ᠤᠮᠠᠷᠠᠲᠤ ᠶᠤᠸᠠᠨ ᠤᠯᠤᠰ ᠤ᠋ᠨ ᠬᠠᠭᠠᠳUmard yuan ulsyn khaadУмард юан улсын хаад
ᠤᠮᠠᠷᠠᠲᠤ ᠶᠤᠸᠠᠨ ᠤᠯᠤᠰ ᠤ᠋ᠨ ᠬᠠᠭᠠᠳ
ᠡᠮᠬᠢᠳᠬᠡᠭᠰᠡᠨ ᠨᠢ᠄ ᠴᠢ᠊ · ᠤᠷᠠᠨᠴᠡᠴᠡᠭ
ᠪᠢᠯᠢᠭᠲᠦ ᠬᠠᠭᠠᠨ ᠠᠶᠤᠰᠢᠷᠢᠳᠢᠶᠠ
ᠤᠰᠬᠠᠯ ᠬᠠᠭᠠᠨ ᠲᠡᠭᠦᠰᠳᠡᠮᠦᠷ
ᠡᠩᠬᠡ ᠵᠣᠷᠢᠭᠲᠤ ᠬᠠᠭᠠᠨ
ᠡᠯᠪᠡᠭ ᠨᠢᠭᠦᠯᠡᠰᠦᠭᠴᠢ ᠬᠠᠭᠠᠨ
ᠭᠦᠨᠲᠡᠮᠦᠷ ᠬᠠᠭᠠᠨ
ᠭᠦᠢᠯᠢᠴᠢ ᠬᠠᠭᠠᠨ
ᠦᠯᠵᠡᠶ᠋ᠢᠲᠡᠮᠦᠷ ᠬᠠᠭᠠᠨ ᠪᠣᠶᠠᠨᠰᠢᠷᠢ
ᠳᠡᠯᠪᠡᠭ ᠬᠠᠭᠠᠨ
ᠣᠶ᠋ᠢᠷᠠᠳᠠᠢ ᠬᠠᠭᠠᠨ
ᠠᠲᠠᠢ ᠬᠠᠭᠠᠨ
ᠲᠣᠲᠣᠪᠣᠬᠠ ᠲᠠᠶ᠋ᠢᠽᠦᠢ᠍ᠩ ᠬᠠᠭᠠᠨ
ᠠᠭᠪᠠᠷᠵᠢᠨ ᠵᠢᠨᠦᠩ ᠬᠠᠭᠠᠨ
ᠡᠰᠡᠨ ᠲᠡᠢᠰᠢ ᠬᠠᠭᠠᠨ
ᠮᠠᠬᠠᠭᠦᠷᠺᠢᠰ ᠬᠠᠭᠠᠨ
ᠮᠣᠯᠣᠨ ᠬᠠᠭᠠᠨ
ᠮᠠᠨᠳᠤᠭᠤᠯ ᠬᠠᠭᠠᠨ
ᠪᠠᠲᠤᠮᠥ᠋ᠩᠬᠡ ᠳᠠᠶᠠᠨ ᠬᠠᠭᠠᠨ
ᠰᠠᠢᠨ ᠠᠯᠠᠭ ᠬᠠᠭᠠᠨ ᠪᠠᠷᠰᠪᠣᠯᠣᠳ
ᠪᠣᠳᠢ ᠠᠯᠠᠭ ᠬᠠᠭᠠᠨ
ᠲᠠᠷᠠᠶ᠋ᠢᠰᠤᠨ ᠬᠦᠳᠡᠩ ᠬᠠᠭᠠᠨ
ᠲᠦᠮᠡᠨ ᠵᠠᠰᠠᠭᠲᠤ ᠬᠠᠭᠠᠨ
ᠪᠤᠶᠠᠨ ᠰᠡᠴᠡᠨ ᠬᠠᠭᠠᠨ
ᠯᠢᠭᠳᠡᠨ ᠬᠤᠲᠤᠭᠲᠤ ᠬᠠᠭᠠᠨ
1368 ᠣᠨ ᠳ᠋ᠤ᠌ ᠶᠤᠸᠠᠨ ᠤᠯᠤᠰ ᠤᠯᠤᠰ ᠤ᠋ᠨ ᠡᠴᠦᠰ ᠦ᠋ᠨ ᠬᠠᠭᠠᠨ ᠲᠣᠭᠣᠨᠲᠡᠮᠦᠷ ᠳᠠᠢᠳᠤ(ᠣᠳᠣ ᠶ᠋ᠢᠨ ᠪᠡᠭᠡᠵᠢᠩ) ᠬᠣᠲᠠ ᠪᠠᠨ ᠬᠠᠶᠠᠵᠤ ᠤᠮᠠᠷᠠᠰᠢ ᠢᠩᠴᠠᠩ(ᠣᠳᠣ ᠶ᠋ᠢᠨ ᠥᠪᠥᠷ ᠮᠣᠩᠭᠣᠯ ᠤ᠋ᠨ ᠬᠡᠰᠢᠭᠲᠡᠨ ᠬᠤᠰᠢᠭᠤᠨ ᠤ᠋ ᠳᠠᠯᠠᠢ ᠨᠠᠭᠤᠷ ᠤ᠋ᠨ ᠪᠠᠷᠠᠭᠤᠨ ᠡᠮᠦᠨ᠎ᠡ) ᠳ᠋ᠦ᠍ ᠤᠬᠤᠷᠢᠭᠰᠠᠨ ᠠ᠋ᠴᠠ1634 ᠣᠨ ᠳ᠋ᠤ᠌ ᠯᠢᠭᠳᠡᠨ ᠬᠠᠭᠠᠨ ᠢᠯᠠᠭᠳᠠᠭᠠᠳ ᠬᠥᠬᠡᠨᠠᠭᠤᠷ ᠲᠤ᠌ ᠨᠠᠰᠤ ᠨᠥᠭᠴᠢᠭᠰᠡᠨ ᠬᠦᠷᠲᠡᠯᠡᠬᠢ267 ᠵᠢᠯ ᠦ᠋ᠨ ᠬᠣᠭᠣᠷᠣᠨᠳᠣᠬᠢ᠂ ᠶᠤᠸᠠᠨ ᠤᠯᠤᠰ ᠤ᠋ᠨ ᠬᠠᠭᠠᠳ ᠤ᠋ᠨ ᠬᠣᠢᠴᠢᠰ ᠲᠥᠷᠥ ᠶ᠋ᠢᠨ ᠡᠷᠬᠡ ᠪᠡᠨ ᠵᠠᠯᠭᠠᠮᠵᠢᠯᠠᠨ ᠴᠠᠭᠠᠨ ᠬᠡᠷᠡᠮ ᠡᠴᠡ ᠤᠮᠠᠷᠡᠰᠢᠬᠢ ᠥᠷᠭᠡᠨ ᠠᠭᠤᠳᠠᠮ ᠮᠣᠩᠭᠣᠯ ᠨᠤᠲᠤᠭ ᠢ᠋ᠶ᠋ᠠᠨ ᠵᠠᠬᠢᠷᠤᠨ ᠡᠵᠡᠮᠰᠢᠵᠦ᠂ ᠪᠠᠷᠤᠭ ᠮᠢᠩ ᠦ᠋ᠨ ᠲᠥᠷᠥ ᠡᠴᠦᠰᠯᠡᠲᠡᠯᠡ ᠲᠡᠭᠦᠨ ᠯᠤᠭ᠎ᠠ ᠵᠡᠷᠭᠡᠴᠡᠨ ᠣᠷᠣᠰᠢᠵᠤ ᠪᠠᠢᠭᠰᠠᠨ ᠶᠤᠮ᠃ ᠡᠨᠡ ᠬᠣᠭᠣᠷᠣᠨᠳᠣ ᠤᠷᠢᠳ ᠬᠣᠵᠢᠳ23 ᠬᠠᠭᠠᠨ ᠶᠤᠸᠠᠨ ᠤ᠋ ᠵᠠᠯᠭᠠᠮᠵᠢᠯᠠᠭᠴᠢ ᠶ᠋ᠢᠨ ᠬᠤᠪᠢ ᠪᠠᠷ ᠡᠷᠬᠡ ᠠᠳᠬᠤᠵᠤ ᠪᠠᠢᠭᠰᠠᠨ ᠶᠤᠮ᠃ ᠬᠠᠭᠤᠴᠢᠨ ᠲᠡᠦᠬᠡᠨ ᠳ᠋ᠦ᠍ ᠡᠨᠡᠬᠦ ᠲᠥᠷᠥ ᠶ᠋ᠢ《 ᠤᠮᠠᠷᠠᠲᠤ ᠶᠤᠸᠠᠨ》《 ᠬᠠᠭᠤᠴᠢᠨ ᠶᠤᠸᠠᠨ》 ᠪᠤᠶᠤ《 ᠦᠯᠡᠳᠡᠭᠳᠡᠯ ᠶᠤᠸᠠᠨ》 ᠭᠡᠵᠦ ᠨᠡᠷᠡᠢᠳᠴᠦ ᠪᠠᠢᠪᠠ᠃ ᠡᠨᠡᠬᠦ《ᠶᠤᠸᠠᠨ》 ᠭᠡᠳᠡᠭ ᠡᠴᠡ 《ᠤᠮᠠᠷᠠᠲᠤ ᠶᠤᠸᠠᠨ 》 ᠤ᠋ ᠵᠠᠰᠠᠭ ᠪᠣᠯ ᠶᠡᠬᠡ ᠶᠤᠸᠠᠨ ᠤᠯᠤᠰ ᠤ᠋ᠨ ᠲᠥᠷᠥ ᠶ᠋ᠢᠨ ᠵᠠᠰᠠᠭ ᠳᠤᠮᠳᠠᠳᠤ ᠤᠯᠤᠰ ᠤ᠋ᠨ ᠤᠮᠠᠷᠠᠲᠤ ᠣᠷᠣᠨ ᠳ᠋ᠤ᠌ ᠦᠷᠭᠦᠯᠵᠢᠯᠡᠨ ᠣᠷᠣᠰᠢᠵᠤ ᠪᠠᠢᠪᠠ ᠭᠡᠰᠡᠨ ᠢ᠋ ᠬᠠᠷᠠᠭᠤᠯᠵᠤ ᠪᠠᠢᠭ᠎ᠠ ᠶᠤᠮ᠃ ᠲᠡᠭᠦᠨ ᠦ᠌ ᠡᠵᠡᠮᠰᠢᠯ ᠳ᠋ᠦ᠍ ᠪᠠᠢᠭᠰᠠᠨ ᠥᠷᠭᠡᠨ ᠠᠭᠤᠳᠠᠮ ᠨᠤᠲᠤᠭ ᠳᠡᠪᠢᠰᠬᠡᠷ ᠨᠢ ᠳᠤᠮᠳᠠᠳᠤ ᠤᠯᠤᠰ ᠤ᠋ᠨ ᠲᠡᠦᠬᠡᠨ ᠳ᠋ᠦ᠍ ᠪᠠᠭᠲᠠᠭᠳᠠᠬᠤ ᠣᠷᠣᠨ ᠨᠤᠲᠤᠭ ᠪᠣᠯᠬᠤ ᠪᠥᠭᠡᠳ ᠲᠡᠭᠦᠨ ᠦ᠌ ᠲᠡᠦᠬᠡᠲᠦ ᠠᠵᠢᠯᠯᠠᠭ᠎ᠠ ᠪᠣᠯᠤᠨ ᠭᠠᠪᠢᠶ᠎ᠠ ᠵᠢᠳᠬᠦᠯ ᠨᠢ ᠴᠤ᠌ ᠳᠤᠮᠳᠠᠳᠤ ᠤᠯᠤᠰ ᠤ᠋ᠨ ᠲᠡᠦᠬᠡ ᠶ᠋ᠢᠨ ᠰᠠᠯᠵᠤ ᠪᠣᠯᠣᠰᠢ ᠦᠭᠡᠢ ᠠᠭᠤᠯᠭ᠎ᠠ ᠪᠣᠯᠬᠤ ᠨᠢ ᠭᠠᠷᠴᠠᠭ᠎ᠠ
ᠦᠭᠡᠢ ᠪᠢᠯᠡ᠃
ᠤᠮᠠᠷᠠᠲᠤ ᠶᠤᠸᠠᠨ ᠤᠯᠤᠰ᠂ ᠮᠢᠩ ᠤᠯᠤᠰ ᠵᠡᠷᠭᠡᠴᠡᠨ ᠤᠷᠤᠰᠤᠭᠰᠠᠨ ᠲᠡᠦᠬᠡᠲᠦ ᠪᠠᠢᠳᠠᠯ ᠢ᠋ ᠡᠴᠦᠰᠯᠡᠭᠦᠯᠦᠨ᠂ ᠳᠤᠮᠳᠠᠳᠤ ᠤᠯᠤᠰ ᠤ᠋ᠨ ᠲᠡᠦᠬᠡᠨ ᠳ᠋ᠦ᠍ ᠤᠷᠢᠳᠤ ᠭᠠᠷᠤᠭ᠎ᠠ ᠦᠭᠡᠢ ᠶᠡᠬᠡ ᠨᠢᠭᠡᠳᠦᠯ ᠢ᠋ ᠪᠡᠶᠡᠯᠡᠭᠦᠯᠵᠦ᠂ ᠡᠮᠦᠨᠡᠲᠦ ᠤᠮᠠᠷᠠᠲᠤ ᠶ᠋ᠢᠨ ᠦᠨᠳᠦᠰᠦᠲᠡᠨ ᠨᠦ᠍ᠭᠦᠳ ᠦ᠋ᠨ ᠨᠢᠭᠡᠳᠦᠯ ᠤᠶᠠᠯᠳᠤᠯ ᠢ᠋ ᠰᠢᠨ᠎ᠡ ᠱᠠᠲᠤᠨ ᠳ᠋ᠤ᠌ ᠲᠦᠯᠬᠢᠨ ᠣᠷᠣᠭᠤᠯᠤᠭᠰᠠᠨ ᠪᠠᠢᠨ᠎ᠠ᠃ ᠭᠡᠪᠡᠴᠦ ᠴᠢᠩ ᠦ᠋ᠨ ᠬᠥᠮᠦᠰ ᠬᠡᠯᠪᠡᠢᠭᠦᠦ ᠦᠵᠡᠯ ᠢ᠋ ᠪᠠᠷᠢᠮᠲᠠᠯᠠᠵᠤ᠂ ᠶᠤᠸᠠᠨ ᠤᠯᠤᠰ ᠤ᠋ᠨ ᠲᠡᠦᠬᠡ ᠶ᠋ᠢ ᠲᠤᠰᠬᠠᠢ ᠬᠠᠭᠤᠳᠠᠰᠤ ᠡᠵᠡᠯᠡᠭᠦᠯᠵᠦ ᠲᠡᠦᠬᠡ ᠱᠠᠰᠲᠢᠷ ᠪᠣᠯᠭᠠᠨ ᠪᠢᠴᠢᠭᠰᠡᠨ ᠦᠭᠡᠢ ᠤᠴᠢᠷ ᠠ᠋ᠴᠠ ᠤᠮᠠᠷᠠᠲᠤ ᠳ᠋ᠤ᠌ ᠪᠣᠯᠤᠭᠰᠠᠨ ᠬᠣᠶᠠᠷ ᠵᠠᠭᠤ ᠢᠯᠡᠭᠦᠦ ᠵᠢᠯ ᠦ᠋ᠨ ᠲᠡᠦᠬᠡ ᠬᠥᠮᠦᠰ ᠲᠦ᠍ ᠣᠢᠯᠠᠭᠠᠯᠲᠠ ᠳᠤᠲᠠᠭᠤ ᠪᠣᠯᠵᠠᠢ᠃
ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》《ᠮᠣᠩᠭᠣᠯ ᠤ᠋ᠨ ᠦᠶ᠎ᠡ ᠤᠯᠠᠷᠢᠯ ᠤ᠋ᠨ ᠪᠢᠴᠢᠭ》《ᠤᠮᠠᠷᠠᠲᠤ ᠶᠤᠸᠠᠨ ᠤ᠋ ᠲᠡᠦᠬᠡ》 ᠭᠡᠬᠦ ᠨᠣᠮ ᠤ᠋ᠳ ᠠ᠋ᠴᠠ ᠡᠮᠬᠢᠳᠬᠡᠨ ᠨᠠᠢᠷᠠᠭᠤᠯᠵᠤ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
