ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠬᠠᠭ ᠤ᠋ᠨ ᠨᠣᠶᠠᠨ ᠢ᠋ ᠬᠠᠷᠠᠯᠠᠲᠠᠯ᠎ᠠ ᠬᠠᠭᠤᠷᠪᠠ Гураван настай гунаган улаан баатар - Хагийн ноёныг харлатал хуурав
ᠬᠠᠭ ᠤ᠋ᠨ ᠨᠣᠶᠠᠨ ᠢ᠋ ᠬᠠᠷᠠᠯᠠᠲᠠᠯ᠎ᠠ ᠬᠠᠭᠤᠷᠪᠠ
ᠬᠠᠢᠷᠮᠠᠢ ᠶ᠋ᠢ ᠨᠢᠭᠡ ᠡᠳᠦᠷ ᠲᠡᠭᠦᠨ ᠦ᠌ ᠲᠤᠰ ᠵᠠᠬᠢᠷᠬᠤ ᠲᠠᠢᠵᠢ ᠨᠣᠶᠠᠨ ᠨᠢ᠄《ᠲᠦᠷᠭᠡᠨ ᠢᠷ᠎ᠡ!》 ᠭᠡᠵᠦ ᠳᠠᠭᠤᠳᠠᠯᠭ᠎ᠠ ᠶᠠᠪᠤᠭᠤᠯᠵᠠᠢ᠃ ᠭᠡᠪᠡᠴᠦ ᠬᠠᠢᠷᠮᠠᠢ ᠳᠠᠷᠤᠢ ᠣᠴᠢᠭᠰᠠᠨ ᠦᠭᠡᠢ᠂ ᠨᠡᠯᠢᠶᠡᠳ ᠬᠡᠳᠦᠨ ᠡᠳᠦᠷ ᠪᠣᠯᠤᠭᠠᠳ᠂ ᠨᠢᠭᠡᠨ ᠭᠠᠯᠠᠭᠤ ᠠᠯᠠᠵᠤ ᠠᠷᠠᠰᠤ ᠶ᠋ᠢ ᠨᠢ ᠥᠪᠴᠢᠵᠦ ᠠᠪᠤᠭᠠᠳ ᠨᠣᠶᠠᠨ ᠳ᠋ᠠᠭᠠᠨ ᠣᠴᠢᠵᠠᠢ᠃
ᠨᠣᠶᠠᠨ ᠳ᠋ᠠᠭᠠᠨ ᠣᠴᠢᠵᠤ ᠲᠡᠷᠡ ᠭᠠᠯᠠᠭᠤᠨ ᠤ᠋ ᠠᠷᠠᠰᠤ ᠪᠠᠨ ᠪᠡᠯᠡᠭ ᠪᠣᠯᠭᠠᠨ ᠪᠠᠷᠢᠵᠠᠢ᠃ ᠢᠩᠭᠢᠭᠰᠡᠨ ᠴᠢᠨᠢ ᠨᠣᠶᠠᠨ ᠨᠢ ᠶᠡᠬᠡᠯ᠎ᠡ ᠠᠭᠤᠷᠯᠠᠵᠤ᠄《ᠬᠠᠢᠷᠮᠠᠢ ᠴᠢ᠂ ᠶᠠᠭᠤᠨ ᠳ᠋ᠤ᠌ ᠳᠠᠭᠤᠳᠠᠭᠰᠠᠨ ᠢ᠋ ᠵᠥᠷᠢᠴᠡᠵᠦ᠂ ᠳᠠᠷᠤᠢ ᠲᠦᠷᠭᠡᠨ ᠢᠷᠡᠭᠰᠡᠨ ᠦᠭᠡᠢ᠂ ᠢᠩᠭᠢᠵᠦ ᠤᠳᠠᠭᠰᠠᠨ ᠪᠣᠢ? ᠪᠢ ᠴᠢᠮ᠎ᠠ ᠠ᠋ᠴᠠ ᠶᠠᠮᠠᠷ ᠭᠠᠯᠠᠭᠤ ᠭᠤᠶᠤᠭᠰᠠᠨ ᠤᠤ? ᠡᠭᠦᠨ ᠢ᠋ ᠪᠡᠨ ᠠᠪᠠᠴᠢᠭᠲᠤᠨ! ᠴᠢᠮᠠᠶ᠋ᠢ ᠴᠢᠩᠭ᠎ᠠ ᠰᠢᠢᠳᠬᠡᠬᠦ ᠦᠭᠡᠢ ᠪᠣᠯ ᠪᠣᠯᠬᠤ ᠦᠭᠡᠢ ᠶᠦᠮ》 ᠭᠡᠵᠦ ᠬᠡᠯᠡᠭᠡᠳ᠂ ᠳᠣᠣᠷᠠᠬᠢ ᠬᠥᠮᠦᠨ ᠢ᠋ᠶ᠋ᠡᠨ ᠳᠠᠭᠤᠳᠠᠨ ᠲᠠᠰᠢᠭᠤᠷ ᠮᠣᠳᠣ ᠠᠪᠴᠢᠷᠠᠭᠤᠯᠤᠨ ᠵᠠᠨᠴᠢ! ᠭᠡᠰᠡᠨ ᠳ᠋ᠦ᠍᠂
ᠬᠠᠢᠷᠮᠠᠷ ᠨᠣᠮᠣᠬᠠᠨ ᠰᠢᠳᠤᠷᠭᠤ ᠪᠠᠷ ᠳᠣᠷᠣᠭᠰᠢ ᠰᠥᠬᠥᠷᠡᠨ ᠰᠠᠭᠤᠵᠤ᠂ ᠲᠣᠯᠣᠭᠠᠢ ᠳᠠᠷᠤᠨ ᠠᠯᠭᠤᠷᠬᠠᠨ ᠢ᠋ᠶ᠋ᠠᠷ ᠬᠠᠷᠢᠭᠤ ᠮᠡᠳᠡᠭᠦᠯᠦᠭᠰᠡᠨ ᠨᠢ᠄《ᠪᠢ ᠨᠣᠶᠠᠨ ᠤ᠋ ᠳᠠᠭᠤᠳᠠᠯᠭ᠎ᠠ ᠶ᠋ᠢ ᠬᠦᠯᠢᠶᠡᠮᠡᠭᠴᠡ᠂ ᠮᠠᠰᠢ ᠰᠠᠨᠳᠤᠷᠤᠨ᠂ ᠬᠠᠪᠤᠷ ᠤ᠋ᠨ ᠬᠠᠬᠢᠷ ᠴᠠᠭ ᠲᠤ᠌ ᠬᠠᠳᠤᠭᠰᠠᠨ ᠡᠪᠡᠰᠦ ᠦᠭᠡᠢ ᠪᠣᠯᠤᠭᠰᠠᠨ ᠳ᠋ᠠᠭᠠᠨ᠂ ᠬᠠᠱᠠᠩ ᠬᠠᠷᠠᠭᠴᠢ ᠭᠡᠭᠦᠦ ᠪᠡᠨ᠂ ᠬᠠᠭᠳᠠᠨ ᠳ᠋ᠤ᠌ ᠲᠠᠯᠪᠢᠵᠤ ᠪᠠᠬᠠᠨ ᠴᠠᠳᠬᠠᠭᠠᠳ᠂ ᠬᠠᠷᠠᠩᠭᠤᠢ ᠰᠥᠨᠢ ᠳ᠋ᠡᠭᠡᠨ ᠬᠠᠪᠢᠷᠤᠭᠠᠳ ᠢᠷᠡᠶ᠎ᠡ ᠭᠡᠰᠡᠨ ᠪᠢᠯᠡ᠃ ᠢᠩᠭᠢᠭᠡᠳ ᠬᠠᠷᠠᠭᠴᠢ ᠭᠡᠭᠦᠦ ᠳ᠋ᠡᠭᠡᠨ ᠬᠦᠷᠦᠭᠡᠳ ᠣᠴᠢᠭᠰᠠᠨ ᠴᠢᠨᠢ ᠪᠠᠷᠤᠭ ᠪᠦᠷᠦᠢ ᠶ᠋ᠢᠨ ᠬᠢᠷᠢ ᠪᠣᠯᠵᠤ ᠪᠠᠢᠪᠠ᠃ ᠬᠠᠱᠠᠩ ᠭᠡᠭᠦᠦ ᠰᠡᠭᠦᠯ ᠢ᠋ᠶ᠋ᠡᠨ ᠰᠢᠷᠪᠠᠵᠤ ᠬᠣᠯᠠ ᠠ᠋ᠴᠠ ᠵᠠᠢᠯᠠᠨ ᠳᠤᠲᠠᠭᠠᠭᠠᠳ ᠶᠠᠭᠠᠬᠢᠵᠤ ᠬᠥᠭᠡᠭᠡᠭᠰᠡᠨ ᠴᠦ᠍ ᠭᠦᠢᠴᠡᠭᠳᠡᠬᠦ ᠦᠭᠡᠢ᠂ ᠵᠠᠷᠢᠮ ᠳ᠋ᠠᠭᠠᠨ ᠲᠣᠢᠯᠠᠵᠤ ᠦᠰᠦᠷᠦᠨ ᠶᠠᠪᠤᠬᠤ ᠶ᠋ᠢ ᠦᠵᠡᠭᠡᠳ ᠪᠢ ᠭᠠᠢᠬᠠᠨ᠂ ᠬᠣᠢᠨ᠎ᠠ ᠠ᠋ᠴᠠ ᠨᠢ ᠬᠠᠰᠬᠢᠷᠤᠨ ᠳᠠᠭᠤᠳᠠᠵᠤ ᠨᠡᠬᠡᠭᠰᠡᠭᠡᠷ ᠰᠠᠷᠠᠭᠤᠯ ᠰᠥᠨᠢ ᠶ᠋ᠢᠨ ᠪᠠᠷ᠎ᠠ ᠯᠡᠳᠡᠪ ᠯᠡᠳᠡᠪ ᠦᠵᠡᠭᠳᠡᠵᠦ ᠪᠠᠢᠭᠰᠠᠨ ᠨᠢ ᠭᠡᠨᠡᠳᠲᠡ ᠨᠢᠭᠡᠨ ᠴᠠᠭᠠᠨ ᠲᠣᠭᠣᠰᠣ ᠪᠤᠲᠠᠷᠠᠵᠤ ᠬᠣᠶᠠᠷ ᠬᠡᠷᠢᠶ᠎ᠡ᠂ ᠮᠢᠨᠦ ᠲᠣᠯᠣᠭᠠᠢ ᠳᠡᠭᠡᠭᠦᠷ ᠶᠠᠭ ᠱᠤᠤᠭᠢᠨ ᠨᠢᠰᠴᠦ ᠥᠩᠭᠡᠷᠡᠭᠡᠳ᠂ ᠭᠡᠭᠦᠦ ᠶ᠋ᠢᠨ ᠮᠢᠨᠢ ᠪᠠᠷ᠎ᠠ ᠦᠵᠡᠭᠳᠡᠬᠦ ᠦᠭᠡᠢ ᠪᠣᠯᠪᠠ᠃ ᠡᠭᠦᠨ ᠳ᠋ᠦ᠍ ᠪᠢ ᠠᠷᠭ᠎ᠠ ᠠᠯᠳᠠᠵᠤ ᠠᠮᠢᠰᠬᠤᠭ᠎ᠠ ᠠᠪᠴᠤ ᠪᠠᠬᠠᠨ ᠠᠯᠭᠤᠷ ᠠᠯᠬᠤᠭᠰᠠᠭᠠᠷ ᠲᠣᠭᠣᠰᠣ ᠭᠠᠷᠤᠭᠰᠠᠨ ᠭᠠᠵᠠᠷ ᠮᠥᠨ ᠡᠨᠡᠦᠬᠡᠨ ᠳᠣᠣᠷ᠎ᠠ ᠪᠢᠯᠡ ᠭᠡᠵᠦ ᠪᠣᠳᠣᠵᠤ ᠬᠡᠳᠦᠨ ᠠᠯᠲᠠ ᠭᠠᠵᠠᠷ ᠢ᠋ ᠬᠠᠷᠠᠵᠤ ᠶᠠᠪᠤᠲᠠᠯ᠎ᠠ᠂ ᠭᠡᠨᠡᠳᠲᠡ ᠥᠷᠥᠭᠡᠰᠦᠨ ᠬᠥᠯ ᠮᠢᠨᠢ ᠨᠦᠬᠡᠨ ᠳ᠋ᠦ᠍ ᠭᠢᠰᠬᠢᠵᠦ ᠣᠷᠣᠭᠠᠳ ᠬᠡᠷᠬᠢᠪᠡᠴᠦ ᠠᠪᠴᠤ ᠪᠣᠯᠬᠤ ᠦᠭᠡᠢ ᠪᠣᠯᠪᠠ᠃ ᠢᠩᠭᠢᠭᠡᠳ ᠳᠣᠷᠣᠭᠰᠢ ᠰᠢᠪᠲᠤᠷᠠᠨ ᠣᠷᠣᠵᠤ᠂ ᠬᠥᠯ ᠢ᠋ᠶ᠋ᠡᠷ ᠢ᠋ᠶ᠋ᠡᠨ ᠭᠡᠭᠦᠦ ᠶ᠋ᠢᠨ ᠢ᠋ᠶ᠋ᠡᠨ ᠨᠢᠷᠤᠭᠤ ᠳ᠋ᠤ᠌ ᠭᠢᠰᠬᠢᠵᠦ ᠦᠵᠡᠭᠰᠡᠨ ᠴᠢᠨᠢ ᠭᠡᠭᠦᠦ ᠮᠢᠨᠢ ᠶᠠᠭ ᠬᠦᠵᠦᠭᠦᠦ ᠴᠢᠨᠡᠭᠡᠨ ᠣᠷᠣᠭᠠᠳ ᠵᠣᠭᠰᠣᠵᠠᠢ᠃ ᠶᠡᠬᠡᠯ᠎ᠡ ᠰᠠᠨᠳᠤᠷᠴᠤ ᠡᠨᠡ ᠶᠠᠮᠠᠷ ᠨᠦᠬᠡ ᠪᠣᠯᠪᠠ᠃ ᠬᠠᠭᠤᠴᠢᠨ ᠪᠤᠯᠠᠰᠢ ᠪᠣᠯᠪᠠ ᠤᠤ? ᠭᠡᠳ ᠶᠠᠭᠤ ᠴᠤ᠌ ᠪᠣᠯᠪᠠ ᠴᠢᠳᠠᠯ ᠤ᠋ᠨ ᠴᠢᠨᠡᠭᠡ ᠪᠡᠷ ᠭᠠᠷᠬᠤ ᠶ᠋ᠢ ᠤᠷᠤᠯᠳᠤᠵᠤ ᠦᠵᠡᠯ᠎ᠡ》 ᠢᠩᠭᠢᠵᠦ ᠶᠠᠷᠢᠵᠤ ᠪᠠᠢᠲᠠᠯ᠎ᠠ᠂
ᠨᠣᠶᠠᠨ ᠨᠢ ᠠᠭᠤᠷᠯᠠᠵᠤ᠄《ᠵᠠ᠂ ᠪᠠᠢᠵᠠ ᠬᠠᠢᠷᠮᠠᠢ! ᠴᠢ ᠨᠠᠮᠠᠶ᠋ᠢ ᠬᠠᠷᠢᠨ ᠮᠡᠬᠡᠯᠡᠬᠦ ᠶ᠋ᠢᠨ ᠳᠡᠭᠡᠷ᠎ᠡ ᠮᠡᠬᠡᠯᠡᠨᠡ ᠤᠤ?》 ᠭᠡᠰᠡᠨ ᠳ᠋ᠦ᠍ ᠬᠠᠢᠷᠮᠠᠢ᠄《ᠦᠭᠡᠢ! ᠨᠣᠶᠠᠨ᠂ ᠦᠨᠡᠨ ᠢ᠋ᠶ᠋ᠡᠨ ᠮᠡᠳᠡᠭᠦᠯᠵᠦ ᠪᠠᠷᠠᠭᠠᠳᠤᠢ ᠪᠠᠢᠨ᠎ᠠ᠃ ᠶᠠᠭᠤ ᠭᠡᠵᠦ ᠬᠤᠳᠠᠯ ᠬᠡᠯᠡᠬᠦ ᠪᠣᠢ! ᠨᠣᠶᠠᠨ ᠮᠢᠨᠢ! ᠪᠢ ᠵᠠᠯᠭᠠᠨ ᠮᠡᠳᠡᠭᠦᠯᠦᠶ᠎ᠡ ᠶᠠᠪᠤᠳᠠᠯ ᠠᠷᠪᠢᠨ᠃ ᠣᠯᠵᠠ ᠴᠤ᠌ ᠪᠠᠰᠠ ᠪᠠᠭ᠎ᠠ ᠦᠭᠡᠢ!》 ᠭᠡᠰᠡᠨ ᠳ᠋ᠦ᠍᠂ ᠨᠣᠶᠠᠨ ᠠ᠋ᠴᠠ᠄《ᠵᠠ᠂ ᠲᠡᠢᠮᠦ ᠪᠣᠯ᠂ ᠵᠠᠯᠭᠠᠭᠠᠳ ᠬᠡᠯᠡ!》 ᠭᠡᠪᠡ᠃
《ᠵᠠ᠂ ᠡᠨᠡ ᠤᠨᠠᠭᠰᠠᠨ ᠨᠦᠬᠡ ᠶ᠋ᠢᠨ ᠳᠣᠲᠣᠷ᠎ᠠ ᠡᠰᠢ ᠲᠡᠰᠢ ᠭᠠᠷ ᠢ᠋ᠶ᠋ᠠᠷ ᠢ᠋ᠶ᠋ᠠᠨ ᠲᠡᠮᠲᠡᠷᠢᠭᠰᠡᠨ ᠳ᠋ᠦ᠍ ᠭᠠᠷ ᠲᠤ᠌ ᠪᠠᠷᠢᠭᠳᠠᠬᠤ ᠨᠢ᠂ ᠮᠣᠩᠭᠣᠯ ᠠᠮᠤ ᠠ᠋ᠴᠠ ᠥᠭᠡᠷ᠎ᠡ ᠶᠠᠭᠤᠮ᠎ᠠ ᠦᠭᠡᠢ᠃ ᠡᠭᠦᠨ ᠳ᠋ᠦ᠍ ᠳᠣᠲᠣᠷ᠎ᠠ ᠪᠠᠬᠠᠨ ᠰᠣᠨᠢᠷᠬᠠᠨ ᠪᠠᠶᠠᠷᠯᠠᠵᠤ ᠴᠣᠬᠣᠮ ᠬᠡᠳᠦᠢ ᠪᠠᠢᠭ᠎ᠠ ᠶ᠋ᠢ ᠪᠠᠷᠤᠭᠯᠠᠵᠤ ᠮᠡᠳᠡᠶ᠎ᠡ ᠭᠡᠵᠦ᠂ ᠨᠢᠭᠡᠨ ᠵᠦᠭ ᠲᠡᠰᠢ ᠲᠡᠮᠲᠡᠷᠢᠨ ᠨᠡᠯᠢᠶᠡᠳ ᠶᠠᠪᠤᠭᠰᠠᠨ ᠪᠣᠯᠪᠠᠴᠤ᠂ ᠴᠢᠨᠠᠭᠰᠢ ᠮᠥᠨ ᠴᠦ᠍ ᠠᠮᠤ ᠪᠠᠢᠬᠤ ᠮᠠᠶᠢᠭᠲᠠᠢ᠂ ᠨᠡᠪᠲᠡᠷᠡᠨ ᠶᠠᠪᠤᠵᠤ ᠴᠢᠳᠠᠬᠤ ᠦᠭᠡᠢ ᠲᠤᠯᠠ᠂ ᠤᠬᠤᠷᠢᠭᠰᠠᠭᠠᠷ᠂ ᠤᠨᠠᠭᠰᠠᠨ ᠣᠷᠣᠨ ᠳ᠋ᠠᠭᠠᠨ ᠬᠦᠷᠴᠦ ᠢᠷᠡᠬᠦᠯ᠎ᠡ ᠮᠣᠷᠢ ᠮᠢᠨᠢ ᠪᠠᠰᠠᠴᠤ ᠬᠡᠪᠲᠡᠭᠡ ᠪᠡᠷ ᠢ᠋ᠶ᠋ᠡᠨ ᠬᠡᠪᠡᠷ ᠬᠡᠪᠡᠷ ᠭᠡᠵᠦ ᠠᠮᠤ ᠶ᠋ᠢ ᠠᠮᠠ ᠠᠮᠠ ᠪᠠᠷ ᠡᠮᠬᠦᠨ ᠢᠳᠡᠵᠦ᠂ ᠬᠠᠷᠢᠨ ᠪᠣᠰᠬᠤ ᠳᠤᠷ᠎ᠠ ᠦᠭᠡᠢ ᠪᠣᠯᠤᠭᠠᠳ ᠪᠠᠢᠨ᠎ᠠ᠃ ᠪᠢ ᠣᠳᠣ ᠮᠠᠰᠢ ᠮᠡᠩᠳᠡᠭᠦᠷᠡᠵᠦ᠂ ᠡᠨᠡ ᠣᠯᠤᠭᠰᠠᠨ ᠠᠮᠤ ᠪᠠᠨ ᠬᠡᠷᠬᠢᠬᠦ ᠪᠢᠯᠡ? ᠮᠣᠷᠢ ᠪᠠᠨ ᠶᠠᠭᠠᠬᠢᠵᠤ ᠭᠠᠷᠭᠠᠬᠤ ᠪᠣᠢ? ᠭᠡᠵᠦ ᠪᠣᠳᠣᠭᠠᠳ ᠳᠣᠲᠣᠷ᠎ᠠ ᠪᠠᠨ ᠢᠩᠭᠢᠵᠦ ᠰᠢᠢᠳᠪᠦᠷᠢᠯᠡᠪᠡ᠃ ᠡᠨᠡ ᠠᠮᠤ ᠡᠨᠳᠡ ᠵᠣᠭᠣᠷᠢᠯᠠᠭᠳᠠᠭᠠᠳ ᠬᠡᠴᠢᠨᠡᠨ ᠣᠨ ᠪᠣᠯᠤᠭᠰᠠᠨ ᠢ᠋ ᠪᠦᠦ ᠮᠡᠳᠡ᠃ ᠡᠨᠡ ᠰᠥᠨᠢ ᠪᠢ ᠭᠡᠭᠦᠦ ᠪᠡᠨ ᠬᠥᠭᠡᠭᠡᠵᠦ ᠶᠠᠪᠤᠭᠰᠠᠭᠠᠷ ᠠᠮᠤ ᠶ᠋ᠢᠨ ᠵᠣᠭᠣᠷᠢᠨ ᠳ᠋ᠤ᠌ ᠤᠨᠠᠭᠰᠠᠨ ᠨᠢ᠂ ᠪᠢ ᠣᠯᠬᠤ ᠬᠤᠪᠢ ᠲᠠᠢ ᠭᠡᠰᠡᠨ ᠴᠦ᠍᠂ ᠨᠣᠶᠠᠨ ᠤ᠋ ᠪᠠᠨ ᠳᠠᠭᠤᠳᠠᠯᠭ᠎ᠠ ᠳ᠋ᠤ᠌ ᠣᠴᠢᠬᠤ ᠭᠡᠵᠦ ᠶᠠᠪᠤᠵᠤ ᠪᠠᠢᠭᠰᠠᠨ ᠢ᠋ᠶ᠋ᠠᠷ ᠪᠣᠳᠣᠪᠠᠯ ᠬᠠᠷᠢᠨ ᠨᠣᠶᠠᠨ ᠤ᠋ ᠪᠤᠶᠠᠨ ᠳ᠋ᠤ᠌ ᠲᠣᠬᠢᠶᠠᠯᠳᠤᠭᠰᠠᠨ ᠪᠢᠰᠢᠦ? ᠭᠡᠵᠦ ᠬᠡᠯᠡᠵᠦ ᠪᠣᠯᠤᠨ᠎ᠠ᠃ ᠡᠭᠦᠨ ᠢ᠋ ᠨᠣᠶᠠᠨ ᠳ᠋ᠠᠭᠠᠨ ᠡᠷᠭᠦᠪᠡᠯ ᠵᠣᠬᠢᠰᠲᠠᠢ ᠭᠡᠵᠦ ᠪᠣᠳᠣᠨ ᠪᠣᠳᠣᠨ ᠮᠠᠯᠲᠠᠨ ᠲᠡᠮᠡᠴᠡᠵᠦ ᠠᠪᠠᠷᠢᠭᠰᠠᠭᠠᠷ ᠨᠦᠬᠡᠨ ᠡᠴᠡ ᠵᠦᠳᠡᠭᠦᠦ ᠭᠠᠷᠴᠤ ᠴᠢᠳᠠᠯ᠎ᠠ᠃
ᠲᠡᠭᠡᠭᠡᠳ ᠭᠡᠷ ᠦ᠋ᠨ ᠵᠦᠭ ᠢ᠋ᠶ᠋ᠡᠨ ᠠᠮᠢ ᠲᠠᠯᠪᠢᠨ ᠭᠦᠶᠦᠭᠰᠡᠭᠡᠷ ᠢᠷᠡᠭᠡᠳ ᠭᠠᠯ ᠤ᠋ᠨ ᠬᠦᠷᠵᠡ ᠪᠡᠨ ᠠᠪᠴᠤ ᠣᠴᠢᠭᠠᠳ᠂ ᠭᠡᠭᠦᠦ ᠪᠡᠨ ᠭᠠᠷᠭᠠᠵᠤ ᠨᠦᠬᠡ ᠶ᠋ᠢ ᠰᠢᠷᠣᠢ ᠪᠠᠷ ᠳᠠᠷᠤᠵᠤ ᠪᠤᠯᠠᠭᠠᠳ᠂ ᠡᠨᠳᠡ ᠲᠡᠨᠳᠡ ᠬᠡᠴᠢᠨᠡᠨ ᠨᠣᠮᠣᠨ ᠰᠣᠬᠣᠷ ᠤ᠋ᠨ ᠰᠢᠷᠣᠢ ᠶ᠋ᠢᠨ ᠣᠪᠣᠭ᠎ᠠ ᠭᠠᠷᠭᠠᠵᠤ ᠲᠡᠮᠳᠡᠭᠯᠡᠨ ᠭᠡᠷ ᠲᠡᠭᠡᠨ ᠪᠤᠴᠠᠵᠤ ᠢᠷᠡᠯ᠎ᠡ᠃ ᠡᠢᠮᠦ ᠨᠢᠭᠡ ᠰᠣᠨᠢᠨ ᠶᠠᠪᠤᠳᠠᠯ ᠲᠣᠬᠢᠶᠠᠯᠳᠤᠭᠰᠠᠨ ᠶᠤᠮ》 ᠭᠡᠰᠡᠨ ᠳ᠋ᠦ᠍ ᠨᠣᠶᠠᠨ ᠠ᠋ᠴᠠ᠄《ᠴᠢᠩᠭᠢᠭᠡᠳ ᠶᠠᠭᠤ ᠪᠣᠯᠪᠠ?》 ᠭᠡᠵᠦ ᠠᠰᠠᠭᠤᠭᠰᠠᠨ ᠳ᠋ᠤ᠌ ᠬᠠᠢᠷᠮᠠᠢ ᠶ᠋ᠢᠨ ᠵᠠᠯᠭᠠᠵᠤ᠄《ᠢᠩᠭᠢᠵᠦ ᠪᠤᠴᠠᠵᠤ ᠢᠷᠡᠭᠰᠡᠨ ᠴᠢᠨᠢ ᠪᠠᠰᠠ ᠨᠢᠭᠡᠨ ᠰᠣᠨᠢᠨ ᠶᠠᠪᠤᠳᠠᠯ ᠭᠠᠷᠴᠠᠢ᠃ ᠪᠢ ᠶᠠᠳᠠᠭᠰᠠᠨ ᠪᠠ ᠥᠯᠥᠰᠦᠭᠰᠡᠨ ᠲᠡᠢ ᠨᠣᠢᠷ ᠠᠯᠳᠠᠵᠤ ᠨᠢᠳᠦ ᠨᠡᠭᠡᠭᠡᠵᠦ ᠴᠢᠳᠠᠬᠤ ᠦᠭᠡᠢ ᠬᠢᠷᠢ ᠲᠡᠢ ᠪᠣᠯᠪᠠ᠃ ᠭᠡᠪᠡᠴᠦ ᠨᠣᠶᠠᠨ ᠤ᠋ ᠳᠠᠭᠤᠳᠠᠯᠭ᠎ᠠ ᠳ᠋ᠤ᠌ ᠢᠷᠡᠬᠦ ᠨᠢ ᠴᠢᠬᠤᠯᠠ ᠲᠤᠯᠠ᠂ ᠨᠢᠭᠡᠨ ᠣᠭᠣᠴᠢ ᠴᠠᠢ ᠤᠤᠭᠤᠵᠤ ᠮᠣᠷᠳᠠᠶ᠎ᠠ ᠭᠡᠵᠦ ᠰᠠᠨᠠᠭᠠᠳ ᠭᠡᠭᠦᠦ ᠪᠡᠨ ᠤᠶᠠᠮᠠᠭᠴᠠ ᠪᠠᠨ ᠭᠡᠷ ᠦ᠋ᠨ ᠠᠷᠤ ᠶ᠋ᠢᠨ ᠬᠠᠵᠠᠭᠤ ᠳᠡᠭᠡᠷ᠎ᠡ ᠡᠴᠡ ᠬᠣᠶᠠᠷ ᠬᠣᠷᠮᠣᠢ ᠬᠠᠲᠠᠭᠰᠠᠨ ᠠᠷᠭᠠᠯ ᠲᠡᠭᠦᠵᠦ ᠴᠠᠢ ᠪᠤᠴᠠᠯᠭᠠᠶᠠ ᠭᠡᠵᠦ ᠣᠷᠣᠯᠳᠣᠯ᠎ᠠ᠃
ᠲᠡᠷᠡ ᠦᠶ᠎ᠡ ᠳ᠋ᠦ᠍ ᠵᠡᠭᠦᠨ ᠲᠡᠢ ᠡᠴᠡ ᠭᠡᠭᠡ ᠪᠠᠬᠠᠨ ᠰᠢᠷᠠᠯᠠᠵᠤ ᠪᠠᠢᠯ᠎ᠠ᠃ ᠪᠢ ᠰᠡᠩᠳᠡ ᠮᠡᠩᠳᠡ ᠠᠷᠭᠠᠯ ᠢ᠋ᠶ᠋ᠠᠨ ᠲᠡᠭᠦᠵᠦ᠂ ᠬᠠᠷᠢᠨ ᠡᠨᠳᠡ ᠲᠡᠨᠳᠡ ᠬᠠᠭᠤᠷᠠᠢ ᠠᠷᠭᠠᠯ ᠨᠡᠯᠢᠶᠡᠳ ᠪᠠᠢᠭᠰᠠᠨ ᠢ᠋ ᠮᠠᠰᠢ ᠲᠦᠷᠭᠡᠨ ᠨᠢᠭᠡᠨ ᠬᠣᠷᠮᠣᠢ ᠳᠦᠭᠦᠷᠭᠡᠵᠦ᠂ ᠤᠨᠠᠵᠤ ᠲᠤᠰᠤᠭᠰᠠᠨ ᠢ᠋ ᠨᠢ ᠠᠪᠤᠭᠰᠠᠨ ᠦᠭᠡᠢ ᠶᠠᠭᠠᠷᠠᠨ ᠪᠤᠴᠠᠨ ᠢᠷᠡᠵᠦ ᠲᠤᠯᠭ᠎ᠠ ᠶ᠋ᠢᠨ ᠳᠡᠷᠭᠡᠳᠡ ᠪᠡᠨ ᠠᠰᠬᠠᠭᠠᠳ ᠳᠠᠬᠢᠨ ᠭᠦᠶᠦᠨ ᠭᠠᠷᠴᠤ ᠪᠠᠰᠠ ᠨᠢᠭᠡᠨ ᠬᠣᠷᠮᠣᠢ ᠲᠡᠭᠦᠵᠦ ᠪᠤᠴᠠᠵᠤ ᠢᠷᠡᠭᠡᠳ᠂ ᠮᠥᠨ ᠥᠨᠥ ᠠᠰᠬᠠᠭᠰᠠᠨ ᠠᠷᠭᠠᠯ ᠳᠡᠭᠡᠷ᠎ᠡ ᠪᠡᠨ ᠴᠢᠳᠬᠤᠭᠰᠠᠨ ᠳ᠋ᠤ᠌᠂ ᠶᠠᠭᠤ ᠶ᠋ᠢ ᠴᠦ᠍ ᠮᠡᠳᠡᠵᠦ ᠵᠠᠪᠳᠤᠭᠰᠠᠨ ᠦᠭᠡᠢ᠂ ᠲᠡᠭᠦᠭᠰᠡᠨ ᠠᠷᠭᠠᠯ ᠮᠢᠨᠢ ᠳᠡᠪᠡᠯ ᠦ᠋ᠨ ᠬᠣᠷᠮᠣᠢ ᠪᠠᠨ ᠭᠦᠪᠢᠨ ᠴᠢᠳᠬᠤᠬᠤ ᠶ᠋ᠢᠨ ᠬᠠᠮᠲᠤ ᠭᠡᠨᠡᠳᠲᠡ ᠫᠠᠷᠴᠢᠭᠢᠨᠠᠨ ᠳᠤᠤᠭᠠᠷᠴᠤ ᠴᠥᠮ ᠨᠢᠰᠦᠨ ᠭᠠᠷᠪᠠ᠃ ᠡᠨᠳᠡ ᠲᠡᠨᠳᠡ ᠲᠡᠮᠲᠡᠷᠬᠢᠯᠡᠨ ᠭᠡᠷ ᠳᠦᠭᠦᠷᠡᠩ ᠲᠣᠭᠣᠰᠣ ᠪᠤᠲᠠᠷᠠᠵᠤ᠂ ᠨᠢᠳᠦ ᠬᠠᠮᠠᠷ ᠲᠤ᠌ ᠰᠢᠷᠣᠢ ᠣᠷᠣᠵᠤ᠂ ᠪᠢ ᠨᠢᠭᠡᠮᠦᠰᠦᠨ ᠶᠠᠭᠠᠷᠠᠵᠤ ᠠᠯᠮᠠᠢᠷᠠᠭᠠᠳ ᠪᠠᠴᠢᠮᠳᠠᠭᠰᠠᠨ ᠳ᠋ᠠᠭᠠᠨ ᠭᠠᠷ ᠤ᠋ᠨ ᠲᠡᠮᠳᠡᠭᠡ ᠪᠡᠷ ᠭᠠᠯ ᠤ᠋ᠨ ᠬᠠᠪᠴᠢᠭᠤᠷ ᠢ᠋ᠶ᠋ᠠᠨ ᠠᠪᠴᠤ ᠳᠡᠮᠡᠢ ᠴᠣᠬᠢᠭᠰᠠᠨ ᠴᠢᠨᠢ ᠶᠠᠭᠤ ᠴᠤ᠌ ᠣᠨᠣᠭᠳᠠᠭᠰᠠᠨ ᠦᠭᠡᠢ᠂ ᠬᠠᠷᠢᠨ ᠡᠭᠦᠳᠡᠨ ᠦ᠌ ᠲᠣᠲᠤᠭᠠᠨ ᠳ᠋ᠤ᠌ ᠮᠥᠷᠭᠥᠵᠦ ᠬᠣᠶᠠᠷ ᠤᠨᠠᠭᠰᠠᠨ ᠢ᠋ ᠪᠢ ᠦᠯᠡᠳᠡᠭᠡᠨ ᠠᠪᠴᠤ ᠢᠷᠡᠯ᠎ᠡ》 ᠭᠡᠵᠦ ᠡᠪᠦᠷ ᠡᠴᠡ ᠪᠡᠨ ᠶᠠᠭᠠᠷᠠᠯ ᠦᠭᠡᠢ ᠭᠠᠷᠭᠠᠵᠤ ᠲᠠᠯᠪᠢᠭᠰᠠᠨ ᠢ᠋ ᠶᠠᠮᠠᠷ ᠶᠠᠭᠤᠮ᠎ᠠ ᠪᠣᠯᠤᠭᠰᠠᠨ ᠪᠣᠯᠪᠠ ᠭᠡᠵᠦ ᠶᠡᠬᠡᠯ᠎ᠡ ᠭᠠᠢᠬᠠᠨ ᠦᠵᠡᠬᠦᠯ᠎ᠡ᠂ ᠬᠠᠷᠢᠨ ᠬᠣᠶᠠᠷ ᠢᠲᠠᠭᠤ ᠪᠠᠢᠵᠠᠢ᠃
ᠲᠡᠷᠡ ᠦᠶ᠎ᠡ ᠳ᠋ᠦ᠍ ᠨᠣᠶᠠᠨ ᠨᠢ ᠪᠠᠬᠠᠨ ᠭᠠᠰᠢᠭᠤᠳᠠᠨ ᠪᠤᠷᠤᠭᠤᠰᠢᠶᠠᠵᠤ᠂ ᠬᠠᠢᠷᠮᠠᠢ ᠶ᠋ᠢ ᠣᠭᠲᠣ ᠲᠣᠮᠣᠭᠣ ᠦᠭᠡᠢ᠂ ᠬᠣᠶᠠᠷ ᠬᠣᠷᠮᠣᠢ ᠢᠲᠠᠭᠤ ᠪᠣᠯ ᠨᠡᠯᠢᠶᠡᠳ ᠶᠡᠬᠡ ᠮᠢᠬ᠎ᠠ ᠪᠢᠰᠢ ᠤᠤ? ᠣᠯᠵᠤ ᠴᠢᠳᠠᠭᠰᠠᠨ ᠠᠲᠠᠯ᠎ᠠ᠂ ᠤᠴᠢᠷ ᠦᠭᠡᠢ ᠪᠡᠷ ᠠᠯᠳᠠᠪᠠ ᠭᠡᠵᠦ ᠵᠢᠮᠡᠯᠡᠭᠡᠳ ᠠᠭᠤᠷ ᠨᠢ ᠨᠡᠯᠢᠶᠡᠳ ᠪᠠᠭᠤᠷᠠᠭᠰᠠᠨ ᠮᠠᠶᠢᠭ ᠲᠠᠢ ᠪᠣᠯᠵᠠᠢ᠃
ᠳᠣᠷᠣᠭᠰᠢ ᠪᠠᠰᠠ ᠵᠠᠯᠭᠠᠭᠠᠳ ᠬᠡᠯᠡᠭᠰᠡᠨ ᠨᠢ᠄《ᠪᠢ ᠢᠩᠭᠢᠵᠦ ᠵᠦᠳᠡᠷᠡᠵᠦ ᠬᠣᠭᠣᠯᠠ ᠤᠮᠳᠠ ᠢᠳᠡᠭᠡᠳ ᠲᠦᠷᠭᠡᠨ ᠭᠡᠭᠴᠢ ᠬᠠᠷᠬᠠᠴᠢ ᠭᠡᠭᠦᠦ ᠪᠡᠨ ᠡᠮᠡᠭᠡᠯᠯᠡᠵᠦ ᠵᠠᠮ ᠤ᠋ᠨ ᠵᠠᠭᠤᠷ᠎ᠠ ᠶᠠᠮᠠᠷ ᠠᠩ ᠲᠣᠬᠢᠶᠠᠯᠳᠤᠵᠤ ᠦᠯᠦ ᠮᠡᠳᠡᠬᠦ ᠲᠤᠯᠠ᠂ ᠭᠠᠯ ᠫᠤᠤ ᠪᠠᠨ ᠡᠭᠦᠷᠦᠨ ᠭᠠᠷᠴᠤ ᠢᠷᠡᠭᠰᠡᠨ ᠪᠢᠯᠡ᠃ ᠬᠣᠩᠭᠣᠷ ᠣᠪᠣᠭᠠᠨ ᠤ᠋ ᠣᠯᠣᠮ ᠢ᠋ᠶ᠋ᠠᠷ ᠢᠷᠡᠭᠰᠡᠨ ᠳ᠋ᠦ᠍᠂ ᠭᠠᠯᠠᠭᠤ ᠨᠢᠰᠴᠦ ᠢᠷᠡᠬᠦ ᠨᠢ ᠭᠠᠵᠠᠷ ᠢ᠋ ᠪᠦᠷᠬᠦᠮᠡᠷ ᠣᠯᠠᠨ ᠲᠤᠯᠠ᠂ ᠨᠢᠭᠡ ᠬᠡᠳᠦᠨ ᠭᠠᠯᠠᠭᠤ ᠠᠯᠠᠵᠤ ᠠᠪᠴᠢᠷᠠᠶ᠎ᠠ ᠭᠡᠵᠦ ᠡᠰᠢ ᠳᠠᠰᠢ ᠬᠠᠷᠠᠵᠤ ᠤᠷᠢᠳᠠ ᠪᠠᠷ ᠫᠤᠤ ᠶ᠋ᠢᠨ ᠴᠡᠨᠡᠭ ᠢ᠋ ᠭᠠᠷᠭᠠᠬᠤ ᠪᠠᠷ ᠦᠨᠡᠰᠦ ᠢᠳᠡᠰᠢᠯᠡᠨ ᠨᠢᠭᠡ ᠠᠳᠬᠤᠵᠤ ᠳᠤᠤᠭᠠᠷᠤᠭᠤᠯᠤᠭᠠᠳ ᠫᠤᠤ ᠶ᠋ᠢᠨ ᠬᠣᠪᠣᠩ ᠤ᠋ᠨ ᠪᠥᠭᠯᠡᠭᠰᠡᠨ ᠢ᠋ ᠭᠣᠪᠢᠵᠤ᠂ ᠦᠨᠡᠰᠦ ᠪᠡᠨ ᠴᠡᠨᠡᠭᠯᠡᠵᠦ᠂ ᠨᠢᠭᠡ ᠠᠳᠬᠤ ᠰᠠ ᠭᠠᠷᠭᠠᠵᠤ ᠰᠠᠶᠢ ᠢᠳᠡᠰᠢᠯᠡᠶᠡ ᠭᠡᠲᠡᠯ᠎ᠡ᠂ ᠭᠡᠨᠡᠳᠲᠡ ᠨᠢᠭᠡᠨ ᠳᠡᠭᠡᠰᠦ ᠭᠠᠯᠠᠭᠤ ᠲᠣᠯᠣᠭᠠᠢ ᠶ᠋ᠢ ᠰᠢᠭᠦᠷᠦᠨ ᠢᠷᠡᠭᠰᠡᠨ ᠳ᠋ᠦ᠍ ᠬᠡᠷᠬᠢᠪᠡᠴᠦ ᠵᠠᠪᠳᠤᠰᠢ ᠦᠭᠡᠢ ᠪᠣᠯᠤᠭᠰᠠᠨ ᠳ᠋ᠠᠭᠠᠨ ᠠᠷᠭ᠎ᠠ ᠦᠭᠡᠢ ᠪᠣᠯᠵᠤ᠂ ᠠᠮᠠᠨ ᠳ᠋ᠠᠭᠠᠨ ᠨᠣᠶᠠᠨ ᠤ᠋ ᠠᠮᠠᠨ ᠬᠦᠨᠡᠰᠦ ᠮᠡᠳᠡᠭ! ᠭᠡᠵᠦ ᠪᠠᠬᠢᠷᠠᠬᠤ ᠶ᠋ᠢᠨ ᠵᠡᠷᠭᠡ ᠨᠢᠳᠦ ᠪᠡᠨ ᠠᠨᠢᠵᠤ ᠭᠠᠯᠠᠭᠤ ᠨᠤᠭᠤᠳ ᠤ᠋ᠨ ᠡᠰᠡᠷᠭᠦ ᠠᠳᠬᠤᠭᠰᠠᠨ ᠰᠠ ᠪᠠᠨ ᠬᠦᠴᠦᠯᠡᠨ ᠴᠣᠬᠢᠭᠰᠠᠨ ᠬᠠᠷᠢᠨ ᠭᠠᠯᠠᠭᠤ ᠰᠢᠷᠬᠠᠲᠤᠵᠤ ᠭᠠᠵᠠᠷ ᠰᠢᠭᠦᠷᠦᠨ ᠴᠥᠮ ᠨᠣᠶᠠᠨ ᠤ᠋ ᠣᠷᠳᠣᠨ ᠵᠦᠭ ᠱᠤᠩᠭᠤᠨ ᠤᠨᠠᠭᠰᠠᠨ ᠢ᠋ ᠪᠢ ᠨᠢᠭᠡ ᠨᠢᠭᠡ ᠪᠡᠷ ᠲᠡᠭᠦᠭᠰᠡᠭᠡᠷ ᠠᠷᠪᠠᠭᠠᠳ ᠭᠠᠯᠠᠭᠤ ᠣᠯᠵᠤ᠂ ᠦᠵᠡᠬᠦᠯ᠎ᠡ ᠴᠥᠮ ᠬᠦᠵᠦᠭᠦᠦ ᠶ᠋ᠢ ᠨᠢ ᠳᠠᠭᠠᠭᠠᠳ ᠨᠢᠵᠡᠭᠡᠳ ᠰᠠ ᠣᠷᠣᠵᠠᠢ᠃ ᠮᠥᠨ ᠲᠡᠷᠡ ᠡᠳᠦᠷ ᠲᠡᠭᠡᠨ ᠭᠠᠯᠠᠭᠤ ᠲᠡᠭᠦᠭᠰᠡᠭᠡᠷ ᠡᠳᠦᠷ ᠢ᠋ᠶ᠋ᠡᠨ ᠳᠠᠭᠤᠰᠬᠠᠵᠤ᠂ ᠭᠠᠭᠴᠠ ᠭᠡᠭᠦᠦ ᠳ᠋ᠡᠭᠡᠨ ᠠᠴᠢᠵᠤ ᠳᠠᠭᠠᠭᠠᠬᠤ ᠦᠭᠡᠢ᠂ ᠪᠢ ᠴᠦ᠍ ᠡᠭᠦᠷᠦᠭᠰᠡᠭᠡᠷ ᠲᠡᠪᠡᠷᠢᠭᠰᠡᠭᠡᠷ ᠶᠠᠳᠠᠵᠤ ᠥᠯᠥᠰᠴᠦ ᠤᠮᠳᠠᠭᠠᠰᠤᠨ᠂ ᠬᠣᠩᠭᠣᠷ ᠣᠪᠣᠭᠠᠨ ᠤ᠋ ᠵᠣ ᠳᠡᠭᠡᠷ᠎ᠡ ᠭᠠᠯᠠᠭᠤ ᠪᠠᠨ ᠣᠪᠣᠭᠠᠯᠠᠵᠤ ᠨᠣᠬᠠᠢ ᠰᠢᠪᠠᠭᠤ ᠢᠳᠡᠬᠦ ᠡᠴᠡ ᠪᠣᠯᠭᠣᠮᠵᠢᠯᠠᠨ ᠨᠦᠬᠡ ᠮᠠᠯᠲᠠᠵᠤ ᠪᠤᠯᠠᠭᠠᠳ ᠰᠢᠷᠣᠢ ᠪᠠᠷ ᠰᠠᠢᠲᠤᠷ ᠳᠠᠷᠤᠵᠤ ᠡᠩ ᠲᠡᠷᠢᠭᠦᠨ ᠳ᠋ᠦ᠍ ᠤᠨᠠᠭᠰᠠᠨ ᠡᠷ᠎ᠡ ᠬᠠᠯᠢᠭᠤᠨ ᠭᠠᠯᠠᠭᠤ ᠶ᠋ᠢ ᠤᠷᠢᠳᠠᠪᠡᠷ ᠨᠣᠶᠠᠨ ᠳ᠋ᠠᠭᠠᠨ ᠪᠠᠷᠢᠶ᠎ᠠ ᠭᠡᠵᠦ᠂ ᠠᠷᠢᠭᠤᠨ ᠤᠰᠤ ᠪᠠᠷ ᠤᠬᠢᠶᠠᠵᠤ᠂ ᠠᠷᠠᠰᠤ ᠶ᠋ᠢ ᠨᠢ ᠥᠪᠴᠢᠭᠡᠳ ᠠᠪᠴᠢᠷᠠᠭᠰᠠᠨ ᠶᠤᠮ! ᠲᠡᠷᠡ ᠪᠠᠢᠬᠤ ᠨᠢ ᠮᠥᠨ ᠪᠢᠯᠡ》 ᠭᠡᠵᠦ ᠭᠠᠯᠠᠭᠤ ᠪᠠᠨ ᠵᠢᠭᠠᠪᠠ᠃
ᠨᠣᠶᠠᠨ ᠨᠢ᠄《ᠲᠡᠢᠮᠦ ᠪᠣᠯ ᠲᠡᠷᠡ ᠡᠳᠦᠷ ᠲᠡᠭᠡᠨ ᠰᠠᠨᠳᠤᠷᠤᠭᠠᠳ ᠳᠠᠷᠠᠭ᠎ᠠ ᠨᠢ ᠶᠠᠭᠠᠬᠢᠪᠠ?》 ᠭᠡᠰᠡᠨ ᠳ᠋ᠦ᠍᠂ ᠬᠠᠢᠷᠮᠠᠢ᠄《ᠴᠢᠩᠭᠢᠭᠡᠳ᠂ ᠲᠡᠷᠡ ᠰᠥᠨᠢ ᠳ᠋ᠡᠭᠡᠨ ᠬᠣᠩᠭᠣᠷ ᠣᠪᠣᠭᠠᠨ ᠤ᠋ ᠵᠣ ᠳᠡᠭᠡᠷ᠎ᠡ ᠬᠠᠭᠤᠷᠠᠢ ᠠᠮᠤ ᠡᠮᠬᠦᠵᠦ ᠬᠣᠨᠣᠭ ᠪᠣᠯᠤᠭᠠᠳ᠂ ᠭᠡᠳᠡᠷᠭᠦ ᠪᠤᠴᠠᠨ ᠭᠡᠷ ᠲᠡᠭᠡᠨ ᠬᠦᠷᠴᠦ ᠭᠡᠭᠦᠦ ᠪᠡᠨ ᠲᠠᠯᠪᠢᠭᠠᠳ᠂ ᠲᠡᠷᠭᠡ ᠬᠥᠯᠵᠦ ᠭᠠᠷᠴᠤ ᠢᠷᠡᠭᠡᠳ ᠬᠣᠩᠭᠣᠷ ᠣᠪᠣᠭᠠᠨ ᠤ᠋ ᠵᠣ ᠶ᠋ᠢ ᠳᠠᠭᠠᠷᠢᠨ ᠭᠠᠯᠠᠭᠤ ᠪᠠᠨ ᠲᠡᠭᠡᠭᠡᠵᠦ ᠠᠪᠴᠢᠷᠠᠶ᠎ᠠ ᠭᠡᠵᠦ ᠪᠤᠳᠤᠲᠠᠯ᠎ᠠ᠂ ᠪᠠᠰᠠ ᠠᠮᠤ ᠶ᠋ᠢᠨ ᠵᠣᠭᠣᠷᠢ ᠪᠠᠨ ᠦᠵᠡᠬᠦ ᠪᠡᠷ ᠣᠴᠢᠬᠤ ᠬᠡᠷᠡᠭᠲᠡᠢ ᠪᠣᠯᠵᠤ᠂ ᠲᠡᠷᠭᠡᠨ ᠳ᠋ᠡᠭᠡᠨ ᠦᠬᠡᠷ ᠢ᠋ᠶ᠋ᠡᠨ ᠬᠥᠯᠵᠦ ᠡᠭᠦᠳᠡᠨ ᠦ᠌ ᠭᠠᠳᠠᠨ᠎ᠠ ᠤᠶᠠᠵᠤ ᠲᠠᠯᠪᠢᠭᠠᠳ᠂ ᠭᠡᠭᠦᠦ ᠪᠡᠨ ᠵᠠᠢᠳᠠᠩ ᠢ᠋ᠶ᠋ᠠᠷ ᠤᠨᠤᠵᠤ ᠬᠠᠷᠠᠢᠯᠭᠠᠭᠰᠠᠭᠠᠷ ᠬᠦᠷᠦᠭᠡᠳ ᠦᠵᠡᠬᠦᠯ᠎ᠡ᠂ ᠳᠡᠮᠡᠢ ᠬᠥᠳᠡᠯᠦᠭᠰᠡᠨ ᠣᠷᠣ ᠦᠭᠡᠢ ᠮᠥᠨ ᠬᠡᠪ ᠢ᠋ᠶ᠋ᠡᠷ ᠢ᠋ᠶ᠋ᠡᠨ ᠪᠠᠢᠨ᠎ᠠ᠃ ᠳᠣᠲᠣᠷ᠎ᠠ ᠪᠠᠬᠠᠨ ᠠᠮᠤᠰᠬᠢᠵᠦ᠂ ᠡᠷᠭᠢᠨ ᠲᠣᠭᠣᠷᠢᠨ ᠦᠵᠡᠭᠡᠳ ᠡᠷᠭᠢᠵᠦ ᠪᠤᠴᠠᠨ ᠬᠡᠳᠦᠨ ᠨᠢᠷᠤᠭᠤ ᠶ᠋ᠢ ᠵᠣ ᠲᠠᠯ᠎ᠠ ᠶ᠋ᠢᠨ ᠬᠥᠪᠡᠭᠡ ᠶ᠋ᠢ ᠣᠷᠣᠵᠤ ᠢᠷᠡᠭᠡᠳ ᠦᠵᠡᠬᠦᠯ᠎ᠡ᠂ ᠭᠡᠷ ᠦ᠋ᠨ ᠵᠡᠭᠦᠨ ᠵᠣ ᠶ᠋ᠢᠨ ᠬᠥᠪᠡᠭᠡ ᠶ᠋ᠢᠨ ᠵᠠᠮ ᠢ᠋ᠶ᠋ᠠᠷ ᠨᠢᠭᠡᠨ ᠴᠤᠪᠤᠭ᠎ᠠ ᠥᠪᠥᠩ ᠭᠡᠷ ᠲᠡᠭᠡᠭᠡᠭᠰᠡᠨ ᠲᠡᠷᠭᠡ ᠨᠦ᠍ᠭᠦᠳ ᠵᠠᠯᠭᠠᠯᠳᠤᠭ᠎ᠠ ᠪᠠᠷ ᠶᠠᠪᠤᠵᠤ ᠥᠩᠭᠡᠷᠡᠭᠰᠡᠨ ᠡᠴᠡ ᠬᠣᠢᠰᠢ ᠪᠠᠰᠠ ᠨᠡᠯᠢᠶᠡᠳ ᠠᠯᠤᠰ ᠠ᠋ᠴᠠ ᠨᠢ ᠨᠢᠭᠡᠨ ᠬᠣᠭᠣᠰᠣᠨ ᠲᠡᠷᠭᠡ ᠭᠦᠶᠦᠵᠦ ᠶᠠᠪᠤᠭ᠎ᠠ ᠶ᠋ᠢ ᠦᠵᠡᠭᠡᠳ᠂ ᠶᠡᠬᠡ ᠭᠠᠢᠬᠠᠵᠤ ᠭᠡᠷ ᠦ᠋ᠨ ᠵᠦᠭ ᠰᠠᠢᠬᠠᠨ ᠯᠠᠪᠯᠠᠵᠤ ᠦᠵᠡᠬᠦᠯ᠎ᠡ᠂ ᠬᠠᠷᠢᠨ ᠣᠯᠠᠨ ᠬᠥᠯᠦᠭᠡᠳᠦᠢ ᠪᠠᠭ᠎ᠠ ᠦᠬᠡᠷ᠂ ᠪᠠᠬᠠᠨ ᠮᠠᠭᠤ ᠪᠠᠷᠢᠶ᠎ᠠ ᠪᠠᠷ ᠤᠶᠠᠭᠰᠠᠨ ᠨᠢ ᠣᠯᠠᠨ ᠲᠡᠷᠭᠡ ᠥᠩᠭᠡᠷᠡᠬᠦ ᠶ᠋ᠢ ᠦᠵᠡᠭᠡᠳ ᠮᠥᠭᠡᠷᠡᠨ ᠳᠠᠭᠠᠵᠤ ᠪᠠᠷᠢᠶ᠎ᠠ ᠪᠠᠨ ᠲᠠᠰᠤᠯᠤᠨ ᠭᠦᠶᠦᠭᠰᠡᠨ ᠠᠵᠢ! ᠪᠢ ᠶᠠᠭᠠᠷᠠᠨ ᠭᠡᠷ ᠲᠡᠭᠡᠨ ᠬᠦᠷᠴᠦ ᠭᠡᠭᠦᠦ ᠪᠡᠨ ᠡᠮᠡᠭᠡᠯᠯᠡᠨ ᠲᠡᠷᠭᠡᠨ ᠦ᠌ ᠬᠣᠢᠨ᠎ᠠ ᠠ᠋ᠴᠠ ᠨᠡᠬᠡᠮᠵᠢᠯᠡᠭᠰᠡᠨ ᠳ᠋ᠦ᠍᠂ ᠨᠢᠭᠡᠨᠲᠡᠶ᠎ᠡ ᠪᠠᠷ᠎ᠠ ᠳᠣᠷᠣ ᠦᠵᠡᠭᠳᠡᠬᠦ ᠦᠭᠡᠢ ᠪᠣᠯᠤᠨ᠂ ᠪᠠᠷᠠᠭᠤᠨ ᠡᠮᠦᠨ᠎ᠡ ᠲᠠᠯ᠎ᠠ ᠶ᠋ᠢᠨ ᠬᠥᠪᠡᠭᠡ ᠶ᠋ᠢ ᠳᠠᠪᠠᠵᠤ᠂ ᠵᠣ ᠥᠭᠡᠳᠡ ᠭᠠᠷᠴᠤ ᠴᠢᠨᠠᠭᠰᠢ ᠭᠠᠷᠤᠭᠰᠠᠨ ᠢ᠋ ᠬᠣᠢᠨ᠎ᠠ ᠠ᠋ᠴᠠ ᠨᠢ ᠮᠥᠷᠳᠡᠨ ᠳᠠᠭᠠᠵᠤ ᠶᠠᠪᠤᠭᠰᠠᠭᠠᠷ ᠵᠣ ᠶ᠋ᠢ ᠥᠭᠡᠳᠡᠯᠡᠨ ᠭᠠᠷᠴᠤ ᠴᠢᠨᠠᠭᠰᠢ ᠮᠠᠩᠬᠠᠨ ᠳ᠋ᠤ᠌ ᠣᠷᠣᠭᠠᠳ᠂ ᠮᠠᠩᠬ᠎ᠠ ᠶ᠋ᠢ ᠲᠤᠭᠤᠯᠤᠨ ᠵᠠᠬ᠎ᠠ ᠶ᠋ᠢᠨ ᠥᠨᠳᠥᠷ ᠳᠡᠭᠡᠷ᠎ᠡ ᠭᠠᠷᠴᠤ ᠦᠵᠡᠬᠦᠯ᠎ᠡ᠂ ᠠᠯᠤᠰ ᠬᠠᠷᠠᠭᠳᠠᠬᠤ ᠬᠠᠭ ᠤ᠋ᠨ ᠬᠥᠪᠡᠭᠡᠨ ᠦ᠌ ᠵᠠᠮ ᠢ᠋ᠶ᠋ᠠᠷ ᠴᠤᠪᠤᠭ᠎ᠠ ᠲᠡᠷᠭᠡ ᠣᠪᠣᠯᠵᠠᠨ ᠶᠠᠪᠤᠬᠤ ᠨᠢ ᠬᠠᠷᠠᠭᠳᠠᠬᠤ ᠪᠣᠯᠪᠠᠴᠤ ᠬᠠᠩᠭᠠᠢ ᠲᠡᠷᠭᠡ ᠨᠠᠳᠠ ᠠ᠋ᠴᠠ ᠳᠡᠮᠡᠢ ᠬᠣᠯᠠ ᠦᠭᠡᠢ᠂ ᠬᠣᠭᠣᠰᠣᠨ ᠬᠠᠶᠠᠭᠳᠠᠵᠤ ᠪᠠᠢᠨ᠎ᠠ᠃ ᠬᠥᠯᠦᠭᠰᠡᠨ ᠦᠬᠡᠷ ᠨᠢ ᠨᠡᠭᠦᠳᠡᠯ ᠦ᠋ᠨ ᠲᠡᠷᠭᠡ ᠶ᠋ᠢ ᠳᠠᠭᠠᠵᠤ ᠶᠠᠪᠤᠭᠰᠠᠨ ᠪᠣᠯᠤᠯᠲᠠᠢ᠃ ᠶᠠᠭᠠᠷᠠᠨ ᠨᠡᠬᠡᠮᠵᠢᠯᠡᠭᠰᠡᠭᠡᠷ ᠤᠯᠠᠮ ᠣᠢᠷᠠᠳᠬᠤ ᠳᠣᠳᠣᠮ ᠬᠠᠪ ᠬᠠᠷ᠎ᠠ ᠦᠵᠡᠭᠳᠡᠨ᠎ᠡ᠃ ᠶᠠᠪᠤᠭᠰᠠᠨ ᠵᠠᠮ ᠨᠢ ᠴᠥᠮ ᠰᠢᠪᠠᠷ ᠪᠣᠯᠵᠤ ᠤᠯᠠᠮ ᠣᠢᠷᠠᠳᠬᠤ ᠳᠣᠳᠣᠮ ᠤᠯᠠᠮ ᠰᠢᠪᠠᠷᠲᠠᠢ ᠪᠣᠯᠵᠤ ᠦᠬᠡᠷ ᠮᠢᠨᠢ ᠰᠢᠪᠠᠷᠳᠠᠭᠠᠳ ᠮᠠᠭᠤᠵᠢᠷᠠᠵᠤ ᠪᠠᠢᠬᠤ ᠳ᠋ᠤ᠌᠂ ᠬᠠᠮᠤᠭ ᠤ᠋ᠨ ᠰᠡᠭᠦᠯ ᠦ᠋ᠨ ᠨᠢᠭᠡᠨ ᠲᠡᠷᠭᠡ ᠨᠢ ᠪᠤᠴᠠᠵᠤ ᠭᠡᠳᠡᠷᠭᠦ ᠪᠡᠨ ᠬᠠᠨᠳᠤᠭᠰᠠᠨ ᠢ᠋ ᠣᠢᠷᠠᠲᠤᠨ ᠦᠵᠡᠬᠦᠯ᠎ᠡ᠂ ᠶᠠᠭᠤᠨ ᠤ᠋ ᠲᠡᠷᠭᠡ ᠠᠵᠢ᠃ ᠬᠠᠷᠢᠨ ᠰᠢᠨᠡᠬᠡᠨ ᠢᠴᠡᠭᠡᠨ ᠡᠴᠡ ᠪᠡᠨ ᠭᠠᠷᠤᠭᠰᠠᠨ ᠵᠠᠷᠠᠭ᠎ᠠ ᠠᠪᠤᠭᠠᠢ᠂ ᠦᠰᠦ ᠨᠢ ᠴᠥᠮ ᠴᠣᠮᠣ ᠶ᠋ᠢᠨ ᠴᠢᠨᠡᠭᠡᠨ ᠪᠦᠳᠦᠭᠦᠨ ᠤᠭ ᠲᠠᠢ᠂ ᠱᠣᠪ ᠦᠵᠦᠭᠦᠷ ᠲᠡᠢ᠂ ᠡᠳᠡᠭᠡᠷ ᠦ᠋ᠨ ᠵᠠᠮ ᠳᠠᠭᠠᠤ ᠶᠠᠪᠤᠭᠰᠠᠨ ᠨᠢ ᠪᠠᠬᠠᠨ ᠬᠥᠯᠥᠰᠥ ᠤᠷᠤᠰᠤᠭᠠᠳ ᠴᠥᠮ ᠰᠢᠪᠠᠷ ᠪᠣᠯᠤᠭᠰᠠᠨ ᠠᠵᠢ᠃ ᠶᠠᠪᠤᠵᠤ ᠬᠠᠯᠠᠭᠤᠴᠠᠭᠰᠠᠨ ᠪᠣᠯᠪᠠ ᠤᠤ᠂ ᠲᠡᠷᠢᠭᠦᠨ ᠦ᠌ ᠴᠤᠪᠤᠭ᠎ᠠ ᠨᠢ ᠬᠠᠭ ᠤ᠋ᠨ ᠳᠤᠮᠳᠠᠭᠤᠷ ᠤᠰᠤ ᠭᠡᠲᠦᠯᠦᠨ ᠶᠠᠪᠤᠭ᠎ᠠ ᠨᠢ ᠦᠵᠡᠭᠳᠡᠵᠦ ᠪᠠᠢᠨ᠎ᠠ᠃ ᠬᠠᠮᠤᠭ ᠰᠡᠭᠦᠯ ᠦ᠋ᠨ ᠨᠢᠭᠡ ᠨᠢ ᠦᠬᠡᠷ ᠦ᠋ᠨ ᠳᠡᠷᠭᠡᠳᠡ ᠢᠷᠡᠭᠡᠳ᠂ ᠦᠬᠡᠷ ᠦ᠋ᠨ ᠲᠣᠯᠣᠭᠠᠢ ᠶ᠋ᠢ ᠡᠮᠬᠦᠨ ᠲᠠᠲᠠᠭᠰᠠᠨ ᠳ᠋ᠤ᠌ ᠰᠢᠪᠠᠷ ᠤᠰᠤ ᠲᠠᠢ ᠨᠦᠬᠡ ᠭᠠᠷᠲᠠᠯ᠎ᠠ ᠴᠢᠩᠭᠠᠭᠠᠵᠤ ᠠᠪᠠᠴᠢᠬᠤ ᠳ᠋ᠤ᠌᠂ ᠪᠢ ᠮᠡᠩᠳᠡᠭᠦᠷᠡᠨ ᠭᠡᠭᠦᠦ ᠡᠴᠡ ᠪᠡᠨ ᠪᠠᠭᠤᠵᠤ ᠭᠦᠶᠦᠭᠰᠡᠭᠡᠷ ᠭᠦᠷᠦᠨ᠂ ᠭᠤᠷᠪᠠᠨ ᠲᠡᠮᠦᠷ ᠪᠦᠯᠡᠵᠡᠭ ᠲᠡᠢ ᠭᠠᠤᠯᠢᠨ ᠣᠨᠢᠲᠠᠢ ᠪᠢᠯᠠᠭᠤ ᠪᠠᠷ ᠢ᠋ᠶ᠋ᠠᠨ ᠵᠠᠬ᠎ᠠ ᠰᠣᠶᠣᠭ᠎ᠠ ᠶ᠋ᠢ ᠨᠢ ᠬᠣᠶᠠᠷ ᠭᠠᠷ ᠤ᠋ᠨ ᠬᠦᠴᠦᠨ ᠴᠢᠨᠡᠭᠡ ᠪᠡᠷ ᠪᠠᠷᠢᠭᠰᠠᠭᠠᠷ ᠵᠠᠨᠴᠢᠭᠰᠠᠨ ᠴᠢᠨᠢ ᠬᠣᠢᠰᠢ ᠤᠬᠤᠷᠢᠨ ᠰᠠᠭᠤᠬᠤ ᠶ᠋ᠢᠨ ᠵᠠᠪᠰᠠᠷ ᠦᠬᠡᠷ ᠦ᠋ᠨ ᠲᠣᠯᠣᠭᠠᠢ ᠶ᠋ᠢ ᠠᠯᠳᠠᠪᠠ᠃ ᠪᠢ ᠱᠠᠯᠠᠮᠠᠭᠠᠢᠯᠠᠨ ᠵᠡᠭᠦᠭᠰᠡᠨ ᠬᠢᠲᠤᠭ᠎ᠠ ᠪᠠᠨ ᠰᠤᠭᠤᠯᠵᠤ ᠫᠧᠩᠰᠡᠨ ᠴᠢᠨᠡᠭᠡᠨ ᠬᠠᠷᠠᠩᠭᠤᠢ ᠨᠦᠬᠡ ᠰᠢᠭ ᠨᠢᠳᠦᠨ ᠳ᠋ᠦ᠍ᠨᠢ ᠰᠢᠭᠠᠭᠰᠠᠨ ᠳ᠋ᠤ᠌ ᠪᠠᠬᠠᠨ ᠡᠪᠡᠳᠦᠭᠰᠡᠨ ᠰᠢᠭ ᠢᠲᠠᠪᠠᠯᠵᠠᠨ ᠨᠢᠭᠡ ᠶᠡᠬᠡ ᠳᠠᠭᠤᠨ ᠠᠶᠤᠩᠭ᠎ᠠ ᠬᠦᠷᠴᠢᠭᠢᠨᠡᠬᠦ ᠮᠡᠲᠦ ᠣᠷᠬᠢᠷᠠᠨ ᠬᠥᠯ ᠢ᠋ᠶ᠋ᠡᠨ ᠠᠲᠤᠷᠢᠨ ᠪᠥᠭᠡᠮᠨᠡᠷᠡᠵᠦ᠂ ᠴᠢᠨᠠᠭᠰᠢ ᠪᠠᠬᠠᠨ ᠥᠩᠬᠥᠷᠢᠭᠡᠳ ᠬᠥᠳᠡᠯᠬᠦ ᠦᠭᠡᠢ ᠪᠣᠯᠵᠠᠢ᠃
ᠴᠢᠩᠭᠢᠭᠡᠳ ᠬᠢᠲᠤᠭ᠎ᠠ ᠪᠠᠨ ᠠᠯᠳᠠᠭᠰᠠᠨ ᠳ᠋ᠤ᠌ ᠪᠠᠬᠠᠨ ᠭᠣᠮᠣᠳᠠᠵᠤ ᠬᠠᠷᠢᠨ ᠦᠬᠡᠷ ᠮᠢᠨᠢ ᠮᠠᠨᠠᠷᠠᠨ ᠬᠡᠪᠲᠡᠵᠦ᠂ ᠨᠡᠯᠢᠶᠡᠳ ᠤᠳᠠᠭᠠᠳ ᠰᠡᠷᠭᠦᠭᠰᠡᠨ ᠳ᠋ᠦ᠍ ᠲᠠᠲᠠᠵᠤ ᠴᠢᠷᠦᠨ ᠣᠷᠣᠯᠳᠣᠭᠰᠠᠭᠠᠷ ᠠᠷᠠᠢ ᠭᠡᠵᠦ ᠭᠠᠷᠭᠠᠭᠠᠳ ᠭᠡᠭᠦᠦ ᠬᠥᠲᠥᠯᠵᠦ᠂ ᠦᠬᠡᠷ ᠢ᠋ᠶ᠋ᠡᠨ ᠬᠥᠭᠡᠭᠡᠵᠦ᠂ ᠠᠯᠭᠤᠷ ᠶᠠᠪᠤᠭᠰᠠᠭᠠᠷ᠂ ᠲᠡᠷᠡ ᠰᠥᠨᠢ ᠳ᠋ᠡᠭᠡᠨ ᠮᠥᠨ ᠬᠦ᠌᠂ ᠮᠠᠩᠬᠠᠨ ᠳᠣᠲᠣᠷ᠎ᠠ ᠬᠣᠨᠣᠪᠠ᠃ ᠳᠠᠷᠠᠭ᠎ᠠ ᠥᠷᠯᠥᠭᠡ ᠨᠢ ᠬᠠᠭ ᠤ᠋ᠨ ᠵᠦᠭ ᠪᠠᠷᠠᠯᠠᠭᠰᠠᠨ ᠳ᠋ᠤ᠌᠂ ᠲᠡᠷᠡ ᠲᠠᠯ᠎ᠠ ᠪᠠᠷ ᠤᠰᠤ ᠨᠡᠮᠡᠵᠦ ᠮᠡᠯᠡᠢᠭᠡᠳ ᠰᠠᠢᠬᠢ ᠵᠠᠷᠠᠭ᠎ᠠ ᠪᠠᠰᠠᠴᠤ ᠲᠡᠨᠳᠡ ᠪᠡᠨ ᠬᠠᠷᠠᠯᠠᠵᠤ ᠦᠵᠡᠭᠳᠡᠨ᠎ᠡ᠃ ᠪᠤᠰᠤᠳ ᠨᠢ ᠬᠠᠮᠢᠭ᠎ᠠ ᠶᠠᠪᠤᠭᠰᠠᠨ ᠢ᠋ ᠦᠵᠡᠵᠦ ᠭᠠᠷᠬᠤ ᠦᠭᠡᠢ᠃ ᠪᠢ ᠡᠢᠨ ᠬᠦ᠌ ᠭᠡᠷ ᠲᠡᠭᠡᠨ ᠪᠤᠴᠠᠵᠤ᠂ ᠣᠳᠣ ᠵᠣᠭᠣᠷᠢ ᠲᠠᠢ ᠠᠮᠤ ᠪᠠᠨ ᠦᠵᠡᠬᠦ ᠪᠤᠶᠤ᠂ ᠪᠤᠯᠠᠵᠤ ᠲᠠᠯᠪᠢᠭᠰᠠᠨ ᠭᠠᠯᠠᠭᠤ ᠪᠠᠨ ᠬᠡᠷᠬᠢᠬᠦ ᠪᠣᠢ! ᠪᠠᠰᠠ ᠬᠠᠭ ᠳᠣᠲᠣᠷ᠎ᠠ ᠬᠠᠷᠠᠯᠠᠵᠤ ᠪᠠᠢᠭ᠎ᠠ ᠵᠠᠷᠠᠭ᠎ᠠ ᠪᠠᠨ ᠶᠠᠭᠠᠬᠢᠬᠤ ᠪᠣᠢ? ᠡᠳᠡᠭᠡᠷ ᠢ᠋ᠶ᠋ᠡᠨ ᠴᠥᠮ ᠢ᠋ ᠨᠣᠶᠠᠨ ᠳ᠋ᠠᠭᠠᠨ ᠠᠪᠴᠢᠷᠠᠬᠤ ᠶ᠋ᠢ ᠪᠣᠳᠣᠬᠤ ᠶ᠋ᠢᠨ ᠲᠤᠯᠠ ᠳᠠᠭᠤᠳᠠᠯᠭᠠᠨ ᠳ᠋ᠤ᠌ ᠴᠤ᠌ ᠢᠷᠡᠵᠦ ᠴᠢᠳᠠᠬᠤ ᠦᠭᠡᠢ᠃ ᠬᠠᠷᠢᠨ ᠡᠳᠦᠷ ᠪᠦᠷᠢ ᠡᠷᠭᠢᠵᠦ ᠦᠵᠡᠬᠦ ᠬᠡᠷᠡᠭᠲᠡᠢ ᠪᠣᠯᠤᠭᠠᠳ ᠵᠠᠪᠳᠤᠰᠢ ᠦᠭᠡᠢ ᠪᠣᠯᠵᠠᠢ᠃ ᠲᠡᠷᠡ ᠵᠠᠷᠠᠭ᠎ᠠ ᠴᠤ᠌ ᠦᠬᠦᠭᠰᠡᠨ ᠪᠣᠯᠤᠯᠲᠠᠢ᠂ ᠡᠳᠦᠷ ᠪᠦᠷᠢ ᠦᠵᠡᠬᠦ ᠳ᠋ᠦ᠍ ᠮᠥᠨ ᠯᠡ ᠬᠠᠷᠠᠯᠠᠵᠤ ᠪᠠᠢᠨ᠎ᠠ᠃ ᠬᠠᠷᠠᠬᠠᠨ ᠬᠠᠪᠤᠷ ᠪᠣᠯᠵᠤ ᠪᠠᠢᠬᠤ ᠳ᠋ᠤ᠌᠂ ᠲᠠᠯ᠎ᠠ ᠵᠣ ᠪᠠᠷ ᠠᠪᠠ ᠰᠢᠪᠠᠭᠤ ᠲᠠᠯᠪᠢᠬᠤ ᠬᠥᠮᠦᠨ ᠣᠯᠠᠨ ᠲᠣᠭᠣᠷᠢᠵᠤ ᠶᠠᠪᠤᠨ᠎ᠠ᠃ ᠪᠤᠯᠠᠭᠰᠠᠨ ᠭᠠᠯᠠᠭᠤ ᠴᠤ᠌ ᠶᠠᠭᠠᠬᠢᠬᠤ ᠪᠣᠢ᠃ ᠵᠣᠭᠣᠷᠢ ᠲᠠᠢ ᠠᠮᠤ ᠪᠠᠬᠠᠨ ᠲᠦᠪᠡᠭ ᠪᠣᠯᠵᠤ ᠪᠠᠢᠨ᠎ᠠ᠃ ᠬᠡᠷᠪᠡ ᠮᠢᠨᠦ ᠦᠬᠡᠷ ᠲᠡᠷᠭᠡ ᠡᠪᠳᠡᠷᠡᠭᠡᠳ᠂ ᠦᠬᠡᠷ ᠵᠠᠷᠠᠭ᠎ᠠ ᠳ᠋ᠤ᠌ ᠬᠠᠵᠠᠭᠳᠠᠭᠰᠠᠨ ᠦᠭᠡᠢ ᠪᠣᠯ ᠪᠢ ᠡᠳᠦᠷ ᠰᠥᠨᠢ ᠦᠭᠡᠢ ᠴᠢᠳᠠᠬᠤ ᠴᠢᠨᠡᠭᠡ ᠪᠡᠷ ᠵᠥᠭᠡᠭᠡᠬᠦ ᠪᠢᠯᠡ᠃ ᠣᠳᠣ ᠠᠪᠴᠢᠷᠠᠶ᠎ᠠ ᠭᠡᠪᠡᠯ ᠨᠠᠳᠠ ᠬᠣᠶᠠᠷ ᠦᠬᠡᠷ ᠲᠡᠷᠭᠡ ᠦᠭᠡᠢ ᠪᠣᠯ ᠦᠯᠦ ᠴᠢᠳᠠᠨ᠎ᠠ᠃ ᠬᠠᠢᠮᠠᠢ ᠳ᠋ᠤ᠌ ᠠᠭᠤᠷᠯᠠᠬᠤ ᠪᠤᠶᠤ ᠰᠢᠢᠳᠬᠡᠬᠦ ᠠᠯᠢᠨ ᠴᠤ᠌ ᠬᠠᠮᠢᠶ᠎ᠠ ᠦᠭᠡᠢ᠂ ᠡᠭᠦᠨ ᠢ᠋ ᠪᠢ ᠴᠦ᠍ ᠶᠡᠷᠦ ᠳ᠋ᠡᠭᠡᠨ ᠬᠦᠰᠡᠳᠡᠭ ᠶᠦᠮ᠃ ᠨᠣᠶᠠᠨ ᠨᠠᠳᠠ ᠨᠢᠭᠡᠨ ᠤᠳᠠᠭ᠎ᠠ ᠠᠭᠤᠷᠯᠠᠪᠠᠯ᠂ ᠨᠠᠳᠠ ᠨᠢᠭᠡᠨ ᠰᠠᠢᠨ ᠶᠠᠪᠤᠳᠠᠯ ᠲᠣᠬᠢᠶᠠᠯᠳᠤᠳᠠᠭ᠃ ᠡᠨᠡ ᠬᠠᠪᠤᠷ ᠤ᠋ᠨ ᠡᠢᠮᠦ ᠰᠠᠢᠨ ᠴᠦ᠍ ᠨᠣᠶᠠᠨ ᠤ᠋ ᠮᠢᠨᠢ᠂ ᠨᠢᠳᠤᠨᠤᠨ ᠡᠪᠦᠯ᠂ ᠠᠳᠤᠭᠤ ᠠᠯᠳᠠᠪᠠ ᠭᠡᠵᠦ ᠵᠠᠨᠴᠢᠭᠰᠠᠨ ᠤ᠋ ᠰᠠᠢᠨ ᠪᠣᠯᠪᠠ ᠤᠤ ᠭᠡᠵᠦ ᠪᠣᠳᠣᠨ᠎ᠠ᠃ ᠡᠨᠡ ᠴᠠᠭᠠᠨ ᠰᠠᠷ᠎ᠠ᠂ ᠪᠢ ᠬᠠᠭ ᠤ᠋ᠨ ᠯᠠᠮᠠ ᠪᠠᠷ ᠦᠵᠡᠭᠦᠯᠦᠭᠰᠡᠨ ᠳ᠋ᠦ᠍᠂ ᠯᠠᠮᠠ ᠶ᠋ᠢᠨ ᠠᠢᠯᠠᠳᠤᠭᠰᠠᠨ ᠨᠢ᠄《ᠡᠨᠡ ᠵᠢᠯ᠂ ᠬᠠᠢᠷᠮᠠᠢ ᠴᠢ ᠶᠡᠬᠡ ᠰᠠᠢᠨ᠃ ᠨᠣᠶᠠᠨ ᠤ᠋ ᠪᠠᠨ ᠬᠠᠢᠷ᠎ᠠ ᠶ᠋ᠢ ᠣᠯᠵᠤ᠂ ᠶᠠᠪᠤᠳᠠᠯ ᠪᠦᠷᠢ ᠥᠭᠡᠳᠡ ᠰᠠᠢᠨ ᠪᠣᠯᠤᠨ᠎ᠠ᠃ ᠨᠣᠶᠠᠨ ᠴᠢᠨᠢ ᠪᠠᠢᠨ ᠪᠠᠢᠨ ᠠᠭᠤᠷᠯᠠᠪᠠᠯ ᠴᠢ ᠣᠷᠣ ᠦᠭᠡᠢ ᠶ᠋ᠢ ᠣᠯᠵᠤ ᠴᠢᠳᠠᠬᠤ ᠪᠠ᠂ ᠣᠯᠤᠭᠰᠠᠨ ᠢ᠋ᠶ᠋ᠠᠨ ᠴᠤ᠌ ᠡᠳ᠋ᠯᠡᠵᠦ ᠴᠢᠳᠠᠨ᠎ᠠ᠃ ᠴᠢᠩᠭᠢᠪᠡᠴᠦ ᠣᠯᠤᠭᠰᠠᠨ ᠢ᠋ᠶ᠋ᠠᠨ ᠡᠳ᠋ᠯᠡᠬᠦ ᠨᠢ᠂ ᠣᠯᠤᠭᠠᠳᠤᠢ ᠶ᠋ᠢ ᠣᠯᠬᠤ ᠠ᠋ᠴᠠ ᠪᠠᠬᠠᠨ ᠪᠡᠷᠬᠡᠲᠡᠢ᠃ ᠡᠨᠡ ᠪᠣᠯ᠂ ᠨᠣᠶᠠᠨ ᠤ᠋ ᠴᠢᠨᠢ ᠲᠤᠬᠠᠢ ᠬᠡᠯᠡᠵᠦ ᠪᠠᠢᠨ᠎ᠠ᠃ ᠡᠭᠦᠨ ᠳ᠋ᠦ᠍᠂ ᠬᠠᠢᠷᠮᠠᠢ ᠴᠢ ᠨᠣᠶᠠᠨ ᠳ᠋ᠠᠭᠠᠨ ᠲᠤᠰᠠᠯᠠᠬᠤ ᠨᠢ ᠶᠡᠬᠡᠯ᠎ᠡ ᠴᠢᠬᠤᠯᠠ ᠭᠡᠰᠡᠨ ᠢ᠋ ᠮᠡᠳᠡᠵᠦ ᠪᠣᠯᠤᠨ᠎ᠠ》 ᠭᠡᠵᠦ ᠠᠢᠯᠠᠳᠤᠭᠰᠠᠨ ᠶᠤᠮ᠃ ᠪᠢ ᠨᠣᠶᠠᠨ ᠠ᠋ᠴᠠ ᠭᠤᠶᠤᠬᠤ ᠨᠢ ᠪᠣᠯ᠄《ᠤᠷᠢᠳᠠᠪᠡᠷ ᠵᠣᠭᠣᠷᠢ ᠲᠠᠢ ᠠᠮᠤ᠂ ᠲᠣᠮᠣ ᠵᠠᠷᠠᠭ᠎ᠠ᠂ ᠪᠤᠯᠠᠭᠰᠠᠨ ᠭᠠᠯᠠᠭᠤ ᠪᠠᠨ ᠠᠪᠴᠢᠷᠠᠭᠰᠠᠨ ᠬᠣᠢᠨ᠎ᠠ ᠨᠣᠶᠠᠨ ᠮᠢᠨᠢ᠂ ᠨᠠᠮᠠᠶ᠋ᠢ ᠬᠦᠨᠳᠦᠳᠡ ᠵᠠᠨᠴᠢᠨ ᠰᠢᠢᠳᠬᠡᠬᠦ ᠶ᠋ᠢ ᠮᠥᠷᠭᠥᠨ ᠭᠥᠷᠳᠡᠶ᠎ᠡ᠃》 ᠭᠡᠰᠡᠨ ᠳ᠋ᠦ᠍ ᠨᠣᠶᠠᠨ ᠨᠢ᠄《ᠵᠠ ᠪᠣᠯᠵᠠᠢ᠃ ᠬᠠᠢᠷᠮᠠᠢ᠂ ᠴᠢ ᠲᠦᠷᠭᠡᠨ ᠢᠳᠡᠵᠦ ᠤᠤᠭᠤᠵᠤ᠂ ᠬᠣᠶᠠᠷ ᠦᠬᠡᠷ ᠲᠡᠷᠭᠡ ᠠᠪᠴᠤ᠂ ᠠᠮᠤ ᠪᠠᠨ ᠭᠡᠷ ᠲᠡᠭᠡᠨ ᠵᠦᠬᠡᠭᠡᠷᠡᠢ᠃ ᠵᠠᠷᠠᠭ᠎ᠠ ᠪᠠ ᠭᠠᠯᠠᠭᠤ ᠪᠠᠨ ᠲᠦᠷᠭᠡᠨ ᠠᠪᠴᠢᠷᠠᠵᠤ ᠥᠭ 》 ᠭᠡᠵᠦ ᠬᠡᠯᠡᠭᠰᠡᠨ ᠳ᠋ᠦ᠍᠂ ᠬᠠᠢᠷᠮᠠᠢ᠄《ᠵᠠ》 ᠭᠡᠵᠦ ᠪᠣᠰᠤᠭᠠᠳ᠂ ᠴᠠᠢ ᠬᠣᠭᠣᠯᠠ ᠢᠳᠡᠵᠦ ᠮᠠᠯ ᠠ᠋ᠴᠠ ᠨᠢ ᠬᠣᠶᠠᠷ ᠦᠬᠡᠷ ᠪᠠᠷᠢᠵᠤ ᠲᠡᠷᠭᠡᠨ ᠳ᠋ᠦ᠍ ᠬᠥᠯᠵᠦ ᠪᠤᠴᠠᠨ ᠢᠷᠡᠭᠡᠳ᠂ ᠳᠠᠪᠤᠰᠤᠨ ᠠᠶᠠᠨ ᠳ᠋ᠤ᠌ ᠶᠠᠪᠤᠵᠤ ᠭᠡᠨ᠎ᠡ᠃
ᠬᠡᠳᠦᠨ ᠰᠠᠷ᠎ᠠ ᠪᠣᠯᠲᠠᠯ᠎ᠠ ᠴᠢᠮᠡᠭᠡ ᠰᠤᠷᠠᠭ ᠦᠭᠡᠢ ᠶᠠᠪᠤᠵᠤ᠂ ᠲᠡᠭᠡᠭᠡᠭᠰᠡᠨ ᠳᠠᠪᠤᠰᠤ ᠪᠠᠨ ᠪᠣᠷᠣᠯᠠᠭᠤᠯᠤᠨ ᠢᠳᠡᠰᠢ ᠬᠦᠨᠡᠰᠦ ᠪᠣᠯᠭᠠᠭᠠᠳ᠂ ᠬᠣᠶᠠᠷ ᠪᠦᠲᠦᠨ᠎ᠡ ᠡᠪᠦᠷᠯᠡᠵᠦ ᠨᠣᠶᠠᠨ ᠳ᠋ᠠᠭᠠᠨ ᠬᠦᠷᠭᠡᠭᠰᠡᠨ ᠳ᠋ᠦ᠍᠂ ᠨᠣᠶᠠᠨ ᠨᠢ ᠶᠡᠬᠡᠯ᠎ᠡ ᠠᠭᠤᠷᠯᠠᠵᠤ᠄《ᠬᠠᠢᠷᠮᠠᠢ ᠴᠢ ᠦᠬᠡᠷ ᠲᠡᠷᠭᠡ ᠶ᠋ᠢ ᠠᠪᠠᠴᠢᠭᠠᠳ ᠶᠠᠭᠤᠨ ᠳ᠋ᠤ᠌ ᠰᠠᠶᠢ ᠢᠷᠡᠵᠦ ᠪᠠᠢᠨ᠎ᠠ ᠪᠣᠢ? ᠬᠥᠮᠦᠨ ᠵᠠᠷᠤᠵᠤ ᠠᠰᠠᠭᠤᠬᠤᠯᠠ ᠴᠢ ᠬᠠᠷᠢᠨ ᠳᠠᠪᠤᠰᠤ ᠲᠡᠭᠡᠭᠡᠬᠦ ᠪᠡᠷ ᠶᠠᠪᠤᠭᠰᠠᠨ ᠭᠡᠨ᠎ᠡ ᠤᠤ ?》 ᠭᠡᠰᠡᠨ ᠳ᠋ᠦ᠍ ᠬᠠᠠᠢᠷᠮᠠᠢ᠂ ᠶᠡᠬᠡᠯ᠎ᠡ ᠲᠥᠪ ᠨᠣᠮᠣᠬᠠᠨ ᠢ᠋ᠶ᠋ᠠᠷ ᠬᠠᠷᠢᠭᠤ ᠬᠡᠯᠡᠭᠰᠡᠨ ᠨᠢ᠄《ᠨᠣᠶᠠᠨ ᠮᠢᠨᠢ ᠪᠤᠶᠠᠨ ᠶᠡᠬᠡ ᠳ᠋ᠦ᠍᠂ ᠬᠠᠢᠷᠮᠠᠢ ᠪᠢ᠂ ᠠᠮᠢ ᠣᠯᠵᠤ ᠭᠠᠷᠪᠠ᠃ ᠡᠨᠡ ᠤᠳᠠᠭ᠎ᠠ ᠶ᠋ᠢᠨ ᠵᠣᠪᠠᠯᠠᠩ ᠠᠮᠰᠠᠭᠰᠠᠨ ᠢ᠋ ᠦᠭᠡ ᠪᠡᠷ ᠬᠡᠯᠡᠵᠦ ᠴᠢᠳᠠᠬᠤ ᠦᠭᠡᠢ᠃ ᠴᠢᠩᠭᠢᠪᠡᠴᠦ ᠪᠢ ᠨᠣᠶᠠᠨ ᠤ᠋ ᠪᠠᠨ ᠲᠥᠯᠥᠭᠡ ᠵᠢᠳᠬᠦᠬᠦ ᠰᠡᠳᠬᠢᠯ ᠲᠤᠢᠯ ᠤ᠋ᠨ ᠦᠨᠡᠨ ᠤᠴᠢᠷ ᠠ᠋ᠴᠠ᠂ ᠶᠠᠮᠠᠷ ᠪᠡᠷᠬᠡ ᠶᠠᠪᠤᠳᠠᠯ ᠲᠤᠯᠭᠠᠷᠠᠪᠠᠴᠤ᠂ ᠮᠢᠨᠦ ᠵᠣᠷᠢᠭ ᠮᠣᠬᠣᠷᠠᠬᠤ ᠦᠭᠡᠢ᠃ ᠬᠠᠷᠢᠨ ᠮᠡᠨᠳᠦ ᠰᠠᠢᠨ ᠢ᠋ᠶ᠋ᠠᠷ ᠪᠤᠴᠠᠵᠤ ᠢᠷᠡᠯ᠎ᠡ》 ᠭᠡᠵᠡᠢ᠃
ᠲᠡᠷᠡ ᠦᠶ᠎ᠡ ᠳ᠋ᠦ᠍ ᠨᠣᠶᠠᠨ ᠤ᠋ ᠬᠠᠲᠤᠳ ᠬᠡᠦᠬᠡᠳ ᠨᠢ ᠴᠥᠮ ᠬᠠᠢᠷᠮᠠᠢ ᠶ᠋ᠢᠨ ᠦᠭᠡ ᠶ᠋ᠢ ᠰᠣᠨᠣᠰᠬᠤ ᠳᠤᠷᠠᠲᠠᠢ ᠪᠣᠯᠤᠭᠰᠠᠨ ᠲᠤᠯᠠ ᠪᠦᠭᠦᠳᠡᠭᠡᠷ ᠲᠣᠭᠣᠷᠢᠨ ᠰᠠᠭᠤᠵᠤ《 ᠵᠠ! ᠬᠠᠢᠷᠮᠠᠢ ᠬᠡᠯᠡᠭᠡᠷᠡᠢ! ᠶᠡᠷᠦ ᠶᠠᠮᠠᠷ ᠵᠣᠪᠠᠯᠠᠩ ᠠᠮᠰᠠᠭᠰᠠᠨ ᠢ᠋ᠶ᠋ᠠᠨ ᠰᠠᠢᠬᠠᠨ ᠬᠡᠯᠡᠭᠡᠷᠡᠢ! ᠴᠢᠮᠠᠶ᠋ᠢ ᠨᠡᠯᠢᠶᠡᠳ ᠣᠯᠠᠨ ᠬᠥᠮᠦᠨ ᠴᠥᠮ ᠬᠤᠳᠠᠯᠴᠢ ᠭᠡᠳᠡᠭ ᠪᠣᠯᠪᠠᠴᠤ᠂ ᠪᠢᠳᠡ ᠢᠲᠡᠭᠡᠬᠦ ᠦᠭᠡᠢ》 ᠬᠡᠮᠡᠭᠰᠡᠨ ᠳ᠋ᠦ᠍ ᠬᠠᠢᠷᠮᠠᠢ᠄《ᠵᠠ ᠲᠩᠷᠢ ᠮᠡᠳᠡᠭ! ᠪᠢ ᠨᠣᠶᠠᠨ ᠳ᠋ᠠᠭᠠᠨ ᠨᠢᠭᠡ᠃ ᠦᠭᠡ ᠴᠦ᠍ ᠬᠠᠭᠤᠷᠮᠠᠭ ᠬᠡᠯᠡᠳᠡᠭ ᠦᠭᠡᠢ ᠶᠦᠮ! ᠨᠣᠶᠠᠨ ᠪᠢᠳᠡ ᠬᠣᠶᠠᠷ ᠤ᠋ᠨ ᠶᠠᠪᠤᠳᠠᠯ ᠴᠤ᠌ ᠶᠡᠬᠡᠯ᠎ᠡ ᠰᠣᠨᠢᠨ᠂ ᠪᠢ ᠨᠢᠭᠡᠬᠡᠨ ᠪᠠᠭ᠎ᠠ ᠶᠠᠪᠤᠳᠠᠯ ᠢ᠋ᠶ᠋ᠠᠷ ᠵᠢᠱ᠌ᠢᠶ᠎ᠡ ᠠᠪᠴᠤ ᠬᠡᠯᠡᠶ᠎ᠡ》 ᠬᠡᠮᠡᠭᠡᠳ᠂ ᠡᠪᠦᠷ ᠡᠴᠡ ᠪᠡᠨ ᠬᠣᠶᠠᠷ ᠪᠦᠲᠦᠨ᠎ᠡ ᠪᠡᠨ ᠭᠠᠷᠭᠠᠭᠠᠳ ᠄《ᠪᠢ ᠥᠴᠥᠭᠡᠳᠦᠷ ᠪᠦᠷᠦᠢ ᠶ᠋ᠢᠨ ᠦᠶ᠎ᠡ ᠳ᠋ᠦ᠍ ᠭᠡᠷ ᠲᠡᠭᠡᠨ ᠬᠦᠷᠴᠦ ᠢᠷᠡᠯ᠎ᠡ᠃ ᠢᠳᠡᠵᠦ ᠤᠤᠭᠤᠵᠤ ᠠᠮᠠᠷᠠᠭᠠᠳ᠂ ᠰᠡᠳᠬᠢᠯ ᠳᠣᠲᠣᠷ᠎ᠠ ᠪᠠᠨ ᠪᠣᠳᠣᠯ᠎ᠠ᠃ ᠣᠳᠣ ᠪᠢ ᠮᠠᠷᠭᠠᠰᠢ᠂ ᠨᠣᠶᠠᠨ ᠳ᠋ᠠᠭᠠᠨ ᠪᠠᠷᠠᠳᠠᠬᠤ ᠪᠠᠷ ᠣᠴᠢᠬᠤ ᠳ᠋ᠠᠭᠠᠨ ᠶᠠᠭᠤ ᠠᠪᠴᠤ ᠣᠴᠢᠳᠠᠭ ᠪᠢᠯᠡ? ᠭᠡᠵᠦ ᠰᠠᠨᠠᠭᠠᠯᠵᠠᠭᠰᠠᠭᠠᠷ᠂ ᠮᠢᠨᠦ ᠡᠴᠢᠭᠡ ᠶ᠋ᠢᠨ ᠬᠡᠷᠡᠭᠯᠡᠵᠦ ᠪᠠᠢᠭᠰᠠᠨ ᠭᠣᠳᠣᠯᠢ(ᠰᠤᠮᠤ ᠶ᠋ᠢᠨ ᠵᠦᠢᠯ) ᠭᠡᠷ ᠦ᠋ᠨ ᠬᠠᠶᠠᠭᠠᠨ ᠳ᠋ᠤ᠌ ᠡᠯᠭᠦᠵᠦ ᠪᠠᠢᠬᠤ ᠶ᠋ᠢ ᠪᠢ ᠦᠵᠡᠭᠡᠳ ᠳᠣᠲᠣᠷ᠎ᠠ ᠢᠨᠢᠶᠡᠳᠦᠮ ᠬᠦᠷᠴᠦ ᠡᠨᠡ ᠮᠡᠲᠦ ᠶᠠᠭᠤᠮ᠎ᠠ ᠪᠠᠷ ᠬᠡᠷᠬᠢᠨ ᠬᠠᠷᠪᠤᠵᠤ ᠠᠩ ᠭᠥᠷᠥᠭᠡᠰᠦ ᠠᠯᠠᠵᠤ ᠪᠠᠢᠭᠰᠠᠨ ᠶᠤᠮ ᠪᠣᠢ? ᠵᠥᠪᠬᠡᠨ ᠪᠢᠯᠠᠭᠤ ᠪᠣᠯᠭᠠᠵᠤ ᠬᠡᠷᠡᠭᠯᠡᠪᠡᠯ ᠬᠠᠷᠢᠨ ᠳᠡᠭᠡᠷ᠎ᠡ ᠶᠤᠮᠰᠠᠨ ᠭᠡᠵᠦ᠂ ᠭᠠᠳᠠᠭᠰᠢ ᠠᠪᠴᠤ ᠭᠠᠷᠤᠭᠠᠳ᠂ ᠠᠵᠢᠭ ᠦᠭᠡᠢ ᠪᠡᠷ᠄《ᠨᠣᠶᠠᠨ ᠤ᠋ ᠮᠢᠨᠢ ᠪᠤᠶᠠᠨ ᠮᠡᠳᠡᠭ!》 ᠭᠡᠵᠦ ᠬᠦᠴᠦᠨ ᠴᠢᠨᠡᠭᠡ ᠪᠡᠷ ᠣᠷᠬᠢᠭᠠᠳ ᠨᠡᠯᠢᠶᠡᠳ ᠬᠣᠯᠠ ᠤᠨᠠᠭᠰᠠᠨ ᠢ᠋ ᠴᠢᠭ ᠢ᠋ᠶ᠋ᠡᠷ ᠨᠢ ᠶᠠᠪᠤᠵᠤ ᠡᠷᠢᠭᠰᠡᠭᠡᠷ ᠣᠯᠵᠤ ᠠᠪᠤᠭᠠᠳ᠂ ᠭᠡᠷ ᠲᠡᠭᠡᠨ ᠣᠷᠣᠵᠤ ᠤᠭ ᠤ᠋ᠨ ᠶᠣᠰᠣᠭᠠᠷ ᠡᠯᠭᠦᠵᠦ ᠤᠨᠲᠠᠭᠰᠠᠨ ᠪᠢᠯᠡ᠃ ᠶᠠᠭ ᠦᠷ ᠦ᠋ᠨ ᠬᠢᠷᠠᠭ᠎ᠠ ᠪᠣᠯᠬᠤ ᠶ᠋ᠢᠨ ᠦᠶ᠎ᠡ ᠳ᠋ᠦ᠍ ᠲᠤᠭ ᠨᠣᠢᠷ ᠤ᠋ᠨ ᠳᠤᠮᠳᠠ ᠰᠣᠴᠢᠨ ᠰᠡᠷᠢᠭᠡᠳ ᠦᠵᠡᠬᠦᠯᠡᠷ᠂ ᠬᠠᠷᠢᠨ ᠭᠣᠳᠣᠯᠢ ᠶ᠋ᠢᠨ ᠲᠣᠯᠣᠭᠠᠢ ᠶ᠋ᠢᠨ ᠣᠩᠭᠣᠷᠬᠠᠢ ᠬᠥᠨᠳᠡᠢ ᠶ᠋ᠢᠨ ᠳᠣᠲᠣᠷ᠎ᠠ ᠠ᠋ᠴᠠ ᠬᠣᠶᠠᠷ ᠪᠦᠲᠦᠨ᠎ᠡ ᠳᠡᠮᠡᠢᠯᠡ ᠴᠢᠩᠭ᠎ᠠ ᠳᠠᠭᠤᠨ ᠢ᠋ᠶ᠋ᠠᠷ《ᠵᠢᠭᠢᠰᠴᠦ! ᠵᠢᠭᠢᠰᠴᠤ! 》ᠭᠡᠵᠦ ᠪᠠᠷᠬᠢᠷᠠᠨ ᠪᠠᠢᠨ᠎ᠠ᠃ ᠢᠩᠭᠢᠵᠦ ᠰᠣᠴᠢᠨ ᠰᠡᠷᠢᠭᠰᠡᠨ ᠡᠴᠡ᠂ ᠪᠢ ᠤᠨᠲᠠᠵᠤ ᠨᠣᠢᠷ ᠬᠦᠷᠬᠦ ᠦᠭᠡᠢ ᠪᠣᠯᠵᠤ᠂ ᠬᠣᠪᠬᠤ ᠦᠰᠦᠷᠦᠨ ᠪᠣᠰᠴᠤ ᠲᠦᠷᠭᠡᠨ ᠬᠤᠪᠴᠠᠯᠠᠨ ᠭᠠᠷᠴᠤ ᠢᠷᠡᠭᠰᠡᠨ ᠪᠢᠯᠡ》 ᠭᠡᠪᠡ᠃
ᠢᠩᠭᠢᠭᠡᠳ ᠬᠣᠶᠠᠷ ᠪᠦᠲᠦᠨ᠎ᠡ ᠪᠡᠨ ᠡᠨᠡ ᠬᠣᠶᠠᠷ ᠠᠮᠢᠲᠠᠨ ᠭᠡᠵᠦ ᠨᠣᠶᠠᠨ ᠳ᠋ᠠᠭᠠᠨ ᠡᠷᠭᠦᠭᠰᠡᠨ ᠳ᠋ᠦ᠍᠂ ᠲᠡᠳᠡ ᠶᠡᠬᠡᠯ᠎ᠡ ᠭᠠᠢᠬᠠᠯᠳᠤᠨ ᠲᠣᠰᠴᠤ ᠠᠪᠤᠪᠠ᠃ ᠵᠠᠯᠭᠠᠵᠤ ᠬᠠᠢᠷᠮᠠᠢ ᠥᠪᠡᠷ ᠦ᠋ᠨ ᠰᠠᠭᠠᠳ ᠪᠣᠯᠤᠭᠰᠠᠨ ᠤᠴᠢᠷ ᠢ᠋ᠶ᠋ᠠᠨ ᠳᠠᠷᠠᠭᠠᠯᠠᠨ ᠬᠡᠯᠡᠭᠰᠡᠨ ᠨᠢ᠄《ᠪᠢ ᠨᠣᠶᠠᠨ ᠤ᠋ ᠲᠡᠷᠭᠡ ᠶ᠋ᠢ ᠠᠪᠠᠴᠢᠵᠤ ᠥᠪᠡᠷ ᠦ᠋ᠨ ᠢ᠋ᠶ᠋ᠡᠨ ᠲᠡᠷᠭᠡ ᠲᠡᠢ ᠭᠤᠷᠪᠠᠨ ᠲᠡᠷᠭᠡ ᠪᠡᠷ ᠭᠠᠭᠴᠠᠭᠠᠷ ᠶᠠᠪᠤᠵᠤ᠂ ᠵᠣᠭᠣᠷᠢ ᠶ᠋ᠢᠨ ᠠᠮᠤ ᠶ᠋ᠢ ᠰᠥᠨᠢ ᠲᠤᠤᠱ ᠤᠷᠤᠯᠳᠤᠵᠤ ᠭᠤᠷᠪᠠᠨ ᠲᠡᠷᠭᠡ ᠲᠡᠭᠡᠭᠡᠭᠡᠳ ᠠᠷᠠᠢ ᠲᠡᠭᠡᠭᠡᠵᠦ ᠪᠠᠷᠠᠭᠠᠳ᠂ ᠨᠦᠬᠡ ᠶ᠋ᠢᠨ ᠠᠮᠠᠰᠠᠷ ᠢ᠋ᠶ᠋ᠠᠨ ᠳᠠᠷᠤᠵᠤ ᠪᠠᠢᠲᠠᠯ᠎ᠠ᠂ ᠨᠢᠭᠡ ᠯᠡ ᠣᠯᠠᠨ ᠠᠶᠠᠨ ᠤ᠋ ᠲᠡᠷᠭᠡ ᠣᠷᠣᠵᠤ ᠢᠷᠡᠨ᠂ ᠮᠢᠨᠦ ᠲᠡᠷᠭᠡᠨ ᠦ᠌ ᠴᠢᠮᠡᠭᠡ ᠶ᠋ᠢ ᠠᠪᠴᠤ ᠰᠢᠭᠤᠳ ᠣᠢᠷᠠᠲᠤᠨ ᠢᠷᠡᠵᠦ ᠪᠠᠭᠤᠳᠠᠯᠯᠠᠭᠠᠳ᠂ ᠬᠠᠷᠢᠨ ᠨᠠᠳᠠ ᠠ᠋ᠴᠠ ᠡᠨᠡ ᠲᠡᠷᠡ ᠶ᠋ᠢ ᠠᠰᠠᠭᠤᠵᠤ ᠪᠠᠢᠭᠰᠠᠭᠠᠷ᠂ ᠠᠮᠤ ᠶ᠋ᠢᠨ ᠵᠣᠭᠣᠷᠢ ᠶ᠋ᠢ ᠡᠷᠢᠨ ᠣᠯᠵᠤ᠂ ᠪᠦᠭᠦᠳᠡᠭᠡᠷ ᠬᠡᠯᠡᠯᠴᠡᠨ᠂ ᠨᠠᠮᠠᠶ᠋ᠢ ᠪᠠᠷᠢᠵᠤ ᠤᠶᠠᠭᠠᠳ ᠦᠬᠡᠷ ᠲᠡᠷᠭᠡ ᠶ᠋ᠢ ᠲᠡᠭᠡᠭᠡᠭᠰᠡᠨ ᠠᠮᠤ ᠲᠠᠢ ᠨᠢ ᠲᠡᠳᠡ ᠬᠥᠭᠡᠭᠡᠵᠦ᠂ ᠬᠡᠷᠬᠢᠨ ᠭᠣᠶᠣᠪᠠᠴᠤ ᠲᠠᠯᠪᠢᠬᠤ ᠦᠭᠡᠢ᠂ ᠢᠳᠡᠵᠦ ᠤᠤᠭᠤᠵᠤ ᠪᠠᠷᠠᠭᠠᠳ ᠵᠣᠭᠣᠷᠢ ᠶ᠋ᠢ ᠠᠭᠤᠳᠠᠯᠤᠨ ᠵᠠᠭᠤ ᠢᠯᠡᠭᠦᠦ ᠲᠡᠷᠭᠡ ᠪᠡᠷ ᠢ᠋ᠶ᠋ᠡᠨ ᠴᠥᠮ ᠴᠢᠨᠡᠭᠡ ᠪᠡᠷ ᠢ᠋ᠶ᠋ᠡᠨ ᠲᠡᠭᠡᠭᠡᠵᠦ᠂ ᠦᠯᠡᠳᠡᠭᠰᠡᠨ ᠢ᠋ ᠪᠠᠰᠠ ᠰᠠᠢᠨ ᠳᠠᠷᠤᠵᠤ᠂ ᠨᠠᠮᠠᠶ᠋ᠢ ᠠᠪᠴᠤ ᠶᠠᠪᠤᠬᠤ ᠪᠠᠷ ᠦᠯᠦ ᠪᠠᠷᠠᠨ ᠪᠠᠷᠤᠭ ᠠᠯᠠᠬᠤ ᠮᠠᠶᠢᠭ ᠲᠠᠢ ᠰᠢᠪᠡᠨᠡᠨ ᠬᠡᠯᠡᠯᠴᠡᠵᠦ ᠪᠠᠢᠬᠤ ᠶ᠋ᠢ ᠦᠵᠡᠭᠡᠳ ᠪᠢ ᠠᠷᠭ᠎ᠠ ᠭᠠᠷᠭᠠᠵᠤ ᠢᠩᠭᠢᠵᠦ ᠬᠡᠯᠡᠯ᠎ᠡ᠄《ᠲᠩᠷᠢ ᠮᠡᠳᠡᠭ! ᠡᠨᠡ ᠠᠮᠤ ᠪᠣᠯ᠂ ᠮᠢᠨᠦ ᠨᠣᠶᠠᠨ ᠬᠠᠳᠠᠭᠠᠯᠠᠵᠤ ᠬᠡᠳᠦᠨ ᠣᠨ ᠪᠣᠯᠤᠭᠠᠳ᠂ ᠡᠨᠡ ᠵᠢᠯ ᠪᠠᠷᠠᠭᠤᠨ ᠦᠵᠦᠮᠦᠴᠢᠨ ᠦ᠌ ᠣᠢᠷ᠎ᠠ ᠤᠷᠤᠭ ᠤ᠋ᠨ ᠭᠠᠵᠠᠷ ᠢ᠋ᠶ᠋ᠠᠨ ᠲᠡᠭᠡᠭᠡᠯᠭᠡᠵᠦ ᠥᠭᠬᠦ ᠪᠡᠷ ᠬᠡᠯᠡᠯᠴᠡᠨ ᠲᠣᠭᠲᠠᠵᠠᠢ᠃ ᠨᠠᠮᠠᠶ᠋ᠢ ᠤᠷᠢᠳᠠᠪᠡᠷ ᠭᠤᠷᠪᠠᠨ ᠲᠡᠷᠭᠡ ᠬᠦᠷᠭᠡᠨ ᠣᠴᠢᠵᠤ᠂ ᠪᠤᠴᠠᠵᠤ ᠢᠷᠡᠬᠦ ᠳ᠋ᠡᠭᠡᠨ ᠲᠡᠳᠡᠨ ᠡᠴᠡ ᠲᠡᠷᠭᠡ ᠢᠷᠡᠭᠦᠯᠦᠨ ᠲᠡᠭᠡᠭᠡᠬᠦ ᠪᠡᠷ ᠬᠡᠯᠡᠯᠴᠡᠵᠦ ᠢᠷ᠎ᠡ! ᠭᠡᠰᠡᠨ ᠪᠢᠯᠡ》 ᠭᠡᠵᠦ ᠬᠡᠯᠡᠭᠰᠡᠨ ᠳ᠋ᠦ᠍᠂ ᠲᠡᠳᠡᠨ ᠦ᠌ ᠨᠠᠳᠠ ᠠ᠋ᠴᠠ ᠠᠰᠠᠭᠤᠭᠰᠠᠨ ᠨᠢ᠄《ᠲᠠᠨ ᠤ᠋ ᠨᠣᠶᠠᠨ ᠤ᠋ ᠨᠡᠷ᠎ᠡ ᠬᠡᠨ ᠪᠣᠢ? ᠪᠠᠷᠠᠭᠤᠨ ᠦᠵᠦᠮᠦᠴᠢᠨ ᠳ᠋ᠦ᠍ ᠶᠠᠮᠠᠷ ᠣᠢᠷ᠎ᠠ ᠤᠷᠤᠭ ᠪᠠᠢᠬᠤ ᠪᠣᠢ?》 ᠭᠡᠰᠡᠨ ᠳ᠋ᠦ᠍ ᠪᠢ᠂《ᠮᠢᠨᠦ ᠨᠣᠶᠠᠨ ᠤ᠋ ᠨᠡᠷ᠎ᠡ ᠪᠡᠨ ᠬᠡᠵᠢᠶ᠎ᠡ ᠴᠦ᠍ ᠨᠡᠷᠡᠯᠡᠳᠡᠭ ᠦᠭᠡᠢ ᠲᠤᠯᠠ ᠬᠡᠯᠡᠵᠦ ᠴᠢᠳᠠᠬᠤ ᠦᠭᠡᠢ᠂ ᠭᠠᠭᠴᠠ ᠮᠠᠨ ᠤ᠋ ᠡᠨᠳᠡ ᠪᠣᠯ ᠬᠣᠰᠢᠭᠤ ᠨᠡᠢᠭᠡᠮ ᠢ᠋ᠶ᠋ᠡᠷ ᠢ᠋ᠶ᠋ᠡᠨ ᠬᠠᠭ ᠤ᠋ᠨ ᠨᠣᠶᠠᠨ ᠯᠠ ᠭᠡᠵᠦ ᠬᠡᠯᠡᠳᠡᠭ ᠶᠦᠮ᠃ ᠪᠠᠷᠠᠭᠤᠨ ᠦᠵᠦᠮᠦᠴᠢᠨ ᠦ᠌ ᠸᠠᠩ ᠠᠬᠠᠢ ᠲᠠᠢ ᠨᠢ ᠤᠷᠤᠭ ᠪᠣᠯᠤᠨ᠎ᠠ》 ᠭᠡᠵᠦ ᠬᠡᠯᠡᠪᠡ᠃ ᠲᠡᠳᠡᠨᠡᠷ ᠪᠡᠶ᠎ᠡ ᠪᠡᠶ᠎ᠡ ᠪᠡᠨ ᠰᠢᠷᠳᠡᠯᠴᠡᠨ ᠨᠠᠳᠠ ᠠ᠋ᠴᠠ ᠳᠠᠯᠳᠠ ᠨᠢᠭᠡᠨ ᠵᠡᠷᠭᠡ ᠬᠡᠯᠡᠯᠴᠡᠵᠦ᠂ ᠨᠠᠮᠠᠶ᠋ᠢ ᠲᠠᠯᠪᠢᠨ ᠬᠦᠨᠳᠦᠯᠡᠵᠦ᠂ ᠲᠡᠢᠮᠦ ᠪᠣᠯ᠂ ᠪᠢᠳᠡ ᠴᠦ᠍ ᠪᠠᠷᠠᠭᠤᠨ ᠦᠵᠦᠮᠦᠴᠢᠨ ᠦ᠌ ᠠᠶᠠᠨ ᠤ᠋ ᠲᠡᠷᠭᠡ ᠮᠥᠨ᠂ ᠬᠣᠲᠠ ᠳ᠋ᠤ᠌ ᠣᠷᠣᠵᠤ ᠬᠡᠷᠡᠭᠯᠡᠬᠦ ᠪᠠᠷᠠᠭ᠎ᠠ ᠵᠦᠢᠯ ᠠᠪᠤᠭᠠᠳ ᠪᠤᠴᠠᠵᠤ ᠶᠠᠪᠤᠨ᠎ᠠ᠃ ᠡᠨᠡ ᠲᠠᠰᠢᠷᠠᠮ ᠳ᠋ᠤ᠌ ᠮᠥᠨ ᠲᠠᠨ ᠤ᠋ ᠡᠨᠳᠡ ᠡᠴᠡ ᠠᠮᠤ ᠪᠤᠳᠠᠭ᠎ᠠ ᠲᠡᠭᠡᠭᠡᠶᠡ ᠭᠡᠰᠡᠨ ᠶᠦᠮ᠃ ᠶᠠᠮᠠᠷ ᠴᠤ᠌ ᠪᠣᠯᠪᠠ᠂ ᠮᠠᠨ ᠲᠠᠢ ᠬᠠᠮᠲᠤ ᠶᠠᠪᠤᠶ᠎ᠠ᠃ ᠮᠠᠨ ᠤ᠋ ᠠᠪᠴᠤ ᠶᠠᠪᠤᠬᠤ ᠬᠦᠨᠡᠰᠦ ᠪᠠᠷᠲᠠᠭ᠎ᠠ ᠪᠠᠷ ᠭᠦᠢᠴᠡᠬᠦ ᠲᠤᠯᠠ᠂ ᠴᠢ ᠭᠡᠷ ᠲᠡᠭᠡᠨ ᠪᠤᠴᠠᠬᠤ ᠴᠤ᠌ ᠬᠡᠷᠡᠭ ᠦᠭᠡᠢ ᠭᠡᠵᠦ ᠡᠵᠡᠨ ᠲᠣᠯᠣᠭᠠᠢ ᠮᠡᠳᠡᠭᠦᠯᠦᠭᠰᠡᠨ ᠦᠭᠡᠢ ᠪᠡᠷ᠂ ᠲᠡᠷᠭᠡᠨ ᠴᠤᠪᠤᠭ᠎ᠠ ᠳ᠋ᠠᠭᠠᠨ ᠣᠷᠣᠭᠤᠯᠵᠤ ᠨᠠᠮᠠᠶ᠋ᠢ ᠠᠪᠴᠤ ᠶᠠᠪᠤᠭᠰᠠᠨ ᠶᠤᠮ᠃
ᠪᠢ ᠴᠢᠩᠭᠢᠵᠦ ᠶᠠᠪᠤᠭᠰᠠᠭᠠᠷ ᠡᠳᠦᠷ ᠰᠠᠷ᠎ᠠ ᠶ᠋ᠢ ᠴᠦ᠍ ᠮᠠᠷᠲᠠᠯ᠎ᠠ᠃ ᠪᠠᠷᠤᠭ ᠬᠣᠷᠢᠭᠠᠳ ᠡᠳᠦᠷ ᠪᠣᠯᠵᠤ ᠦᠵᠦᠮᠦᠴᠢᠨ ᠳ᠋ᠦ᠍ ᠬᠦᠷᠴᠡᠢ᠃ ᠲᠡᠳᠡᠨ ᠦᠵᠦᠮᠦᠴᠢᠨ ᠦ᠌ ᠪᠡᠨ ᠵᠠᠬ᠎ᠠ ᠶ᠋ᠢ ᠣᠷᠣᠮᠠᠭᠴᠠ ᠲᠠᠪᠤ᠂ ᠠᠷᠪᠠ ᠪᠠᠷ ᠰᠠᠯᠵᠤ ᠶᠠᠪᠤᠭᠰᠠᠭᠠᠷ ᠨᠠᠳᠠ ᠯᠤᠭ᠎ᠠ ᠬᠠᠮᠲᠤ ᠦᠯᠡᠳᠡᠭᠰᠡᠨ ᠨᠢ ᠳᠡᠮᠡᠢ᠂ ᠬᠣᠷᠢᠨ ᠲᠡᠷᠭᠡ ᠡᠴᠡ ᠬᠡᠲᠦᠷᠡᠬᠦ ᠦᠭᠡᠢ ᠰᠢᠭᠤᠳ ᠪᠠᠷᠠᠭᠤᠨ ᠦᠵᠦᠮᠦᠴᠢᠨ ᠸᠠᠩ ᠤ᠋ᠨ ᠰᠠᠩ ᠳ᠋ᠤ᠌ ᠬᠦᠷᠦᠨ᠎ᠡ ᠭᠡᠵᠦ ᠶᠠᠪᠤᠭᠰᠠᠭᠠᠷ ᠨᠢᠭᠡᠨ ᠡᠳᠦᠷ᠂ ᠸᠠᠩ ᠤ᠋ᠨ ᠰᠠᠩ ᠳ᠋ᠤ᠌ ᠬᠦᠷᠴᠦ ᠢᠷᠡᠵᠡᠢ᠃ ᠴᠢᠩᠭᠢᠭᠰᠡᠨ ᠴᠢᠨᠢ ᠲᠡᠳᠡ ᠨᠠᠮᠠᠶ᠋ᠢ ᠸᠠᠩ ᠠᠬᠠᠢ ᠳ᠋ᠠᠭᠠᠨ ᠤᠴᠠᠷᠠᠭᠤᠯᠤᠨ᠎ᠠ ᠭᠡᠵᠦ᠂ ᠤᠴᠠᠷᠠᠭᠤᠯᠤᠭᠰᠠᠨ ᠨᠢ ᠨᠢᠭᠡᠨ ᠪᠦᠳᠦᠭᠦᠨ ᠲᠠᠷᠭᠤᠨ ᠬᠥᠮᠦᠨ᠂ ᠪᠢ ᠤᠴᠠᠷᠠᠭᠰᠠᠭᠠᠷ ᠠᠮᠤᠷ ᠮᠡᠨᠳᠦ ᠶ᠋ᠢ ᠯᠠᠪᠯᠠᠭᠰᠠᠨ ᠤ᠋ ᠳᠠᠷᠠᠭ᠎ᠠ᠄《ᠥᠪᠡᠷ ᠦ᠋ᠨ ᠨᠣᠶᠠᠨ ᠤ᠋ ᠡᠮᠦᠨ᠎ᠡ ᠡᠴᠡ ᠪᠡᠨ ᠠᠮᠤ ᠪᠤᠳᠠᠭ᠎ᠠ ᠬᠦᠷᠭᠡᠵᠦ ᠢᠷᠡᠪᠡ》 ᠭᠡᠵᠦ ᠬᠡᠯᠡᠭᠰᠡᠨ ᠳ᠋ᠦ᠍᠂ ᠲᠡᠷᠡ ᠸᠠᠩ ᠶᠡᠬᠡᠯ᠎ᠡ ᠪᠠᠶᠠᠷᠯᠠᠵᠤ᠂《ᠵᠠ᠂ ᠬᠠᠭ ᠤ᠋ᠨ ᠨᠣᠶᠠᠨ ᠤ᠋ ᠪᠡᠶ᠎ᠡ ᠠᠮᠤᠷ ᠤᠤ! ᠬᠠᠲᠤᠨ ᠬᠡᠦᠬᠡᠳ ᠨᠢ ᠰᠠᠢᠨ ᠤᠤ? ᠬᠠᠳᠠᠭᠠᠯᠠᠭᠰᠠᠨ ᠠᠮᠤ ᠪᠠᠨ ᠨᠠᠳᠠ ᠶᠠᠪᠤᠭᠤᠯᠤᠨ ᠥᠭᠭᠦᠶ᠎ᠡ ᠭᠡᠰᠡᠨ ᠳ᠋ᠦ᠍᠂ ᠮᠠᠨ ᠤ᠋ ᠡᠨᠳᠡᠬᠢ ᠲᠡᠷᠭᠡ ᠲᠣᠬᠢᠶᠠᠯᠳᠤᠭᠰᠠᠨ ᠲᠤᠯᠠ ᠮᠠᠰᠢ ᠳᠥᠭᠥᠮ ᠢ᠋ᠶ᠋ᠡᠷ ᠬᠦᠷᠴᠦ ᠢᠷᠡᠯ᠎ᠡ᠃ ᠣᠴᠢᠭᠰᠠᠨ ᠬᠥᠮᠦᠰ ᠦ᠋ᠳ ᠡᠴᠡ ᠪᠢ ᠡᠭᠦᠪᠡᠷ ᠨᠡᠬᠡᠮᠵᠢᠯᠡᠨ ᠶᠠᠪᠤᠶ᠎ᠠ᠃ ᠤᠷᠢᠳᠠᠪᠡᠷ ᠴᠢ᠂ ᠲᠡᠷᠭᠡ ᠪᠡᠨ ᠠᠪᠴᠤ ᠪᠤᠴᠠ ᠭᠡᠵᠦ᠂ ᠨᠢᠭᠡ ᠲᠠᠭᠠᠷ ᠳᠠᠪᠤᠰᠤ ᠥᠭᠴᠦ᠂ ᠨᠣᠶᠠᠨ ᠳ᠋ᠠᠭᠠᠨ ᠪᠡᠷᠢ》 ᠭᠡᠰᠡᠨ ᠳ᠋ᠦ᠍᠂《ᠪᠢ ᠳᠣᠲᠣᠷ᠎ᠠ ᠪᠠᠨ ᠪᠠᠶᠠᠷᠯᠠᠵᠤ᠂ ᠵᠠ ᠪᠣᠯᠵᠠᠢ᠃ ᠲᠡᠷᠭᠡ ᠦᠬᠡᠷ ᠢ᠋ᠶ᠋ᠡᠨ ᠠᠯᠳᠠᠭᠰᠠᠨ ᠦᠭᠡᠢ᠃ ᠬᠡᠭᠡᠷ᠎ᠡ ᠡᠴᠡ ᠣᠯᠤᠭᠰᠠᠨ ᠠᠮᠤ ᠪᠠᠨ ᠠᠯᠤᠰ ᠴᠢᠭᠤᠯᠭᠠᠨ ᠳ᠋ᠤ᠌ ᠲᠠᠯ᠎ᠠ ᠬᠦᠷᠭᠡᠵᠦ ᠨᠣᠶᠠᠨ ᠤ᠋ ᠪᠠᠨ ᠨᠡᠷ᠎ᠡ ᠶ᠋ᠢ ᠠᠯᠳᠠᠷᠰᠢᠭᠤᠯᠤᠭᠰᠠᠨ ᠴᠢᠨᠢ ᠪᠠᠷᠠᠰᠢ ᠦᠭᠡᠢ ᠶᠠᠪᠤᠳᠠᠯ ᠮᠥᠨ ᠭᠡᠵᠦ ᠪᠣᠳᠣᠭᠠᠳ ᠪᠤᠴᠠᠵᠤ ᠢᠷᠡᠭᠡᠳ ᠪᠤᠯᠠᠰᠢᠨ ᠳᠣᠲᠣᠷᠠᠬᠢ ᠠᠮᠤ ᠪᠠᠨ ᠪᠠᠰᠠ ᠲᠦᠷᠭᠡᠨ ᠲᠡᠭᠡᠭᠡᠬᠦ ᠨᠢ ᠶᠠᠭᠤᠨ ᠠ᠋ᠴᠠ ᠴᠤ᠌ ᠴᠢᠬᠤᠯᠠ ᠶᠠᠭᠤᠨ ᠢ᠋ ᠴᠦ᠍ ᠬᠠᠢᠬᠤᠷᠤᠭᠰᠠᠨ ᠦᠭᠡᠢ ᠵᠠᠮ ᠤ᠋ᠨ ᠵᠠᠭᠤᠷ᠎ᠠ ᠢᠳᠡᠬᠦ ᠬᠦᠨᠡᠰᠦ ᠲᠡᠳᠦᠢ ᠶ᠋ᠢ ᠭᠤᠶᠤᠵᠤ ᠣᠯᠤᠭᠠᠳ ᠡᠳᠦᠷ ᠰᠥᠨᠢ ᠦᠭᠡᠢ ᠶᠠᠪᠤᠭᠰᠠᠭᠠᠷ ᠢᠷᠡᠭᠰᠡᠨ ᠪᠢᠯᠡ᠃
ᠥᠨᠥ ᠢᠨᠠᠭᠰᠢ ᠢᠷᠡᠬᠦ ᠵᠠᠮ ᠳ᠋ᠠᠭᠠᠨ᠂ ᠨᠠᠢ᠍ᠮᠠᠨ ᠲᠠᠯ᠎ᠠ ᠶ᠋ᠢᠨ ᠬᠠᠭ ᠢ᠋ ᠳᠠᠭᠠᠷᠢᠵᠤ ᠦᠵᠡᠬᠦᠯ᠎ᠡ ᠬᠠᠭ ᠤ᠋ᠨ ᠳᠡᠭᠡᠭᠦᠷ ᠲᠦᠢᠮᠡᠷ ᠰᠢᠳᠡᠵᠦ ᠭᠠᠯ ᠭᠠᠷᠤᠭᠠᠳ ᠵᠠᠷᠢᠮ ᠭᠠᠵᠠᠷ ᠤ᠋ᠨ ᠤᠰᠤ ᠨᠢ ᠬᠠᠳᠠᠨ ᠰᠢᠷᠭᠢᠵᠦ ᠬᠠᠭᠤᠷᠠᠢ ᠪᠣᠯᠵᠠᠢ᠃ ᠪᠢ ᠥᠷᠯᠥᠭᠡ ᠡᠴᠡ ᠭᠠᠯ ᠲᠦᠢᠮᠡᠷ ᠭᠠᠷᠬᠤ ᠶ᠋ᠢ ᠦᠵᠡᠭᠰᠡᠭᠡᠷ ᠪᠢᠯᠡ᠃ ᠨᠠᠮᠠᠶ᠋ᠢ ᠣᠢᠷᠠᠲᠤᠨ ᠬᠦᠷᠲᠡᠯ᠎ᠡ ᠤᠷᠢᠳᠠᠪᠡᠷ ᠰᠢᠲᠠᠭᠰᠠᠨ ᠭᠠᠵᠠᠷ ᠤ᠋ᠨ ᠬᠢᠨᠢ ᠭᠠᠯ ᠤᠨᠲᠠᠷᠠᠵᠤ ᠪᠠᠢᠯ᠎ᠠ᠃ ᠪᠢ ᠶᠡᠬᠡ ᠰᠣᠨᠢᠷᠬᠠᠵᠤ᠂ ᠰᠣᠨᠢᠨ! ᠤᠰᠤᠨ ᠤ᠋ ᠳᠡᠭᠡᠷ᠎ᠡ ᠭᠠᠯ ᠰᠢᠲᠠᠳᠠᠭ ᠤᠴᠢᠷ ᠶᠠᠭᠤᠨ ᠪᠣᠯᠪᠠ ᠭᠡᠬᠦ ᠳ᠋ᠦ᠍᠂ ᠰᠢᠲᠠᠭᠰᠠᠨ ᠭᠠᠵᠠᠷ ᠳᠡᠭᠡᠭᠦᠷ ᠠᠯᠬᠤᠨ ᠶᠠᠪᠤᠵᠤ ᠤᠲᠤᠭᠠᠨ ᠤ᠋ ᠳᠤᠮᠳᠠ ᠵᠠᠷᠠᠭ᠎ᠠ ᠶ᠋ᠢ ᠦᠵᠡᠭᠰᠡᠨ ᠳ᠋ᠦ᠍ ᠵᠠᠷᠠᠭ᠎ᠠ ᠦᠵᠡᠭᠳᠡᠬᠦ ᠦᠭᠡᠢ᠂ ᠨᠢᠭᠡᠯᠡ ᠶᠡᠬᠡ ᠪᠥᠭᠡᠮ ᠭᠠᠯ ᠪᠣᠯᠵᠤ ᠭᠠᠳᠠᠭᠰᠢ ᠲᠡᠯᠡᠷᠡᠵᠦ ᠪᠠᠢᠬᠤ ᠨᠢ ᠦᠵᠡᠭᠳᠡᠭᠡᠳ᠂ ᠲᠣᠰᠣ ᠰᠢᠲᠠᠬᠤ ᠦᠨᠦᠷ ᠬᠠᠮᠠᠷ ᠬᠠᠲᠠᠮᠠᠷ᠂ ᠤᠯᠠᠮ ᠣᠢᠷᠠᠲᠤᠨ ᠣᠴᠢᠭᠠᠳ ᠦᠵᠡᠵᠦ ᠮᠡᠳᠡᠭᠰᠡᠨ ᠨᠢ ᠵᠠᠷᠠᠭᠠᠨ ᠤ᠋ ᠲᠣᠰᠣ ᠨᠢ ᠰᠢᠳᠡᠵᠦ ᠭᠠᠷᠤᠭᠰᠠᠨ ᠪᠣᠯᠪᠠ ᠤᠤ᠂ ᠨᠠᠷᠠᠨ ᠳ᠋ᠤ᠌ ᠰᠢᠷᠠᠭᠳᠠᠭᠠᠳ ᠭᠠᠷᠤᠭᠰᠠᠨ ᠪᠣᠯᠪᠠ ᠤᠤ᠂ ᠤᠰᠤᠨ ᠳᠡᠭᠡᠭᠦᠷ ᠬᠡᠳᠦᠨ ᠲᠣᠬᠣᠢ ᠵᠤᠵᠠᠭᠠᠨ ᠳᠡᠭᠳᠡᠵᠦ ᠪᠠᠢᠬᠤ ᠳ᠋ᠤ᠌᠂ ᠲᠡᠭᠦᠨ ᠳ᠋ᠦ᠍ ᠭᠠᠯ ᠨᠣᠴᠣᠬᠤ ᠲᠦᠷᠭᠡᠨ ᠨᠢ ᠶᠠᠭᠠᠬᠢᠬᠤ ᠶ᠋ᠢᠨ ᠴᠦ᠍ ᠠᠷᠭ᠎ᠠ ᠦᠭᠡᠢ᠂ ᠪᠠᠷᠤᠭ ᠡᠷᠭᠢᠨ ᠲᠣᠭᠣᠷᠢᠨ ᠳᠥᠴᠢᠨ ᠭᠠᠵᠠᠷ ᠤ᠋ᠨ ᠬᠠᠭ ᠨᠡᠢᠳᠡᠮ ᠭᠠᠯ ᠣᠷᠣᠵᠠᠢ᠃ ᠪᠢ ᠬᠢᠲᠤᠭ᠎ᠠ ᠪᠠᠨ ᠡᠷᠢᠵᠦ ᠠᠪᠬᠤ ᠭᠡᠵᠦ ᠪᠦᠳᠦᠭᠦᠨ ᠵᠠᠷᠠᠭ᠎ᠠ ᠶ᠋ᠢᠨ ᠰᠢᠲᠠᠭᠰᠠᠨ ᠣᠪᠣᠭ᠎ᠠ ᠳ᠋ᠤ᠌ ᠣᠢᠷᠠᠲᠤᠨ ᠬᠦᠷᠦᠭᠰᠡᠨ ᠪᠣᠯᠪᠠᠴᠤ ᠶᠠᠭ ᠬᠠᠯᠭᠠᠵᠤ ᠴᠢᠳᠠᠭᠰᠠᠨ ᠦᠭᠡᠢ᠂ ᠰᠢᠳᠡᠵᠦ ᠤᠰᠤ ᠨᠢ ᠴᠥᠮ ᠬᠠᠲᠠᠭᠠᠳ᠂ ᠬᠠᠷ᠎ᠠ ᠲᠣᠭᠣᠷᠢᠮ ᠪᠣᠯᠤᠭᠰᠠᠨ ᠭᠠᠵᠠᠷ ᠢ᠋ᠶ᠋ᠠᠷ ᠠᠯᠬᠤᠵᠤ ᠶᠠᠪᠤᠭᠰᠠᠭᠠᠷ ᠬᠠᠷᠢᠨ ᠨᠢᠭᠡᠨ ᠬᠣᠣᠰ ᠭᠠᠤᠯᠢᠨ ᠴᠠᠩ ᠣᠯᠤᠯ᠎ᠠ᠃ ᠪᠢ ᠬᠢᠲᠤᠭᠠᠨ ᠳ᠋ᠠᠭᠠᠨ ᠴᠤ᠌ ᠳᠡᠮᠡᠢ ᠶᠠᠭᠠᠷᠠᠭᠰᠠᠨ ᠦᠭᠡᠢ᠂ ᠡᠨᠡ ᠨᠢᠭᠡ ᠬᠣᠣᠰ ᠴᠠᠩ ᠣᠯᠤᠭᠰᠠᠨ ᠢ᠋ᠶ᠋ᠠᠨ ᠶᠡᠬᠡ ᠰᠣᠨᠢᠨ᠂ ᠬᠠᠭ ᠠ᠋ᠴᠠ ᠪᠠᠨ ᠭᠠᠷᠴᠤ ᠢᠷᠡᠭᠡᠳ ᠥᠷᠥᠭᠡᠰᠦᠨ ᠢ᠋ ᠨᠢ ᠬᠣᠩᠭᠣᠷ ᠣᠪᠣᠭᠠᠨ ᠤ᠋ ᠵᠣ ᠳᠡᠭᠡᠷ᠎ᠡ ᠪᠤᠯᠠᠵᠤ ᠲᠠᠯᠪᠢᠭᠠᠳ ᠬᠠᠭᠤᠴᠢᠳ ᠤ᠋ᠨ ᠶᠠᠭᠤᠮ᠎ᠠ᠂ ᠨᠣᠮ ᠱᠠᠰᠢᠨ ᠤ᠋ ᠲᠠᠩᠭᠠᠷᠢᠭ ᠤ᠋ᠨ ᠵᠡᠪᠰᠡᠭ᠂ ᠡᠭᠦᠨ ᠢ᠋ ᠰᠢᠭᠤᠳ ᠨᠣᠶᠠᠨ ᠳ᠋ᠠᠭᠠᠨ ᠠᠪᠴᠢᠷᠠᠬᠤ ᠶ᠋ᠢᠨ ᠤᠷᠢᠳ᠂ ᠰᠠᠢᠨ ᠮᠠᠭᠤ ᠶ᠋ᠢ ᠮᠡᠳᠡᠬᠦ ᠶ᠋ᠢᠨ ᠲᠤᠯᠠ ᠬᠠᠭ ᠤ᠋ᠨ ᠯᠠᠮᠠ ᠳ᠋ᠤ᠌ ᠦᠵᠡᠭᠦᠯᠦᠶ᠎ᠡ ᠭᠡᠵᠦ ᠥᠷᠥᠭᠡᠰᠦᠨ ᠴᠠᠩ ᠢ᠋ ᠠᠪᠴᠤ ᠬᠠᠭ ᠤ᠋ᠨ ᠰᠦᠮ᠎ᠡ ᠪᠡᠷ ᠳᠠᠭᠠᠷᠢᠵᠤ ᠢᠷᠡᠭᠡᠳ ᠦᠵᠡᠭᠦᠯᠦᠭᠰᠡᠨ ᠳ᠋ᠦ᠍᠂ ᠬᠠᠭ ᠤ᠋ᠨ ᠯᠠᠮᠠ ᠶ᠋ᠢᠨ ᠠᠢᠯᠠᠳᠤᠭᠰᠠᠨ ᠨᠢ᠄《ᠡᠨᠡ ᠪᠣᠯ ᠯᠤᠤᠰ ᠤ᠋ᠨ ᠴᠠᠩ ᠪᠢᠯᠡ᠃ ᠡᠨᠡ ᠶᠢᠷᠲᠢᠨᠴᠦ ᠳ᠋ᠦ᠍ ᠪᠠᠢᠳᠠᠭ ᠦᠭᠡᠢ᠃ ᠡᠭᠦᠨ ᠢ᠋ ᠬᠠᠳᠠᠭᠠᠯᠠᠭᠰᠠᠨ ᠭᠠᠵᠠᠷ ᠦᠷ᠎ᠡ ᠶ᠋ᠢᠨ ᠦᠷ᠎ᠡ᠂ ᠦᠶ᠎ᠡ ᠤᠯᠠᠷᠢᠨ ᠦᠭᠡᠢᠷᠡᠨ ᠭᠠᠴᠢᠭᠳᠠᠬᠤ ᠵᠣᠪᠠᠯᠠᠩ ᠦᠭᠡᠢ᠃ ᠯᠤᠤᠰ ᠤ᠋ᠨ ᠰᠠᠩ ᠤ᠋ᠨ ᠬᠥᠷᠥᠩᠭᠡ ᠬᠣᠭᠰᠢᠯ ᠢ᠋ ᠡᠭᠦᠨ ᠢ᠋ᠶ᠋ᠡᠷ ᠳᠠᠯᠠᠯᠪᠠᠯ ᠲᠦᠷᠪᠡᠯ ᠦᠭᠡᠢ ᠬᠣᠷᠢᠶᠠᠨ ᠳᠠᠯᠠᠯᠵᠤ ᠠᠪᠴᠢᠷᠠᠨ᠂ ᠬᠢᠵᠠᠭᠠᠯᠠᠰᠢ ᠦᠭᠡᠢ ᠪᠠᠶᠠᠨ ᠪᠣᠯᠤᠨ᠎ᠠ᠃ ᠡᠭᠦᠨ ᠢ᠋ᠶ᠋ᠡᠷ ᠶᠡᠷᠦᠳᠡᠭᠡᠨ ᠬᠥᠷᠥᠩᠭᠡ ᠮᠠᠯ ᠢ᠋ᠶ᠋ᠠᠨ ᠠᠷᠪᠢᠵᠢᠭᠤᠯᠵᠤ᠂ ᠠᠷᠪᠠᠨ ᠵᠦᠭ ᠦ᠋ᠨ ᠬᠡᠰᠢᠭ ᠢ᠋ ᠳᠠᠯᠠᠯᠬᠤ ᠨᠢ ᠰᠠᠢᠨ ᠪᠣᠯᠪᠠᠴᠤ ᠰᠢᠭᠤᠳ ᠯᠤᠤᠰ ᠤ᠋ᠨ ᠰᠠᠩ ᠤ᠋ᠨ ᠬᠥᠷᠥᠩᠭᠡ ᠶ᠋ᠢ ᠳᠠᠯᠠᠯᠵᠤ ᠦᠯᠦ ᠪᠣᠯᠤᠨ᠎ᠠ᠃ ᠵᠢᠱ᠌ᠢᠶᠡᠯᠡᠪᠡᠯ᠄ ᠮᠠᠯ ᠤ᠋ᠨ ᠰᠢᠭᠢᠷ᠎ᠡ ᠦᠭᠡᠢ ᠪᠣᠯᠤᠭᠰᠠᠨ ᠦᠶ᠎ᠡ ᠳ᠋ᠦ᠍ ᠪᠣᠯ᠂ ᠡᠭᠦᠪᠡᠷ ᠳᠠᠯᠠᠯᠵᠤ ᠯᠤᠤᠰ ᠤ᠋ᠨ ᠰᠠᠩ ᠤ᠋ᠨ ᠬᠥᠷᠥᠩᠭᠡ ᠶ᠋ᠢ ᠬᠡᠷᠡᠭᠯᠡᠬᠦ ᠬᠡᠮᠵᠢᠶ᠎ᠡ ᠪᠡᠷ ᠢ᠋ᠶ᠋ᠡᠨ ᠬᠣᠷᠢᠶᠠᠨ ᠠᠪᠴᠢᠷᠠᠵᠤ ᠪᠣᠯᠤᠨ᠎ᠠ᠃ ᠲᠡᠢᠮᠦ ᠪᠤᠰᠤ ᠪᠠᠷ ᠥᠪᠡᠷᠲᠡᠭᠡᠨ ᠣᠯᠠᠨ ᠪᠠᠢᠬᠤ ᠪᠥᠭᠡᠳ ᠳᠡᠮᠡᠢ ᠳᠠᠯᠠᠯᠤᠨ ᠯᠤᠤᠰ ᠤ᠋ᠨ ᠰᠠᠩ ᠤ᠋ᠨ ᠡᠳ᠋ ᠢ᠋ ᠬᠣᠷᠢᠶᠠᠨ ᠠᠪᠴᠢᠷᠠᠵᠤ ᠬᠡᠷᠡᠭᠯᠡᠪᠡᠯ ᠭᠠᠢ ᠭᠠᠮᠰᠢᠭ᠂ ᠦᠬᠦᠯ ᠵᠣᠪᠠᠯᠠᠩ ᠪᠣᠯᠤᠨ᠎ᠠ᠃ ᠴᠢᠨᠦ ᠠᠪᠴᠢᠷᠠᠭᠰᠠᠨ ᠡᠨᠡ ᠴᠠᠩ ᠢ᠋ ᠡᠭᠡᠯ ᠬᠥᠳᠡᠭᠡ ᠲᠠᠯᠪᠢᠵᠤ ᠬᠠᠳᠠᠭᠠᠯᠠᠬᠤ ᠠ᠋ᠴᠠ ᠡᠨᠡ ᠰᠦᠮ᠎ᠡ ᠳᠡᠭᠡᠷ᠎ᠡ ᠲᠠᠯᠪᠢᠪᠠᠯ ᠵᠦᠢ ᠲᠡᠢ᠃ ᠡᠨᠡ ᠴᠠᠩ ᠢ᠋ ᠪᠣᠯ᠂ ᠮᠢᠨᠦ ᠮᠡᠲᠦ ᠶ᠋ᠢᠨ ᠬᠤᠸᠠᠷᠠᠭ ᠬᠥᠮᠦᠨ᠂ ᠶᠠᠮᠠᠷ ᠨᠢᠭᠡᠨ ᠪᠢᠰᠢᠯᠭᠠᠯ ᠬᠢᠬᠦ ᠪᠠ ᠯᠤᠤᠰ ᠢ᠋ ᠵᠠᠷᠤᠬᠤ᠂ ᠪᠣᠷᠣᠭᠠᠨ ᠬᠤᠷ᠎ᠠ ᠣᠷᠣᠭᠤᠯᠬᠤ ᠲᠡᠷᠢᠭᠦᠲᠡᠨ ᠳ᠋ᠦ᠍ ᠬᠡᠷᠡᠭᠯᠡᠪᠡᠯ ᠵᠣᠬᠢᠰᠲᠠᠢ᠃ ᠴᠣᠬᠣᠮ ᠪᠠᠶᠠᠵᠢᠬᠤ ᠲᠤᠬᠠᠢ ᠲᠠᠢ ᠶ᠋ᠢ ᠨᠢ ᠴᠢ ᠣᠯᠵᠤ ᠴᠢᠳᠠᠭᠰᠠᠨ ᠦᠭᠡᠢ ᠪᠠᠢᠨ᠎ᠠ᠃ ᠨᠥᠭᠦᠭᠡ ᠨᠢᠭᠡ ᠨᠢ ᠪᠣᠯ᠂ ᠪᠠᠶᠠᠵᠢᠬᠤ ᠲᠤᠬᠠᠢ ᠲᠠᠢ ᠴᠠᠩ ᠶᠤᠮ ᠠ᠋》 ᠭᠡᠵᠦ ᠠᠢᠯᠠᠳᠪᠠ᠃ ᠪᠢ ᠥᠷᠥᠭᠡᠰᠦᠨ ᠴᠠᠩ ᠢ᠋ ᠪᠤᠯᠠᠵᠤ ᠲᠠᠯᠪᠢᠭᠰᠠᠨ ᠢ᠋ᠶ᠋ᠠᠨ ᠲᠠᠭ ᠬᠡᠯᠡᠭᠰᠡᠨ ᠦᠭᠡᠢ᠃ ᠭᠡᠪᠡᠴᠦ ᠯᠠᠮᠠ ᠶ᠋ᠢᠨ ᠠᠢᠯᠠᠳᠤᠭᠰᠠᠨ ᠨᠢ᠄《ᠡᠨᠡ ᠴᠦ᠍ ᠪᠤᠶᠠᠨ ᠲᠠᠢ ᠬᠥᠮᠦᠨ ᠳ᠋ᠦ᠍ ᠬᠠᠳᠠᠭᠠᠯᠠᠭᠳᠠᠬᠤ ᠶᠤᠮ ᠠ᠋᠃ ᠡᠨᠡ ᠬᠣᠶᠠᠷ ᠴᠠᠩ ᠵᠠᠭᠤᠨ ᠭᠠᠵᠠᠷ ᠠ᠋ᠴᠠ ᠭᠠᠳᠠᠨ᠎ᠠ ᠰᠠᠯᠵᠤ ᠪᠠᠢᠬᠤ ᠶᠣᠰᠣ ᠦᠭᠡᠢ᠃ ᠬᠡᠷᠪᠡ ᠠᠯᠤᠰ ᠰᠠᠯᠴᠢᠬᠠᠪᠠᠯ ᠠᠶᠠᠨᠳᠠᠭᠠᠨ ᠨᠢᠭᠡ ᠨᠢ ᠨᠢᠭᠡ ᠪᠡᠨ ᠡᠷᠢᠭᠡᠳ ᠣᠴᠢᠬᠤ ᠴᠢᠳᠠᠯ ᠲᠠᠢ᠃ ᠴᠣᠬᠣᠮ ᠪᠢ ᠬᠣᠶᠠᠷ ᠢ᠋ ᠴᠥᠮ ᠣᠯᠪᠠᠯ ᠨᠣᠮ ᠪᠢᠰᠢᠯᠭᠠᠯ ᠬᠢᠬᠦ ᠳ᠋ᠦ᠍ ᠰᠠᠢᠨ ᠶᠤᠮ ᠭᠡᠪᠡ》 ᠭᠡᠰᠡᠨ ᠳ᠋ᠦ᠍ ᠨᠣᠶᠠᠨ ᠨᠢ ᠰᠣᠨᠣᠰᠤᠭᠠᠳ ᠶᠡᠬᠡᠯ᠎ᠡ ᠭᠠᠢᠬᠠᠯ ᠲᠥᠷᠥᠵᠦ᠄《ᠬᠠᠢᠷᠮᠠᠢ! ᠲᠡᠢᠮᠦ ᠪᠣᠯ ᠪᠣᠰᠢᠭᠣ ᠶᠠᠪᠤᠵᠤ ᠪᠤᠯᠠᠵᠤ ᠲᠠᠯᠪᠢᠭᠰᠠᠨ ᠥᠷᠥᠭᠡᠰᠦᠨ ᠴᠠᠩ ᠢ᠋ᠶ᠋ᠠᠨ ᠠᠪᠴᠢᠷᠠ! ᠮᠣᠷᠢ ᠤᠨᠤᠭᠠᠳ ᠶᠠᠪᠤ! ᠰᠥᠨᠢ ᠳᠦᠯᠢ ᠪᠤᠴᠠᠵᠤ ᠢᠷ᠎ᠡ! ᠵᠣᠭᠣᠷᠢ ᠶ᠋ᠢᠨ ᠠᠮᠤ ᠨᠢᠭᠡᠨᠲᠡ ᠲᠡᠭᠡᠭᠡᠭᠳᠡᠭᠰᠡᠨ ᠲᠤᠯᠠ᠂ ᠢᠷᠡᠭᠰᠡᠨ ᠦ᠌ ᠳᠠᠷᠠᠭ᠎ᠠ ᠣᠳᠣ ᠬᠡᠳᠦᠢ ᠦᠯᠡᠳᠡᠵᠦ ᠪᠠᠢᠬᠤ ᠶ᠋ᠢ ᠲᠣᠳᠣᠷᠬᠠᠢ ᠦᠵᠡᠨ ᠮᠡᠳᠡᠵᠦ ᠪᠠᠢᠵᠤ ᠬᠡᠯᠡᠯᠴᠡᠶ᠎ᠡ》 ᠭᠡᠵᠦ ᠬᠠᠢᠷᠮᠠᠢ ᠳ᠋ᠤ᠌ ᠰᠢᠮᠳᠠᠨ ᠵᠠᠬᠢᠪᠠ᠃ ᠬᠠᠢᠷᠮᠠᠢ ᠶ᠋ᠢᠨ ᠳᠠᠪᠲᠠᠨ ᠭᠤᠶᠤᠭᠰᠠᠨ ᠨᠢ᠄《ᠨᠣᠶᠠᠨ ᠮᠢᠨᠢ! ᠥᠷᠥᠭᠡᠰᠦᠨ ᠴᠠᠩ ᠪᠠᠢᠨ᠎ᠠ ᠭᠡᠵᠦ ᠬᠠᠭ ᠤ᠋ᠨ ᠯᠠᠮᠠ ᠳ᠋ᠤ᠌ ᠬᠡᠵᠢᠶ᠎ᠡ ᠴᠦ᠍ ᠪᠦᠦ ᠬᠡᠯᠡᠭᠡᠷᠡᠢ》 ᠭᠡᠬᠦ ᠳ᠋ᠦ᠍᠂ ᠨᠣᠶᠠᠨ ᠨᠢ ᠶᠡᠬᠡᠯ᠎ᠡ ᠵᠥᠪᠰᠢᠶᠡᠷᠡᠵᠦ《 ᠣᠭᠲᠣ ᠬᠡᠯᠡᠬᠦ ᠦᠭᠡᠢ》 ᠭᠡᠵᠦ ᠪᠠᠲᠤᠯᠠᠪᠠ᠃
ᠴᠢᠩᠭᠢᠭᠡᠳ ᠬᠠᠢᠷᠮᠠᠢ ᠨᠢᠭᠡᠨ ᠥᠷᠥᠭᠡᠰᠦᠨ ᠴᠠᠩ ᠠᠪᠴᠢᠷᠠᠵᠤ ᠥᠭᠭᠦᠭᠰᠡᠨ ᠭᠡᠨ᠎ᠡ᠃ ᠲᠡᠢᠮᠦ ᠨᠢᠭᠡ ᠬᠠᠭᠤᠴᠢᠨ ᠴᠠᠩ ᠢ᠋ ᠲᠡᠷᠡ ᠦᠶ᠎ᠡ ᠳ᠋ᠦ᠍ ᠣᠯᠬᠤ ᠳ᠋ᠤ᠌ ᠳᠡᠮᠡᠢ ᠪᠡᠷᠬᠡ ᠲᠡᠢ ᠪᠢᠰᠢ ᠪᠠᠢᠵᠠᠢ᠃
ᠡᠭᠦᠨᠴᠡ ᠬᠣᠢᠰᠢ᠂ ᠬᠠᠭ ᠤ᠋ᠨ ᠯᠠᠮᠠ ᠪᠣᠯᠣᠳ᠂ ᠲᠡᠷᠡ ᠬᠠᠭ ᠤ᠋ᠨ ᠨᠣᠶᠠᠨ ᠬᠣᠶᠠᠭᠤᠯᠠ ᠪᠠᠨ ᠬᠡᠳᠦᠢ ᠡᠷᠡᠭᠡ ᠦᠭᠡᠢ ᠶᠠᠪᠤᠯᠴᠠᠪᠠᠴᠤ᠂ ᠡᠨᠡ ᠨᠢᠭᠡᠨ ᠴᠠᠩ ᠪᠠᠢᠬᠤ ᠪᠠᠨ ᠲᠡᠷᠡ ᠯᠠᠮᠠ ᠳ᠋ᠠᠭᠠᠨ ᠣᠭᠲᠣ ᠬᠡᠯᠡᠬᠦ ᠦᠭᠡᠢ᠃ ᠲᠡᠷᠡ ᠯᠠᠮᠠ ᠨᠢ ᠪᠠᠢᠨ ᠪᠠᠢᠨ ᠴᠠᠩ ᠤ᠋ᠨ ᠤᠴᠢᠷ ᠢ᠋ ᠭᠠᠷᠭᠠᠵᠤ ᠬᠡᠯᠡᠪᠡᠯ᠂ ᠲᠡᠷᠡ ᠨᠣᠶᠠᠨ ᠨᠢ ᠬᠠᠷᠢᠨ᠂ ᠯᠠᠮᠠ ᠶᠠᠭᠠᠬᠢᠵᠤ ᠮᠡᠳᠡᠭᠡᠳ ᠦᠭᠡ ᠪᠡᠷ ᠥᠳᠥᠭᠡᠵᠦ ᠪᠠᠢᠬᠤ ᠰᠢᠭ᠋ ᠰᠡᠵᠢᠭᠯᠡᠨ ᠰᠠᠨᠠᠵᠤ᠂ ᠶᠠᠭ ᠳᠤᠷᠠᠳᠬᠤ ᠦᠭᠡᠢ᠃ ᠤᠳᠠᠭ᠎ᠠ ᠪᠦᠷᠢ ᠬᠠᠢᠷᠮᠠᠢ ᠶ᠋ᠢ ᠪᠠᠲᠤᠯᠠᠨ᠄《ᠬᠠᠢᠷᠮᠠᠢ ᠴᠢ ᠴᠠᠩ ᠤ᠋ᠨ ᠤᠴᠢᠷ ᠢ᠋ ᠪᠤᠰᠤᠳ ᠲᠤ᠌ ᠦᠭᠡ ᠠᠯᠳᠠᠪᠠ ᠤᠤ?》ᠭᠡᠵᠦ ᠯᠠᠪᠯᠠᠬᠤ ᠨᠢ ᠬᠠᠢᠷᠮᠠᠢ ᠶ᠋ᠢᠨ ᠴᠣᠬᠣᠮ ᠶᠠᠮᠠᠷ ᠤᠬᠠᠭᠠᠨ ᠭᠠᠷᠭᠠᠵᠤ ᠪᠠᠢᠬᠤ ᠶ᠋ᠢ ᠬᠢᠨᠠᠬᠤ ᠨᠢ ᠴᠢᠩᠭ᠎ᠠ ᠪᠣᠯᠤᠭᠰᠠᠨ ᠨᠢ ᠬᠠᠢᠷᠮᠠᠢ ᠳ᠋ᠤ᠌ ᠶᠡᠬᠡ ᠲᠤᠰᠠ ᠪᠣᠯᠵᠠᠢ᠃ ᠬᠠᠢᠷᠮᠠᠢ ᠲᠡᠷᠡ ᠯᠠᠮᠠ ᠶ᠋ᠢ ᠴᠦ᠍ ᠠᠷᠭᠠᠳᠠᠨ ᠲᠥᠭᠡᠷᠢᠭᠦᠯᠦᠭᠰᠡᠨ ᠪᠣᠯᠤᠯᠲᠠᠢ᠃ ᠬᠣᠵᠢᠮ᠂ ᠨᠣᠶᠠᠨ ᠨᠢ᠂ ᠬᠠᠢᠷᠮᠠᠢ ᠠ᠋ᠴᠠ《ᠵᠣᠭᠣᠷᠢ ᠲᠠᠢ ᠠᠮᠤ ᠪᠠᠰᠠ ᠪᠠᠢᠨ᠎ᠠ ᠤᠤ?》 ᠭᠡᠵᠦ ᠠᠰᠠᠭᠤᠬᠤ ᠳ᠋ᠤ᠌ ᠬᠠᠢᠷᠮᠠᠢ᠄《ᠦᠯᠡᠳᠡᠭᠰᠡᠨ》 ᠨᠢ ᠴᠦ᠍ ᠨᠡᠯᠢᠶᠡᠳ ᠦᠯᠡᠳᠡᠭᠰᠡᠨ ᠪᠠᠢᠪᠠ᠃ ᠥᠭᠡᠷ᠎ᠡ ᠬᠥᠮᠦᠨ ᠴᠦ᠍ ᠲᠡᠭᠡᠭᠡᠭᠰᠡᠨ ᠦᠭᠡᠢ᠃ ᠬᠠᠷᠢᠨ ᠴᠥᠮ ᠢ᠋ ᠬᠤᠯᠤᠭᠠᠨ᠎ᠠ ᠵᠥᠭᠡᠭᠡᠵᠡᠢ᠃ ᠪᠢ ᠢᠲᠡᠭᠡᠬᠦ ᠦᠭᠡᠢ᠂ ᠡᠨᠡ ᠤᠴᠢᠷ ᠢ᠋ ᠬᠠᠭ ᠤ᠋ᠨ ᠯᠠᠮᠠ ᠠ᠋ᠴᠠ ᠠᠰᠠᠭᠤᠭᠰᠠᠨ ᠳ᠋ᠤ᠌᠂ ᠯᠠᠮᠠ ᠶ᠋ᠢᠨ ᠠᠢᠯᠠᠳᠤᠭᠰᠠᠨ ᠢ᠋ᠶ᠋ᠠᠷ ᠰᠠᠶᠢ ᠪᠣᠳᠣᠵᠤ ᠣᠯᠪᠠ᠃ ᠬᠠᠷᠢᠨ᠂ ᠨᠣᠶᠠᠨ ᠮᠢᠨᠢ᠂ ᠨᠠᠮᠠᠶ᠋ᠢ ᠰᠢᠮᠳᠠᠭᠤᠯᠤᠭᠰᠠᠭᠠᠷ ᠪᠠᠢᠭᠠᠳ ᠮᠢᠨᠦ ᠲᠡᠭᠡᠭᠡᠭᠰᠡᠨ ᠴᠠᠭ ᠡᠳᠦᠷ ᠨᠢ ᠶᠠᠭ ᠬᠥᠬᠡ ᠬᠤᠯᠤᠭᠠᠨ᠎ᠠ ᠡᠳᠦᠷ᠂ ᠬᠥᠬᠡ ᠬᠤᠯᠤᠭᠠᠨ᠎ᠠ ᠴᠠᠭ ᠪᠣᠯᠤᠭᠰᠠᠨ ᠪᠠᠢᠵᠠᠢ᠃ ᠡᠨᠡ ᠤᠴᠢᠷ ᠠ᠋ᠴᠠ᠂ ᠲᠡᠷᠡ ᠠᠮᠤ ᠶ᠋ᠢ ᠴᠥᠮ ᠬᠤᠯᠤᠭᠠᠨ᠎ᠠ ᠵᠥᠭᠡᠭᠡᠬᠦᠢ ᠳ᠋ᠦ᠍ ᠬᠦᠷᠴᠦ ᠭᠡᠨ᠎ᠡ᠃ ᠪᠢ ᠴᠦ᠍ ᠳᠠᠷᠤᠢ ᠯᠠᠮᠠ ᠳ᠋ᠤ᠌ ᠠᠢᠯᠠᠳᠬᠠᠶ᠎ᠠ ᠭᠡᠵᠦ ᠪᠣᠳᠣᠭᠰᠠᠨ ᠭᠡᠪᠡᠴᠦ ᠣᠯᠤᠭᠰᠠᠨ ᠳ᠋ᠠᠭᠠᠨ ᠪᠠᠶᠠᠷᠯᠠᠵᠤ ᠨᠣᠶᠠᠨ ᠳ᠋ᠠᠭᠠᠨ ᠲᠦᠷᠭᠡᠨ ᠲᠡᠭᠡᠭᠡᠭᠡᠳ ᠥᠭᠭᠦᠶ᠎ᠡ ᠭᠡᠭᠰᠡᠭᠡᠷ ᠪᠠᠢᠭᠠᠳ ᠠᠯᠳᠠᠰᠢ ᠪᠣᠯᠬᠤ ᠳ᠋ᠤ᠌ ᠬᠦᠷᠦᠭᠡᠳ᠂ ᠶᠠᠭᠤ ᠴᠤ᠌ ᠪᠣᠯᠪᠠ᠂ ᠦᠵᠦᠮᠦᠴᠢᠨ ᠬᠦᠷᠲᠡᠯ᠎ᠡ ᠶᠠᠪᠤᠵᠤ ᠢᠷᠡᠭᠡᠳ᠂ ᠠᠮᠤ ᠪᠠᠨ ᠣᠷᠣᠨ ᠲᠠᠢ ᠪᠣᠯᠭᠠᠨ ᠵᠠᠪᠳᠤᠭᠰᠠᠨ ᠨᠢ᠂ ᠪᠠᠰᠠ ᠯᠠ ᠨᠣᠶᠠᠨ ᠤ᠋ ᠮᠢᠨᠢ ᠪᠤᠶᠠᠨ ᠳ᠋ᠤ᠌ ᠪᠢᠯᠡ᠃ ᠲᠡᠳᠦᠢᠴᠢᠨᠡᠭᠡᠨ ᠠᠮᠤ ᠶ᠋ᠢ ᠠᠪᠠᠴᠢᠭᠠᠳ᠂ ᠮᠠᠨ ᠤ᠋ ᠨᠣᠶᠠᠨ ᠳ᠋ᠤ᠌ ᠦᠨ᠎ᠡ ᠬᠠᠷᠢᠭᠤ ᠦᠯᠦ ᠥᠭᠬᠦ ᠶᠣᠰᠣ ᠪᠣᠢ ᠤᠤ᠃ ᠨᠠᠮᠤᠷ᠂ ᠡᠪᠦᠯ ᠪᠣᠯᠵᠤ᠂ ᠢᠷᠡᠬᠦ ᠬᠠᠪᠤᠷ ᠪᠣᠯᠲᠠᠯ᠎ᠠ᠂ ᠲᠡᠳᠡᠨ ᠦ᠌ ᠠᠶᠠᠨ ᠤ᠋ ᠲᠡᠷᠭᠡ ᠢᠷᠡᠬᠦ ᠶᠣᠰᠣᠲᠠᠢ᠂ ᠬᠡᠷᠪᠡ ᠡᠰᠡ ᠢᠷᠡᠪᠡᠯ᠂ ᠪᠢᠳᠡ ᠣᠴᠢᠵᠤ ᠨᠡᠬᠡᠵᠦ ᠪᠣᠯᠬᠤ ᠪᠢᠯᠡ》 ᠭᠡᠵᠦ ᠲᠦᠯᠬᠢᠭᠰᠡᠭᠡᠷ ᠤᠬᠤᠴᠢᠯᠠᠨ ᠨᠡᠬᠡᠬᠦ ᠶ᠋ᠢ ᠨᠢ ᠤᠯᠠᠮ ᠰᠤᠯᠠᠳᠬᠠᠵᠠᠢ᠃
ᠬᠠᠢᠷᠮᠠᠢ᠂ ᠬᠠᠭ ᠤ᠋ᠨ ᠨᠣᠶᠠᠨ ᠢ᠋ ᠢᠩᠭᠢᠵᠦ ᠬᠠᠭᠤᠷᠳᠠᠭ ᠪᠠᠢᠵᠠᠢ᠃
ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ ᠪᠠᠢ·ᠰᠠᠷᠠᠨ᠎ᠠ᠂
ᠬᠡᠷᠡᠢᠳ·ᠮᠥᠩᠬᠡᠨᠠᠰᠤᠨ᠂ ᠮᠥᠩᠭᠥᠨ᠂ ᠭᠡᠷᠡᠯ᠂ ᠡᠷᠴᠢᠨ ᠂ ᠠᠯᠲᠠᠨᠴᠡᠴᠡᠭ
ᠬᠢᠨᠠᠭᠴᠢ᠄ ᠣᠳᠬᠠᠨᠰᠣ᠎ᠠ᠂ ᠪᠠᠯ᠂ ᠭᠠᠷᠮ᠎ᠠ ᠡᠭᠦᠯᠡᠩᠬᠤᠸᠠᠷ᠂ ᠤᠷᠠᠨᠴᠢᠮᠡᠭ᠂ ᠂ ᠰᠡᠬᠡᠭᠡᠷᠡᠯ᠂
ᠨᠠᠷᠠᠨ᠂ ᠣᠶᠤᠨᠴᠢᠮᠡᠭ ᠂ ᠬᠡᠯᠡᠰᠣᠶᠣᠯ(ᠪᠤᠤ ᠸᠧᠨ ᠬᠤᠸᠠ)᠂ ᠭᠡᠷᠡᠯ᠂ ᠮᠣᠩᠭᠣᠯ ᠰᠦᠨᠡᠰᠦ
