᠢᠮᠡᠭᠴᠡ᠂ ᠣᠯᠠᠨ ᠬᠤᠯᠤᠭᠠᠨ᠎ᠠ ᠵᠠᠭᠠᠨ ᠤ᠋ ᠲᠡᠪᠡᠳᠡᠬᠦ ᠪᠠᠢᠳᠠᠯ ᠢ᠋ ᠦᠵᠡᠵᠦ ᠵᠦᠭ ᠵᠦᠭ ᠡᠴᠡ ᠨᠢ ᠣᠮᠣᠭᠠᠷᠠᠵᠤ ᠨᠢᠭᠡ ᠨᠢᠭᠡ ᠡᠮᠬᠦ ᠬᠠᠵᠠᠭᠰᠠᠨ ᠳ᠋ᠤ᠌ ᠵᠠᠭᠠᠨ ᠡᠴᠦᠰ ᠲᠡᠭᠡᠨ ᠦᠬᠦᠵᠦ ᠭᠡᠨ᠎ᠡ᠃ 
       ᠣᠮᠣᠭ ᠶᠡᠬᠡᠲᠡᠢ ᠣᠯᠠᠨ ᠤ᠋ ᠳᠠᠢᠰᠤᠨ ᠢ᠋ ᠢᠩᠭᠢᠵᠦ ᠳᠠᠷᠤᠭᠰᠠᠨ ᠭᠡᠨ᠎ᠡ᠃     

           ᠦᠰᠦᠭ ᠠᠮᠢᠯᠠᠭᠤᠯᠤᠭᠴᠢ᠄  ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                       ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ ᠪᠠᠢ·ᠰᠠᠷᠠᠨ᠎ᠠ᠂ 
                                       ᠬᠡᠷᠡᠢᠳ·ᠮᠥᠩᠬᠡᠨᠠᠰᠤᠨ᠂ ᠮᠥᠩᠭᠥᠨ᠂ ᠭᠡᠷᠡᠯ᠂ ᠡᠷᠴᠢᠨ᠂ ᠠᠯᠲᠠᠨᠴᠡᠴᠡᠭ 
                ᠬᠢᠨᠠᠭᠴᠢ᠄ ᠣᠳᠬᠠᠨᠰᠣ᠎ᠠ᠂ ᠪᠠᠯ᠂ ᠭᠠᠷᠮ᠎ᠠ᠂ ᠡᠭᠦᠯᠡᠩᠬᠤᠸᠠᠷ᠂ ᠤᠷᠠᠨᠴᠢᠮᠡᠭ᠂ ᠰᠡᠬᠡᠭᠡᠷᠡᠯ᠂ 
                                ᠨᠠᠷᠠᠨ᠂ ᠣᠶᠤᠨᠴᠢᠮᠡᠭ᠂ ᠬᠡᠯᠡᠰᠣᠶᠣᠯ(ᠪᠤᠤ ᠸᠧᠨ ᠬᠤᠸᠠ)᠂ ᠭᠡᠷᠡᠯ᠂ ᠮᠣᠩᠭᠣᠯ ᠰᠦᠨᠡᠰᠦ