ᠰᠢᠯᠢᠨ ᠭᠠᠯᠵᠠᠭᠤ ᠪᠠᠭᠠᠲᠤᠷ – ᠰᠢᠯᠢᠨ ᠭᠠᠯᠵᠠᠭᠤ ᠪᠠᠭᠠᠲᠤᠷ Шилэн галзуу баатар – Шилэн галзуу баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠢᠨ ᠭᠠᠯᠵᠠᠭᠤ ᠪᠠᠭᠠᠲᠤᠷ – ᠰᠢᠯᠢᠨ ᠭᠠᠯᠵᠠᠭᠤ ᠪᠠᠭᠠᠲᠤᠷ Шилэн галзуу баатар – Шилэн галзуу баатар

ᠰᠢᠯᠢᠨ ᠭᠠᠯᠵᠠᠭᠤ ᠪᠠᠭᠠᠲᠤᠷ – ᠰᠢᠯᠢᠨ ᠭᠠᠯᠵᠠᠭᠤ ᠪᠠᠭᠠᠲᠤᠷ Шилэн галзуу баатар – Шилэн галзуу баатар

ᠠᠩᠭᠢᠯᠠᠯ:ᠲᠤᠤᠯᠢᠰ
2025-12-08

201

ᠰᠢᠯᠢᠨ ᠭᠠᠯᠵᠠᠭᠤ ᠪᠠᠭᠠᠲᠤᠷ


 ᠡᠷᠲᠡ ᠡᠤᠷᠢᠳᠤ ᠶ᠋ᠢᠨ ᠴᠠᠭ ᠲᠤ᠌ 
 ᠡᠩᠬᠡ ᠪᠣᠯᠣᠳ ᠬᠠᠨ ᠤ᠋ ᠥᠨᠥᠴᠢᠨ ᠬᠦᠦ 
 ᠰᠢᠯᠢᠨ ᠭᠠᠯᠵᠠᠭᠤ ᠪᠠᠭᠠᠲᠤᠷ ᠭᠡᠵᠦ ᠪᠠᠢᠵᠠᠢ᠃ 
 ᠡᠨᠡ ᠪᠠᠭᠠᠲᠤᠷ ᠢ᠋ ᠬᠡᠯᠡᠪᠡᠯ : 
 ᠲᠥᠷᠥᠬᠦ ᠡᠴᠡ ᠪᠡᠨ ᠲᠣᠢᠳ ᠲᠠᠢ 
 ᠲᠡᠮᠦᠷ ᠬᠤᠶᠠᠭ ᠲᠤᠭᠤᠯᠠᠭ᠎ᠠ ᠲᠠᠢ 
 ᠭᠠᠷᠬᠤ ᠠ᠋ᠴᠠ ᠪᠠᠨ ᠭᠠᠢ ᠲᠠᠢ 
 ᠭᠠᠩ ᠬᠤᠶᠠᠭ ᠲᠤᠭᠤᠯᠠᠭ᠎ᠠ ᠲᠠᠢ 
 ᠭᠠᠩ ᠲᠡᠮᠦᠷ ᠢᠯᠳᠦ ᠶ᠋ᠢ 
 ᠭᠠᠷ ᠲᠠᠭᠠᠨ ᠪᠠᠷᠢᠭᠠᠳ ᠲᠥᠷᠥᠭᠰᠡᠨ  
 ᠭᠠᠯᠵᠠᠭᠤ ᠮᠤᠤᠰᠠᠢᠨ ᠳᠠᠢᠰᠤᠨ ᠤ᠋ 
 ᠵᠢᠷᠦᠬᠡ ᠶ᠋ᠢ ᠠᠣᠡᠡᠠᠤᠵᠦ ᠲᠥᠷᠥᠭᠰᠡᠨ 
 ᠬᠥᠬᠡ ᠲᠡᠮᠦᠷ ᠭᠤᠲᠤᠯ ᠢ᠋ 
 ᠬᠥᠯ ᠳ᠋ᠡᠭᠡᠨ ᠡᠮᠦᠰᠴᠦ ᠲᠥᠷᠥᠭᠰᠡᠨ 
 ᠬᠥᠨᠥᠭᠡᠯᠲᠦ ᠮᠤᠤᠰᠠᠢᠨ ᠳᠠᠢᠰᠤᠨ ᠤ᠋ 
 ᠰᠥᠰᠥ ᠶ᠋ᠢ ᠳᠠᠷᠤᠵᠤ ᠲᠥᠷᠥᠭᠰᠡᠨ 
 ᠬᠣᠭᠵᠢᠷᠠᠵᠤ ᠬᠡᠭᠵᠡᠷᠡᠳᠡᠭ ᠦᠭᠡᠢ 
 ᠬᠣᠷᠢᠨ ᠳᠠᠪᠬᠤᠷ ᠬᠤᠢᠬ᠎ᠠ ᠲᠠᠢ 
 ᠲᠣᠯᠢᠷᠠᠵᠤ ᠬᠡᠦᠷᠡᠳᠡᠭ ᠦᠭᠡᠢ 
 ᠳᠣᠯᠣᠭᠠᠨ ᠳᠠᠪᠬᠤᠷ ᠶᠠᠰᠤ ᠲᠠᠢ᠃ 
 ᠳᠠᠢᠰᠤᠨ ᠢ᠋ ᠦᠵᠡᠪᠡᠯ ᠳᠠᠪᠬᠢᠳᠠᠭ 
 ᠳᠠᠪᠬᠢᠭᠠᠳ ᠣᠴᠢᠪᠠᠯ ᠳᠠᠷᠤᠳᠠᠭ 
 ᠬᠥᠨᠥᠭᠡᠯᠲᠡᠨ ᠢ᠋ ᠦᠵᠡᠪᠡᠯ ᠬᠥᠭᠡᠭᠡᠳᠡᠭ 
 ᠬᠥᠭᠡᠭᠡᠭᠡᠳ ᠣᠴᠢᠪᠠᠯ ᠠᠯᠠᠳᠠᠭ 
 ᠡᠢᠮᠦ ᠨᠢᠭᠡ ᠰᠠᠢᠨ ᠡᠷ᠎ᠡ ᠪᠠᠢᠵᠠᠢ᠂᠂ 
    *  *  * 
 ᠰᠠᠭᠤᠳᠠᠭ ᠣᠷᠣ ᠨᠢ ᠭᠡᠪᠡᠯ ᠄  
 ᠬᠣᠯᠪᠣᠭ᠎ᠠ ᠬᠤᠸᠠ ᠶ᠋ᠢᠨ ᠡᠩᠭᠡᠷ ᠳᠡᠭᠡᠷ᠎ᠡ 
 ᠬᠣᠶᠠᠷ ᠭᠣᠣᠯ ᠤ᠋ᠨ ᠡᠬᠢᠨ ᠳᠡᠭᠡᠷ᠎ᠡ 
 ᠲᠠᠯ᠎ᠠ ᠭᠠᠵᠠᠷ ᠤ᠋ᠨ ᠳᠤᠮᠳᠠ 
 ᠲᠠᠪᠴᠠᠩ ᠭᠠᠵᠠᠷ ᠪᠠᠢᠭᠤᠯᠤᠭᠰᠠᠨ 
 ᠰᠢᠵᠢᠷ ᠠᠯᠳᠠᠨ᠎ᠠ ᠳᠡᠭᠡᠪᠦᠷ ᠲᠡᠢ 
 ᠴᠤᠯᠤ ᠮᠥᠩᠭᠥᠨ ᠲᠤᠭᠤᠷᠭ᠎ᠠ ᠲᠠᠢ 
 ᠱ᠌ᠢᠷᠦ ᠡᠷᠳᠡᠨᠢ ᠪᠠᠭᠠᠨ᠎ᠠ ᠲᠠᠢ 
 ᠰᠢᠯ ᠪᠣᠯᠣᠷ ᠴᠣᠩᠬᠣ ᠲᠠᠢ᠃  
 ᠭᠠᠳᠠᠭᠠᠳᠤ ᠳᠥᠷᠪᠡᠨ ᠥᠨᠴᠥᠭ ᠲᠣᠨᠢ 
 ᠭᠠᠷᠤᠳᠢ ᠰᠢᠪᠠᠭᠤᠨ ᠤ᠋ ᠪᠠᠷᠢᠮᠠᠯ ᠲᠠᠢ 
 ᠳᠣᠲᠣᠭᠠᠳᠤ ᠳᠥᠷᠪᠡᠨ ᠪᠠᠭᠠᠨ᠎ᠠ ᠳ᠋ᠤᠨᠢ 
 ᠲᠣᠭᠰᠢᠨ ᠮᠠᠲᠠᠷ ᠤ᠋ᠨ ᠰᠡᠢᠯᠪᠦᠷᠢ ᠲᠡᠢ 
 ᠡᠢᠮᠤ ᠨᠢᠭᠡ ᠰᠠᠢᠬᠠᠨ ᠤᠷᠲᠤ ᠲᠠᠢ᠃ 
     *   *   * 
 ᠰᠢᠯᠢᠨ ᠭᠠᠯᠵᠠᠭᠤ ᠪᠠᠭᠠᠲᠤᠷ ᠲᠤ᠌ 
 ᠥᠨᠥᠴᠢᠨ ᠬᠣᠶᠠᠷ ᠳᠡᠭᠦᠦ ᠲᠡᠢ :
 ᠨᠢᠭᠡ ᠨᠢ ᠰᠢᠨ᠎ᠡ ᠳᠣᠯᠣᠭᠠᠨ ᠨᠠᠰᠤᠲᠠᠢ 
 ᠪᠣᠳᠢ ᠭᠠᠯᠪᠠ ᠬᠠᠨ᠃ 
 ᠨᠢᠭᠡ ᠨᠢ ᠰᠠᠶᠢ ᠭᠤᠷᠪᠠᠨ ᠨᠠᠰᠤᠲᠠᠢ 
 ᠪᠤᠷᠮ᠎ᠠ ᠶᠠᠩᠰᠠᠨ ᠳᠠᠭᠢᠨᠢ᠃ 
     *   *   *  
 ᠰᠢᠯᠢᠨ ᠭᠠᠯᠵᠠᠭᠤ ᠪᠠᠭᠠᠲᠤᠷ ᠤ᠋ᠨ 
 ᠰᠢᠯᠢᠵᠦ ᠰᠣᠩᠭᠣᠵᠤ ᠤᠨᠤᠳᠠᠭ ᠮᠣᠷᠢ ᠨᠢ : 
 ᠮᠣᠯᠣᠷ ᠡᠷᠳᠡᠨᠢ ᠲᠣᠯᠣᠭᠠᠢ ᠲᠠᠢ 
 ᠮᠣᠨᠴᠣᠭ ᠡᠷᠳᠡᠨᠢ ᠰᠡᠭᠦᠯ ᠲᠡᠢ 
 ᠲᠤᠩ ᠴᠠᠭᠠᠨ ᠰᠢᠳᠦ ᠲᠡᠢ  
 ᠳᠤᠷᠠᠨ ᠬᠠᠷ᠎ᠠ ᠨᠢᠳᠦ ᠲᠡᠢ 
 ᠬᠣᠣᠷ᠎ᠠ ᠶᠢᠨ ᠵᠡᠪᠡ ᠴᠢᠬᠢ ᠪᠡᠨ 
 ᠬᠣᠢᠰᠢ ᠤᠷᠤᠭᠰᠢ ᠬᠠᠢᠴᠢᠯᠠᠭᠰᠠᠨ 
 ᠬᠣᠣᠷᠠᠲᠤ ᠮᠣᠭᠠᠢ ᠶ᠋ᠢᠨ ᠬᠡᠯᠡ ᠪᠡᠨ 
 ᠤᠯᠠᠪ ᠵᠢᠯᠡᠪ ᠳᠣᠯᠢᠶᠠᠭᠰᠠᠨ 
 ᠴᠢᠮᠡᠭᠡ ᠦᠭᠡᠢ ᠭᠦᠶᠦᠳᠡᠯ ᠲᠡᠢ 
 ᠴᠢᠭᠯᠡᠭᠰᠡᠨ ᠢ᠋ᠶ᠋ᠡᠷ ᠢ᠋ᠶ᠋ᠡᠨ ᠬᠠᠷᠠᠢᠳᠠᠭ᠂ 
 ᠴᠢᠩ ᠰᠢᠯᠤᠭᠤᠨ ᠵᠢᠷᠦᠬᠡ ᠲᠡᠢ 
 ᠴᠢᠭᠡᠴᠢ ᠶ᠋ᠢᠨ ᠰᠢᠷᠭᠠᠯ ᠮᠣᠷᠢ᠃ 
 ᠰᠢᠯᠢᠨ ᠭᠠᠯᠵᠠᠭᠤ ᠪᠠᠭᠠᠲᠤᠷ 
 ᠴᠢᠬᠡᠴᠢ ᠶ᠋ᠢᠨ ᠰᠢᠷᠭᠠᠯ ᠮᠣᠷᠢ ᠪᠠᠨ ᠤᠨᠤᠵᠤ 
 ᠠᠩ ᠬᠦᠷᠦᠭᠡ ᠬᠢᠬᠦ ᠪᠡᠷ 
 ᠠᠯᠤᠰ ᠭᠠᠵᠠᠷ ᠮᠣᠷᠳᠠᠵᠠᠢ᠃ 
   *   *   * 
 ᠵᠡᠭᠦᠨ ᠬᠣᠢᠲᠤ ᠵᠦᠭ ᠲᠦ᠍ 
 ᠳᠣᠯᠣᠭᠠᠨ ᠶᠣᠳᠠᠷ ᠤ᠋ᠨ ᠡᠩᠭᠡᠷ 
 ᠭᠠᠯᠪᠠ ᠭᠠᠯᠪᠠ ᠳ᠋ᠤ᠌ ᠭᠠᠢᠬᠠᠭᠳᠠᠭᠰᠠᠨ 
 ᠭᠠᠭᠴᠠ ᠬᠣᠶᠠᠷ ᠢ᠋ ᠲᠡᠭᠦᠭᠰᠡᠨ 
 ᠦᠶ᠎ᠡ ᠦᠶ᠎ᠡ ᠳ᠋ᠦ᠍ ᠵᠢᠭᠰᠢᠭᠳᠡᠭᠰᠡᠨ 
 ᠥᠨᠥᠴᠢᠨ ᠥᠷᠥᠭᠡᠰᠦᠨ ᠢ᠋ ᠪᠣᠭᠣᠯᠴᠢᠯᠠᠭᠰᠠᠨ 
 ᠰᠠᠯᠬᠢᠨ ᠬᠣᠣᠷ᠎ᠠ ᠨᠡᠷ᠎ᠡ ᠲᠡᠢ 
 ᠰᠢᠪᠰᠢᠭᠲᠦ ᠨᠢᠭᠡ ᠮᠠᠩᠭᠤᠰ ᠪᠠᠢᠵᠠᠢ᠃ 
 ᠰᠠᠯᠬᠢᠨ ᠬᠣᠣᠷ᠎ᠠ ᠮᠠᠩᠭᠤᠰ 
 ᠰᠠᠨᠠᠭ᠎ᠠ ᠠᠯᠳᠠᠵᠤ ᠪᠣᠰᠤᠭᠠᠳ ᠄ 
 《ᠴᠢᠬᠡᠴᠢ ᠶ᠋ᠢᠨ ᠰᠢᠷᠭᠠᠯ ᠮᠣᠷᠢ ᠲᠠᠢ 
 ᠰᠢᠯᠢᠨ ᠭᠠᠯᠵᠠᠭᠤ ᠪᠠᠭᠠᠲᠤᠷ ᠤ᠋ᠨ 
 ᠥᠨᠥᠴᠢᠨ ᠬᠣᠶᠠᠷ ᠳᠡᠭᠦᠦ ᠪᠡᠷ ᠨᠢ 
 ᠡᠭᠦᠳᠡᠨ ᠦ᠌ ᠪᠡᠨ ᠪᠣᠭᠣᠯ ᠬᠢᠶ᠎ᠡ!》ᠭᠡᠵᠦ 
 ᠠᠪᠤ ᠶ᠋ᠢᠨ ᠦᠶ᠎ᠡ ᠡᠴᠡ ᠬᠡᠷᠡᠭᠯᠡᠭᠰᠡᠨ 
 ᠠᠷᠵᠠᠭᠠᠢ ᠰᠢᠷ᠎ᠠ ᠳᠥᠯᠭᠡᠨ ᠳ᠋ᠡᠭᠡᠨ ᠦᠵᠡᠪᠡᠯ : 
 《ᠴᠢᠬᠡᠴᠢ ᠶ᠋ᠢᠨ ᠰᠢᠷᠭᠠᠯ ᠮᠣᠷᠢ ᠲᠠᠢ 
 ᠰᠢᠯᠢᠨ ᠭᠠᠯᠵᠠᠭᠤ ᠪᠠᠭᠠᠲᠤᠷ ᠤ᠋ᠨ 
 ᠥᠨᠥᠴᠢᠨ ᠬᠣᠶᠠᠷ ᠳᠡᠭᠦᠦ ᠶ᠋ᠢ ᠠᠪᠴᠢᠷᠠᠪᠠᠯ : 
 ᠦᠷ᠎ᠡ ᠦᠨᠳᠦᠰᠦ ᠴᠢᠨᠢ ᠲᠠᠰᠤᠷᠠᠨ᠎ᠠ ! 》 ᠭᠡᠵᠦ ᠲᠥᠯᠭᠡ ᠪᠠᠭᠤᠵᠠᠢ᠃ 
 ᠬᠡᠳᠡᠷ ᠲᠣᠭᠰᠢᠨ ᠮᠠᠩᠭᠤᠰ 
 ᠬᠡᠮᠬᠡᠴᠢᠭᠡᠳ ᠲᠥᠯᠭᠡ ᠪᠡᠨ ᠲᠦᠯᠡᠵᠡᠢ᠃ 
 ᠡᠬᠡ ᠶ᠋ᠢᠨ ᠦᠶ᠎ᠡ ᠡᠴᠡ ᠬᠡᠷᠡᠭᠯᠡᠭᠰᠡᠨ 
 ᠡᠷᠡᠦ ᠴᠠᠭᠠᠨ ᠳᠥᠯᠭᠡᠨ ᠳ᠋ᠡᠭᠡᠨ ᠦᠵᠡᠪᠡᠯ : 
 《ᠴᠢᠬᠡᠴᠢ ᠶ᠋ᠢᠨ ᠰᠢᠷᠭᠠᠯ ᠮᠣᠷᠢ ᠲᠠᠢ 
 ᠰᠢᠯᠢᠨ ᠭᠠᠯᠵᠠᠭᠤ ᠪᠠᠭᠠᠲᠤᠷ ᠤ᠋ᠨ 
 ᠥᠨᠥᠴᠢᠨ ᠬᠣᠶᠠᠷ ᠳᠡᠭᠦᠦ ᠶ᠋ᠢ ᠠᠪᠴᠢᠷᠠᠪᠠᠯ 
 ᠦᠷ᠎ᠡ ᠦᠨᠳᠦᠰᠦ ᠴᠢᠨᠢ ᠪᠠᠳᠠᠷᠠᠨ᠎ᠠ !》 ᠭᠡᠵᠦ ᠲᠥᠯᠭᠡ ᠪᠠᠭᠤᠵᠠᠢ᠃ 
    *   *   * 
 ᠲᠠᠯᠪᠢᠪᠠᠯ ᠳᠡᠯᠭᠡᠳᠡᠭ 
 ᠲᠠᠲᠠᠪᠠᠯ ᠠᠭᠰᠢᠳᠠᠭ 
 ᠶᠡᠷᠡᠨ ᠶᠢᠰᠦᠨ ᠬᠤᠨᠢᠶᠠᠰᠤ ᠲᠠᠢ 
 ᠶᠢᠯᠸᠢ ᠶ᠋ᠢᠨ ᠲᠡᠮᠦᠷ ᠲᠣᠣᠷ ᠡᠶ᠋ᠠᠨ ᠠᠪᠤᠭᠠᠳ 
 ᠰᠠᠯᠬᠢᠨ ᠬᠣᠣᠷ᠎ᠠ ᠮᠠᠩᠭᠤᠰ 
 ᠰᠢᠪᠠᠭᠤ ᠪᠣᠯᠤᠨ ᠬᠤᠪᠢᠷᠠᠭᠠᠳ  
 ᠡᠭᠦᠯᠡ ᠲᠡᠢ ᠲᠡᠭᠷᠢ ᠶ᠋ᠢᠨ ᠳᠣᠣᠭᠤᠷ 
 ᠦᠵᠦᠭᠦᠷ ᠲᠡᠢ ᠮᠣᠳᠣᠨ ᠤ᠋ ᠳᠡᠭᠡᠭᠦᠷ 
 ᠨᠠᠷᠠ ᠲᠠᠢ ᠲᠩᠷᠢ ᠶ᠋ᠢᠨ ᠨᠠᠭᠠᠭᠤᠷ 
 ᠨᠠᠪᠴᠢ ᠲᠠᠢ ᠮᠣᠳᠣᠨ ᠤ᠋ ᠳᠡᠭᠡᠭᠦᠷ ᠨᠢᠰᠴᠦ 
 ᠥᠨᠥᠴᠢᠨ ᠬᠣᠶᠠᠷ ᠳᠡᠭᠦᠦ ᠶ᠋ᠢ ᠨᠢ ᠪᠠᠷᠢᠬᠤ ᠪᠠᠷ 
 ᠰᠢᠯᠢᠨ ᠭᠠᠯᠵᠠᠭᠤ ᠶ᠋ᠢᠨ ᠳ᠋ᠦ᠍ ᠣᠴᠢᠵᠤ 
 ᠲᠣᠭᠣᠨᠣ ᠪᠠᠷ ᠨᠢ ᠣᠷᠣᠬᠤ ᠭᠡᠬᠦ ᠳ᠋ᠦ᠍ 
 ᠲᠣᠭᠣᠨᠣ ᠨᠢ ᠲᠡᠮᠦᠷ ᠲᠣᠣᠷ ᠲᠠᠢ  
 ᠡᠭᠦᠳᠡ ᠪᠡᠷ ᠨᠢ ᠣᠷᠣᠬᠤ ᠭᠡᠬᠦ ᠳ᠋ᠦ᠍ 
 ᠡᠭᠦᠳᠡ ᠨᠢ ᠬᠤᠯᠤᠰᠤᠨ ᠴᠦ᠋ ᠲᠡᠢ᠃ 
 ᠲᠠᠯᠪᠢᠪᠠᠯ ᠳᠡᠯᠭᠡᠳᠡᠭ 
 ᠲᠠᠲᠠᠪᠠᠯ ᠠᠭᠰᠢᠳᠠᠭ 
 ᠶᠡᠷᠡᠨ ᠶᠢᠰᠦᠨ ᠬᠤᠨᠢᠶᠠᠰᠤ ᠲᠠᠢ 
 ᠶᠢᠯᠸᠢ ᠶ᠋ᠢᠨ ᠲᠡᠮᠦᠷ ᠲᠣᠣᠷ ᠢ᠋ᠶ᠋ᠠᠨ 
 ᠡᠭᠦᠳᠡᠨ ᠳ᠋ᠦ᠍ᠨᠢ ᠠᠪᠠᠴᠢᠵᠤ ᠲᠠᠯᠪᠢᠭᠠᠳ 
 ᠥᠪᠡᠷ ᠢᠶᠡᠨ ᠴᠠᠭᠠᠨ᠎ᠠ ᠨᠢ ᠬᠦᠯᠢᠶᠡᠵᠦ ᠪᠠᠢᠵᠠᠢ᠃ 
 ᠰᠢᠨ᠎ᠡ ᠳᠣᠯᠣᠭᠠᠨ ᠨᠠᠰᠤᠲᠠᠢ 
 ᠪᠣᠳᠢ ᠭᠠᠯᠪᠠ ᠬᠠᠨ 
 ᠰᠠᠶᠢ ᠭᠤᠷᠪᠠᠨ ᠨᠠᠰᠤᠲᠠᠢ 
 ᠪᠤᠷᠮ᠎ᠠ ᠶᠠᠩᠰᠠᠨ ᠳᠠᠭᠢᠨᠢ ᠬᠣᠶᠠᠷ 
 ᠪᠤᠷᠬᠠᠨ ᠤ ᠭᠡᠷ ᠲᠡᠭᠡᠨ ᠣᠷᠣᠬᠤ ᠭᠡᠵᠦ ᠭᠠᠷᠬᠤ ᠳ᠋ᠤᠨᠢ 
 ᠪᠣᠭᠣᠵᠤ ᠲᠣᠣᠷ ᠲᠠᠭᠠᠨ ᠬᠢᠭᠡᠳ ᠶᠠᠪᠤᠬᠤ ᠳ᠋ᠠᠭᠠᠨ 
 ᠣᠭᠣᠴᠢᠨ ᠤ᠋ ᠪᠠᠨ ᠬᠣᠶᠠᠷ ᠰᠠᠬᠠᠯ ᠢ᠋ 
 ᠣᠷᠣᠨ ᠳ᠋ᠤᠨᠢ ᠦᠯᠡᠳᠡᠭᠡᠵᠦ ᠰᠢᠪᠰᠢᠭᠰᠡᠨ ᠨᠢ᠄ 
 ᠰᠢᠯᠢᠨ ᠭᠠᠯᠵᠠᠭᠤ ᠪᠠᠭᠠᠲᠤᠷ ᠢ᠋ ᠢᠷᠡᠬᠦ ᠳ᠋ᠦ᠍ 
 ᠰᠠᠨᠠᠳᠠᠭ ᠬᠣᠶᠠᠷ ᠳᠡᠭᠦᠦ ᠨᠢ ᠪᠣᠯᠵᠤ ᠬᠤᠪᠢᠷᠠᠭᠠᠳ 
 ᠤᠨᠤᠳᠠᠭ ᠰᠠᠢᠨ ᠮᠣᠷᠢ ᠶ᠋ᠢ ᠨᠢ ᠤᠨᠤᠵᠤ 
 ᠤᠷᠭᠤᠵᠤ ᠮᠢᠨᠦ ᠬᠣᠢᠨ᠎ᠠ ᠠ᠋ᠴᠠ ᠶᠠᠪᠤ! 》 ᠭᠡᠵᠡᠢ᠃ 
    *   *   * 
 ᠠᠭ᠌ ᠬᠥᠷᠥᠭᠡᠨ ᠡᠴᠡ ᠪᠡᠨ ᠪᠤᠴᠠᠵᠤ 
 ᠠᠷᠤ ᠭᠡᠷ ᠲᠡᠭᠡᠨ ᠬᠦᠷᠴᠦ ᠢᠷᠡᠭᠡᠳ 
 ᠴᠢᠬᠡᠴᠢ ᠶ᠋ᠢᠨ ᠰᠢᠷᠭᠠᠯ ᠮᠣᠷᠢ ᠪᠠᠨ ᠤᠶᠠᠭᠠᠳ 
 ᠰᠢᠯᠢᠨ ᠭᠠᠯᠵᠠᠭᠤ ᠭᠡᠷ ᠲᠡᠭᠡᠨ ᠣᠷᠣᠬᠤ ᠳ᠋ᠤ᠌  
 ᠥᠨᠥᠬᠢ ᠮᠠᠩᠭᠤᠰ ᠤ᠋ᠨ ᠬᠣᠶᠠᠷ ᠰᠠᠬᠠᠯ 
 ᠥᠨᠥᠴᠢᠨ ᠬᠣᠶᠠᠷ ᠳᠡᠭᠦᠦ ᠨᠢ ᠪᠣᠯᠵᠤ ᠬᠤᠪᠢᠷᠠᠭᠠᠳ 
 ᠡᠭᠦᠳᠡᠨ ᠦ᠌ ᠪᠤᠷᠤᠭᠤ ᠲᠠᠯ᠎ᠠ ᠪᠠᠷ ᠵᠥᠷᠢᠭᠡᠳ 
 ᠦᠰᠦᠷᠴᠦ ᠬᠠᠷᠠᠢᠭᠠᠳ ᠭᠠᠳᠠᠭᠰᠢ ᠭᠠᠷᠴᠠᠢ᠃ 
 ᠭᠡᠷ ᠲᠡᠭᠡᠨ ᠣᠷᠣᠭᠠᠳ ᠰᠢᠯᠢᠨ ᠭᠠᠯᠵᠠᠭᠤ 
 ᠭᠡᠳᠡᠷᠭᠦ ᠪᠡᠨ ᠳᠠᠬᠢᠨ ᠪᠤᠴᠠᠵᠤ ᠭᠠᠷᠠᠬᠤ ᠳ᠋ᠤ᠌ 
 ᠮᠠᠩᠭᠤᠰ ᠤ᠋ᠨ ᠥᠨᠥᠬᠢ ᠬᠣᠶᠠᠷ ᠰᠠᠬᠠᠯ 
 ᠮᠣᠷᠢ ᠶ᠋ᠢ ᠨᠢ ᠤᠨᠤᠭᠠᠳ ᠵᠡᠭᠦᠨ ᠬᠣᠢᠰᠢ ᠳᠤᠲᠠᠭᠠᠵᠠᠢ᠃ 
 ᠰᠢᠯᠢᠨ ᠭᠠᠯᠵᠠᠭᠤ ᠪᠠᠭᠠᠲᠤᠷ ᠭᠠᠢᠬᠠᠵᠤ 
 ᠰᠦᠪᠡᠭᠡ ᠪᠡᠨ ᠲᠤᠯᠤᠨ ᠵᠣᠭᠰᠣᠵᠤ ᠪᠠᠢᠲᠠᠯ᠎ᠠ 
 ᠳᠡᠭᠡᠷ᠎ᠡ ᠡᠴᠡ ᠠᠯᠲᠠᠨ ᠪᠢᠴᠢᠭ ᠪᠠᠭᠤᠵᠠᠢ᠃ 
 ᠲᠡᠭᠦᠨ ᠢ᠋ ᠠᠪᠤᠭᠠᠳ ᠦᠵᠡᠪᠡᠯ᠄ 
 《ᠵᠡᠭᠦᠨ ᠬᠣᠢᠲᠤ ᠵᠦᠭ ᠲᠦ᠍ 
 ᠳᠣᠯᠣᠭᠠᠨ ᠶᠣᠳᠠᠷ ᠤ᠋ᠨ ᠡᠩᠭᠡᠷ ᠲᠦ᠍ ᠰᠠᠭᠤᠳᠠᠭ᠃ 
 ᠭᠠᠯᠪᠠ ᠭᠠᠯᠪᠠ ᠳ᠋ᠤ᠌ ᠭᠠᠢᠬᠠᠭᠳᠠᠭᠰᠠᠨ 
 ᠭᠠᠭᠴᠠ ᠬᠣᠶᠠᠷ ᠢ᠋ ᠲᠡᠭᠦᠭᠰᠡᠨ 
 ᠦᠶ᠎ᠡ ᠶ᠋ᠢᠨ ᠦᠶ᠎ᠡ ᠳ᠋ᠦ᠍ ᠵᠢᠭᠰᠢᠭᠳᠡᠭᠰᠡᠨ 
 ᠥᠨᠥᠴᠢᠨ ᠥᠷᠥᠭᠡᠰᠦᠨ ᠢ᠋ ᠪᠣᠭᠣᠯᠴᠢᠯᠠᠭᠰᠠᠨ 
 ᠰᠠᠯᠬᠢᠨ ᠬᠣᠣᠷ᠎ᠠ ᠮᠠᠩᠭᠤᠰ ᠢᠷᠡᠵᠦ 
 ᠥᠨᠥᠴᠢᠨ ᠬᠣᠶᠠᠷ ᠳᠡᠭᠦᠦ ᠴᠢᠨᠢ ᠠᠪᠠᠴᠢᠭᠠᠳ 
 ᠣᠭᠣᠴᠢᠨ ᠤ᠋ ᠪᠠᠨ ᠬᠣᠶᠠᠷ ᠰᠠᠬᠠᠯ ᠢ᠋ 
 ᠣᠷᠣᠨ ᠳ᠋ᠤᠨᠢ ᠦᠯᠡᠳᠡᠭᠡᠭᠰᠡᠨ ᠶᠦᠮ᠃ 
 《ᠮᠠᠩᠭᠤᠰ ᠤ᠋ᠨ ᠲᠡᠷᠡ ᠬᠣᠶᠠᠷ ᠰᠠᠬᠠᠯ ᠨᠢ 
 ᠮᠣᠷᠢ ᠶ᠋ᠢ ᠴᠢᠨᠢ ᠤᠨᠤᠭᠠᠳ ᠳᠤᠲᠠᠭᠠᠪᠠ !》 ᠭᠡᠵᠡᠢ᠃ 
    *   *   * 
 ᠰᠢᠯᠢᠨ ᠭᠠᠯᠵᠠᠭᠤ ᠪᠠᠭᠠᠲᠤᠷ 
 ᠠᠭᠤᠷ ᠴᠤ᠌ ᠮᠠᠭᠤᠬᠠᠢ ᠬᠦᠷᠴᠦ 
 ᠠᠭᠤᠰᠬᠢ ᠴᠦ᠍ ᠮᠠᠭᠤᠬᠠᠢ ᠰᠠᠭᠭᠠᠵᠤ 
 ᠪᠤᠷᠬᠠᠨ ᠤ᠋ ᠥᠷᠥᠭᠡᠨ ᠳ᠋ᠡᠭᠡᠨ ᠣᠷᠣᠵᠤ 
 ᠪᠤᠷᠬᠠᠨ ᠪᠤᠷᠬᠠᠨ ᠢ᠋ ᠠᠪᠴᠤ 
 ᠪᠤᠷᠤᠭᠤ ᠵᠥᠪ ᠦᠭᠡᠢ ᠰᠢᠳᠡᠭᠡᠳ 
 《ᠦᠨ᠎ᠡ ᠦᠭᠡᠢ ᠴᠢᠮᠠᠶ᠋ᠢ ᠳᠠᠭᠢᠬᠤ 
 ᠦᠨᠢᠶᠡᠨ ᠦ᠌ ᠰᠦ ᠶ᠋ᠢᠨ ᠭᠠᠷᠤᠵᠠ! 
 ᠰᠢᠪᠠᠷ ᠴᠢᠮᠠᠶ᠋ᠢ ᠳᠠᠭᠢᠬᠤ 
 ᠢᠷ᠎ᠠ ᠲᠣᠰᠣᠨ ᠤ᠋ ᠭᠠᠷᠤᠵᠠ! 
 ᠳᠠᠬᠢᠭᠠᠳ ᠪᠠᠢᠪᠠᠯ ᠪᠤᠷᠬᠠᠨ 
 ᠲᠠᠶᠠᠨᠳᠠᠭᠠᠳ ᠬᠠᠶᠠᠪᠠᠯ ᠰᠢᠪᠠᠷ 
 ᠰᠢᠲᠦᠭᠡᠳ ᠪᠠᠢᠪᠠᠯ ᠰᠢᠲᠦᠭᠡᠨ 
 ᠰᠢᠳᠡᠭᠡᠳ ᠬᠠᠶᠠᠪᠠᠯ ᠬᠥᠷᠥᠭ !》 ᠭᠡᠵᠡᠢ᠃ 
 ᠰᠠᠩ ᠤ᠋ᠨ ᠥᠷᠥᠭᠡᠨ ᠳ᠋ᠡᠭᠡᠨ ᠣᠷᠣᠵᠤ 
 ᠳᠠᠢᠳᠤᠬᠤ ᠳ᠋ᠠᠭᠠᠨ ᠡᠮᠦᠰᠳᠡᠭ 
 ᠳᠠᠷᠳᠠᠩ ᠬᠠᠷ᠎ᠠ ᠬᠤᠶᠠᠭ ᠢᠶᠠᠨ ᠠᠪᠴᠤ ᠡᠮᠦᠰᠦᠭᠡᠳ 
 ᠳᠠᠯᠠᠨ ᠲᠡᠭᠡ① ᠶ᠋ᠢᠨ ᠡᠪᠡᠷ ᠢ᠋ ᠳᠠᠪᠲᠠᠵᠤ ᠬᠢᠭᠰᠡᠨ 
 ᠳᠠᠷᠪᠠᠭᠠᠷ ᠬᠠᠷ᠎ᠠ ᠨᠤᠮᠤ ᠪᠠᠨ 
 ᠳᠡᠰ ᠦ᠋ᠨ ᠰᠣᠳᠣ ᠶ᠋ᠢ ᠬᠠᠪᠴᠢᠭᠤᠯᠵᠤ ᠬᠢᠭᠰᠡᠨ 
 ᠳᠡᠰ ᠬᠠᠷ᠎ᠠ ᠰᠤᠮᠤ ᠲᠠᠢ ᠪᠠᠨ ᠠᠪᠴᠤ ᠰᠤᠢᠯᠠᠭᠠᠳ 
 ᠬᠤᠢ ᠳ᠋ᠠᠭᠠᠨ ᠪᠠᠢᠬᠤ ᠳ᠋ᠤ᠌ 
 ᠬᠣᠷᠢᠨ ᠬᠣᠶᠠᠷ ᠲᠥᠭᠡ 
 ᠬᠤᠢ ᠠ᠋ᠴᠠ ᠪᠠᠨ ᠭᠠᠷᠬᠤ ᠳ᠋ᠤ᠌ 
 ᠬᠣᠷᠢᠨ ᠬᠣᠶᠠᠷ ᠠᠯᠲᠠ ᠪᠣᠯᠳᠠᠭ᠃ 
 ᠶᠢᠯᠸᠢ ᠶ᠋ᠢᠨ ᠰᠢᠷ᠎ᠠ ᠢᠯᠳᠦ ᠪᠡᠨ ᠵᠡᠭᠦᠭᠡᠳ ᠭᠠᠷᠴᠤ : 
 《ᠡᠷ᠎ᠡ ᠮᠣᠷᠢ ᠪᠠᠨ ᠪᠠᠢᠬᠤ ᠳ᠋ᠤ᠌ ᠪᠣᠯ 
 ᠡᠮᠡᠭᠡᠯ ᠬᠠᠵᠠᠭᠠᠷ ᠢ᠋ᠶ᠋ᠠᠨ ᠴᠢᠩᠭᠠᠷᠠᠭᠤᠯᠳᠠᠭ 
 ᠡᠷ᠎ᠡ ᠮᠣᠷᠢ ᠪᠠᠨ ᠠᠯᠳᠠᠭᠰᠠᠨ ᠤ᠋ ᠬᠣᠢᠨ᠎ᠠ 
 ᠡᠩᠭᠡᠷ ᠵᠠᠭᠠᠮ᠎ᠠ ᠪᠠᠨ ᠴᠢᠩᠭᠠᠷᠠᠭᠤᠯᠤᠶ᠎ᠠ!》 ᠭᠡᠵᠦ 
 ᠤᠷᠲᠤ ᠬᠣᠷᠮᠣᠢ ᠪᠠᠨ 
 ᠬᠣᠢᠨ᠎ᠠ ᠪᠠᠨ ᠭᠠᠷᠲᠠᠯ᠎ᠠ ᠰᠢᠭᠤᠵᠤ  
 ᠬᠣᠢᠲᠤ ᠬᠣᠷᠮᠣᠢ ᠪᠠᠨ 
 ᠤᠷᠲᠤ ᠪᠠᠨ ᠭᠠᠷᠲᠠᠯ᠎ᠠ ᠰᠢᠭᠤᠭᠠᠳ᠂ 
 ᠵᠢᠷᠠᠨ ᠠᠭᠤᠯᠠ ᠶ᠋ᠢᠨ ᠲᠣᠯᠣᠭᠠᠢ ᠶ᠋ᠢ 
 ᠬᠣᠯᠪᠣᠵᠤ ᠨᠢᠭᠡ ᠠᠯᠬᠤᠭᠠᠳ 
 ᠵᠢᠷᠠᠨ ᠵᠢᠯᠠᠭ᠎ᠠ ᠶ᠋ᠢᠨ ᠡᠬᠢ ᠶ᠋ᠢ 
 ᠲᠣᠪᠴᠢᠯᠠᠵᠤ ᠨᠢᠭᠡ ᠠᠯᠬᠤᠭᠠᠳ 
 ᠬᠠᠳᠠ ᠲᠠᠢ ᠭᠠᠵᠠᠷ ᠢ᠋ 
 ᠬᠥᠯ ᠦ᠋ᠨ ᠰᠠᠢᠨ ᠢ᠋ᠶ᠋ᠠᠷ ᠭᠡᠲᠦᠯᠵᠦ 
 ᠬᠠᠷᠭᠠᠨ᠎ᠠ ᠲᠠᠢ ᠭᠠᠵᠠᠷ ᠢ᠋ 
 ᠬᠣᠷᠮᠣᠢ ᠶ᠋ᠢᠨ ᠰᠠᠢᠨ ᠢ᠋ᠶ᠋ᠠᠷ ᠲᠤᠭᠤᠯᠵᠤ 
 ᠮᠠᠨ ᠤ᠋ ᠨᠤᠲᠤᠭ ᠪᠢᠰᠢ ᠪᠣᠯᠵᠤ 
 ᠮᠠᠩᠭᠤᠰ ᠤ᠋ᠨ ᠨᠤᠲᠤᠭ ᠲᠤ᠌ ᠬᠦᠷᠴᠡᠢ᠃ 
 ᠥᠪᠡᠷᠦᠨ ᠨᠤᠲᠤᠭ ᠪᠢᠰᠢ ᠪᠣᠯᠵᠤ 
 ᠥᠰᠢᠶᠡᠲᠡᠨ ᠦ᠌ ᠨᠤᠲᠤᠭ ᠪᠣᠯᠵᠠᠢ᠃ 
 ᠡᠪᠡᠰᠦ ᠤᠷᠭᠤᠮᠠᠯ ᠨᠢ ᠭᠠᠤᠯᠢ 
 ᠥᠩᠭᠡ ᠶ᠋ᠢᠨ ᠴᠡᠴᠡᠭ ᠨᠢ ᠵᠡᠰ 
 ᠬᠣᠷᠣᠬᠠᠢ ᠰᠢᠪᠡᠵᠢ ᠣᠯᠠᠨ 
 ᠬᠣᠣᠷᠲᠤ ᠠᠮᠢᠲᠠᠨ ᠡᠯᠪᠡᠭ 
 ᠥᠨᠳᠥᠷ ᠥᠨᠳᠥᠷ ᠬᠠᠳᠠ ᠨᠢ 
 ᠡᠮᠬᠦᠭᠡᠳ ᠠᠪᠬᠤ ᠶ᠋ᠢᠨ ᠰᠢᠨᠵᠢ ᠲᠡᠢ  
 ᠦᠵᠦᠭᠦᠷ ᠲᠡᠢ ᠵᠠᠷᠢᠮ ᠬᠠᠳᠠ ᠨᠢ 
 ᠰᠡᠭᠦᠯ ᠢ᠋ᠶ᠋ᠡᠨ ᠬᠥᠳᠡᠯᠭᠡᠬᠦ ᠰᠢᠨᠵᠢ ᠲᠡᠢ 
 ᠲᠡᠢᠮᠦ ᠵᠢᠭᠲᠡᠢ ᠣᠷᠣᠨ ᠪᠠᠢᠵᠠᠢ᠂ 

— — — —
 ① ᠲᠡᠭᠡ — ᠪᠠᠷᠭᠤ ᠶ᠋ᠢᠨ ᠨᠤᠲᠤᠭ ᠤ᠋ᠨ ᠠᠶᠠᠯᠭᠤᠨ ᠳ᠋ᠤ᠌ ᠤᠬᠤᠨ᠎ᠠ ᠶ᠋ᠢ ᠲᠡᠭᠡ ᠭᠡᠵᠦ ᠬᠡᠯᠡᠳᠡᠭ᠃ 

     *   *   *  
 ᠰᠢᠯᠢᠨ ᠭᠠᠯᠵᠠᠭᠤ ᠪᠠᠭᠠᠲᠤᠷ 
 ᠨᠢᠭᠡ ᠳᠣᠪᠣ ᠳᠡᠭᠡᠷ᠎ᠡ ᠭᠠᠷᠴᠤ ᠰᠠᠭᠤᠭᠠᠳ 
 ᠭᠠᠩ ᠪᠣᠯᠣᠳ ᠬᠡᠲᠡ ᠪᠡᠨ ᠬᠠᠪᠢᠷᠴᠤ 
 ᠭᠠᠯᠠᠭᠤᠨ ᠬᠦᠵᠦᠭᠦᠨ ᠭᠠᠩᠰᠠᠨ ᠳ᠋ᠠᠭᠠᠨ 
 ᠭᠠᠯᠵᠠᠭᠤ ᠤᠯᠠᠭᠠᠨ ᠲᠠᠮᠠᠬᠢ ᠪᠠᠨ ᠨᠡᠷᠡᠭᠡᠳ 
 ᠭᠠᠭᠴᠠ ᠬᠣᠶᠠᠷ ᠰᠣᠷᠣᠵᠤ ᠰᠠᠭᠤᠲᠠᠯ᠎ᠠ 
 ᠵᠦᠭ ᠦ᠋ᠨ ᠮᠠᠭᠤ ᠵᠦᠭ ᠡᠴᠡ 
 ᠵᠡᠭᠦᠨ ᠬᠣᠢᠲᠤ ᠲᠠᠯ᠎ᠠ ᠠ᠋ᠴᠠ 
 ᠡᠭᠦᠯᠡ ᠮᠠᠨᠠᠨ ᠲᠠᠲᠠᠬᠤ ᠰᠢᠭ᠋ 
 ᠥᠨᠳᠥᠷ ᠤᠯᠠᠭᠠᠨ ᠲᠣᠭᠣᠰᠣ ᠭᠠᠷᠴᠠᠢ᠃ 
 《ᠰᠠᠢᠨ ᠵᠦᠢᠯ ᠦ᠋ᠨ ᠲᠣᠭᠣᠰᠣ ᠪᠣᠯ 
 ᠴᠡᠴᠡᠭ ᠨᠠᠪᠴᠢ ᠳᠡᠯᠭᠡᠷᠡᠳᠡᠭ 
 ᠮᠠᠭᠤ ᠢᠷᠣ᠎ᠠ ᠶ᠋ᠢᠨ ᠲᠣᠭᠣᠰᠣ ᠪᠣᠯ  
 ᠮᠣᠳᠣᠨ ᠨᠠᠪᠴᠢ ᠰᠢᠷᠠᠯᠠᠳᠠᠭ 》 ᠭᠡᠵᠦ 
 ᠰᠢᠨᠵᠢᠯᠡᠨ ᠰᠠᠭᠤᠵᠤ ᠪᠠᠢᠲᠠᠯ᠎ᠠ 
 ᠴᠡᠴᠡᠭ ᠨᠠᠪᠴᠢ ᠳᠡᠯᠭᠡᠷᠡᠵᠡᠢ᠃ 
 ᠡᠮᠡᠭᠡᠯ ᠬᠠᠵᠠᠭᠠᠷ ᠢ᠋ᠶ᠋ᠠᠨ ᠴᠢᠷᠦᠭᠰᠡᠨ 
 ᠨᠢᠭᠡ ᠶᠠᠨᠳᠠᠩ ᠬᠠᠷ᠎ᠠ ᠮᠣᠷᠢ 
 ᠨᠢᠯᠬ᠎ᠠ ᠬᠡᠦᠬᠡᠳ ᠵᠠᠭᠤᠵᠤ ᠢᠷᠡᠭᠡᠳ 
 ᠡᠮᠦᠨ᠎ᠡ ᠨᠢ ᠬᠡᠦᠬᠡᠳ ᠢ᠋ᠶ᠋ᠡᠨ ᠲᠠᠯᠪᠢᠭᠠᠳ ᠬᠡᠯᠡᠭᠰᠡᠨ ᠨᠢ ᠄ 
 《ᠡᠨᠡ ᠬᠦᠦ ᠪᠡᠷ ᠳᠡᠭᠦᠦ ᠪᠡᠨ ᠬᠢᠭᠡᠷᠡᠢ 
 ᠡᠷ᠎ᠡ ᠬᠦᠯᠦᠭ ᠨᠠᠮ᠎ᠠ ᠵᠢ ᠤᠨᠤᠭᠠᠷᠠᠢ! 》 ᠭᠡᠵᠡᠢ᠃ 
 ᠰᠢᠯᠢᠨ ᠭᠠᠯᠵᠠᠭᠤ ᠪᠠᠭᠠᠲᠤᠷ ᠥᠭᠡᠳᠡ ᠡᠴᠡ ᠨᠢ 
 ᠰᠢᠳᠮᠡᠬᠡᠢ ᠡᠷᠡᠰ ᠢ᠋ᠶ᠋ᠡᠷ ᠬᠠᠷᠢᠭᠤᠯᠤᠭᠰᠠᠨ ᠨᠢ : 
 《ᠠᠮᠠᠷᠠᠭ ᠳᠡᠭᠦᠦ ᠨᠠᠷ ᠡᠴᠡ ᠪᠡᠨ ᠰᠠᠯᠤᠭᠰᠠᠨ ᠪᠣᠯᠪᠠᠴᠤ 
 ᠠᠭᠤᠯᠵᠠᠭᠰᠠᠨ ᠪᠣᠯᠭᠠᠨ ᠢ᠋ᠶ᠋ᠠᠷ ᠳᠡᠭᠦᠦ ᠬᠢᠳᠡᠭ ᠦᠭᠡᠢ 
 ᠠᠭᠲᠠ ᠬᠦᠯᠦᠭ ᠢ᠋ᠶ᠋ᠡᠨ ᠠᠯᠳᠠᠭᠰᠠᠨ ᠪᠣᠯᠪᠠᠴᠤ 
 ᠠᠳᠤᠭᠤ ᠪᠣᠯᠭᠠᠨ ᠢ᠋ ᠤᠨᠤᠳᠠᠭ ᠦᠭᠡᠢ! 》 ᠭᠡᠵᠡᠢ᠃ 
 ᠠᠪᠤᠯᠲᠠᠢ ᠴᠤ᠌ ᠬᠥᠮᠦᠨ ᠦ᠌ ᠦᠷ᠎ᠡ ᠰᠠᠨ 
 ᠤᠨᠤᠯᠲᠠᠢ ᠴᠤ᠌ ᠭᠡᠭᠦᠦ ᠶ᠋ᠢᠨ ᠤᠨᠠᠭ᠎ᠠ ᠰᠠᠨ 
 ᠮᠠᠩᠭᠤᠰ ᠬᠣᠢᠨ᠎ᠠ ᠠ᠋ᠴᠠ ᠲᠠᠭᠤᠵᠤ 
 ᠮᠠᠨ ᠢ᠋ ᠪᠠᠷᠢᠬᠤ ᠪᠠᠷ ᠢᠷᠡᠯ᠎ᠡ !》 ᠭᠡᠳ 
 ᠶᠠᠨᠳᠠᠩ ᠬᠠᠷ᠎ᠠ ᠮᠣᠷᠢ 
 ᠶᠠᠪᠤᠬᠤ ᠪᠠᠷ ᠬᠦᠦ ᠶ᠋ᠢ ᠵᠠᠭᠤᠲᠠᠯ᠎ᠠ 
 ᠰᠢᠯᠢᠨ ᠭᠠᠯᠵᠠᠭᠤ ᠪᠠᠭᠠᠲᠤᠷ ᠪᠣᠰᠴᠤ 
 ᠰᠢᠨ᠎ᠡ ᠲᠣᠷᠭ᠎ᠠ ᠡᠪᠦᠷ ᠡᠴᠡ ᠪᠡᠨ ᠭᠠᠷᠭᠠᠵᠤ 
 ᠬᠦᠦ ᠶ᠋ᠢ ᠪᠣᠭᠣᠵᠤ ᠡᠪᠦᠷᠲᠦᠯᠡᠭᠡᠳ 
 ᠬᠦᠯᠦᠭ ᠢ᠋ ᠤᠨᠤᠭᠠᠳ ᠶᠠᠪᠤᠵᠤ ᠪᠠᠢᠲᠠᠯ᠎ᠠ 
 ᠵᠦᠭ ᠦ᠋ᠨ ᠮᠠᠭᠤ ᠵᠦᠭ ᠡᠴᠡ 
 ᠵᠡᠭᠦᠨ ᠬᠣᠢᠲᠤ ᠲᠠᠯ᠎ᠠ ᠠ᠋ᠴᠠ 
 ᠲᠩᠷᠢ ᠲᠤᠯᠤᠮ᠎ᠠ ᠲᠣᠭᠣᠰᠣ ᠲᠠᠲᠠᠮᠤᠢ 
 ᠳᠥᠨᠳᠥᠭᠡᠷ ᠬᠠᠷ᠎ᠠ ᠶᠠᠭᠤᠮ᠎ᠠ ᠬᠠᠷᠠᠭᠳᠠᠬᠤ ᠳ᠋ᠤ᠌ : 
 《ᠰᠠᠢᠨ ᠤ᠋ ᠵᠦᠢᠯ ᠦ᠋ᠨ ᠲᠣᠭᠣᠰᠣ ᠪᠣᠯ 
 ᠴᠡᠴᠡᠭ ᠨᠠᠪᠴᠢ ᠳᠡᠯᠭᠡᠷᠡᠳᠡᠭ 
 ᠮᠠᠭᠤ ᠢᠷᠣ᠎ᠠ ᠶ᠋ᠢᠨ ᠲᠣᠭᠣᠰᠣ ᠪᠣᠯ 
 ᠮᠣᠳᠣᠨ ᠤ᠋ ᠨᠠᠪᠴᠢ ᠰᠢᠷᠠᠯᠠᠳᠠᠭ ᠠ᠋!》 ᠭᠡᠵᠦ 
 ᠪᠣᠳᠣᠵᠤ ᠰᠠᠭᠤᠵᠤ ᠪᠠᠢᠲᠠᠯ᠎ᠠ 
 ᠮᠠᠭᠤ ᠢᠷᠣ᠎ᠠ ᠶ᠋ᠢᠨ ᠲᠣᠭᠣᠰᠣ ᠪᠣᠯᠬᠣᠷ  
 ᠮᠣᠳᠣᠨ ᠤ᠋ ᠨᠠᠪᠴᠢ ᠰᠢᠷᠠᠯᠠᠵᠠᠢ 
 ᠬᠣᠯᠠ ᠬᠠᠯᠲᠠᠷ ᠯᠠᠭᠤᠰᠠ ᠲᠠᠢ 
 ᠬᠤᠪᠠᠬᠠᠢ ᠲᠠᠯᠬᠢᠨ ᠡᠮᠡᠭᠡᠯ ᠲᠡᠢ᠃ 
 ᠰᠠᠷᠪᠠᠢᠭᠰᠠᠨ ᠠᠷᠪᠠᠨ ᠲᠠᠪᠤᠨ ᠲᠣᠯᠣᠭᠠᠢ ᠲᠠᠢ 
 ᠰᠠᠯᠬᠢᠨ ᠬᠣᠣᠷ᠎ᠠ ᠮᠠᠩᠭᠤᠰ ᠢᠷᠡᠵᠦ ᠬᠡᠯᠡᠭᠰᠡᠨ ᠨᠢ : 
 《ᠬᠥᠮᠦᠨ ᠦ᠌ ᠬᠦᠦ ᠶ᠋ᠢ ᠠᠪᠤᠷᠠᠨ᠎ᠠ ᠭᠡᠳ 
 ᠬᠡᠭᠦᠷ ᠢ᠋ᠶ᠋ᠡᠨ ᠭᠡᠭᠡᠬᠦ ᠶ᠋ᠢ ᠮᠡᠳᠡ! 
 ᠠᠮᠢᠲᠠᠨ ᠤ᠋ ᠠᠮᠢ ᠶ᠋ᠢ ᠭᠠᠷᠭᠠᠨ᠎ᠠ ᠭᠡᠳ 
 ᠠᠮᠢᠰᠬᠤᠯ ᠢ᠋ᠶ᠋ᠠᠨ ᠬᠤᠷᠢᠶᠠᠬᠤ ᠪᠠᠨ ᠮᠡᠳᠡ! 》 ᠭᠡᠵᠡᠢ᠃ 
 ᠰᠢᠯᠢᠨ ᠭᠠᠯᠵᠠᠭᠤ ᠪᠠᠭᠠᠲᠤᠷ 
 ᠰᠢᠳᠪᠦᠷᠢ ᠲᠡᠢ ᠪᠡᠷ ᠤᠷᠢᠳᠠ ᠠ᠋ᠴᠠ ᠨᠢ : 
 《ᠬᠣᠷᠭᠣᠢ ᠳᠡᠭᠡᠷ᠎ᠡ ᠬᠠᠳᠬᠤᠭᠰᠠᠨ ᠯᠤᠤ 
 ᠬᠤᠷ᠎ᠠ ᠣᠷᠣᠭᠤᠯᠬᠤ ᠶ᠋ᠢ ᠦᠵᠡᠪᠡ ᠤᠤ? 
 ᠬᠣᠮᠣᠬᠠᠢ ᠮᠤᠤᠰᠠᠢᠨ ᠮᠠᠩᠭᠤᠰ 
 ᠮᠠᠨ ᠢ᠋ ᠳᠡᠢᠯᠬᠦ ᠶ᠋ᠢ ᠦᠵᠡᠪᠡ ᠤᠤ?
 ᠵᠢᠷᠤᠭ ᠳᠡᠭᠡᠷ᠎ᠡ ᠪᠠᠢᠳᠠᠭ ᠡᠷᠪᠡᠬᠡᠢ 
 ᠵᠤᠯᠠ ᠳ᠋ᠤ᠌ ᠣᠢᠬᠤ ᠶ᠋ᠢ ᠦᠵᠡᠪᠡ ᠤᠤ? 
 ᠵᠠᠭᠤᠷᠠᠳᠤ ᠶ᠋ᠢᠨ ᠮᠤᠤᠰᠠᠢᠨ ᠮᠠᠩᠭᠤᠰ 
 ᠮᠠᠨ ᠢ᠋ ᠳᠡᠢᠯᠬᠦ ᠶ᠋ᠢ ᠦᠵᠡᠪᠡ ᠤᠤ? 》 ᠭᠡᠳ 
 ᠬᠣᠶᠠᠭᠤᠯᠠ ᠳᠣᠣᠷ᠎ᠠ ᠪᠠᠨ ᠪᠠᠢᠯᠳᠤᠵᠠᠢ᠃ 
 ᠠᠭᠤᠯᠠ ᠳᠠᠪᠠᠭ᠎ᠠ ᠲᠠᠢ ᠭᠠᠵᠠᠷ ᠢ᠋ 
 ᠲᠡᠭᠰᠢᠷᠡᠲᠡᠯ᠎ᠡ ᠨᠢ ᠪᠠᠢᠯᠳᠤᠵᠤ 
 ᠤᠰᠤ ᠮᠥᠷᠡᠨ ᠲᠡᠢ ᠭᠠᠵᠠᠷ ᠢ᠋ 
 ᠰᠢᠷᠭᠢᠲᠡᠯ᠎ᠡ ᠨᠢ ᠪᠠᠢᠯᠳᠤᠵᠤ 
 ᠬᠥᠨᠳᠡᠢ ᠬᠣᠲᠣᠭᠣᠷ ᠭᠠᠵᠠᠷ ᠢ᠋ 
 ᠨᠠᠭᠤᠷ ᠲᠣᠭᠲᠠᠲᠠᠯ᠎ᠠ ᠪᠠᠢᠯᠳᠤᠵᠤ 
 ᠬᠥᠪᠴᠢᠨ ᠣᠢ ᠮᠣᠳᠣ ᠶ᠋ᠢ 
 ᠵᠣᠮᠣᠭᠣᠯ ᠪᠣᠯᠲᠠᠯ᠎ᠠ ᠪᠠᠢᠯᠳᠤᠵᠠᠢ᠃ 
 ᠭᠠᠩ ᠪᠣᠯᠣᠳ ᠢᠯᠳᠦ ᠪᠡᠷ ᠢ᠋ᠶ᠋ᠡᠨ 
 ᠭᠠᠪᠠᠯᠠ ᠳᠤᠬᠤ ᠶ᠋ᠢ ᠨᠢ ᠴᠠᠪᠴᠢᠵᠠᠢ᠂ 
 ᠬᠠᠰ ᠤᠯᠠᠭᠠᠨ ᠪᠢᠯᠠᠭᠤ ᠪᠠᠷ ᠢ᠋ᠶ᠋ᠠᠨ 
 ᠲᠡᠭᠦᠨ ᠦ᠌ ᠬᠠᠷᠢᠭᠤ ᠴᠣᠬᠢᠵᠠᠢ᠃ 
 ᠶᠢᠯᠸᠢ ᠶ᠋ᠢᠨ ᠰᠢᠷ᠎ᠠ ᠢᠯᠳᠦ ᠪᠡᠷ ᠢ᠋ᠶ᠋ᠡᠨ 
 ᠢᠳᠡ ᠬᠦᠴᠦᠨ ᠢ᠋ᠶ᠋ᠡᠷ ᠢ᠋ᠶ᠋ᠡᠨ ᠴᠠᠪᠴᠢᠵᠠᠢ᠂ 
 ᠶᠡᠬᠡ ᠤᠯᠠᠭᠠᠨ ᠪᠢᠯᠠᠭᠤ ᠪᠠᠷ ᠢ᠋ᠶ᠋ᠠᠨ 
 ᠲᠡᠭᠦᠨ ᠦ᠌ ᠬᠠᠷᠢᠭᠤ ᠵᠠᠨᠴᠢᠵᠠᠢ᠃ 
 《ᠥᠪᠡᠷ ᠦ᠋ᠨ ᠪᠡᠶ᠎ᠡ ᠮᠢᠨᠢ ᠭᠠᠢᠭᠤᠢ ᠳᠠ 
 ᠡᠪᠦᠷ ᠳᠠᠬᠢ ᠬᠦᠦ ᠬᠥᠭᠡᠷᠦᠬᠦᠢ ᠰᠢᠦ! 》 ᠭᠡᠳ 
 ᠥᠰᠢᠶᠡᠲᠡᠨ ᠮᠠᠩᠭᠤᠰ ᠤ᠋ᠨ ᠪᠢᠯᠠᠭᠤ ᠶ᠋ᠢ 
 ᠥᠷᠯᠥᠭ ᠪᠠᠭᠠᠲᠤᠷ ᠲᠣᠯᠣᠭᠠᠢ ᠪᠠᠷ ᠢ᠋ᠶ᠋ᠠᠨ ᠬᠠᠯᠠᠭᠯᠠᠵᠠᠢ᠃ 
 ᠰᠢᠯᠢᠨ ᠭᠠᠯᠵᠠᠭᠤ ᠪᠠᠭᠠᠲᠤᠷ ᠤ᠋ᠨ 
 ᠬᠣᠭᠵᠢᠷᠠᠵᠤ ᠬᠡᠭᠵᠡᠷᠡᠳᠡᠭ ᠦᠭᠡᠢ 
 ᠬᠣᠷᠢᠨ ᠳᠠᠪᠬᠤᠷ ᠬᠤᠢᠬ᠎ᠠ ᠨᠢ 
 ᠬᠣᠭᠵᠢᠷᠠᠨ ᠬᠡᠭᠵᠡᠷᠡᠵᠦ ᠤᠨᠠᠵᠤ ᠯᠠ ᠪᠠᠢᠵᠠᠢ᠃ 
 ᠲᠣᠯᠢᠷᠠᠵᠤ ᠬᠡᠦᠷᠡᠳᠡᠭ ᠦᠭᠡᠢ 
 ᠳᠣᠯᠣᠭᠠᠨ ᠳᠠᠪᠬᠤᠷ ᠶᠠᠰᠤ ᠨᠢ 
 ᠲᠣᠯᠢᠷᠠᠵᠤ ᠬᠡᠦᠷᠡᠵᠦ ᠯᠡ ᠪᠠᠢᠵᠠᠢ᠃ 
 ᠰᠢᠯᠢᠨ ᠭᠠᠯᠵᠠᠭᠤ ᠪᠠᠭᠠᠲᠤᠷ ᠤ᠋ᠨ ᠴᠣᠬᠢᠬᠤ ᠳ᠋ᠤ᠌ 
 ᠰᠠᠯᠬᠢᠨ ᠬᠣᠣᠷ᠎ᠠ ᠮᠠᠩᠭᠤᠰ 
 ᠰᠠᠨᠳᠤᠷᠴᠤ ᠠᠮᠢ ᠲᠡᠮᠡᠴᠡᠭᠡᠳ 
 ᠢᠯᠢᠨ ᠢᠯᠢᠨ ᠦᠵᠡᠬᠦ ᠳ᠋ᠦ᠍ 
 ᠢᠯᠡᠭᠦᠦ ᠲᠣᠯᠣᠭᠠᠢᠳ ᠨᠢ ᠦᠭᠡᠢ ᠪᠣᠯᠵᠠᠢ 
 ᠪᠠᠷᠢᠨ ᠪᠠᠷᠢᠨ ᠦᠵᠡᠬᠦ ᠳ᠋ᠦ᠍ 
 ᠪᠠᠭ᠎ᠠ ᠲᠣᠯᠣᠭᠠᠢᠳ ᠨᠢ ᠦᠭᠡᠢ ᠪᠣᠯᠵᠠᠢ 
 ᠭᠣᠣᠯ ᠤ᠋ᠨ ᠭᠠᠭᠴᠠ ᠲᠣᠯᠣᠭᠠᠢ ᠪᠠᠨ ᠬᠠᠮᠠᠭᠠᠯᠠᠵᠤ 
 ᠭᠤᠳᠤᠷᠠᠨ ᠴᠠᠰᠢ ᠪᠠᠨ ᠳᠤᠲᠠᠭᠠᠵᠠᠢ᠃ 
 ᠳᠠᠯᠠᠨ ᠲᠡᠭᠡ ᠶ᠋ᠢᠨ ᠡᠪᠡᠷ ᠢ᠋ ᠳᠠᠪᠲᠠᠵᠤ ᠬᠢᠭᠰᠡᠨ  
 ᠳᠠᠷᠪᠠᠭᠠᠷ ᠬᠠᠷ᠎ᠠ ᠨᠣᠮᠣᠨ ᠳ᠋ᠠᠭᠠᠨ 
 ᠳᠡᠰ ᠦᠨ ᠰᠣᠳᠣ ᠶ᠋ᠢ ᠬᠠᠪᠴᠢᠭᠤᠯᠵᠤ ᠬᠢᠭᠰᠡᠨ 
 ᠳᠡᠰ ᠬᠠᠷ᠎ᠠ ᠰᠤᠮᠤ ᠪᠠᠨ ᠣᠨᠢᠯᠠᠭᠠᠳ 
 ᠰᠢᠯᠢᠨ ᠭᠠᠯᠵᠠᠭᠤ ᠪᠠᠭᠠᠲᠤᠷ 
 ᠰᠢᠲᠦ ᠵᠠᠭᠤᠨ ᠬᠣᠷᠣᠰᠴᠤ ᠬᠠᠷᠪᠤᠬᠤ ᠳ᠋ᠤ᠌ 
 ᠰᠤᠮᠤ ᠨᠢ ᠬᠦᠷᠴᠦ ᠣᠴᠢᠭᠠᠳ 
 ᠰᠠᠯᠬᠢᠨ ᠬᠣᠣᠷ᠎ᠠ ᠮᠠᠩᠭᠤᠰ ᠤ᠋ᠨ 
 ᠠᠭᠤᠰᠬᠢ ᠵᠢᠷᠦᠬᠡ ᠶ᠋ᠢ ᠨᠢ ᠵᠦᠯᠳᠡᠯᠡᠵᠦ 
 ᠣᠨᠢᠨ ᠳ᠋ᠠᠭᠠᠨ ᠬᠠᠪᠴᠢᠭᠤᠯᠤᠭᠠᠳ ᠭᠠᠷᠴᠠᠢ᠃ 
 ᠰᠠᠯᠬᠢᠨ ᠬᠠᠷ᠎ᠠ ᠮᠠᠩᠭᠤᠰ 
 ᠰᠡᠷᠪᠡᠯᠵᠡᠵᠦ ᠳᠣᠣᠷ᠎ᠠ ᠤᠨᠠᠬᠤ ᠳ᠋ᠤ᠌ 
 ᠰᠢᠯᠢᠨ ᠭᠠᠯᠵᠠᠭᠤ ᠪᠠᠭᠠᠲᠤᠷ 
 ᠰᠤᠮᠤ ᠰᠢᠭ᠋ ᠲᠦᠷᠭᠡᠨ ᠣᠴᠢᠭᠠᠳ 
 ᠴᠡᠭᠡᠵᠢᠨ ᠳᠡᠭᠡᠷ᠎ᠡ ᠨᠢ ᠵᠠᠢᠳᠠᠯᠠᠵᠤ 
 ᠰᠢᠩᠭᠡᠨ ᠳᠠᠭᠤ ᠶ᠋ᠢ ᠨᠢ ᠭᠠᠷᠭᠠᠵᠤ 
 ᠪᠥᠭᠰᠡᠨ ᠳᠡᠭᠡᠷ᠎ᠡ ᠨᠢ ᠰᠠᠭᠤᠵᠤ 
 ᠪᠦᠳᠦᠭᠦᠨ ᠳᠠᠭᠤ ᠶ᠋ᠢ ᠨᠢ ᠭᠠᠷᠭᠠᠵᠠᠢ᠃ 
 ᠰᠠᠯᠬᠢᠨ ᠬᠣᠣᠷ᠎ᠠ ᠮᠠᠩᠭᠤᠰ 
 ᠠᠮᠠᠨ ᠤ᠋ ᠥᠴᠢᠭ ᠢ᠋ᠶ᠋ᠡᠨ ᠥᠭᠴᠦ ᠭᠤᠶᠤᠭᠰᠠᠨ ᠨᠢ : 
 《ᠠᠴᠢᠲᠤ ᠪᠠᠭᠠᠲᠤᠷ ᠲᠠ ᠥᠷᠥᠰᠢᠶᠡ 
 ᠠᠮᠢ ᠪᠡᠶ᠎ᠡ ᠶ᠋ᠢ ᠮᠢᠨᠢ ᠠᠪᠤᠷᠠ  
 ᠪᠣᠱᠣᠭ᠎ᠠ ᠶ᠋ᠢᠨ ᠴᠢᠨᠢ ᠪᠣᠭᠣᠯ ᠪᠣᠯᠤᠶ᠎ᠠ 
 ᠪᠤᠷᠬᠠᠨ ᠤ᠋ ᠴᠢᠨᠢ ᠵᠦᠯᠭᠦᠭᠦᠷ ᠪᠣᠯᠤᠶ᠎ᠠ! 》 ᠭᠡᠵᠡᠢ᠃ 
 ᠰᠢᠯᠢᠨ ᠭᠠᠯᠵᠠᠭᠤ ᠪᠠᠭᠠᠲᠤᠷ 
 ᠰᠢᠢᠳᠮᠡᠭᠡᠢ ᠥᠭᠡᠳᠡ ᠡᠴᠡ ᠨᠢ ᠬᠠᠷᠢᠭᠤᠯᠤᠭᠰᠠᠨ ᠨᠢ :   
 《ᠠᠪᠤ ᠶ᠋ᠢᠨ ᠭᠡᠷᠢᠶᠡᠰ ᠢ᠋ ᠰᠠᠨᠠᠬᠤ ᠳ᠋ᠤ᠌ 
 ᠠᠯᠠᠯ ᠦᠭᠡᠢ ᠪᠣᠯᠬᠤ ᠦᠭᠡᠢ᠂ ᠴᠢᠮᠠᠶ᠋ᠢ 
 ᠡᠵᠢ ᠶ᠋ᠢᠨ ᠭᠡᠷᠢᠶᠡᠰ ᠢ᠋ ᠪᠣᠳᠣᠬᠤ ᠳ᠋ᠤ᠌ 
 ᠡᠪᠳᠡᠯ ᠦᠭᠡᠢ ᠪᠣᠯᠬᠤ ᠦᠭᠡᠢ᠂ ᠴᠢᠮᠠᠶ᠋ᠢ! 》 ᠭᠡᠳ 
 ᠬᠠᠲᠠᠭᠠᠷᠠᠢ ᠬᠠᠪᠢᠷᠭ᠎ᠠ ᠶ᠋ᠢ ᠨᠢ ᠬᠠᠳᠤᠵᠤ 
 ᠬᠠᠯᠠᠭᠤᠨ ᠵᠢᠷᠦᠬᠡ ᠶ᠋ᠢ ᠨᠢ ᠰᠤᠭᠤᠯᠵᠤ  
 ᠬᠠ ᠭᠤᠶ᠎ᠠ ᠶ᠋ᠢ ᠨᠢ ᠲᠤᠶᠠᠴᠢᠵᠤ 
 ᠬᠠᠮᠤᠭ ᠶᠠᠰᠤ ᠶ᠋ᠢ ᠨᠢ ᠰᠠᠯᠭᠠᠭᠠᠳ 
 ᠡᠷᠭᠢ ᠭᠠᠩᠭ᠎ᠠ ᠪᠠᠷ ᠬᠠᠶᠠᠵᠤ 
 ᠡᠯᠢᠶ᠎ᠡ ᠬᠡᠷᠢᠶ᠎ᠡ ᠲᠡᠵᠢᠭᠡᠵᠡᠢ᠂ 
 ᠦᠨᠡᠰᠦ ᠬᠤᠮᠠᠭ ᠢ᠋ᠶ᠋ᠠᠷ ᠬᠠᠶᠠᠵᠤ 
 ᠦᠨᠡᠭᠡ ᠴᠢᠨᠣ᠎ᠠ ᠲᠡᠵᠢᠭᠡᠵᠡᠢ᠃ 
 ᠲᠠᠬᠢᠷ ᠢᠷ ᠲᠡᠢ ᠬᠠᠳᠤᠭᠤᠷ ᠭᠡᠭᠴᠢ 
 ᠮᠠᠨ ᠤ᠋ ᠪᠠᠭᠠᠲᠤᠷ ᠢ᠋ ᠬᠡᠯᠡᠳᠡᠭ ᠶᠦᠮ ᠪᠠᠢᠨ᠎ᠠ 
 ᠲᠠᠯ᠎ᠠ ᠳ᠋ᠤ᠌ ᠤᠷᠭᠤᠭᠰᠠᠨ ᠬᠢᠶᠠᠭ ᠭᠡᠭᠴᠢ 
 ᠮᠡᠠᠩᠭᠤᠰ ᠰᠢᠮᠨᠤᠰ ᠢ᠋ ᠬᠡᠯᠡᠳᠡᠭ ᠶᠦᠮ ᠪᠠᠢᠨ᠎ᠠ᠂ 
 ᠤᠷᠤᠭᠤ ᠪᠠᠨ ᠢᠷ ᠲᠡᠢ ᠬᠠᠳᠤᠭᠤᠷ ᠭᠡᠭᠴᠢ 
 ᠮᠠᠨ ᠤ᠋ ᠪᠠᠭᠠᠲᠤᠷ ᠢ᠋ ᠬᠡᠯᠡᠳᠡᠭ ᠶᠦᠮ ᠪᠠᠢᠨ᠎ᠠ 
 ᠠᠭᠤᠯᠠᠨ ᠳ᠋ᠤ᠌ ᠤᠷᠭᠤᠭᠰᠠᠨ ᠱᠡᠭᠡᠷ ᠭᠡᠭᠴᠢ 
 ᠮᠠᠩᠭᠤᠰ ᠰᠢᠮᠨᠤᠰ ᠢ᠋ ᠬᠡᠯᠡᠳᠡᠭ ᠶᠦᠮ ᠪᠠᠢᠨ᠎ᠠ᠃ 
 ᠰᠠᠯᠬᠢᠨ ᠬᠣᠣᠷ᠎ᠠ ᠮᠠᠩᠭᠤᠰ ᠢ᠋ ᠲᠣᠨᠢᠯᠭᠠᠴᠢᠬᠠᠭᠠᠳ 
 ᠰᠢᠯᠢᠨ ᠭᠠᠯᠵᠠᠭᠤ ᠪᠠᠭᠠᠲᠤᠷ 
 ᠦᠳᠡ ᠬᠦᠷᠭᠡᠯ ᠦᠭᠡᠢ ᠡᠳᠡᠭᠡᠭᠡᠳᠡᠭ 
 ᠦᠨᠡᠭᠡᠨ ᠴᠠᠭᠠᠨ ᠡᠮ ᠢ᠋ᠶ᠋ᠡᠨ ᠬᠢᠵᠦ 
 ᠡᠪᠡᠳᠴᠦ ᠪᠠᠢᠭᠰᠠᠨ ᠰᠢᠷᠬ᠎ᠠ ᠪᠠᠨ ᠡᠳᠡᠭᠡᠭᠡᠵᠦ 
 ᠬᠣᠨᠣᠭ ᠬᠦᠷᠭᠡᠯ ᠦᠭᠡᠢ ᠡᠳᠡᠭᠡᠭᠡᠳᠡᠭ 
 ᠬᠣᠨᠢᠨ ᠴᠠᠭᠠᠨ ᠡᠮ ᠢ᠋ᠶ᠋ᠡᠨ ᠭᠢᠵᠦ 
 ᠬᠣᠣᠷᠯᠠᠵᠤ ᠪᠠᠢᠭᠰᠠᠨ ᠰᠢᠷᠬ᠎ᠠ ᠪᠠᠨ ᠡᠳᠡᠭᠡᠭᠡᠭᠡᠳ 
 ᠥᠰᠢᠶᠡᠲᠡᠨ ᠮᠠᠩᠭᠤᠰ ᠤ᠋ᠨ ᠨᠤᠲᠤᠭ ᠲᠤ᠌ ᠬᠦᠷᠴᠦ 
 ᠦᠷ᠎ᠡ ᠦᠨᠳᠦᠰᠦ ᠶ᠋ᠢ ᠨᠢ ᠲᠠᠰᠤᠯᠵᠤ 
 ᠥᠨᠥᠴᠢᠨ ᠬᠣᠶᠠᠷ ᠳᠡᠭᠦᠦ ᠪᠡᠨ ᠠᠪᠤᠷᠠᠵᠤ 
 ᠥᠪᠡᠷᠦᠨ ᠮᠣᠷᠢ ᠪᠠᠨ ᠠᠪᠬᠤ ᠪᠠᠷ ᠶᠠᠪᠤᠵᠠᠢ᠃ 
 ᠤᠯᠠᠭᠠᠨ ᠳᠡᠪᠡᠯ ᠲᠡᠢ ᠨᠢᠭᠡ ᠠᠪᠠᠭᠠᠢ 
 ᠤᠷᠢᠳᠠ ᠠ᠋ᠴᠠ ᠨᠢ ᠢᠷᠡᠬᠦ ᠬᠠᠷᠠᠭᠳᠠᠵᠠᠢ᠂ 
 ᠣᠢᠷᠠᠲᠤᠵᠤ ᠬᠦᠷᠦᠭᠡᠳ ᠣᠴᠢᠬᠤ ᠳ᠋ᠤ᠌ 
 ᠣᠨᠴᠠᠭᠠᠢ ᠭᠣᠶᠣ ᠠᠪᠠᠭᠠᠢ ᠪᠠᠢᠵᠠᠢ᠃ 
 ᠰᠢᠯᠢᠨ ᠭᠠᠯᠵᠠᠭᠤ ᠪᠠᠭᠠᠲᠤᠷ ᠲᠠᠢ 
 ᠠᠭᠤᠯᠵᠠᠵᠤ ᠰᠢᠨᠵᠢᠯᠡᠵᠦ ᠮᠣᠷᠢ ᠶ᠋ᠢ ᠨᠢ 
 ᠬᠠᠷᠠᠭᠠᠳ ᠬᠡᠯᠡᠭᠰᠡᠨ ᠨᠢ : 
 《ᠡᠷᠭᠢᠨ ᠲᠠᠨ ᠤ᠋ ᠤᠨᠤᠵᠤ ᠪᠠᠢᠬᠤ 
 ᠡᠨᠡ ᠮᠣᠷᠢ ᠴᠢᠨᠢ ᠮᠢᠨᠦ ᠪᠠᠢᠨ᠎ᠠ᠃ 
 ᠬᠦᠦ ᠶ᠋ᠢ ᠮᠢᠨᠢ ᠲᠠ ᠣᠯᠵᠤ ᠦᠵᠡᠪᠡ ᠤᠤ ?
 ᠬᠦᠯᠦᠭ ᠢ᠋ ᠮᠢᠨᠢ ᠪᠤᠴᠠᠭᠠᠵᠤ ᠥᠭᠭᠦᠨ᠎ᠡ ᠤᠤ ? 》 ᠭᠡᠵᠡᠢ᠃ 
 《ᠠᠷᠭ᠎ᠠ ᠵᠠᠯᠢᠲᠤ ᠮᠠᠩᠭᠤᠰ ᠤ᠋ᠨ 
 ᠠᠯᠢ ᠤᠪ ᠵᠢᠪᠳᠡᠨ ᠨᠢ ᠪᠣᠢ? ᠴᠢ》 ᠭᠡᠳ 
 ᠰᠢᠯᠢᠨ ᠭᠠᠯᠵᠠᠭᠤ ᠪᠠᠭᠠᠲᠤᠷ 
 ᠰᠢᠯᠢᠳᠡᠵᠦ ᠠᠪᠠᠭᠠᠢ ᠶ᠋ᠢ ᠠᠪᠬᠤ ᠭᠡᠲᠡᠯ᠎ᠡ 
 ᠲᠡᠷᠡ ᠠᠪᠠᠭᠠᠢ ᠶ᠋ᠢᠨ ᠬᠡᠯᠡᠭᠰᠡᠨ ᠨᠢ᠄ 
 《ᠪᠠᠢᠵᠠ᠂ ᠪᠠᠢᠵᠠ᠂ ᠬᠦᠯᠢᠶᠡᠭᠡᠴᠢ 
 ᠪᠠᠭᠠᠲᠤᠷ ᠲᠡᠨᠡᠭ ᠢ᠋ᠶ᠋ᠡᠨ ᠪᠣᠯᠢᠭᠠᠴᠢ! 
 ᠬᠦᠢ᠂ ᠬᠦᠢ᠂ ᠬᠦᠯᠢᠶᠡᠭᠡᠴᠢ᠂ 
 ᠬᠦᠳᠡᠷ ᠲᠡᠨᠡᠭ ᠢ᠋ᠶ᠋ᠡᠨ ᠪᠣᠯᠢᠭᠠᠴᠢ ! 
 ᠬᠠᠨ ᠬᠤᠷᠮᠤᠰᠲᠠ ᠲᠩᠷᠢ ᠶ᠋ᠢᠨ 
 ᠬᠠᠮᠤᠭ ᠤ᠋ᠨ ᠣᠳᠬᠣᠨ ᠳᠠᠭᠢᠨᠢ ᠪᠢ ᠮᠥᠨ᠂ 
 ᠬᠠᠷᠭᠢᠰ ᠮᠠᠩᠭᠤᠰ ᠲᠤ᠌ ᠪᠠᠷᠢᠭᠳᠠᠭᠠᠳ 
 ᠬᠠᠯᠠ ᠲᠠᠮᠤ ᠶ᠋ᠢ ᠦᠵᠡᠵᠦ ᠭᠦᠢᠴᠡᠯ᠎ᠡ 
 ᠬᠣᠶᠠᠷ ᠶᠡᠬᠡ ᠬᠡᠦᠬᠡᠳ ᠢ᠋ ᠮᠢᠨᠢ 
 ᠬᠣᠣᠷᠲᠤ ᠮᠠᠩᠭᠤᠰ ᠵᠠᠯᠬᠢᠴᠢᠬᠠᠪᠠ᠃ 
 ᠰᠠᠶᠢ ᠲᠥᠷᠥᠭᠰᠡᠨ ᠬᠦᠦ ᠶ᠋ᠢ ᠮᠢᠨᠢ 
 ᠰᠠᠯᠬᠢᠨ ᠬᠣᠣᠷ᠎ᠠ ᠮᠠᠩᠭᠤᠰ ᠵᠠᠯᠭᠢᠬᠤ ᠭᠡᠬᠦ ᠳ᠋ᠦ᠍ 
 ᠠᠷᠭ᠎ᠠ ᠤᠬᠠᠭᠠᠨ ᠭᠠᠷᠭᠠᠵᠤ 
 ᠠᠭᠲᠠ ᠮᠣᠷᠢᠨ ᠳ᠋ᠠᠭᠠᠨ ᠵᠠᠭᠤᠯᠭᠠᠵᠤ ᠳᠤᠲᠠᠭᠠᠯᠭᠠᠬᠤ ᠳ᠋ᠤ᠌ 
 ᠠᠷᠢᠶᠠᠲᠠᠨ ᠮᠠᠩᠭᠤᠰ ᠮᠡᠳᠡᠴᠢᠭᠡᠭᠡᠳ ᠠᠯᠠᠬᠤ ᠪᠠᠷ 
 ᠬᠣᠢᠨ᠎ᠠ ᠠ᠋ᠴᠠ ᠨᠢ ᠲᠠᠭᠤᠭᠰᠠᠨ ᠶᠤᠮ 》 ᠭᠡᠪᠡ᠃ 
 ᠦᠭᠡ ᠶ᠋ᠢ ᠨᠢ ᠰᠣᠨᠣᠰᠤᠭᠰᠠᠨ ᠤ᠋ ᠬᠣᠢᠨ᠎ᠠ 
 ᠡᠪᠦᠷ ᠡᠴᠡ ᠪᠡᠨ ᠬᠦᠦ ᠶ᠋ᠢ ᠭᠠᠷᠭᠠᠵᠠᠢ᠃ 
 ᠬᠦᠦ ᠨᠢ ᠡᠵᠢ ᠪᠡᠨ ᠦᠵᠡᠭᠡᠳ 
 ᠬᠥᠬᠡᠷᠴᠦ ᠶᠡᠬᠡ ᠪᠡᠷ ᠢᠨᠢᠶᠡᠵᠡᠢ᠃ 
 ᠠᠪᠠᠭᠠᠢ ᠶ᠋ᠢᠨ ᠬᠡᠯᠡᠭᠰᠡᠨ ᠦᠨᠡᠨ ᠢ᠋ ᠮᠡᠳᠡᠵᠦ 
 ᠠᠭᠲᠠ ᠮᠣᠷᠢᠨ ᠠ᠋ᠴᠠ ᠪᠠᠨ ᠬᠠᠷᠠᠢᠨ ᠪᠠᠭᠤᠵᠤ 
 ᠬᠦᠯᠦᠭ ᠢ᠋ ᠨᠢ ᠭᠠᠷᠳᠠᠭᠤᠯᠵᠤ ᠥᠭᠭᠦᠭᠡᠳ 》
 ᠬᠦᠦ ᠶ᠋ᠢ ᠨᠢ ᠦᠨᠦᠰᠦᠭᠡᠳ ᠲᠡᠪᠡᠷᠢᠭᠦᠯᠵᠡᠢ᠃ 
 ᠬᠦᠦ ᠨᠢ ᠡᠬᠡ ᠳ᠋ᠡᠭᠡᠨ ᠣᠴᠢᠵᠤ 
 ᠬᠥᠬᠥ ᠪᠡᠨ ᠰᠢᠮᠡᠭᠰᠡᠭᠡᠷ ᠬᠡᠯᠡᠨ ᠳ᠋ᠦ᠍ ᠣᠷᠣᠭᠠᠳ : 
 《ᠠᠪᠤᠷᠭᠤ ᠪᠠᠭᠠᠲᠤᠷ ᠮᠢᠨᠢ ᠪᠠᠶᠠᠷᠲᠠᠢ᠃ 
 ᠠᠴᠢ ᠶ᠋ᠢ ᠴᠢᠨᠢ ᠪᠢ ᠬᠠᠷᠢᠭᠤᠯᠠᠨ᠎ᠠ!》 ᠭᠡᠵᠡᠢ᠃ 
 ᠰᠢᠯᠢᠨ ᠭᠠᠯᠵᠠᠭᠤ ᠪᠠᠭᠠᠲᠤᠷ 
 ᠰᠠᠯᠬᠤ ᠠ᠋ᠴᠠ ᠪᠠᠨ ᠤᠷᠢᠳ ᠠᠪᠠᠭᠠᠢ ᠠ᠋ᠴᠠ 
 ᠥᠨᠥᠴᠢᠨ ᠬᠣᠶᠠᠷ ᠳᠡᠭᠦᠦ 
 ᠥᠪᠡᠷᠦᠨ ᠬᠦᠯᠦᠭ ᠭᠤᠷᠪᠠ ᠪᠠᠨ ᠰᠤᠷᠠᠭᠯᠠᠵᠠᠢ᠃ 
 《ᠬᠠᠢᠷᠠᠲᠤ ᠬᠣᠶᠠᠷ ᠳᠡᠭᠦᠦ ᠴᠢᠨᠢ 
 ᠬᠠᠮᠢᠭ᠎ᠠ ᠪᠠᠢᠬᠤ ᠶ᠋ᠢ ᠨᠢ ᠮᠡᠳᠡᠬᠦ ᠦᠭᠡᠢ 
 ᠬᠠᠷᠢᠨ ᠲᠡᠢᠮᠦ ᠰᠢᠷᠭ᠎ᠠ ᠮᠣᠷᠢ ᠶ᠋ᠢ 
 ᠰᠠᠯᠬᠢᠨ ᠬᠣᠣᠷ᠎ᠠ ᠨᠠᠮᠠᠶ᠋ᠢ ᠵᠠᠷᠤᠵᠤ 
 < ᠶᠠᠰᠤ ᠶ᠋ᠢ ᠨᠢ ᠨᠢᠮᠭᠡᠷᠡᠭᠦᠯᠵᠦ 
 ᠴᠢᠰᠤ ᠶ᠋ᠢ ᠨᠢ ᠰᠢᠩᠭᠡᠷᠡᠭᠦᠯᠵᠦ 
 ᠵᠣᠪᠠᠭᠠᠬᠤ ᠶ᠋ᠢᠨ ᠮᠠᠭᠤ ᠪᠠᠷ ᠵᠣᠪᠠᠭᠠᠵᠤ 
 ᠠᠯᠠᠬᠤ ᠶ᠋ᠢᠨ ᠮᠠᠭᠤ ᠪᠠᠷ ᠠᠯᠠ> ᠭᠡᠰᠡᠨ ᠶᠦᠮ᠃ 
 ᠮᠠᠩᠭᠤᠰ ᠤ᠋ᠨ ᠬᠡᠯᠡᠭᠰᠡᠨ ᠦᠭᠡᠨ ᠡᠴᠡ ᠪᠢ 
 ᠮᠠᠨ ᠤ᠋ ᠪᠠᠭᠠᠲᠤᠷ ᠤ᠋ᠳ ᠤᠨ ᠮᠣᠷᠢ ᠭᠡᠵᠦ ᠮᠡᠳᠡᠭᠡᠳ 
 ᠪᠤᠯᠠᠭ ᠤ᠋ᠨ ᠤᠰᠤ ᠪᠠᠷ ᠤᠰᠤᠯᠠᠵᠤ 
 ᠪᠤᠳᠠᠭᠠᠨ ᠤ᠋ ᠦᠷ᠎ᠡ ᠪᠡᠷ ᠲᠡᠵᠢᠭᠡᠵᠦ 
 ᠪᠣᠭᠳᠣᠢᠲᠠᠯ᠎ᠠ ᠲᠠᠷᠭᠤᠯᠠᠭᠤᠯᠤᠭᠠᠳ 
 ᠪᠣᠢᠳᠠ ᠭᠠᠵᠠᠷ ᠨᠢᠭᠤᠵᠤ ᠪᠠᠢᠨ᠎ᠠ!》 ᠭᠡᠳ 
 ᠬᠠᠳᠠᠭᠠᠯᠠᠵᠤ ᠪᠠᠢᠭ᠎ᠠ ᠭᠠᠵᠠᠷ ᠢ᠋ᠶ᠋ᠠᠨ ᠬᠡᠯᠡᠵᠦ ᠥᠭᠭᠦᠭᠡᠳ 
 ᠬᠠᠷᠢᠯᠴᠠᠨ ᠰᠠᠯᠬᠤ ᠶᠣᠰᠣ ᠶ᠋ᠢ ᠬᠢᠵᠡᠢ᠃ 
    *   *   * 
 ᠠᠪᠠᠭᠠᠢ ᠶ᠋ᠢᠨ ᠵᠢᠭᠠᠭᠰᠠᠨ ᠵᠦᠭ ᠲᠦ᠍ ᠶᠠᠪᠤᠵᠤ 
 ᠠᠭᠯᠠᠭ ᠪᠣᠢᠳᠠ ᠭᠠᠵᠠᠷ ᠲᠤ᠌ ᠬᠦᠷᠴᠦ  
 ᠴᠢᠬᠡᠴᠢ ᠶ᠋ᠢᠨ ᠰᠢᠷᠭᠠᠯ ᠮᠣᠷᠢ ᠪᠠᠨ ᠣᠯᠵᠤ ᠤᠨᠤᠭᠠᠳ 
 ᠰᠢᠯᠢᠨ ᠭᠠᠯᠵᠠᠭᠤ ᠪᠠᠭᠠᠲᠤᠷ ᠴᠠᠰᠢ ᠶᠠᠪᠤᠲᠠᠯ᠎ᠠ 
 ᠪᠤᠯᠲᠠᠭᠠᠷ ᠬᠤᠸᠠ ᠶᠢᠨ ᠠᠷᠤ ᠳ᠋ᠤ᠌ 
 ᠪᠤᠷᠤᠭᠤ ᠬᠠᠵᠠᠭᠤ ᠭᠠᠵᠠᠷ ᠲᠤ᠌ 
 ᠣᠢ ᠰᠢᠭᠤᠢ ᠶ᠋ᠢᠨ ᠳᠣᠲᠣᠷ᠎ᠠ 
 ᠣᠩᠭᠣᠢᠭᠰᠠᠨ ᠨᠢᠭᠡ ᠠᠭᠤᠢ ᠪᠠᠢᠵᠠᠢ᠃ 
 ᠰᠢᠯᠢᠨ ᠭᠠᠯᠵᠠᠭᠤ ᠪᠠᠭᠠᠲᠤᠷ ᠤ᠋ᠨ 
 ᠮᠣᠷᠢᠨ ᠠ᠋ᠴᠠ ᠪᠠᠨ ᠪᠠᠭᠤᠭᠠᠳ ᠣᠷᠣᠬᠤ ᠳ᠋ᠤ᠌ 
 ᠪᠣᠯᠴᠤᠤ ᠴᠢᠯᠠᠭᠤᠨ ᠡᠷᠢᠭᠡ ᠶ᠋ᠢ 
 ᠪᠣᠰᠢᠭᠣ ᠪᠤᠰᠢᠭᠤ ᠰᠢᠪᠲᠤᠷᠠᠭᠰᠠᠨ 
 ᠪᠤᠬ᠎ᠠ ᠶ᠋ᠢᠨ ᠠᠷᠠᠰᠤᠨ ᠬᠡᠩᠭᠡᠷᠭᠡ ᠶ᠋ᠢ 
 ᠪᠤᠷᠤᠭᠤ ᠵᠥᠪ ᠦᠭᠡᠢ ᠪᠠᠯᠪᠠᠭᠰᠠᠨ 
 ᠪᠤᠭᠤᠷᠤᠯ ᠲᠣᠯᠣᠭᠠᠢᠲᠤ ᠯᠠᠮᠠ 
 ᠪᠣᠬᠢᠨᠢᠲᠠᠨ ᠨᠣᠮ ᠤᠩᠰᠢᠵᠤ ᠪᠠᠢᠵᠠᠢ᠃ 
 ᠰᠢᠯᠢᠨ ᠭᠠᠯᠵᠠᠭᠤ ᠪᠠᠭᠠᠲᠤᠷ 
 ᠲᠡᠷᠡ ᠯᠠᠮᠠ ᠠ᠋ᠴᠠ ᠠᠰᠠᠭᠤᠭᠰᠠᠨ ᠨᠢ : 
 《ᠶᠠᠭᠤᠨ ᠤ᠋ ᠯᠠᠮᠠ ᠪᠣᠢ ᠴᠢ 
 ᠶᠠᠭᠤ ᠬᠢᠵᠦ ᠪᠠᠢᠬᠤ ᠴᠢᠨᠢ ᠡᠨᠡ ᠪᠣᠢ? 》 ᠭᠡᠬᠦ ᠳ᠋ᠦ᠍ 
 《ᠰᠠᠯᠬᠢᠨ ᠬᠣᠣᠷ᠎ᠠ ᠮᠠᠩᠭᠤᠰ ᠬᠠᠨ ᠤ᠋ 
 ᠰᠢᠷᠡᠭᠡᠨ ᠦ᠌ ᠯᠠᠮᠠ ᠪᠢ ᠮᠥᠨ᠃ 
 ᠰᠢᠯᠢᠨ ᠭᠠᠯᠵᠠᠭᠤ ᠶ᠋ᠢ ᠵᠥᠭᠡᠵᠦ 
 ᠰᠢᠳᠢᠲᠦ ᠲᠠᠷᠨᠢ ᠤᠩᠰᠢᠵᠤ ᠪᠠᠢᠨ᠎ᠠ! 》 ᠭᠡᠬᠦ ᠳ᠋ᠦ᠍ᠨᠢ 
 ᠠᠭᠤᠷ ᠬᠦᠷᠴᠦ ᠮᠠᠩᠭᠤᠰ ᠤ᠋ᠨ ᠯᠠᠮᠠ ᠶ᠋ᠢ 
 ᠤᠯᠠ ᠳ᠋ᠤᠨᠢ ᠲᠤᠯᠲᠠᠯ᠎ᠠ ᠴᠠᠪᠴᠢᠭᠠᠳ 
 ᠳᠠᠬᠢᠭᠠᠳ ᠴᠠᠰᠢ ᠶᠠᠪᠤᠵᠤ ᠪᠠᠢᠲᠠᠯ᠎ᠠ 
 ᠪᠠᠰᠠ ᠨᠢᠭᠡ ᠠᠭᠤᠢ ᠳᠠᠭᠠᠷᠢᠯᠳᠤᠵᠤ᠂ 
 ᠰᠢᠯᠢᠨ ᠭᠠᠯᠵᠠᠭᠤ ᠪᠠᠭᠠᠲᠤᠷ ᠤ᠋ᠨ 
 ᠮᠣᠷᠢᠨ ᠠ᠋ᠴᠠ ᠪᠠᠨ ᠪᠠᠭᠤᠭᠠᠳ ᠣᠷᠣᠬᠤ ᠳ᠋ᠤ᠌ 
 ᠡᠭᠦᠳᠡᠨ ᠳᠥᠷᠪᠡᠨ ᠰᠣᠶᠣᠭ᠎ᠠ ᠨᠢ 
 ᠡᠷᠡᠦ ᠬᠠᠮᠠᠷ ᠲᠠᠭᠠᠨ ᠲᠤᠯᠤᠭᠰᠠᠨ 
 ᠡᠷᠡᠦ ᠨᠡᠢᠭᠡᠨ ᠶᠠᠰᠤ ᠨᠢ 
 ᠡᠷᠳᠡᠢᠵᠦ ᠮᠤᠰᠬᠢᠷᠠᠨ ᠤᠷᠭᠤᠭᠰᠠᠨ 
 ᠡᠮᠡᠭᠡᠨ ᠡᠪᠦᠭᠡᠨ ᠬᠣᠶᠠᠷ ᠮᠠᠩᠭᠤᠰ 
 ᠡᠮᠡᠭᠡᠨ ᠨᠢ ᠡᠪᠦᠭᠡᠨ ᠢ᠋ᠶ᠋ᠡᠨ ᠳᠠᠭᠤᠳᠠᠵᠤ᠄
 《ᠡᠪᠦᠭᠡᠨ ᠡᠪᠦᠭᠡᠨ ᠪᠤᠰᠢᠭᠤᠯᠠᠭᠠᠴᠢ》 
 ᠥᠰᠢᠶᠡᠲᠡᠨ ᠳᠠᠢᠰᠤᠨ ᠬᠦᠷᠦᠭᠡᠳ ᠢᠷᠡᠵᠡᠢ 
 ᠡᠷᠡᠦ ᠪᠡᠷ ᠢ᠋ᠶ᠋ᠡᠨ ᠳᠠᠷᠤᠭᠠᠳ 
 ᠡᠷᠲᠡᠩ ᠡᠷᠲᠡᠩ ᠬᠢᠶ᠎ᠠ! 
 ᠡᠭᠦᠳᠡᠨ ᠰᠣᠶᠣᠭ᠎ᠠ ᠪᠠᠷ ᠤ᠋ᠨ ᠨᠤᠬᠤᠵᠤ 
 ᠡᠭᠡᠰ ᠡᠭᠡᠰ ᠬᠢᠶ᠎ᠡ!》 ᠭᠡᠵᠡᠢ᠃ 
 ᠡᠷᠳᠡᠩ ᠡᠷᠳᠡᠩ ᠭᠡᠲᠡᠯ᠎ᠡ 
 ᠡᠷᠡᠦ ᠶ᠋ᠢ ᠨᠢ ᠬᠤᠭᠤ ᠢᠰᠬᠦᠯᠵᠦ 
 ᠡᠭᠡᠰ ᠡᠭᠡᠰ ᠬᠢᠬᠦ ᠭᠡᠲᠡᠯ᠎ᠡ ᠨᠢ 
 ᠰᠣᠶᠣᠭ᠎ᠠ ᠶ᠋ᠢ ᠨᠢ ᠪᠣᠯᠭᠣ ᠢᠰᠬᠦᠯᠵᠦ 
 ᠰᠠᠯᠬᠢᠨ ᠬᠣᠣᠷ᠎ᠠ ᠮᠠᠩᠭᠤᠰ ᠤ᠋ᠨ 
 ᠡᠴᠢᠭᠡ ᠡᠬᠡ ᠶ᠋ᠢ ᠨᠢ ᠠᠯᠠᠴᠢᠬᠠᠭᠠᠳ 
 ᠴᠠᠰᠢ ᠪᠠᠭᠠᠲᠤᠷ ᠶᠠᠪᠤᠵᠠᠢ᠃ 
 ᠪᠠᠭᠠᠲᠤᠷ ᠨᠢ ᠴᠠᠰᠢ ᠶᠠᠪᠤᠵᠤ ᠪᠠᠢᠲᠠᠯ᠎ᠠ 
 ᠪᠠᠰᠠ ᠨᠢᠭᠡ ᠠᠭᠤᠢ ᠪᠠᠢᠵᠠᠢ᠃ 
 ᠡᠷᠭᠢᠨ ᠲᠣᠭᠣᠷᠢᠨ ᠬᠠᠷᠠᠬᠤ ᠳ᠋ᠤ᠌ 
 ᠡᠭᠦᠳᠡ ᠬᠠᠭᠠᠯᠭ᠎ᠠ ᠨᠢ ᠲᠦᠭᠵᠢᠶᠡᠰᠦ ᠲᠡᠢ 
 ᠡᠭᠦᠳᠡ ᠶ᠋ᠢ ᠨᠢ ᠬᠠᠭ᠎ᠠ ᠢᠰᠬᠦᠯᠦᠭᠡᠳ  
 ᠦᠮᠡᠬᠡᠢ ᠠᠭᠤᠢ ᠳ᠋ᠤ᠌ ᠣᠷᠣᠬᠤ ᠳ᠋ᠤ᠌ 
 ᠭᠡᠷ ᠦ᠋ᠨ ᠴᠢᠨᠡᠭᠡ ᠭᠡᠳᠡᠰᠦ ᠲᠡᠢ 
 ᠭᠡᠳᠡᠭᠡᠷ ᠰᠢᠷ᠎ᠠ ᠮᠠᠩᠭᠤᠰ ᠪᠠᠢᠵᠠᠢ᠃ 
 ᠭᠡᠳᠡᠰᠦ ᠶ᠋ᠢ ᠨᠢ ᠬᠠᠭ᠎ᠠ ᠴᠢᠴᠢᠬᠦ ᠳ᠋ᠦ᠍ 
 ᠬᠦᠷᠡᠯ ᠬᠦᠦ ᠭᠠᠷᠤᠭᠠᠳ ᠨᠣᠴᠣᠯᠳᠤᠵᠠᠢ 
 ᠢᠰᠬᠦᠯᠦᠨ ᠢᠰᠬᠦᠯᠦᠨ ᠲᠠᠲᠠᠭᠠᠳ 
 ᠥᠰᠢᠶᠡᠲᠡᠨ ᠦ᠌ ᠬᠦᠦ ᠳᠠᠷᠤᠭᠠᠳ ᠤᠨᠠᠵᠠᠢ 
 ᠥᠨᠳᠡᠢᠵᠦ ᠬᠥᠷᠪᠡᠨ ᠪᠣᠰᠤᠭᠠᠳ 
 ᠰᠢᠯᠢᠨ ᠭᠠᠯᠵᠠᠭᠤ ᠳᠡᠭᠡᠷ᠎ᠡ ᠨᠢ ᠭᠠᠷᠴᠠᠢ᠃ 
 ᠮᠢᠬ᠎ᠠ ᠶᠠᠰᠤ ᠶ᠋ᠢ ᠬᠠᠵᠠᠭᠠᠳ 
 ᠮᠠᠩᠭᠤᠰ ᠤ᠋ᠨ ᠬᠦᠦ ᠬᠥᠷᠪᠡᠲᠡᠯ᠎ᠡ 
 ᠮᠠᠭᠰᠢᠵᠤ ᠪᠠᠭᠠᠲᠤᠷ ᠪᠣᠰᠤᠭᠠᠳ 
 ᠬᠣᠶᠠᠭᠤᠯᠠ ᠪᠠᠨ ᠵᠢᠭᠤᠷᠠᠨ ᠨᠣᠴᠣᠯᠳᠤᠵᠠᠢ᠃ 
 ᠥᠷᠯᠥᠭᠡ ᠨᠠᠷᠠᠨ ᠢ᠋ᠶ᠋ᠠᠷ ᠠᠭᠤᠯᠵᠠᠭᠠᠳ 
 ᠦᠳᠡᠰᠢ ᠪᠣᠯᠬᠤ ᠣᠢᠷᠠᠲᠤᠬᠤ ᠳ᠋ᠤ᠌ 
 ᠪᠠᠭᠠᠲᠤᠷ ᠤ᠋ᠨ ᠬᠦᠴᠦ ᠰᠤᠯᠠᠷᠠᠵᠤ 
 ᠪᠢᠴᠢᠬᠠᠨ ᠮᠠᠩᠭᠤᠰ ᠴᠢᠩᠭᠠᠷᠠᠵᠤ ᠪᠠᠢᠲᠠᠯ᠎ᠠ 
 ᠲᠩᠷᠢ ᠶ᠋ᠢᠨ ᠤᠳᠬᠤᠨ ᠳᠠᠭᠢᠨᠢ ᠶ᠋ᠢᠨ ᠬᠦᠦ 
 ᠠᠶᠤᠩᠭ᠎ᠠ ᠶ᠋ᠢᠨ ᠰᠤᠮᠤ ᠪᠠᠭᠤᠯᠭᠠᠵᠤ 
 ᠠᠶᠤᠯᠲᠤ ᠮᠠᠩᠭᠤᠰ ᠤ᠋ᠨ ᠬᠦᠦ ᠶ᠋ᠢ ᠨᠢᠷᠭᠡᠭᠦᠯᠦᠭᠡᠳ 
 ᠠᠴᠢᠲᠤ ᠪᠠᠭᠠᠲᠤᠷ ᠲᠠᠭᠠᠨ ᠲᠤᠰᠠᠯᠠᠵᠠᠢ᠃ 
    *   *   *   
 ᠰᠢᠪᠰᠢᠭᠲᠦ ᠮᠠᠩᠭᠤᠰ ᠤ᠋ᠨ ᠦᠨᠳᠦᠰᠦ ᠶ᠋ᠢ ᠲᠠᠰᠤᠯᠤᠭᠠᠳ 
 ᠰᠢᠯᠢᠨ ᠭᠠᠯᠵᠠᠭᠤ ᠪᠠᠭᠠᠲᠤᠷ ᠶᠠᠪᠤᠭᠰᠠᠭᠠᠷ 
 ᠳᠣᠯᠣᠭᠠᠨ ᠶᠣᠳᠠᠷ ᠤ᠋ᠨ ᠲᠡᠨᠳᠡ ᠬᠦᠷᠴᠦ 
 ᠵᠣᠭᠰᠣᠭ᠎ᠠ ᠪᠠᠷ ᠢ᠋ᠶ᠋ᠠᠨ 
 ᠦᠷᠭᠡᠯᠡᠨ ᠵᠡᠭᠦᠳᠦᠯᠡᠭᠰᠡᠨ ᠨᠢ᠄ 
 《ᠳᠣᠯᠣᠭᠠᠨ ᠨᠠᠰᠤᠲᠠᠢ ᠪᠣᠳᠢ ᠭᠠᠯᠪᠠ 
 ᠭᠤᠷᠪᠠᠨ ᠨᠠᠰᠤᠲᠠᠢ ᠪᠤᠷᠮ᠎ᠠ ᠶᠠᠩᠰᠠᠨ ᠪᠣᠯᠤᠨ 
 ᠥᠨᠥᠴᠢᠨ ᠬᠣᠶᠠᠷ ᠳᠡᠭᠦᠦ ᠶ᠋ᠢ ᠴᠢᠨᠢ 
 ᠥᠰᠢᠶᠡᠲᠦ ᠮᠡᠠᠩᠭᠤᠰ ᠪᠠᠷᠢᠵᠤ ᠢᠷᠡᠭᠡᠳ 
 ᠠᠯᠠᠵᠤ ᠣᠭᠲᠣᠯᠬᠤ ᠭᠡᠬᠦ 
 ᠬᠢᠲᠤᠭ᠎ᠠ ᠪᠣᠣᠳᠤᠤ ᠳᠠᠭᠠᠭᠠᠬᠤ ᠦᠭᠡᠢ 
 ᠵᠣᠳᠣᠵᠤ ᠴᠣᠬᠢᠬᠤ ᠳ᠋ᠤ᠌ 
 ᠮᠢᠬ᠎ᠠ ᠨᠢ ᠡᠪᠡᠳᠬᠦ ᠦᠭᠡᠢ ᠪᠣᠯᠠᠡᠣᠷ 
 ᠳᠣᠯᠣᠭᠠᠨ ᠶᠣᠳᠠᠷ ᠤ᠋ᠨ ᠳᠣᠣᠷ᠎ᠠ  
 ᠬᠣᠷᠢᠭᠳᠠᠭᠰᠠᠨ ᠣᠯᠠᠨ ᠤ᠋ ᠳᠤᠮᠳᠠ 
 ᠬᠣᠶᠠᠷ ᠳᠡᠭᠦᠦ ᠶ᠋ᠢ ᠴᠢᠨᠢ ᠬᠦᠯᠢᠵᠦ ᠲᠠᠯᠪᠢᠭᠠᠳ 
 ᠬᠣᠢᠨ᠎ᠠ ᠤᠷᠢᠳᠠ ᠠ᠋ᠴᠠ ᠨᠢ ᠰᠢᠷᠠᠵᠤ ᠪᠠᠢᠨ᠎ᠠ! 》 
 ᠰᠣᠴᠢᠨ ᠰᠡᠷᠢᠭᠡᠳ ᠪᠠᠭᠠᠲᠤᠷ 
 ᠬᠡᠷᠡᠭᠦᠯ ᠴᠦ᠍ ᠮᠠᠭᠤᠬᠠᠢ ᠬᠦᠷᠴᠦ 
 ᠬᠡᠨᠲᠡᠭ ② ᠴᠦ᠍ ᠮᠠᠭᠤᠬᠠᠢ ᠬᠥᠳᠡᠯᠵᠦ 
 ᠠᠠᠭᠤᠷ ᠴᠤ᠌ ᠶᠡᠬᠡᠪᠡᠷ ᠬᠦᠷᠴᠦ 
 ᠠᠭᠤᠰᠬᠢ ᠴᠦ᠍ ᠶᠡᠬᠡ ᠪᠡᠷ ᠰᠠᠭᠭᠠᠵᠤ 
 ᠳᠣᠯᠣᠭᠠᠨ ᠶᠣᠳᠠᠷ ᠤ᠋ᠨ ᠣᠷᠣᠢ ᠶ᠋ᠢ 
 ᠳᠤᠭᠵᠢᠷᠠᠲᠠᠯ᠎ᠠ ᠬᠣᠪᠬᠤ ᠢᠰᠬᠦᠯᠵᠡᠢ᠃ 
 ᠳᠣᠯᠣᠭᠠᠨ ᠶᠣᠳᠠᠷ ᠤ᠋ᠨ ᠳᠣᠣᠷ᠎ᠠ 
 ᠲᠠᠷᠤᠭᠲᠠ᠊ᠵᠣ ᠬᠣᠷᠢᠭᠳᠠᠵᠤ ᠪᠠᠢᠭᠰᠠᠨ 
 ᠠᠵᠢᠷᠭ᠎ᠠ ᠪᠠᠷ ᠠᠳᠤᠭᠤ ᠲᠠᠢ 
 ᠠᠢᠯ ᠢ᠋ᠶ᠋ᠠᠷ ᠤᠯᠤᠰ ᠭᠠᠷᠴᠤ 
 ᠠᠷᠪᠠᠨ ᠵᠦᠭ ᠲᠡᠭᠡᠨ ᠴᠤᠪᠤᠵᠤ 
 ᠠᠮᠨ ᠠᠮᠠᠨ ᠳ᠋ᠠᠭᠠᠨ ᠢᠷᠥᠭᠡᠬᠦ ᠨᠢ : 
 《ᠶᠠᠮᠠᠷ ᠠᠴᠢᠲᠤ ᠪᠠᠭᠠᠲᠤᠷ ᠢᠷᠡᠭᠡᠳ 
 ᠶᠠᠳᠠᠷᠠᠭᠰᠠᠨ ᠪᠢᠳᠡᠨ ᠢ᠋ ᠠᠪᠤᠷᠠᠪᠠ ᠳᠠ 
 ᠰᠠᠨᠠᠭᠰᠠᠨ ᠬᠡᠷᠡᠭ ᠨᠢ ᠰᠡᠤᠡᠬᠢᠴᠢᠯᠡᠨ ᠪᠣᠳᠣᠵᠤ 
 ᠰᠠᠢᠨ ᠰᠠᠢᠬᠠᠨ ᠵᠢᠷᠭᠠᠬᠤ ᠪᠣᠯᠲᠤᠭᠠᠢ !》 ᠭᠡᠵᠡᠢ᠃ 
 ᠬᠤᠷᠢᠬᠳᠠᠠᠭᠰᠠᠨ ᠤᠯᠤᠰ ᠭᠠᠷᠬᠤ ᠳ᠋ᠠᠭᠠᠨ 
 ᠬᠣᠶᠠᠷ ᠳᠡᠭᠦᠦ ᠶ᠋ᠢᠨ ᠬᠢᠨᠢ ᠬᠦᠯᠢᠶᠡᠰᠦ ᠶ᠋ᠢ ᠳᠡᠢᠯᠵᠡᠢ᠃ 
 ᠰᠢᠯᠢᠨ ᠭᠠᠯᠵᠠᠭᠤ ᠪᠠᠭᠠᠲᠤᠷ 
 ᠴᠢᠬᠡᠵᠢ ᠶ᠋ᠢᠨ ᠰᠢᠷᠭᠠᠯ ᠮᠣᠷᠢ ᠪᠠᠨ ᠤᠨᠤᠵᠤ 
 ᠡᠨᠡᠭᠦᠷ ᠲᠡᠷᠡᠭᠦᠷ ᠶᠠᠪᠤᠵᠤ 
 ᠡᠨᠡ ᠲᠡᠷᠡ ᠬᠥᠮᠦᠨ ᠡᠴᠡ ᠠᠠᠰᠠᠭᠤᠵᠦ 
 ᠬᠣᠢᠭᠤᠷ ᠤᠷᠳᠤᠭᠤᠷ ᠶᠠᠪᠤᠵᠤ 
 ᠬᠣᠷᠢᠭᠳᠠᠭᠰᠠᠨ ᠣᠯᠠᠨ ᠠ᠋ᠴᠠ ᠰᠤᠷᠠᠭᠯᠠᠵᠤ 
 ᠥᠨᠥᠴᠢᠨ ᠬᠣᠶᠠᠷ ᠳᠡᠭᠦᠦ ᠪᠡᠨ ᠣᠯᠵᠤ 
 ᠡᠮᠦᠨ᠎ᠡ ᠬᠣᠢᠨ᠎ᠠ ᠪᠠᠨ ᠤᠨᠤᠭᠤᠯᠤᠭᠠᠳ 
 ᠥᠰᠴᠦ ᠲᠥᠷᠥᠭᠰᠡᠨ ᠨᠤᠲᠤᠭ ᠲᠠᠭᠠᠨ ᠬᠦᠷᠴᠦ 
 ᠥᠨᠢ ᠮᠥᠩᠬᠡ ᠰᠠᠢᠬᠠᠨ ᠵᠢᠷᠭᠠᠵᠠᠢ᠃ 


— — — —
② ᠬᠡᠨᠲᠡᠭ — ᠠᠠᠭᠤᠷ᠂ ᠬᠢᠯᠢᠩ᠂ ᠬᠣᠷᠣᠰᠤᠯ  

           ᠦᠰᠦᠭ ᠠᠮᠢᠯᠠᠭᠤᠯᠤᠭᠴᠢ᠄  ᠬᠥᠬᠡ ᠮᠣᠩᠭᠣᠯ
              ᠬᠢᠨᠠᠭᠴᠢ ᠪᠠᠭᠰᠢ᠄ ᠭᠠᠷᠮ᠎ᠠ