ᠰᠢᠨ᠎ᠡ ᠥᠷᠯᠥᠭᠡ -ᠭ᠂ ᠡᠩᠬᠡᠴᠡᠴᠡᠭ Shine öglöö-G,EnkhtsetsegШинэ өглөө-Г,Энхцэцэг
ᠰᠢᠨ᠎ᠡ ᠥᠷᠯᠥᠭᠡ
ᠦᠭᠡ᠄ ᠨ᠂ ᠲᠡᠮᠦᠷᠬᠦᠤ
ᠠᠶ᠎ᠠ᠄ ᠳ᠂ ᠠᠮᠤᠭᠤᠯᠠᠩ
ᠳᠠᠭᠤᠴᠢᠨ᠄ ᠭ᠂ ᠡᠩᠬᠡᠴᠡᠴᠡᠭ
ᠲᠤᠶᠠᠭᠠᠷᠠᠭᠰᠠᠨ ᠠᠯᠲᠠᠨ ᠨᠠᠷᠠᠨ ᠮᠠᠨᠳᠤᠬᠤ ᠳ᠋ᠤ᠌
ᠲᠠᠯ᠎ᠠ ᠶ᠋ᠢᠨ ᠴᠡᠴᠡᠭ ᠦ᠋ᠳ ᠥᠩᠭᠡ ᠪᠡᠨ ᠣᠯᠤᠭᠠᠳ
ᠭᠣᠶᠣᠬᠠᠨ ᠪᠠᠢᠭᠠᠯᠢ ᠪᠡᠶᠡᠰᠦᠨ ᠨᠠᠭᠠᠳᠤᠨ ᠪᠥᠵᠢᠨ᠎ᠡ ᠠ᠋
ᠱᠦᠷᠭᠦᠯᠳᠦᠨ ᠨᠠᠭᠠᠳᠬᠤ ᠠᠯᠠᠭ ᠴᠡᠴᠡᠭ ᠦ᠋ᠳ
ᠰᠢᠪᠡᠨᠡᠨ ᠰᠢᠪᠡᠨᠡᠨ ᠴᠢ ᠪᠢᠳᠡ ᠬᠣᠶᠠᠷ ᠲᠤ᠌
ᠰᠢᠨ᠎ᠡ ᠡᠳᠦᠷ ᠦ᠋ᠨ ᠮᠡᠨᠳᠦ ᠶ᠋ᠢ ᠬᠦᠷᠭᠡᠵᠦ ᠪᠠᠢᠨ᠎ᠠ
ᠡᠢᠮᠦ ᠰᠠᠢᠬᠠᠨ ᠨᠠᠷᠠᠨ ᠤ᠋ ᠭᠡᠷᠡᠯ
ᠡᠢᠮᠦ ᠰᠠᠢᠬᠠᠨ ᠮᠢᠨᠦ ᠠᠮᠠᠷᠠᠭ
ᠪᠢ ᠴᠢᠨᠢ ᠴᠢᠮ᠎ᠠ ᠳ᠋ᠤ᠌ ᠪᠠᠨ ᠬᠠᠢᠷᠠᠲᠠᠢ
ᠬᠠᠢᠷᠠᠲᠠᠢ ᠰᠢᠦ ᠬᠠᠢᠷᠠᠲᠠᠢ ᠰᠢᠦ᠁
ᠲᠠᠯ᠎ᠠ ᠶ᠋ᠢᠨ ᠰᠠᠷᠠᠨᠠᠢ ᠨᠣᠢᠷ ᠠ᠋ᠴᠠ ᠪᠠᠨ ᠰᠡᠷᠡᠵᠦ
ᠲᠠᠩᠰᠤᠭ ᠥᠩᠭᠡ ᠪᠡᠷ ᠪᠡᠶ᠎ᠡ ᠪᠡᠨ ᠴᠢᠮᠡᠭᠡᠳ
ᠠᠯᠲᠠᠨ ᠨᠠᠷᠠ ᠤᠷᠤᠭᠤ ᠳᠡᠯᠪᠢ ᠪᠡᠷ ᠢ᠋ᠶ᠋ᠡᠨ ᠳᠠᠯᠠᠯᠤᠨ᠎ᠠ
ᠠᠯᠠᠭᠯᠠᠨ ᠨᠠᠢᠭᠤᠬᠤ ᠰᠠᠷᠠᠨᠠᠢ ᠴᠡᠴᠡᠭ ᠦ᠋ᠳ
ᠳᠠᠭᠤᠯᠠᠨ ᠳᠠᠭᠤᠯᠠᠨ ᠴᠢ ᠪᠢᠳᠡ ᠬᠣᠶᠠᠷ ᠲᠤ᠌
ᠰᠢᠨ᠎ᠡ ᠡᠳᠦᠷ ᠦ᠋ᠨ ᠮᠡᠨᠳᠦ ᠶ᠋ᠢ ᠬᠦᠷᠭᠡᠵᠦ ᠪᠠᠢᠨ᠎ᠠ
ᠡᠢᠮᠦ ᠰᠠᠢᠬᠠᠨ ᠰᠠᠷᠠᠨᠠᠢ ᠴᠡᠴᠡᠭ
ᠡᠢᠮᠦ ᠰᠠᠢᠬᠠᠨ ᠮᠢᠨᠦ ᠠᠮᠠᠷᠠᠭ
ᠪᠢ ᠴᠢᠮ᠎ᠠ ᠳ᠋ᠤ᠌ ᠪᠠᠨ ᠬᠠᠢᠷᠠᠲᠠᠢ
ᠬᠠᠢᠷᠠᠲᠠᠢ ᠰᠢᠦ ᠬᠠᠢᠷᠠᠲᠠᠢ ᠰᠢᠦ᠁
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
