ᠰᠤᠪᠤᠳSuvdСувд
ᠰᠤᠪᠤᠳ
ᠲᠤᠰ ᠡᠮ ᠪᠣᠯ ᠰᠤᠪᠤᠳᠲᠤ ᠬᠢᠰᠤᠭ᠎ᠠ ᠶ᠋ᠢᠨ ᠢᠵᠠᠭᠤᠷ ᠤ᠋ᠨ ᠠᠮᠢᠲᠠᠨ ᠪᠣᠯᠬᠤ ᠨᠠᠭᠤᠷ ᠤ᠋ᠨ ᠬᠢᠰᠤᠭ᠎ᠠ᠂ ᠬᠢᠰᠤᠭ᠎ᠠ ᠶ᠋ᠢᠨ ᠢᠵᠠᠭᠤᠷ ᠤ᠋ᠨ ᠠᠮᠢᠲᠠᠨ ᠪᠣᠯᠬᠤ ᠭᠤᠷᠪᠠᠯᠵᠢᠨ ᠳᠠᠷᠪᠠᠭᠤᠯᠲᠤ ᠬᠢᠰᠤᠭ᠎ᠠ᠂ ᠠᠲᠤᠷᠢᠶ᠎ᠠ ᠥᠪᠥᠩᠲᠦ ᠬᠢᠰᠤᠭ᠎ᠠ ᠵᠡᠷᠭᠡ ᠬᠣᠣᠰ ᠬᠠᠪᠲᠠᠰᠤᠲᠤ ᠲᠥᠷᠥᠯ ᠦ᠋ᠨ ᠠᠮᠢᠲᠠᠨ ᠤ᠋ ᠤᠭᠤᠲᠠᠨ ᠳ᠋ᠤ᠌ ᠪᠦᠷᠢᠯᠳᠦᠭᠰᠡᠨ ᠰᠤᠪᠤᠳ ᠮᠥᠨ᠃ ᠪᠠᠰᠠ ᠮᠥᠳᠡᠭ ᠭᠡᠳᠡᠭ᠃ ᠭᠠᠳᠠᠷ ᠬᠠᠪᠲᠠᠰᠤ ᠶ᠋ᠢ ᠨᠢ ᠰᠤᠪᠤᠳ ᠤ᠋ᠨ ᠬᠢᠰᠤᠭ᠎ᠠ ᠭᠡᠨ᠎ᠡ᠃ ᠪᠠᠰᠠ ᠨᠢᠶᠠᠨᠴᠢ᠂ ᠨᠢᠶᠠᠵᠤᠭ ᠭᠡᠳᠡᠭ᠃
[ᠤᠤᠯ ᠠᠮᠢᠲᠠᠨ] 1. ᠨᠠᠭᠤᠷ ᠤ᠋ᠨ ᠬᠢᠰᠤᠭ᠎ᠠ ᠬᠠᠪᠲᠠᠰᠤ ᠨᠢ ᠵᠢᠰᠢᠭᠦᠦ ᠳᠥᠷᠪᠡᠯᠵᠢᠨ ᠬᠡᠯᠪᠡᠷᠢ ᠲᠡᠢ᠃ ᠬᠣᠶᠠᠷ ᠬᠠᠪᠲᠠᠰᠤ ᠨᠢ ᠲᠡᠩᠴᠡᠭᠦᠦ ᠪᠤᠰᠤ᠂ ᠵᠡᠭᠦᠨ ᠬᠠᠪᠲᠠᠰᠤ ᠨᠢ ᠪᠠᠷᠠᠭᠤᠨ ᠬᠠᠪᠲᠠᠰᠤ ᠠ᠋ᠴᠠ ᠪᠠᠨ ᠪᠠᠭᠠᠬᠠᠨ ᠭᠦᠳᠦᠭᠦᠷ᠂ ᠬᠠᠪᠲᠠᠰᠤᠨ ᠤ᠋ ᠭᠠᠳᠠᠷ ᠨᠢ ᠭᠦᠢᠬᠡᠨ ᠰᠢᠷ᠎ᠠ ᠠ᠋ᠴᠠ ᠰᠢᠷᠠᠪᠲᠤᠷ ᠬᠦᠷᠡᠩ ᠥᠩᠭᠡ ᠲᠡᠢ᠂ ᠬᠡᠯᠡ ᠰᠢᠭ ᠪᠠᠭ᠎ᠠ ᠴᠢᠯᠥᠭᠡᠲᠦ ᠢᠵᠢᠯ ᠲᠥᠪᠲᠦ ᠬᠠᠢᠷᠰᠤᠨ ᠳᠠᠪᠬᠤᠷᠭ᠎ᠠ ᠲᠠᠢ᠂ ᠨᠢᠮᠭᠡᠨ ᠮᠥᠷᠲᠡᠭᠡᠨ ᠬᠡᠪᠡᠷᠡᠭ᠂ ᠮᠠᠰᠢ ᠬᠢᠯᠪᠠᠷ ᠵᠤᠯᠭᠠᠷᠠᠨ᠎ᠠ᠃ ᠬᠥᠪᠡᠭᠡ ᠳ᠋ᠡᠬᠢ ᠬᠠᠢᠷᠰᠤᠨ ᠳᠠᠪᠬᠤᠷᠭ᠎ᠠ ᠨᠢ ᠨᠢᠭᠲᠠ᠂ ᠰᠡᠭᠦᠯ ᠦ᠋ᠨ ᠬᠡᠰᠡᠭ ᠨᠢ ᠵᠢᠭᠠᠬᠠᠨ ᠳᠡᠷᠪᠡᠭᠡᠷ᠂ ᠬᠠᠪᠲᠠᠰᠤᠨ ᠤ᠋ ᠳᠣᠲᠣᠷ᠎ᠠ ᠲᠠᠯ᠎ᠠ ᠶ᠋ᠢᠨ ᠰᠤᠪᠤᠳ ᠤ᠋ᠨ ᠳᠠᠪᠬᠤᠷᠭ᠎ᠠ ᠨᠢ ᠬᠥᠭᠵᠢᠩᠭᠦᠢ᠂ ᠰᠤᠪᠤᠳ ᠤ᠋ᠨ ᠲᠤᠶᠠᠭ᠎ᠠ ᠲᠠᠢ᠂ ᠰᠢᠷᠠᠩᠭᠤᠢ ᠬᠥᠪᠡᠭᠡ ᠲᠡᠢ᠃ ᠬᠠᠭᠠᠭᠴᠢ ᠪᠤᠯᠴᠢᠩ ᠤ᠋ᠨ ᠣᠷᠣᠮ ᠨᠢ ᠲᠣᠮᠣ᠂ ᠬᠠᠪᠲᠠᠰᠤᠨ ᠤ᠋ ᠭᠣᠣᠯ ᠠ᠋ᠴᠠ ᠵᠢᠭᠠᠬᠠᠨ ᠠᠷᠤ ᠠᠷᠤ ᠳ᠋ᠤ᠌ ᠪᠠᠢᠷᠢᠯᠠᠨ᠎ᠠ᠃ ᠤᠷᠲᠤᠯᠵᠢᠨ ᠲᠣᠭᠣᠷᠢᠭ ᠬᠡᠯᠪᠡᠷᠢ ᠲᠡᠢ᠂ ᠡᠮᠦᠨ᠎ᠡ ᠬᠡᠰᠡᠭ ᠨᠢ ᠵᠢᠭᠠᠬᠠᠨ ᠱᠣᠪᠣᠭᠣᠷ᠃
2. ᠭᠤᠷᠪᠠᠯᠵᠢᠨ ᠳᠠᠷᠪᠠᠭᠤᠯᠲᠤ ᠬᠢᠰᠤᠭ᠎ᠠ ᠬᠠᠪᠲᠠᠰᠤ ᠨᠢ ᠲᠣᠮᠣ ᠮᠥᠷᠲᠡᠭᠡᠨ ᠬᠠᠪᠲᠠᠭᠠᠢ᠂ ᠪᠡᠬᠢ ᠬᠠᠲᠠᠭᠤ᠂ ᠳᠥᠷᠪᠡᠨ ᠥᠨᠴᠥᠭᠲᠦ ᠰᠢᠭ ᠪᠣᠯᠳᠠᠭ᠃ ᠵᠡᠭᠦᠨ ᠪᠠᠷᠠᠭᠤᠨ ᠬᠣᠶᠠᠷ ᠬᠠᠪᠲᠠᠰᠤᠨ ᠤ᠋ ᠣᠷᠣᠢ ᠨᠢ ᠨᠢᠭᠲᠠ ᠵᠠᠯᠭᠠᠵᠤ ᠪᠠᠢᠳᠠᠭ᠃ ᠨᠢᠷᠤᠭᠤᠨ ᠤ᠋ ᠬᠣᠢᠨ᠎ᠠ ᠬᠥᠪᠡᠭᠡ ᠨᠢ ᠤᠷᠲᠤ ᠮᠥᠷᠲᠡᠭᠡᠨ ᠲᠡᠭᠰᠢ᠂ ᠭᠦᠳᠦᠢᠭᠡᠳ ᠭᠤᠷᠪᠠᠯᠵᠢᠨ ᠬᠡᠯᠪᠡᠷᠢ ᠲᠡᠢ ᠳᠠᠷᠪᠠᠭᠤᠯ ᠰᠢᠭ᠋ ᠳᠠᠯᠠᠪᠴᠢ ᠪᠣᠯᠳᠠᠭ᠃ ᠨᠢᠷᠤᠭᠤᠨ ᠤ᠋ ᠡᠮᠦᠨ᠎ᠡ ᠬᠥᠪᠡᠭᠡ ᠨᠢ ᠣᠬᠣᠷ ᠵᠢᠵᠢᠭ᠂ ᠡᠪᠡᠷ ᠰᠢᠭ ᠪᠣᠯᠳᠠᠭ᠃ ᠬᠡᠪᠡᠯᠢ ᠶ᠋ᠢᠨ ᠬᠥᠪᠡᠭᠡ ᠨᠢ ᠰᠢᠯᠤᠭᠤᠨ ᠰᠢᠬᠠᠭᠤ᠂ ᠵᠢᠭᠠᠬᠠᠨ ᠨᠣᠮᠤᠯᠢᠭ ᠬᠡᠯᠪᠡᠷᠢ ᠲᠡᠢ᠃ ᠬᠠᠪᠲᠠᠰᠤᠨ ᠤ᠋ ᠭᠠᠳᠠᠷ ᠨᠢ ᠭᠥᠯᠢᠭᠡᠷ ᠪᠤᠰᠤ᠂ ᠬᠠᠪᠲᠠᠰᠤᠨ ᠤ᠋ ᠣᠷᠣᠢ ᠶ᠋ᠢᠨ ᠬᠡᠰᠡᠭ ᠲᠤᠨᠢ ᠲᠤᠷᠤᠭ ᠪᠦᠳᠦᠭᠦᠨ ᠬᠠᠪᠢᠷᠭ᠎ᠠ ᠰᠤᠳᠠᠯ ᠲᠠᠢ᠃ ᠥᠰᠦᠯᠲᠡ ᠶ᠋ᠢᠨ ᠱᠤᠭᠤᠮ ᠨᠢ ᠢᠵᠢᠯ ᠲᠥᠪᠲᠦ ᠬᠡᠯᠪᠡᠷᠢ ᠪᠡᠷ ᠵᠡᠷᠭᠡᠴᠡᠨ᠎ᠡ᠃ ᠬᠣᠭᠣᠷᠣᠨᠳᠣᠬᠢ ᠵᠠᠢ ᠨᠢ ᠶᠡᠬᠡ᠂ ᠰᠤᠪᠤᠳ ᠤ᠋ᠨ ᠳᠠᠪᠬᠤᠷᠭ᠎ᠠ ᠨᠢ ᠰᠦᠨ ᠴᠠᠭᠠᠨ ᠥᠩᠭᠡ ᠲᠡᠢ᠃
3. ᠠᠲᠤᠷᠢᠶ᠎ᠠ ᠥᠪᠥᠩᠲᠦ ᠬᠢᠰᠤᠭ᠎ᠠ ᠬᠠᠪᠲᠠᠰᠤ ᠨᠢ ᠨᠡᠯᠢᠶᠡᠳ ᠲᠣᠮᠣ᠂ ᠵᠢᠭᠠᠬᠠᠨ ᠲᠡᠩᠴᠡᠭᠦᠦ ᠪᠤᠰᠤ ᠭᠤᠷᠪᠠᠯᠵᠢᠨ ᠬᠡᠯᠪᠡᠷᠢ ᠲᠡᠢ᠃ ᠨᠢᠷᠤᠭᠤᠨ ᠤ᠋ ᠡᠮᠦᠨ᠎ᠡ ᠬᠥᠪᠡᠭᠡ ᠶ᠋ᠢᠨ ᠥᠪᠥᠩ ᠨᠢ ᠲᠣᠳᠣ ᠦᠭᠡᠢ᠃ ᠠᠷᠤ ᠬᠡᠰᠡᠭ ᠨᠢ ᠥᠨᠳᠥᠷ᠂ ᠨᠢᠷᠤᠭᠤᠨ ᠤ᠋ ᠠᠷᠤ ᠬᠥᠪᠡᠭᠡ ᠨᠢ ᠳᠡᠭᠡᠭᠰᠢ ᠲᠠᠰᠢᠭᠤ ᠰᠤᠨᠵᠤ ᠲᠣᠮᠣ ᠤᠷᠲᠤ ᠬᠡᠯᠪᠡᠷᠢ ᠶ᠋ᠢᠨ ᠥᠪᠥᠩ ᠪᠣᠯᠳᠠᠭ᠃ ᠬᠠᠪᠲᠠᠰᠤᠨ ᠤ᠋ ᠠᠷᠤ ᠨᠢᠷᠤᠭᠤ ᠶ᠋ᠢᠨ ᠬᠡᠰᠡᠭ ᠲᠤᠨᠢ ᠬᠠᠪᠲᠠᠰᠤᠨ ᠤ᠋ ᠣᠷᠣᠢ ᠠ᠋ᠴᠠ ᠠᠷᠤᠨᠰᠢ ᠢᠳᠡᠭ ᠢᠳᠡᠭ ᠢ᠋ᠶ᠋ᠡᠷ ᠪᠦᠳᠦᠭᠦᠷᠡᠭᠰᠡᠨ ᠣᠯᠠᠨ ᠭᠤᠯᠳᠤ ᠬᠠᠪᠢᠷᠭ᠎ᠠ ᠲᠠᠢ᠃ ᠬᠡᠪᠡᠯᠢ ᠶ᠋ᠢᠨ ᠬᠥᠪᠡᠭᠡ ᠨᠢ ᠰᠢᠯᠤᠭᠤᠨ ᠰᠢᠭ᠋᠃ ᠬᠠᠪᠲᠠᠰᠤᠨ ᠤ᠋ ᠭᠠᠳᠠᠷ ᠨᠢ ᠭᠦᠨ ᠰᠢᠷ᠎ᠠ ᠨᠣᠭᠣᠭᠠᠨ ᠠ᠋ᠴᠠ ᠬᠠᠷᠠᠪᠲᠤᠷ ᠬᠦᠷᠡᠩ ᠥᠩᠭᠡ ᠲᠡᠢ᠂ᠬᠠᠪᠲᠠᠰᠤᠨ ᠤ᠋ ᠣᠷᠣᠢ ᠨᠢ ᠶᠡᠷᠦ ᠳ᠋ᠡᠭᠡᠨ ᠢᠳᠡᠭᠳᠡᠭᠰᠡᠨ ᠡᠴᠡ ᠪᠣᠯᠵᠤ, ᠭᠠᠳᠠᠷ ᠥᠩᠭᠡ ᠪᠡᠨ ᠠᠯᠳᠠᠳᠠᠭ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠨᠠᠭᠤᠷ ᠤ᠋ᠨ ᠬᠢᠰᠤᠭ᠎ᠠ ᠪᠣᠯ ᠰᠠᠯᠬᠢ ᠳᠠᠪᠠᠯᠭᠠᠨ ᠪᠠᠭ᠎ᠠ ᠳᠤᠯᠠᠭᠠᠨ ᠳᠠᠯᠠᠢ ᠶ᠋ᠢᠨ 1~10m ᠤ᠋ᠨ ᠭᠦᠨ ᠳ᠋ᠡᠬᠢ ᠬᠠᠳᠠ ᠴᠢᠯᠠᠭᠤ᠂ ᠬᠠᠢᠷ ᠡᠯᠡᠰᠦᠨ ᠳ᠋ᠦ᠍ ᠨᠠᠭᠠᠯᠳᠤᠵᠤ ᠠᠮᠢᠳᠤᠷᠠᠳᠠᠭ᠃ ᠡᠮᠦᠨ᠎ᠡ ᠳᠠᠯᠠᠢ ᠲᠠᠷᠬᠠᠴᠠ ᠲᠠᠢ᠃ ᠭᠤᠷᠪᠠᠯᠵᠢᠨ ᠳᠠᠷᠪᠠᠭᠤᠯᠲᠤ ᠬᠢᠰᠤᠭ᠎ᠠ ᠪᠣᠯᠤᠨ ᠠᠲᠤᠷᠢᠶ᠎ᠠ ᠥᠪᠥᠩᠲᠦ ᠬᠢᠰᠤᠭ᠎ᠠ ᠪᠣᠯ ᠴᠡᠩᠭᠡᠭ ᠤᠰᠤᠨ ᠳᠣᠣᠷ᠎ᠠ ᠪᠤᠶᠤ ᠵᠢᠭᠠᠬᠠᠨ ᠡᠯᠡᠰᠦᠷᠬᠡᠭ ᠭᠣᠣᠯ ᠪᠠ ᠨᠠᠭᠤᠷ ᠲᠤ᠌ ᠠᠮᠢᠳᠤᠷᠠᠳᠠᠭ᠃ ᠭᠤᠷᠪᠠᠯᠵᠢᠨ ᠳᠠᠷᠪᠠᠭᠤᠯᠲᠤ ᠬᠢᠰᠤᠭ᠎ᠠ ᠾᠧᠪᠧᠢ᠂ ᠠᠨᠾᠦ᠋ᠢ ᠵᠢᠶᠠᠩᠰᠦ᠂ ᠵᠧᠵᠢᠶᠠᠩ ᠳ᠋ᠤ᠌ ᠲᠠᠷᠬᠠᠴᠠ ᠲᠠᠢ᠂ ᠠᠳᠠᠷᠢ ᠥᠪᠥᠩᠲᠦ ᠬᠢᠰᠤᠭ᠎ᠠ ᠪᠦᠬᠦ ᠤᠯᠤᠰ ᠲᠤ᠌ ᠲᠠᠷᠬᠠᠴᠠ ᠲᠠᠢ᠃ᠤᠯᠤᠰ ᠤ᠋ᠨ ᠳᠣᠲᠣᠭᠠᠳᠤ ᠳ᠋ᠤ᠌ ᠨᠡᠢᠳᠡᠮ ᠲᠡᠵᠢᠭᠡᠵᠦ ᠪᠣᠢ ᠃
[ ᠲᠡᠭᠦᠵᠦ ᠪᠣᠯᠪᠠᠰᠤᠷᠠᠭᠤᠯᠬᠤ] ᠪᠦᠬᠦ ᠵᠢᠯ ᠳ᠋ᠡᠭᠡᠨ ᠪᠦᠷ ᠠᠪᠴᠤ ᠪᠣᠯᠤᠨ᠎ᠠ᠃ ᠬᠢᠰᠤᠭ᠎ᠠ ᠶ᠋ᠢ ᠱᠦᠭᠦᠵᠦ ᠠᠪᠤᠭᠰᠠᠨ ᠤ᠋ ᠰᠡᠭᠦᠯᠡᠷ ᠬᠠᠭᠠᠯᠵᠤ ᠠᠪᠤᠭᠠᠳ ᠤᠬᠢᠶᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠳᠠᠪᠤᠰᠤᠯᠢᠭ ᠠᠮᠲᠠ ᠲᠠᠢ; ᠲᠡᠭᠰᠢ ᠴᠢᠨᠠᠷ ᠲᠠᠢ ᠃
[ ᠴᠢᠳᠠᠯ ᠪᠠ ᠭᠣᠣᠯᠳᠠᠭᠤ ᠵᠠᠰᠠᠬᠤ] ᠲᠠᠷᠢᠬᠢᠨ ᠤ᠋ ᠭᠡᠮᠲᠦᠯ ᠢ᠋ ᠠᠨᠠᠭᠠᠬᠤ᠂ ᠬᠣᠣᠷ ᠢ᠋ ᠲᠠᠢᠯᠬᠤ᠂ ᠲᠠᠢᠳᠬᠤᠷᠠᠭᠤᠯᠬᠤ ᠴᠢᠳᠠᠯ ᠲᠠᠢ᠃ ᠭᠣᠣᠯᠳᠠᠭᠤ ᠲᠠᠷᠢᠬᠢ ᠰᠠ᠂ ᠬᠣᠣᠷ ᠡᠪᠡᠳᠴᠢᠨ᠂ ᠲᠤᠯᠠᠢ᠂ ᠬᠡᠷᠦᠬᠦ᠂ ᠶᠠᠷ᠎ᠠ ᠰᠢᠷᠬ᠎ᠠ ᠶ᠋ᠢ ᠵᠠᠰᠠᠬᠤ ᠳ᠋ᠤ᠌ ᠬᠡᠷᠡᠭᠯᠡᠨ᠎ᠡ᠃
[ ᠳᠠᠭᠠᠯᠳᠤᠭᠤᠯᠤᠯ] ᠰᠤᠪᠤᠳ ᠤ᠋ᠨ ᠬᠢᠰᠤᠭ᠎ᠠ ᠪᠣᠯ ᠳᠡᠭᠡᠷᠡᠬᠢ ᠰᠤᠪᠤᠳ ᠭᠠᠷᠳᠠᠭ ᠬᠢᠰᠤᠭ᠎ᠠ ᠶ᠋ᠢᠨ ᠵᠦᠢᠯ ᠲᠡᠢ ᠠᠳᠠᠯᠢ ᠬᠠᠪᠲᠠᠰᠤ ᠮᠥᠨ᠃ ᠪᠠᠰᠠ ᠨᠢᠶᠠᠴᠢ᠂ ᠨᠢᠶᠠᠵᠤᠭ ᠭᠡᠳᠡᠭ᠃ ᠴᠢᠳᠠᠯ ᠪᠠ ᠭᠣᠣᠯᠳᠠᠭᠤ ᠵᠠᠰᠠᠬᠤ ᠨᠢ ᠰᠤᠪᠤᠳ ᠲᠠᠢ ᠠᠳᠠᠯᠢ᠃
ᠬᠢᠲᠠᠳ ᠨᠡᠷ᠎ᠡ᠄珍珠.(1马氏珍珠贝.2.三角帆蚌.3.褶纹冠蚌.4.珍珠母. 5.珍玫母.)
ᠠᠩᠭ᠌ᠯᠢ ᠨᠡᠷ᠎ᠡ᠄1.Pteria martensii Dunler . 2.Hyriopsis cumingii Lea . 3.Cristaria plicata Leach
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠲᠤᠶᠠᠭ᠎ᠠ ᠤᠷᠠᠨᠴᠢᠮᠡᠭ
