ᠮᠢᠨᠦ ᠤᠭᠵᠢᠭᠤᠷ ᠬᠤᠷᠠᠭ᠎ᠠ -ᠣ᠂ ᠯᠤᠪᠰᠠᠩᠳᠣᠷᠵᠢ Minii ugjuur khurgaМиний угжуур хурга-О,Лувсандорж ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠤᠭᠵᠢᠭᠤᠷ ᠬᠤᠷᠠᠭ᠎ᠠ -ᠣ᠂ ᠯᠤᠪᠰᠠᠩᠳᠣᠷᠵᠢ Minii ugjuur khurgaМиний угжуур хурга-О,Лувсандорж

ᠮᠢᠨᠦ ᠤᠭᠵᠢᠭᠤᠷ ᠬᠤᠷᠠᠭ᠎ᠠ -ᠣ᠂ ᠯᠤᠪᠰᠠᠩᠳᠣᠷᠵᠢ Minii ugjuur khurgaМиний угжуур хурга-О,Лувсандорж

2025-12-07

640

ᠮᠢᠨᠦ ᠤᠭᠵᠢᠭᠤᠷ ᠬᠤᠷᠠᠭ᠎ᠠ


   ᠦᠭᠡ᠄ ᠣ᠂ ᠯᠤᠪᠰᠠᠩᠳᠣᠷᠵᠢ 
   ᠠᠶ᠎ᠠ᠂᠂ ᠮ᠂ ᠰᠠᠷᠠᠨᠬᠦᠦ 
   ᠳᠠᠭᠤᠴᠢᠨ᠄ ᠯ᠂ ᠵᠤᠨ᠎ᠠ 

ᠬᠠᠪᠤᠷ ᠤ᠋ᠨ ᠲᠥᠯ ᠦ᠋ᠨ ᠰᠡᠭᠦᠯᠴᠢ ᠪᠡᠷ 
ᠬᠠᠯᠵᠠᠨ ᠵᠤᠰᠠᠭ ᠬᠤᠷᠠᠭᠠᠯᠠᠯ᠎ᠠ 
ᠬᠠᠯᠵᠠᠨ ᠵᠤᠰᠠᠭ ᠨᠢ ᠲᠡᠭᠡᠭᠡᠳ 
ᠬᠠᠷ᠎ᠠ ᠳᠠᠯᠠᠩ ᠲᠠᠢ ᠪᠠᠢᠯ᠎ᠠ 
ᠬᠥᠭᠡᠷᠦᠬᠦᠨ ᠴᠠᠭᠠᠨ ᠬᠤᠷᠠᠭ᠎ᠠ 
ᠬᠦᠷᠪᠡ ᠲᠣᠷᠨᠢᠭᠤᠨ ᠪᠣᠢᠵᠢᠯ᠎ᠠ 
ᠬᠥᠮᠦᠨ ᠊ᠢ ᠪᠣᠷᠪᠢᠳᠠᠨ ᠳᠠᠭᠠᠭᠠᠳᠠᠭ 
ᠤᠭᠵᠢᠭᠤᠷ ᠬᠤᠷᠠᠭ᠎ᠠ ᠪᠣᠯᠤᠯ᠎ᠠ 

ᠭᠡᠳᠡᠰᠦ ᠨᠢ ᠴᠠᠳᠤᠭᠰᠠᠨ ᠬᠤᠷᠠᠭ᠎ᠠ ᠮᠢᠨᠢ
ᠭᠡᠷ ᠲᠦ᠍ ᠲᠣᠭᠯᠠᠭᠠᠳ ᠲᠦᠢᠳᠦᠨ᠎ᠡ
ᠬᠡᠦᠬᠡᠳ ᠶᠦᠮ ᠰᠢᠭ ᠡᠷᠬᠡᠯᠡᠭᠡᠳ
ᠬᠥᠮᠦᠨ ᠊ᠢ ᠬᠠᠷᠠᠭᠠᠳ ᠮᠠᠢᠯᠠᠨ᠎ᠠ
ᠲᠦᠢᠳᠬᠡᠷ ᠤᠭᠵᠢᠭᠤᠷ ᠬᠤᠷᠠᠭ᠎ᠠ ᠮᠢᠨᠢ

ᠲᠦᠨᠲᠡᠷ ᠪᠦᠨᠲᠡᠷ ᠲᠣᠭᠯᠠᠭᠠᠷᠠᠢ
ᠲᠦᠷᠭᠡᠨ ᠲᠦᠷᠭᠡᠨ ᠪᠣᠢᠵᠢᠭᠠᠳ
ᠲᠦᠮᠡ ᠪᠤᠮ ᠢ᠋ᠶ᠋ᠠᠷ ᠥᠰᠦᠭᠡᠷᠡᠢ
ᠲᠦᠷᠭᠡᠨ ᠲᠦᠷᠭᠡᠨ ᠪᠣᠢᠵᠢᠭᠠᠳ
ᠲᠦᠮᠡ ᠪᠤᠮ ᠢ᠋ᠶ᠋ᠠᠷ ᠦᠰᠦᠭᠡᠷᠡᠢ
 
  ᠦᠰᠦᠭ ᠠᠮᠢᠯᠠᠭᠤᠯᠵᠤ᠂ ᠦᠰᠦᠭ ᠬᠠᠲᠠᠭᠰᠠᠨ ᠨᠢ᠄ ᠰᠣᠳᠣ