ᠭᠠᠩ ᠤ᠋ᠨ ᠲᠩᠷᠢ ᠴᠠᠭᠠᠰᠢGanyn tenger tsaaashГанын тэнгэр цаааш
ᠭᠠᠩ ᠤ᠋ᠨ ᠲᠩᠷᠢ ᠴᠠᠭᠠᠰᠢ
ᠮᠢᠩᠭᠠᠨ ᠠᠳᠤᠭᠤᠳ ᠤ᠋ᠨ ᠪᠠᠷ᠎ᠠ ᠱᠤᠭᠤᠵᠤ
ᠵᠡᠷᠭᠡᠯᠭᠡᠨ ᠨᠢ ᠲᠠᠯ᠎ᠠ ᠳ᠋ᠤ᠌ ᠪᠠᠨ ᠲᠣᠭᠯᠠᠳᠠᠭ
ᠮᠢᠨᠳᠠᠰᠤᠨ ᠨᠣᠣᠰᠣᠲᠤ ᠶ᠋ᠢᠨ ᠬᠡᠰᠡᠭ ᠳᠠᠯᠠᠯᠵᠤ
ᠵᠡᠯ᠎ᠡ ᠨᠢ ᠬᠣᠲᠠᠨ ᠳ᠋ᠤ᠌ ᠪᠠᠨ ᠰᠤᠨᠤᠯᠵᠠᠳᠠᠭ᠃
ᠡᠬᠡ ᠶ᠋ᠢᠨ ᠰᠦ ᠰᠢᠭ ᠰᠢᠮᠡᠯᠢᠭ
ᠨᠤᠲᠤᠭ ᠤ᠋ᠨ ᠠᠯᠲᠠᠨ ᠰᠢᠷᠣᠢ ᠮᠢᠨᠢ
ᠡᠴᠢᠭᠡ ᠶ᠋ᠢᠨ ᠳᠠᠷᠬᠠᠨ ᠬᠡᠢ ᠮᠣᠷᠢ ᠰᠢᠭ᠋
ᠠᠭᠤᠯᠠᠰ ᠤ᠋ᠨ ᠰᠦᠷᠯᠢᠭ ᠣᠷᠭᠢᠯ ᠮᠢᠨᠢ!
ᠭᠠᠯᠪᠠ ᠳᠡᠯᠡᠬᠡᠢ ᠶ᠋ᠢᠨ ᠡᠪᠦᠷ ᠡᠴᠡ
ᠭᠠᠩ ᠤ᠋ᠨ ᠲᠡᠭᠷᠢ ᠴᠠᠭᠠᠰᠢ ᠪᠠᠨ
ᠭᠠᠴᠢᠭ ᠵᠦᠳᠡᠭᠦᠷᠢ ᠪᠡᠨ ᠲᠡᠭᠡᠭᠡᠭᠡᠳ
ᠭᠠᠵᠠᠷ ᠤ᠋ᠨ ᠠᠯᠤᠰ ᠲᠤ᠌ ᠴᠠᠭᠠᠰᠢ ᠪᠠᠨ!
ᠭᠣᠯᠢᠶᠠᠨ ᠤ᠋ ᠳᠠᠭᠤᠨ ᠢ᠋ᠶ᠋ᠠᠷ ᠨᠣᠢᠷᠰᠤᠳᠠᠭ
ᠭᠣᠪᠢ ᠶ᠋ᠢᠨ ᠰᠢᠷᠭᠠᠯ ᠦᠳᠡᠰᠢ ᠪᠡᠷ
ᠭᠤᠷᠪᠠ ᠭᠤᠷᠪᠠ ᠶ᠋ᠢᠨ ᠲᠦᠷᠡᠯᠭᠡ ᠲᠡᠢ
ᠨᠠᠢᠷ ᠤ᠋ᠨ ᠳᠠᠭᠤᠤ ᠪᠠᠨ ᠪᠦᠪᠡᠢᠯᠡᠳᠡᠭ᠃
ᠨᠤᠲᠤᠭ ᠤ᠋ᠨ ᠮᠢᠨᠢ ᠴᠡᠯᠮᠡᠭ ᠠᠭᠠᠷ
ᠡᠭᠦᠯᠡᠰ ᠢ᠋ᠶ᠋ᠡᠨ ᠦᠭᠡᠢᠯᠡᠨ ᠭᠠᠰᠢᠭᠤᠳᠠᠵᠤ ᠪᠣᠢ
ᠨᠠᠭᠤᠷ ᠤ᠋ᠨ ᠮᠢᠨᠢ ᠨᠣᠮᠢᠨ ᠪᠦᠷᠢᠳᠦ
ᠰᠢᠪᠠᠭᠤᠳ ᠢ᠋ᠶ᠋ᠠᠨ ᠳᠤᠷᠠᠰᠤᠨ ᠭᠠᠩᠰᠠᠷᠠᠵᠤ ᠪᠣᠢ᠃
ᠭᠠᠩᠭᠠᠩ ᠪᠠᠢᠭᠠᠯᠢ ᠶ᠋ᠢᠨ ᠡᠯᠢᠭᠡᠨ ᠡᠴᠡ
ᠭᠠᠩ ᠤ᠋ᠨ ᠲᠩᠷᠢ ᠴᠠᠭᠠᠰᠢ ᠪᠠᠨ
ᠭᠠᠢ ᠪᠠᠷᠴᠢᠳ ᠪᠦᠬᠦᠨ ᠲᠡᠢ ᠪᠡᠨ
ᠭᠠᠵᠠᠷ ᠤ᠋ᠨ ᠠᠯᠤᠰ ᠲᠤ᠌ ᠴᠠᠭᠠᠰᠢ ᠪᠠᠨ!
ᠪᠦᠷᠭᠦᠳ ᠦ᠋ᠨ ᠲᠣᠷᠭᠠᠨ ᠵᠢᠭᠦᠷ ᠡᠴᠡ ᠴᠤ᠌
ᠳᠣᠮᠣᠭ ᠬᠦᠦᠷᠨᠢᠨ ᠳᠠᠭᠤᠷᠢᠰᠤᠭᠰᠠᠨ
ᠪᠦᠳᠡᠭᠢᠷᠡᠬᠦ ᠲᠩᠷᠢ ᠶ᠋ᠢᠨ ᠲᠠᠩᠨᠠᠢ ᠠ᠋ᠴᠠ
ᠮᠠᠨᠠᠨ ᠬᠥᠰᠢᠭᠡᠯᠡᠨ ᠪᠠᠭᠤᠭᠰᠠᠨ᠃
ᠨᠠᠷᠠᠨ ᠤ᠋ ᠠᠯᠲᠠᠨ ᠬᠤᠴᠢᠯᠭ᠎ᠠ ᠲᠠᠢ
ᠨᠠᠯᠠᠭᠠᠷ ᠲᠠᠯ᠎ᠠ ᠮᠢᠨᠢ ᠬᠣᠭᠣᠰᠣᠷᠠᠭᠠᠳ ᠪᠠᠢᠨ᠎ᠠ
ᠨᠠᠮᠤᠷ ᠤ᠋ᠨ ᠰᠢᠷᠭᠠᠯ ᠥᠷᠥᠴᠡᠨ ᠳ᠋ᠦ᠍ ᠨᠢ
ᠨᠠᠢ᠍ᠮᠠᠨ ᠬᠠᠨᠠᠲᠤ ᠮᠢᠨᠢ ᠥᠨᠥᠴᠢᠷᠡᠭᠡᠳ ᠪᠠᠢᠨ᠎ᠠ!
ᠭᠠᠷᠤᠯᠭ᠎ᠠ ᠬᠥᠨᠥᠭᠡᠯ ᠦ᠋ᠨ ᠢᠷᠣ᠎ᠠ ᠲᠠᠷᠢᠳᠠᠭ
ᠭᠠᠩ ᠤ᠋ᠨ ᠲᠩᠷᠢ ᠴᠠᠭᠠᠰᠢ ᠪᠠᠨ
ᠭᠠᠰᠠᠯᠤᠯ ᠡᠨᠡᠯᠦᠯ ᠦ᠋ᠨ ᠨᠢᠯᠪᠤᠰᠤ ᠲᠠᠢ ᠪᠠᠨ
ᠭᠠᠵᠠᠷ ᠤ᠋ᠨ ᠠᠯᠤᠰ ᠲᠤ᠌ ᠴᠠᠭᠠᠰᠢ ᠪᠠᠨ!
ᠨᠠᠭᠤᠷ ᠤ᠋ᠨ ᠰᠢᠪᠠᠭᠤᠳ ᠤ᠋ᠨ ᠭᠠᠩᠭᠠᠨᠠᠭᠠᠨ ᠲᠠᠢ
ᠨᠠᠢᠷ ᠤ᠋ᠨ ᠳᠠᠭᠤᠤ ᠪᠠᠨ ᠬᠥᠭᠯᠡᠳᠡᠭ
ᠬᠠᠪᠤᠷ ᠤ᠋ᠨ ᠲᠥᠯ ᠦ᠋ᠨ ᠢ᠋ᠶ᠋ᠡᠨ ᠮᠠᠢᠯᠠᠭᠠ ᠳ᠋ᠤ᠌
ᠬᠠᠢᠷ᠎ᠠ ᠶ᠋ᠢᠨ ᠰᠢᠯᠦᠭ ᠢ᠋ᠶ᠋ᠡᠨ ᠰᠡᠢᠷᠡᠭᠦᠯᠳᠡᠭ᠃
ᠳᠣᠮᠣᠭ ᠠᠴᠢᠶᠠᠯᠠᠨ ᠳᠠᠪᠬᠢᠯᠳᠤᠬᠤ
ᠰᠠᠯᠬᠢᠨ ᠵᠡᠷᠭᠡᠳᠡ ᠮᠢᠨᠢ ᠬᠤᠷᠤᠢ᠂ ᠬᠤᠷᠤᠢ!
ᠲᠤᠤᠯᠢᠰ ᠣᠴᠢᠯᠠᠨ ᠭᠢᠯᠠᠯᠵᠠᠨ ᠳᠠᠭᠤᠷᠢᠰᠬᠤ
ᠳᠣᠭᠰᠢᠨ ᠰᠦᠷ ᠮᠢᠨᠢ ᠬᠤᠷᠤᠢ ᠬᠤᠷᠤᠢ!
ᠭᠠᠰᠠᠯᠠᠩ ᠵᠣᠪᠠᠯᠠᠩ ᠤ᠋ᠨ ᠦᠨᠳᠦᠰᠦ ᠪᠣᠯᠤᠭᠰᠠᠨ
ᠭᠠᠩ ᠤ᠋ᠨ ᠲᠡᠭᠷᠢ ᠴᠠᠭᠠᠰᠢ ᠪᠠᠨ
ᠭᠠᠯ ᠤᠰᠤᠨ ᠤ᠋ ᠠᠶᠤᠯ ᠢ᠋ᠶ᠋ᠠᠨ ᠴᠢᠷᠦᠭᠡᠳ
ᠭᠠᠵᠠᠷ ᠤ᠋ᠨ ᠠᠯᠤᠰ ᠲᠤ᠌ ᠴᠠᠭᠠᠰᠢ ᠪᠠᠨ!
ᠴᠣᠪᠣᠭᠣ ᠳᠡᠭᠵᠢᠨ ᠠᠷᠠᠳ ᠤ᠋ᠨ ᠮᠢᠨᠢ
ᠴᠣᠯᠭᠢᠨ ᠳᠠᠭᠤᠨ ᠳ᠋ᠤ᠌ ᠰᠠᠷ᠎ᠠ ᠢᠨᠢᠶᠡᠵᠦ
ᠴᠣᠩᠬᠣ ᠪᠠᠷ ᠴᠢᠩᠨᠠᠬᠤ ᠰᠢᠪᠠᠭᠤᠳ ᠤ᠋ᠨ
ᠴᠣᠴᠢᠭᠰᠠᠨ ᠳᠠᠭᠤᠨ ᠳ᠋ᠤ᠌ ᠨᠠᠷᠠ ᠮᠠᠨᠳᠤᠳᠠᠭ᠃
ᠡᠭᠡᠯᠵᠢ ᠶ᠋ᠢᠨ ᠳᠥᠷᠪᠡᠨ ᠤᠯᠠᠷᠢᠯ ᠲᠠᠢ
ᠡᠬᠡ ᠪᠠᠢᠭᠠᠯᠢ ᠪᠠᠨ ᠬᠠᠢᠷᠠᠯᠠᠶ᠎ᠠ
ᠡᠵᠢ ᠶ᠋ᠢᠨ ᠰᠦ ᠶ᠋ᠢᠨ ᠣᠨᠳᠣᠷᠣᠯ ᠲᠠᠢ
ᠡᠷᠳᠡᠨᠢᠲᠦ ᠨᠤᠲᠤᠭ ᠢ᠋ᠶ᠋ᠠᠨ ᠬᠢᠮᠠᠭᠠᠳᠠᠶᠠ!
ᠭᠠᠰᠢᠭᠤᠳᠠᠯ ᠡᠮᠭᠡᠨᠢᠯ ᠦ᠋ᠨ ᠣᠴᠢᠭ ᠪᠣᠯᠤᠭᠰᠠᠨ
ᠭᠠᠩ ᠤ᠋ᠨ ᠲᠩᠷᠢ ᠴᠠᠭᠠᠰᠢ ᠪᠠᠨ
ᠭᠠᠯᠪᠠ ᠶ᠋ᠢᠨ ᠭᠠᠯᠪᠠ ᠳ᠋ᠤ᠌ ᠡᠷᠭᠢᠯᠲᠡ ᠦᠭᠡᠢ
ᠭᠠᠵᠠᠷ ᠤ᠋ᠨ ᠠᠯᠤᠰ ᠲᠤ᠌ ᠴᠠᠭᠠᠰᠢ ᠪᠠᠨ!
ᠡᠯᠢᠭᠡ ᠴᠠᠭᠠᠨ ᠮᠠᠩᠬ᠎ᠠ ᠨᠤᠭᠤᠳ ᠨᠢ
ᠪᠣᠷᠣᠭᠠᠨ ᠢ᠋ᠶ᠋ᠠᠨ ᠬᠦᠰᠡᠭᠡᠳ ᠪᠤᠲᠠᠷᠠᠵᠤ ᠪᠠᠢᠨ᠎ᠠ
ᠢᠩᠭᠡᠨ ᠦ᠌ ᠵᠥᠭᠡᠯᠡᠨ ᠪᠤᠢᠯᠠᠭᠠᠨ ᠨᠢ
ᠪᠣᠲᠣᠭᠣ ᠪᠠᠨ ᠦᠭᠡᠢᠯᠡᠭᠡᠳ ᠭᠠᠩᠭᠠᠨᠠᠵᠤ ᠪᠠᠢᠨ᠎ᠠ!
ᠴᠠᠰᠤᠨ ᠰᠢᠭᠤᠷᠭᠠᠨ ᠳ᠋ᠤ᠌ ᠭᠤᠶᠠᠳᠠᠭᠳᠠᠭᠠᠳ
ᠬᠥᠳᠡᠭᠡ ᠮᠢᠨᠢ ᠡᠵᠡᠭᠦᠢᠷᠡᠭᠡᠳ ᠬᠥᠭᠡᠷᠦᠬᠦᠢ ᠪᠠᠢᠨ᠎ᠠ
ᠴᠠᠭ ᠤ᠋ᠨ ᠰᠢᠭᠤᠷᠭ᠎ᠠ ᠳ᠋ᠤ᠌ ᠬᠤᠮᠢᠭᠳᠠᠭᠠᠳ
ᠬᠥᠮᠦᠰ ᠨᠢ ᠨᠡᠭᠦᠳᠡᠯᠯᠡᠭᠡᠳ ᠬᠥᠭᠡᠷᠦᠬᠦᠢ ᠪᠠᠢᠨ᠎ᠠ!
ᠠᠮᠢᠲᠠᠨ ᠭᠣᠣᠯᠳᠠᠨ ᠤ᠋ ᠠᠲᠠᠭᠠᠲᠠᠨ ᠪᠣᠯᠤᠭᠰᠠᠨ
ᠭᠠᠩ ᠤ᠋ᠨ ᠲᠩᠷᠢ ᠴᠠᠭᠠᠰᠢ ᠪᠠᠨ
ᠠᠯᠲᠠᠨ ᠳᠡᠯᠡᠬᠡᠢ ᠶ᠋ᠢᠨ ᠥᠷᠥᠴᠡᠨ ᠡᠴᠡ
ᠠᠰᠢᠳᠠ ᠶ᠋ᠢᠨ ᠠᠰᠢᠳᠠ ᠴᠠᠭᠠᠰᠢ ᠪᠠᠨ!
ᠥᠷᠭᠡᠨ ᠪᠦᠷᠢᠳᠦ ᠶ᠋ᠢᠨ ᠵᠦᠯᠭᠡᠨ ᠳᠡᠭᠡᠷ᠎ᠡ
ᠠᠩᠭᠢᠷ ᠳᠣᠩᠭᠣᠳᠬᠤ ᠶ᠋ᠢ ᠴᠢᠩᠨᠠᠨ᠎ᠠ ᠪᠢ
ᠥᠩᠭᠡ ᠶ᠋ᠢᠨ ᠪᠤᠭᠤᠷᠤᠯ ᠵᠡᠭᠦᠳᠦᠨ ᠳ᠋ᠦ᠍ ᠪᠡᠨ
ᠠᠮᠢᠯᠠᠯ ᠰᠡᠷᠭᠦᠬᠦ ᠶ᠋ᠢ ᠪᠠᠷᠠᠯᠠᠨ᠎ᠠ ᠪᠢ᠃
ᠳᠡᠯᠭᠡᠷ ᠬᠠᠩᠭᠠᠢ ᠶ᠋ᠢᠨ ᠠᠭᠤᠳᠠᠮ ᠳ᠋ᠤ᠌
ᠠᠳᠤᠭᠤᠳ ᠦᠦᠷᠰᠡᠬᠦ ᠶ᠋ᠢ ᠬᠦᠯᠢᠶᠡᠨ᠎ᠡ ᠪᠢ
ᠥᠨᠳᠥᠷ ᠲᠩᠷᠢ ᠶ᠋ᠢᠨ ᠨᠠᠷᠠ ᠨᠢ
ᠥᠪᠴᠢ ᠭᠡᠢᠭᠦᠯᠬᠦ ᠶ᠋ᠢ ᠬᠦᠰᠡᠨ᠎ᠡ ᠪᠢ᠃
ᠬᠠᠨ ᠪᠥᠮᠪᠥᠷᠴᠡᠭ ᠦ᠋ᠨ ᠡᠯᠢᠭᠡᠨ ᠡᠴᠡ
ᠭᠠᠩ ᠤ᠋ᠨ ᠲᠡᠭᠷᠢ ᠴᠢᠨᠠᠭᠰᠢ ᠪᠠᠨ
ᠬᠠᠮᠤᠭ ᠨᠢᠭᠦᠯ ᠢ᠋ᠶ᠋ᠡᠨ ᠬᠤᠷᠢᠶᠠᠭᠠᠳ
ᠭᠠᠵᠠᠷ ᠤ᠋ᠨ ᠠᠯᠤᠰ ᠲᠤ᠌ ᠴᠠᠭᠠᠰᠢ ᠪᠠᠨ!
ᠲᠦᠮᠡᠨ ᠦ᠌ ᠮᠥᠩᠬᠡ ᠶ᠋ᠢᠨ ᠢᠲᠡᠭᠡᠯ ᠳ᠋ᠦ᠍ ᠨᠢ
ᠣᠳᠣᠳ ᠲᠦᠭᠡᠭᠡᠳ ᠳᠤᠸᠠᠯᠠᠭᠠᠷᠠᠢ!
ᠲᠥᠷᠥ ᠶ᠋ᠢᠨ ᠰᠣᠳᠣᠨ ᠤᠬᠠᠭᠠᠨ ᠳ᠋ᠤ᠌ ᠨᠢ
ᠨᠠᠷᠠ ᠰᠠᠴᠤᠷᠠᠭᠠᠳ ᠲᠤᠶᠠᠭᠠᠯᠠᠭᠠᠷᠠᠢ!
ᠬᠥᠮᠦᠨ ᠪᠠᠢᠭᠠᠯᠢ ᠶ᠋ᠢᠨ ᠵᠣᠬᠢᠴᠠᠯ ᠳ᠋ᠤ᠌ ᠨᠢ
ᠬᠥᠬᠡ ᠲᠩᠷᠢ ᠮᠢᠨᠢ ᠬᠤᠷ᠎ᠠ ᠪᠠᠷ ᠲᠡᠳᠬᠦ
ᠬᠥᠳᠡᠭᠡ ᠠᠭᠤᠳᠠᠮ ᠨᠤᠲᠤᠭ ᠲᠤ᠌
ᠬᠥᠷᠥᠰᠥ ᠰᠢᠷᠣᠢ ᠮᠢᠨᠢ ᠨᠣᠭᠣᠭᠠᠨ ᠢ᠋ᠶ᠋ᠠᠷ ᠴᠠᠯᠭᠢ᠃
ᠠᠮᠤᠭᠤᠯᠠᠩ ᠲᠩᠷᠢᠯᠢᠭ ᠨᠤᠲᠤᠭ ᠠ᠋ᠴᠠ ᠮᠢᠨᠢ
ᠭᠠᠩ ᠤ᠋ᠨ ᠲᠩᠷᠢ ᠴᠠᠭᠠᠰᠢ ᠪᠠᠨ
ᠠᠽᠢᠶ᠎ᠠ ᠶ᠋ᠢᠨ ᠥᠨᠳᠥᠷᠯᠢᠭ ᠡᠴᠡ ᠥᠩᠭᠡᠷᠡᠲᠡᠯ᠎ᠡ
ᠭᠠᠵᠠᠷ ᠤ᠋ᠨ ᠠᠯᠤᠰ ᠲᠤ᠌ ᠴᠠᠭᠠᠰᠢ ᠪᠠᠨ!
ᠰᠦᠨ ᠰᠠᠴᠤᠯᠢ 《ᠬᠡ》(g) ᠬᠣᠯᠪᠣᠭᠠᠨ ᠠ᠋ᠴᠠ
ᠦᠰᠦᠭ ᠠᠮᠢᠯᠠᠭᠤᠯᠤᠭᠴᠢ᠄ ᠰᠢᠵᠢᠷᠮᠠᠨᠳᠤᠯᠡ᠂ ᠬᠠᠰᠪᠠᠭᠠᠲᠤᠷ᠂ ᠥᠷᠭᠡᠨᠳᠠᠯᠠᠢ᠂ ᠰᠦᠬᠡ᠂ ᠬᠥᠭᠵᠢᠯᠴᠡᠴᠡᠭ᠂ ᠬᠦᠦᠳᠠᠭᠤᠯᠠ᠂ ᠡᠷᠳᠡᠨᠢᠴᠢᠮᠡᠭ᠂ ᠣᠳᠣᠨᠭᠡᠷᠡᠯ᠂ ᠡᠷᠳᠡᠨᠢᠪᠢᠯᠢᠭ᠂ ᠣᠶᠤᠨᠭᠡᠷᠡᠯ
ᠬᠢᠨᠠᠭᠴᠢ᠄ ᠲᠣᠳᠣᠭᠡᠷᠡᠯ᠂ ᠨᠠ᠊· ᠴᠠᠭᠠᠨ᠂ ᠨᠠᠷᠠᠨᠲᠣᠭᠣᠰ᠂ ᠤᠤᠭᠠᠨᠵᠢᠳ
