ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠵᠢᠷᠭᠤᠳᠤᠭᠠᠷ ᠪᠦᠯᠦᠭ᠂ 2 ᠲᠠᠬᠢᠯᠭ᠎ᠠ ᠶᠢᠨ ᠣᠪᠣᠭ᠎ᠠ Шинэлам – 6-р бүлэг᠂2 тахилгын овоо ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠵᠢᠷᠭᠤᠳᠤᠭᠠᠷ ᠪᠦᠯᠦᠭ᠂ 2 ᠲᠠᠬᠢᠯᠭ᠎ᠠ ᠶᠢᠨ ᠣᠪᠣᠭ᠎ᠠ Шинэлам – 6-р бүлэг᠂2 тахилгын овоо

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠵᠢᠷᠭᠤᠳᠤᠭᠠᠷ ᠪᠦᠯᠦᠭ᠂ 2 ᠲᠠᠬᠢᠯᠭ᠎ᠠ ᠶᠢᠨ ᠣᠪᠣᠭ᠎ᠠ Шинэлам – 6-р бүлэг᠂2 тахилгын овоо

ᠠᠩᠭᠢᠯᠠᠯ:ᠲᠡᠦᠬᠡ ᠰᠣᠶᠣᠯ
2025-12-08

206

ᠵᠢᠷᠭᠤᠳᠤᠭᠠᠷ ᠪᠦᠯᠦᠭ᠂ᠳᠤᠭᠤᠢᠯᠠᠩ ᠤ᠋ᠨ ᠬᠥᠳᠡᠯᠭᠡᠭᠡᠨ ᠳ᠋ᠦ᠍ ᠬᠣᠯᠪᠣᠭᠳᠠᠭᠰᠠᠨ ᠰᠦᠮ᠎ᠡ ᠬᠡᠢᠳ ᠪᠠ ᠤᠯᠠᠮᠵᠢᠯᠠᠯᠲᠤ ᠲᠠᠬᠢᠯᠭ᠎ᠠ ᠶ᠋ᠢᠨ ᠭᠠᠵᠠᠷ ᠤ᠋ᠳ

ᠬᠣᠶᠠᠷ᠂ ᠲᠠᠬᠢᠯᠭ᠎ᠠ ᠶ᠋ᠢᠨ ᠣᠪᠣᠭ᠎ᠠ


             ᠲᠤᠩᠭᠠᠯᠠᠭ ᠤ᠋ᠨ ᠣᠪᠣᠭ᠎ᠠ(ᠲᠠᠩᠭᠠᠷᠢᠭ ᠤ᠋ᠨ ᠣᠪᠣᠭ᠎ᠠ) 
  
       ᠬᠤᠷ᠎ᠠ ᠲᠤᠨᠤᠳᠠᠰᠤ ᠦᠭᠡᠢ ᠭᠠᠩ ᠲᠠᠢ ᠨᠢᠭᠡᠨ ᠵᠢᠯ᠂ ᠰᠢᠨᠡᠯᠡᠮ᠎ᠡ ᠡᠮᠲᠦ ᠡᠪᠡᠰᠦ ᠵᠡᠭᠡᠷᠭᠡᠨ᠎ᠡ ᠤᠷᠭᠤᠵᠤ ᠵᠡᠭᠡᠷ᠎ᠡ ᠲᠠᠰᠢᠭᠰᠠᠨ ᠠᠲᠠᠷ ᠰᠠᠢᠬᠠᠨ ᠭᠠᠵᠠᠷ ᠤ᠋ᠨ ᠥᠨᠳᠥᠷ ᠬᠠᠷ᠎ᠠ ᠲᠣᠯᠣᠭᠠᠢ ᠶ᠋ᠢᠨ ᠣᠷᠣᠢ ᠳ᠋ᠤ᠌ ᠪᠦᠷᠢᠨᠪᠠᠶᠠᠷ ᠵᠡᠷᠭᠡ ᠡᠷᠦᠬᠡ ᠲᠡᠢ ᠬᠠᠮᠲᠤᠷᠠᠵᠤ ᠪᠣᠷᠣᠭᠠᠨ ᠤᠷᠢᠵᠤ ᠣᠷᠣᠭᠤᠯᠬᠤ ᠪᠠᠷ ᠣᠯᠠᠨ ᠯᠠᠮᠠ ᠨᠠᠷ ᠢ᠋ ᠵᠠᠯᠠᠵᠤ ᠨᠣᠮ ᠤᠩᠰᠢᠭᠤᠯᠤᠨ《ᠪᠦᠲᠦᠭᠡᠭᠦᠯ ᠪᠦᠲᠦᠭᠡᠯᠭᠡᠭᠰᠡᠨ 》(ᠭᠠᠵᠠᠷ ᠤᠰᠤ ᠶ᠋ᠢ ᠲᠠᠬᠢᠬᠤ ᠨᠢᠭᠡ ᠵᠦᠢᠯ ᠦ᠋ᠨ ᠲᠥᠪᠡᠳ ᠨᠣᠮ— ᠵᠣᠬᠢᠶᠠᠭᠴᠢ ᠠ᠋ᠴᠠ) ᠠ᠋ᠴᠠ ᠶᠡᠬᠡ ᠪᠣᠷᠣᠭᠠᠨ ᠣᠷᠣᠵᠠᠢ᠂ ᠲᠡᠷᠡ ᠵᠢᠯ ᠨᠢ ᠡᠪᠡᠰᠦ ᠪᠡᠯᠴᠢᠭᠡᠷ ᠣᠨᠴᠠ ᠰᠠᠢᠨ᠂ ᠲᠠᠷᠢᠶ᠎ᠠ ᠲᠥᠮᠥᠰᠥ ᠴᠦ᠍ ᠡᠯᠪᠡᠭ ᠬᠤᠷᠢᠶᠠᠯᠲᠠ ᠲᠠᠢ ᠪᠣᠯᠤᠭᠰᠠᠨ ᠭᠡᠨ᠎ᠡ᠃ ᠲᠡᠢᠮᠦ ᠡᠴᠡ ᠡᠨᠡ ᠣᠷᠴᠢᠮ ᠤ᠋ᠨ ᠠᠢᠯ ᠡᠷᠦᠬᠡ᠂ ᠪᠤᠷᠬᠠᠨ ᠲᠩᠷᠢ ᠢᠪᠡᠭᠡᠭᠰᠡᠨ ᠭᠠᠵᠠᠷ ᠭᠡᠵᠦ ᠪᠢᠰᠢᠷᠡᠨ ᠰᠢᠲᠦᠵᠦ ᠡᠨᠡ ᠣᠷᠣᠢ ᠳ᠋ᠤ᠌ ᠬᠠᠳᠠ ᠴᠢᠯᠠᠭᠤ ᠣᠪᠣᠭᠠᠯᠠᠵᠤ ᠨᠠᠮᠠᠨᠴᠢᠯᠠᠨ ᠶᠠᠪᠤᠳᠠᠭ ᠪᠠᠢᠵᠠᠢ᠃  
       ᠬᠥᠬᠡ ᠬᠤᠯᠤᠭᠠᠨ᠎ᠠ ᠵᠢᠯ ᠳᠠᠷᠤᠢ1924 ᠣᠨ ᠤ᠋ ᠵᠤᠨ ᠰᠢᠨᠠᠯᠠᠮ᠎ᠠ ᠵᠡᠷᠭᠡ ᠠᠷᠪᠠᠨ ᠵᠢᠷᠭᠤᠭᠠᠨ ᠬᠥᠮᠦᠰ᠂ ᠰᠢᠨᠠᠯᠠᠮ᠎ᠠ ᠶ᠋ᠢᠨ ᠭᠡᠷ ᠲᠦ᠍ ᠰᠡᠮᠡᠭᠡᠷᠬᠡᠨ ᠢ᠋ᠶ᠋ᠡᠷ ᠬᠠᠯᠬ᠎ᠠ ᠮᠣᠩᠭᠣᠯ ᠳ᠋ᠤ᠌ ᠰᠤᠷᠤᠯᠴᠠᠬᠤ ᠪᠠ ᠴᠡᠷᠢᠭ ᠦ᠋ᠨ ᠫᠤᠤ ᠵᠡᠪᠰᠡᠭ ᠦ᠋ᠨ ᠲᠤᠰᠠᠯᠠᠮᠵᠢ ᠣᠯᠬᠤ ᠪᠠᠷ ᠡᠳᠦᠷ ᠦ᠋ᠨ ᠰᠠᠢᠨ ᠵᠦᠭ ᠦ᠋ᠨ ᠰᠠᠢᠨ ᠢ᠋ ᠰᠣᠩᠭᠣᠵᠤ ᠮᠣᠷᠳᠠᠭᠠᠳ ᠡᠨᠡ ᠬᠦ᠌ ᠬᠠᠷ᠎ᠠ ᠲᠣᠯᠣᠭᠠᠢ ᠶ᠋ᠢᠨ ᠣᠷᠣᠢ ᠳ᠋ᠤ᠌ ᠭᠠᠷᠴᠤ ᠭᠠᠯ ᠴᠣᠭ ᠭᠠᠷᠭᠠᠭᠠᠳ ᠠᠷᠴᠠ ᠬᠦᠵᠢ ᠰᠢᠲᠠᠭᠠᠨ  ᠤᠰᠠᠩ ᠲᠠᠯᠪᠢᠵᠤ᠂《ᠬᠣᠯᠠ ᠶ᠋ᠢᠨ ᠵᠠᠮ ᠳ᠋ᠤ᠌ ᠠᠮᠤᠷ ᠮᠡᠨᠳᠦ ᠰᠠᠢᠨ ᠰᠠᠢᠬᠠᠨ ᠶᠠᠪᠤᠭᠠᠳ ᠵᠣᠷᠢᠭᠰᠠᠨ ᠵᠣᠷᠢᠯᠭ᠎ᠠ ᠶᠣᠰᠣᠴᠢᠯᠠᠨ ᠪᠦᠲᠦᠬᠦ ᠶ᠋ᠢ ᠵᠠᠯᠪᠠᠷᠢᠨ ᠳᠠᠭᠠᠳᠬᠠᠯ ᠬᠢᠵᠦ ᠲᠠᠩᠭᠠᠷᠢᠭᠯᠠᠨ ᠲᠩᠷᠢ ᠭᠠᠵᠠᠷ ᠲᠤ᠌ ᠮᠥᠷᠭᠥᠵᠦ》᠂ ᠤᠮᠠᠷᠠᠰᠢ ᠶᠡᠬᠡ ᠪᠠᠯᠠᠷ ᠳᠤᠮᠳᠠᠭᠤᠷ ᠮᠣᠷᠳᠠᠵᠠᠭᠠᠭᠰᠠᠨ ᠭᠡᠨ᠎ᠡ᠃ ᠬᠣᠵᠢᠮ ᠪᠠᠰᠠ《ᠲᠠᠩᠭᠠᠷᠢᠭ ᠤ᠋ᠨ ᠣᠪᠣᠭ᠎ᠠ》 ᠭᠡᠵᠦ ᠬᠡᠯᠡᠳᠡᠭ᠃  
       ᠡᠨᠡ ᠣᠪᠣᠭ᠎ᠠ ᠳᠠᠯᠠᠢ ᠶ᠋ᠢᠨ ᠲᠦᠪᠰᠢᠨ ᠡᠴᠡ1300 ᠮᠧᠲ᠋ᠷ ᠥᠨᠳᠥᠷ ᠡᠷᠭᠦᠭᠳᠡᠵᠦ ᠠᠯᠤᠰ ᠬᠣᠯᠠ ᠠ᠋ᠴᠠ ᠬᠠᠷᠠᠯᠠᠨ ᠲᠤᠩᠭᠠᠯᠠᠭ ᠰᠠᠢᠬᠠᠨ ᠦᠵᠡᠭᠳᠡᠵᠦ᠂ ᠣᠷᠣᠢ ᠳᠡᠭᠡᠷ᠎ᠡ ᠡᠴᠡ ᠲᠡᠮᠦᠷ ᠣᠪᠣᠭ᠎ᠠ᠂ ᠪᠠᠷᠰᠤᠩᠭ᠎ᠠ ᠶ᠋ᠢᠨ ᠣᠪᠣᠭ᠎ᠠ᠂ ᠭᠠᠭᠴᠠ ᠣᠪᠣᠭ᠎ᠠ᠂  ᠰᠦᠮᠡᠲᠦ ᠶ᠋ᠢᠨ ᠣᠪᠣᠭ᠎ᠠ᠂ ᠰᠢᠪᠠᠭ ᠣᠪᠣᠭ᠎ᠠ᠂ ᠮᠠᠩᠬᠠᠲᠤ  ᠬᠤᠷᠠᠬᠤ᠂ ᠭᠣᠵᠣᠩ ᠬᠤᠷᠠᠬᠤ ᠵᠡᠷᠭᠡ ᠳᠣᠯᠣᠭᠠᠨ ᠣᠪᠣᠭ᠎ᠠ᠂ ᠬᠥᠬᠡᠨᠠᠭᠤᠷ ᠪᠠᠷᠰᠤᠩᠭ᠎ᠠ ᠶ᠋ᠢᠨ ᠨᠠᠭᠤᠷ᠂ ᠣᠮᠪᠤᠢ ᠶ᠋ᠢᠨ ᠨᠠᠭᠤᠷ᠂ ᠮᠠᠩᠬᠠᠲᠤ ᠶ᠋ᠢᠨ ᠨᠠᠭᠤᠷ᠂ ᠪᠤᠵᠠᠢ ᠨᠠᠭᠤᠷ᠂ ᠪᠠᠶᠠᠨ ᠨᠠᠭᠤᠷ᠂ ᠵᠠᠨᠠᠭᠤᠷ ᠵᠡᠷᠭᠡ ᠳᠣᠯᠣᠭᠠᠨ ᠨᠠᠭᠤᠷ ᠢ᠋ ᠳᠤᠷᠠᠨ ᠢ᠋ᠶ᠋ᠠᠷ ᠪᠢᠰᠢ ᠨᠢᠳᠦ ᠪᠡᠷ ᠬᠥᠮᠦᠰ ᠲᠦ᠍ ᠲᠣᠪ ᠲᠣᠳᠣᠷᠬᠠᠢ ᠦᠵᠡᠭᠦᠯᠳᠡᠭ ᠪᠣᠯᠬᠣᠷ《ᠲᠤᠩᠭᠠᠯᠠᠭ ᠤ᠋ᠨ ᠣᠪᠣᠭ᠎ᠠ》 ᠭᠡᠮᠡᠨ ᠳᠠᠬᠢᠵᠤ ᠰᠢᠲᠦᠬᠦ ᠪᠣᠯᠵᠠᠢ᠃  
       ᠲᠤᠩᠭᠠᠯᠠᠭ ᠤ᠋ᠨ ᠣᠪᠣᠭ᠎ᠠ ᠣᠷᠳᠣᠰ ᠲᠣᠭᠠᠯᠠᠯ ᠤ᠋ᠨ ᠨᠠᠢ᠍ᠮᠠᠨ ᠰᠠᠷ᠎ᠠ ᠶ᠋ᠢᠨ ᠬᠣᠷᠢᠨ ᠭᠤᠷᠪᠠᠨ ᠤ᠋ ᠡᠳᠦᠷ ᠣᠪᠣᠭᠠᠨ  ᠲᠠᠬᠢᠯᠭ᠎ᠠ ᠨᠠᠢᠷ ᠲᠠᠢ ᠪᠥᠭᠡᠳ ᠭᠠᠯᠠᠭᠤᠲᠤ᠂ ᠳᠠᠪᠴᠠᠭ᠂ ᠲᠣᠯᠢ᠂ ᠤᠯᠠᠭᠠᠨᠲᠣᠯᠣᠭᠠᠢ᠂ ᠦᠦᠰᠢᠨᠵᠦᠦ᠂ ᠲᠤᠭ ᠵᠡᠷᠭᠡ ᠵᠢᠷᠭᠤᠭᠠᠨ ᠰᠤᠮᠤ(ᠪᠠᠯᠭᠠᠰᠤ) ᠶ᠋ᠢᠨ ᠬᠥᠮᠦᠰ ᠬᠦᠷᠦᠯᠴᠡᠨ ᠢᠷᠡᠵᠦ ᠲᠤᠰ ᠭᠠᠵᠠᠷ ᠤ᠋ᠨ ᠢ᠋ᠶ᠋ᠠᠨ ᠬᠤᠷᠳᠤᠨ ᠵᠢᠷᠣᠭ᠎ᠠ ᠮᠣᠷᠢᠳ ᠢ᠋ᠶ᠋ᠠᠨ ᠠᠪᠴᠢᠷᠠᠵᠤ ᠤᠯᠠᠮᠵᠢᠯᠠᠯᠲᠤ《ᠣᠷᠳᠣᠰ ᠵᠢᠷᠣᠭ᠎ᠠ ᠮᠣᠷᠢᠨ ᠤ᠋ ᠤᠷᠤᠯᠳᠤᠭᠠᠨ》 ᠪᠣᠯᠤᠨ《ᠬᠣᠯᠠ ᠶ᠋ᠢᠨ ᠮᠣᠷᠢᠨ ᠤ᠋ ᠤᠷᠤᠯᠳᠤᠭᠠᠨ》 ᠢ᠋ ᠬᠥᠷ ᠬᠥᠭᠵᠢᠯ ᠲᠡᠢ ᠶᠠᠪᠤᠭᠳᠠᠭᠤᠯᠳᠠᠭ᠃ ᠮᠣᠷᠢᠨ ᠰᠣᠶᠣᠯ ᠢ᠋ ᠶᠡᠬᠡ ᠪᠡᠷ ᠬᠦᠨᠳᠦᠳᠬᠡᠳᠡᠭ ᠣᠨᠴᠠᠯᠢᠭ ᠲᠠᠢ ᠭᠠᠵᠠᠷ ᠪᠣᠯᠬᠣᠷ ᠲᠤᠰ  ᠪᠤᠵᠠᠢ ᠭᠠᠴᠠᠭᠠᠨ ᠳ᠋ᠤ᠌ ᠬᠤᠷᠳᠤᠨ ᠵᠢᠷᠣᠭ᠎ᠠ ᠮᠣᠷᠢᠨ ᠤ᠋ ᠬᠣᠷᠣᠬᠠᠢ ᠲᠠᠢ ᠬᠥᠮᠦᠰ ᠲᠤᠩ ᠠᠷᠪᠢᠨ ᠪᠠᠢᠳᠠᠭ ᠶᠤᠮ᠃ 
       2001 ᠣᠨ ᠳ᠋ᠤ᠌ ᠲᠤᠰ ᠭᠠᠵᠠᠷ ᠤ᠋ᠨ ᠮᠠᠯᠴᠢᠳ ᠥᠭᠯᠢᠭᠡ ᠡᠷᠭᠦᠴᠡ ᠪᠠᠷᠢᠵᠤ ᠨᠢᠭᠡ ᠲᠠᠰᠤᠯᠭ᠎ᠠ ᠰᠦᠮ᠎ᠡ ᠪᠠᠢᠭᠤᠯᠪᠠ᠃2002 ᠣᠨ ᠳ᠋ᠤ᠌ ᠨᠤᠲᠤᠭ ᠤ᠋ᠨ ᠬᠥᠮᠦᠰ ᠨᠢ ᠰᠢᠨᠠᠯᠠᠮ᠎ᠠ ᠪᠠᠨ ᠳᠤᠷᠠᠰᠬᠠᠬᠤ ᠶ᠋ᠢᠨ ᠲᠥᠯᠥᠭᠡ ᠪᠤᠷᠬᠠᠨ ᠱᠠᠰᠢᠨ ᠤ᠋ ᠣᠨᠴᠠᠯᠢᠭ ᠲᠠᠢ6 ᠮᠧᠲ᠋ᠷ ᠥᠨᠳᠥᠷ ᠴᠠᠭᠠᠨ ᠰᠤᠪᠤᠷᠭ᠎ᠠ ᠪᠣᠰᠬᠠᠵᠤ᠂ ᠶᠡᠬᠡ ᠵᠣᠣ ᠠᠢᠮᠠᠭ ᠤ᠋ᠨ ᠪᠤᠷᠬᠠᠨ ᠱᠠᠰᠢᠨ ᠤ᠋ ᠨᠡᠢᠭᠡᠮᠯᠢᠭ ᠦ᠋ᠨ ᠬᠡᠷᠡᠭ ᠡᠷᠬᠢᠯᠡᠭᠴᠢ ᠦᠦᠰᠢᠨᠵᠦᠦ ᠰᠦᠮ᠎ᠡ ᠶ᠋ᠢᠨ  ᠪᠣᠭᠳᠠ ᠭᠡᠭᠡᠨ ᠷᠠᠪᠳᠠᠨᠳᠣᠷᠵᠢ ᠨᠣᠮ ᠤᠩᠰᠢᠵᠤ ᠠᠷᠢᠭᠤᠳᠬᠠᠨ ᠷᠠᠪᠨᠠᠢᠯᠠᠭᠰᠠᠨ ᠪᠠᠢᠨ᠎ᠠ᠃2004 ᠣᠨ ᠳ᠋ᠤ᠌ ᠮᠣᠩᠭᠣᠯ ᠭᠡᠷ ᠪᠠᠷᠢᠵᠤ ᠰᠢᠨᠡᠯᠡᠮ᠎ᠡ ᠶ᠋ᠢᠨ ᠳᠤᠭᠤᠢᠯᠠᠩ ᠤ᠋ᠨ ᠬᠥᠳᠡᠯᠭᠡᠭᠡᠨ ᠦ᠌ ᠦᠵᠡᠰᠬᠦᠯᠡᠩ ᠦ᠋ᠨ ᠣᠷᠳᠣᠨ ᠳ᠋ᠤ᠌ ᠰᠢᠨᠠᠯᠠᠮ᠎ᠠ ᠶ᠋ᠢᠨ ᠱᠤᠭᠤᠮᠠᠯ  ᠢ᠋ ᠪᠤᠰᠬᠠᠵᠤ ᠰᠣᠶᠣᠯ  ᠵᠢᠭᠤᠯᠴᠢᠯᠠᠯ ᠤ᠋ᠨ ᠭᠠᠵᠠᠷ ᠪᠣᠯᠭᠠᠨ ᠪᠠᠢᠭᠤᠯᠤᠭᠰᠠᠨ ᠪᠠᠢᠨ᠎ᠠ᠃ 
       ᠲᠤᠰ ᠣᠪᠣᠭᠠᠨ ᠤ᠋ ᠬᠠᠮᠢᠶᠠᠷᠤᠯᠲᠠ ᠪᠣᠯᠤᠨ ᠬᠠᠮᠠᠭᠠᠯᠠᠯᠲᠠ ᠶ᠋ᠢᠨ ᠭᠠᠵᠠᠷ50000 ᠲᠡᠭᠰᠢ ᠳᠥᠷᠪᠡᠯᠵᠢᠨ ᠮᠧᠲ᠋ᠷ ᠲᠠᠯᠠᠪᠠᠢ ᠭᠠᠵᠠᠷ ᠢ᠋ ᠡᠵᠡᠩᠨᠡᠵᠦ ᠪᠣᠢ᠃   
       ᠣᠷᠳᠣᠰ ᠤ᠋ᠨ ᠳᠤᠭᠤᠢᠯᠠᠩ ᠤ᠋ᠨ ᠬᠥᠳᠡᠯᠭᠡᠭᠡᠨ ᠦ᠌ ᠲᠡᠦᠬᠡᠲᠦ ᠭᠠᠵᠠᠷ — ᠲᠤᠩᠭᠠᠯᠠᠭ ᠤ᠋ᠨ ᠣᠪᠣᠭᠠᠨ ᠤ᠋ ᠬᠠᠮᠢᠶᠠᠷᠤᠯᠲᠠ ᠶ᠋ᠢᠨ ᠵᠥᠪᠯᠡᠯ ᠢ᠋ ᠰᠢᠨᠠᠯᠠᠮ᠎ᠠ ᠶ᠋ᠢᠨ ᠲᠥᠷᠥᠭᠰᠡᠨ ᠠᠴᠢ ᠬᠦᠦ ᠠᠯᠲᠠᠨᠳᠠᠯᠠᠢ ᠪᠣᠯᠤᠨ ᠪᠤᠵᠠᠢ ᠭᠠᠴᠠᠭᠠᠨ ᠤ᠋ ᠳᠠᠷᠤᠭ᠎ᠠ ᠭᠠᠯᠳᠠᠯᠠᠢ᠂ ᠢᠪᠡᠭᠡᠯ᠂ ᠤᠭ ᠤ᠋ᠨ ᠭᠠᠴᠠᠭᠠᠨ ᠤ᠋ ᠳᠠᠷᠤᠭ᠎ᠠ ᠴᠢᠮᠡᠭᠨᠣᠷᠪᠤ᠂ ᠣᠪᠣᠭᠠᠨ ᠤ᠋ ᠳᠠᠭᠠᠮᠠᠯ ᠣᠳᠬᠠᠨᠪᠠᠭᠠᠰᠤ᠂ ᠣᠳᠬᠠᠨᠪᠠᠶᠠᠷ᠂ ᠰᠣᠶᠣᠯᠲᠤ᠂ ᠪᠠᠷᠯᠤᠤ᠂ ᠨᠤᠲᠤᠭ ᠤ᠋ᠨ ᠶᠡᠬᠡᠮᠡᠳ ᠪᠣᠩᠬᠤᠶᠣ᠂ ᠳᠣᠪᠴᠢᠨᠰᠡᠷᠡᠩ᠂ ᠨᠠᠰᠤᠨᠪᠠᠲᠤ ᠵᠡᠷᠭᠡ ᠬᠣᠷᠢᠨ ᠨᠠᠢ᠍ᠮᠠᠨ ᠬᠥᠮᠦᠨ ᠢ᠋ᠶ᠋ᠡᠷ ᠪᠦᠷᠢᠯᠳᠦᠭᠦᠯᠦᠨ ᠰᠣᠩᠭᠣᠵᠤ᠂ ᠣᠪᠣᠭᠠᠨ ᠤ᠋ ᠪᠦᠲᠦᠭᠡᠨ ᠪᠠᠢᠭᠤᠯᠤᠯᠲᠠ᠂ ᠤᠯᠠᠮᠵᠢᠯᠠᠯᠲᠤ ᠣᠪᠣᠭᠠᠨ ᠤ᠋ ᠲᠠᠬᠢᠯᠭ᠎ᠠ᠂ ᠳᠤᠭᠤᠢᠯᠠᠩ ᠤ᠋ᠨ ᠬᠥᠳᠡᠯᠭᠡᠭᠡᠨ ᠦ᠌ ᠰᠣᠶᠣᠯ ᠵᠢᠭᠤᠯᠴᠢᠯᠠᠯ᠂ ᠣᠷᠳᠣᠰ ᠵᠢᠷᠣᠭ᠎ᠠ ᠮᠣᠷᠢᠨ ᠤ᠋ ᠰᠣᠶᠣᠯ᠂ ᠪᠥᠬᠡ ᠶ᠋ᠢᠨ ᠤᠷᠤᠯᠳᠤᠭᠠᠨ᠂ ᠣᠪᠣᠭᠠᠨ ᠤ᠋ ᠣᠷᠣᠯᠭ᠎ᠠ ᠵᠠᠷᠤᠯᠭ᠎ᠠ ᠵᠡᠷᠭᠡ ᠶ᠋ᠢ ᠰᠢᠭᠤᠳ ᠬᠠᠮᠢᠶᠠᠷᠴᠤ ᠪᠣᠢ᠃ ᠥᠨᠥ ᠲᠡᠦᠬᠡ ᠰᠣᠶᠣᠯ ᠤ᠋ᠨ ᠲᠠᠯ᠎ᠠ ᠪᠠᠷ ᠰᠣᠶᠣᠯ ᠵᠢᠭᠤᠯᠴᠢᠯᠠᠯ ᠤ᠋ᠨ ᠣᠪᠣᠭ᠎ᠠ ᠪᠣᠯᠵᠤ ᠪᠣᠢ᠃   

         ᠦᠰᠦᠭ ᠠᠮᠢᠯᠠᠭᠤᠯᠤᠭᠴᠢ᠄ ᠪᠠᠯ᠂ ᠰᠠᠷᠠᠨᠲᠤᠶᠠᠭ᠎ᠠ᠂ ᠪᠠᠳᠮᠠᠰᠡᠴᠡᠨ 
            ᠬᠢᠨᠠᠭᠴᠢ᠄ ᠣᠳᠬᠣᠨᠴᠡᠴᠡᠭ᠂ ᠠᠯᠲᠠᠨᠱᠠ᠂  ᠪᠠᠯ