ᠰᠦᠨᠡᠰᠦᠨ ᠦ᠌ ᠲᠤᠬᠠᠢ ᠨᠢᠭᠡᠨ ᠬᠠᠴᠢᠷᠬᠠᠯᠲᠠᠢ ᠪᠠᠷᠢᠮᠲᠠСүнсний тухай нэгэн хачирхалтай баримт
ᠰᠦᠨᠡᠰᠦᠨ ᠦ᠌ ᠲᠤᠬᠠᠢ ᠨᠢᠭᠡᠨ ᠬᠠᠴᠢᠷᠬᠠᠯᠲᠠᠢ ᠪᠠᠷᠢᠮᠲᠠ
ᠬᠠᠮᠪᠤ ᠪᠯᠠᠮ᠎ᠠ ᠳ᠋ᠠᠮᠪᠠ ᠠᠶᠤᠰᠢᠶᠸᠪ
ᠬᠥᠮᠦᠨ ᠭᠡᠳᠡᠭ ᠮᠢᠬᠠᠨ ᠪᠡᠶ᠎ᠡ ᠡᠴᠡ ᠪᠦᠲᠦᠭᠰᠡᠨ ᠴᠦ᠍ ᠂ ᠲᠡᠭᠦᠨ ᠢ᠋ ᠠᠮᠢᠳᠤ ᠪᠣᠢ ᠪᠣᠯᠭᠠᠳᠠᠭ ᠨᠢᠭᠤᠴᠠᠯᠢᠭ ᠬᠦᠴᠦ ᠪᠣᠯ ᠰᠦᠨᠡᠰᠦ ᠶᠤᠮ᠃ ᠡᠨᠡ ᠨᠢ ᠬᠡᠨ ᠴᠦ᠍ ᠨᠢᠳᠦ ᠪᠡᠷ ᠬᠠᠷᠠᠵᠤ᠂ ᠭᠠᠷ ᠲᠤ᠌ ᠪᠠᠷᠢᠵᠤ ᠴᠢᠳᠠᠬᠤ ᠦᠭᠡᠢ ᠴᠦ᠍ ᠬᠥᠮᠦᠨ ᠦ᠌ ᠠᠮᠢ᠂ ᠮᠥᠨ ᠴᠢᠨᠠᠷ ᠤ᠋ᠨ ᠴᠥᠮ᠎ᠡ ᠪᠣᠯᠵᠤ ᠪᠠᠢᠳᠠᠭ᠃ ᠰᠤᠳᠤᠯᠤᠭᠠᠴᠢᠳ᠂ ᠡᠷᠲᠡᠨ ᠦ᠌ ᠨᠣᠮ ᠰᠤᠳᠤᠷ᠂ ᠪᠤᠷᠬᠠᠨ ᠤ᠋ ᠱᠠᠰᠢᠨ ᠤ᠋ ᠠᠢ ᠬᠢᠭᠡᠳ ᠣᠷᠴᠢᠨ ᠦᠶ᠎ᠡ ᠶ᠋ᠢᠨ ᠰᠢᠨᠵᠢᠯᠡᠬᠦ ᠤᠬᠠᠭᠠᠨ ᠳ᠋ᠤ᠌ ᠬᠦᠷᠲᠡᠯ᠎ᠡ ᠰᠦᠨᠡᠰᠦᠨ ᠦ᠌ ᠲᠤᠬᠠᠢ ᠥᠭᠡᠷ᠎ᠡ ᠥᠭᠡᠷ᠎ᠡ ᠥᠨᠴᠥᠭ ᠡᠴᠡ ᠲᠠᠢᠯᠪᠤᠷᠢᠯᠠᠭᠰᠠᠭᠠᠷ ᠢᠷᠡᠵᠡᠢ᠃
ᠵᠢᠷᠦᠬᠡᠨ ᠡᠴᠡ ᠡᠬᠢᠯᠡᠯ ᠲᠡᠢ ᠠᠮᠢᠳᠤᠷᠠᠯ
ᠪᠤᠷᠬᠠᠨ ᠤ᠋ ᠱᠠᠰᠢᠨ ᠳ᠋ᠤ᠌ ᠬᠥᠮᠦᠨ ᠦ᠌ ᠪᠡᠶ᠎ᠡ ᠪᠦᠷᠢᠯᠳᠦᠬᠦ ᠳ᠋ᠦ᠍ ᠬᠠᠮᠤᠭ ᠤ᠋ᠨ ᠲᠦᠷᠦᠭᠦᠨ ᠳ᠋ᠦ᠍ ᠵᠢᠷᠦᠬᠡ ᠪᠣᠢ ᠪᠣᠯᠳᠠᠭ ᠭᠡᠵᠦ ᠦᠵᠡᠳᠡᠭ᠃ ᠵᠢᠷᠦᠬᠡᠨ ᠦ᠌ ᠭᠦᠨ ᠳ᠋ᠦ᠍《ᠦᠯᠦ ᠡᠪᠳᠡᠷᠡᠯᠴᠡᠬᠦ ᠴᠢᠭ》 ᠭᠡᠵᠦ ᠨᠡᠷᠡᠯᠡᠭᠳᠡᠳᠡᠭ᠂ ᠪᠠᠷᠠᠭᠳᠠᠰᠢ ᠦᠭᠡᠢ ᠨᠢᠭᠤᠴᠠᠯᠢᠭ ᠲᠥᠪ ᠣᠷᠣᠰᠢᠳᠠᠭ ᠪᠥᠭᠡᠳ ᠰᠦᠨᠡᠰᠦ ᠨᠢ ᠲᠡᠨᠳᠡ ᠠᠮᠢᠳᠤᠷᠠᠯ ᠤ᠋ᠨ ᠢ᠋ᠶ᠋ᠠᠨ ᠲᠤᠷᠰᠢ ᠣᠷᠣᠰᠢᠳᠠᠭ ᠭᠡᠨ᠎ᠡ᠃ ᠲᠡᠭᠡᠭᠡᠳ ᠬᠥᠮᠦᠨ ᠠᠮᠢᠰᠬᠤᠯ ᠬᠤᠷᠢᠶᠠᠬᠤ ᠮᠥᠴᠡ ᠳ᠋ᠦ᠍ ᠰᠦᠨᠡᠰᠦ ᠨᠢ ᠲᠡᠷᠡᠬᠦ ᠭᠦᠨ ᠲᠥᠪ ᠡᠴᠡ ᠲᠠᠰᠤᠷᠠᠨ᠂ ᠬᠡᠢ ᠪᠣᠯᠤᠨ ᠣᠷᠴᠢᠯᠠᠩ ᠠ᠋ᠴᠠ ᠳᠡᠪᠰᠢᠳᠡᠭ ᠠᠵᠠᠢ᠃
ᠮᠠᠬᠠᠪᠣᠳ ᠪᠦᠷᠢᠯᠳᠦᠵᠦ᠂ ᠪᠡᠶ᠎ᠡ ᠬᠤᠷᠢᠶᠠᠨ᠎ᠠ
ᠬᠥᠮᠦᠨ ᠪᠡᠶ᠎ᠡ ᠪᠠᠷᠠᠬᠤ ᠦᠶ᠎ᠡ ᠳ᠋ᠦ᠍ ᠮᠢᠬᠠᠨ ᠪᠡᠶ᠎ᠡ ᠶ᠋ᠢ ᠪᠦᠷᠢᠳᠦᠭᠦᠯᠵᠦ ᠪᠣᠢ ᠳᠥᠷᠪᠡᠨ ᠮᠠᠬᠠᠪᠣᠳ(ᠰᠢᠷᠣᠢ᠂ ᠤᠰᠤ᠂ ᠭᠠᠯ᠂ ᠬᠡᠢ) ᠳᠠᠷᠠᠭᠠᠯᠠᠯ ᠲᠠᠢ ᠪᠠᠷ ᠰᠠᠯᠳᠠᠭ᠃ ᠰᠢᠷᠣᠢ ᠶ᠋ᠢᠨ ᠮᠠᠬᠠᠪᠣᠳ ᠨᠢ ᠤᠰᠤᠨ ᠳ᠋ᠤ᠌ ᠰᠢᠩᠭᠡᠵᠦ᠂ ᠤᠰᠤ ᠨᠢ ᠭᠠᠯ ᠳ᠋ᠤ᠌᠂ ᠭᠠᠯ ᠨᠢ ᠬᠡᠢ ᠳ᠋ᠦ᠍ ᠠᠭᠤᠰᠤᠭᠰᠠᠨ ᠤ᠋ ᠡᠴᠦᠰ ᠲᠦ᠍ ᠬᠡᠢ ᠶ᠋ᠢᠨ ᠰᠢᠨᠵᠢ ᠲᠡᠢ ᠰᠦᠨᠡᠰᠦ ᠵᠢᠷᠦᠬᠡᠨ ᠡᠴᠡ ᠲᠠᠰᠤᠷᠠᠨ ᠣᠳᠬᠤ ᠲᠡᠷᠡ ᠮᠥᠴᠡ ᠳ᠋ᠦ᠍ ᠬᠥᠮᠦᠨ ᠬᠠᠮᠤᠭ ᠤ᠋ᠨ ᠰᠡᠭᠦᠯᠴᠢ ᠶ᠋ᠢᠨ ᠠᠮᠢᠰᠬᠤᠯ ᠢ᠋ᠶ᠋ᠠᠨ ᠠᠪᠴᠤ᠂ ᠡᠨᠡ ᠶᠢᠷᠲᠢᠨᠴᠦ ᠡᠴᠡ ᠬᠠᠭᠠᠴᠠᠳᠠᠭ ᠪᠠᠢᠨ᠎ᠠ᠃
ᠰᠦᠨᠡᠰᠦ ᠲᠡᠨᠦᠭᠦᠯᠴᠢ ᠪᠣᠯᠬᠤ ᠨᠢ
ᠬᠡᠷᠪᠡ ᠬᠥᠮᠦᠨ ᠵᠦᠢ ᠪᠤᠰᠤ ᠪᠠᠷ ᠠᠮᠢ ᠪᠠᠨ ᠠᠯᠳᠠᠭᠰᠠᠨ ᠪᠣᠯ ᠵᠢᠱ᠌ᠢᠶᠡᠯᠡᠪᠡᠯ ᠪᠤᠰᠤᠳ ᠤ᠋ᠨ ᠭᠠᠷ ᠲᠤ᠌ ᠬᠣᠣᠷᠯᠠᠭᠳᠠᠬᠤ᠂ ᠡᠰᠡᠪᠡᠯ ᠠᠮᠢ ᠪᠠᠨ ᠬᠣᠣᠷᠯᠠᠬᠤ ᠵᠡᠷᠭᠡ ᠲᠡᠭᠦᠨ ᠦ᠌ ᠰᠦᠨᠡᠰᠦ ᠬᠣᠢᠲᠤ ᠶ᠋ᠢᠨ ᠲᠥᠷᠥᠯ ᠳ᠋ᠦ᠍ ᠪᠡᠨ ᠬᠢᠯᠪᠠᠷᠬᠠᠨ ᠰᠢᠯᠵᠢᠵᠦ ᠴᠢᠳᠠᠯ ᠦᠭᠡᠢ᠂ ᠰᠠᠨᠰᠠᠷ ᠣᠭᠲᠠᠷᠭᠤᠢ ᠳ᠋ᠤ᠌ ᠲᠡᠨᠦᠭᠦᠯᠴᠢᠯᠡᠳᠡᠭ᠃ ᠵᠠᠷᠢᠮ ᠨᠢ 49 ᠬᠣᠨᠣᠭ ᠤ᠋ᠨ ᠬᠤᠭᠤᠴᠠᠭᠠᠨ ᠳ᠋ᠤ᠌ ᠲᠥᠷᠥᠯ ᠢ᠋ᠶ᠋ᠡᠨ ᠣᠯᠵᠤ ᠴᠢᠳᠠᠬᠤ ᠦᠭᠡᠢ ᠲᠥᠭᠡᠷᠢᠵᠦ᠂ ᠵᠠᠷᠢᠮ ᠨᠢ ᠬᠥᠮᠦᠰ ᠦ᠋ᠨ ᠣᠷᠴᠢᠨ ᠳ᠋ᠤ᠌ ᠦᠯᠡᠳᠡᠨ 《ᠪᠤᠭ》 ᠬᠡᠮᠡᠬᠦ ᠨᠡᠷ᠎ᠡ ᠪᠡᠷ ᠨᠡᠷᠡᠯᠡᠭᠳᠡᠳᠡᠭ ᠠᠵᠢ᠃
ᠠᠮᠢᠳᠤ ᠦᠬᠦᠯ ᠦ᠋ᠨ ᠵᠠᠭᠠᠭ ᠳᠡᠭᠡᠷᠡᠬᠢ ᠶᠠᠪᠤᠳᠠᠯ
ᠯᠣᠨᠳᠣᠨ ᠬᠣᠲᠠ ᠶ᠋ᠢᠨ ᠢᠷᠭᠡᠨ ᠰᠢᠮᠫᠠᠰᠤᠨ[Симпсон] ᠤ᠋ ᠶᠠᠷᠢᠭᠰᠠᠨ ᠨᠢᠭᠡᠨ ᠶᠠᠪᠤᠳᠠᠯ ᠦᠨᠡᠬᠡᠷ ᠭᠠᠢᠬᠠᠮᠠᠷ᠄《ᠮᠠᠰᠢᠨ ᠢ᠋ᠶ᠋ᠠᠷ ᠬᠤᠷᠳᠤᠯᠠᠵᠤ ᠶᠠᠪᠤᠲᠠᠯ᠎ᠠ ᠭᠡᠨᠡᠳᠲᠡ ᠣᠰᠣᠯ ᠳ᠋ᠤ᠌ ᠣᠷᠣᠭᠰᠠᠨ᠃ ᠪᠢ ᠥᠪᠡᠷ ᠢ᠋ ᠪᠡᠨ ᠡᠮᠨᠡᠯᠭᠡ ᠳ᠋ᠦ᠍ ᠰᠡᠬᠡᠭᠡᠨ ᠦ᠌ ᠣᠷᠣᠨ ᠳᠡᠭᠡᠷ᠎ᠡ᠂ ᠠᠮᠢᠰᠬᠤᠯ ᠤ᠋ᠨ ᠠᠫᠫᠠᠷᠠᠲ(ᠲᠥᠬᠥᠭᠡᠷᠦᠮᠵᠢ ) ᠲᠡᠢ ᠬᠡᠪᠲᠡᠵᠦ ᠪᠠᠢᠭ᠎ᠠ ᠶ᠋ᠢ ᠬᠠᠷᠠᠭᠰᠠᠨ᠃ ᠭᠡᠬᠦ ᠳ᠋ᠦ᠍ ᠪᠡᠨ ᠰᠣᠨᠢᠨ ᠨᠢ ᠪᠢ ᠲᠡᠷᠡ ᠪᠦᠬᠦᠨ ᠢ᠋ ᠳᠡᠭᠡᠷ᠎ᠡ ᠡᠴᠡ ᠬᠠᠷᠠᠵᠤ ᠪᠠᠢᠭᠰᠠᠨ ᠶᠤᠮ᠃ ᠡᠵᠢ ᠶ᠋ᠢᠨ ᠮᠢᠨᠢ ᠤᠬᠢᠯᠠᠬᠤ ᠳᠠᠭᠤ᠂ ᠡᠮᠴᠢ ᠨᠠᠷ ᠤ᠋ᠨ ᠶᠠᠭᠠᠷᠠᠯᠲᠠᠢ ᠠᠪᠤᠷᠠᠯ ᠤ᠋ᠨ ᠣᠷᠣᠯᠳᠣᠯᠭ᠎ᠠ ᠃ ᠪᠦᠭᠦᠳᠡ ᠶ᠋ᠢ ᠨᠢ ᠪᠢ ᠬᠥᠨᠳᠡᠯᠡᠨ ᠡᠴᠡ ᠠᠵᠢᠭᠯᠠᠵᠤ ᠪᠠᠢᠯ᠎ᠠ᠃ ᠪᠢ ᠥᠪᠡᠷ ᠢ᠋ ᠪᠡᠨ ᠣᠷᠬᠢᠬᠤ ᠶ᠋ᠢ ᠬᠦᠰᠡᠭᠰᠡᠨ ᠴᠦ᠍ ᠴᠢᠳᠠᠭᠰᠠᠨ ᠦᠭᠡᠢ᠃ ᠲᠡᠭᠡᠲᠡᠯ᠎ᠡ ᠨᠢᠭᠡ ᠰᠤᠪᠢᠯᠠᠭᠴᠢ ᠶ᠋ᠢ< ᠡᠮᠴᠢ ᠬᠣᠢᠨ᠎ᠠ ᠪᠠᠨ ᠪᠠᠢ! >ᠭᠡᠮᠡᠨ ᠵᠠᠩᠳᠤᠷᠬᠤ ᠬᠣᠭᠣᠷᠣᠨᠳᠣ ᠭᠡᠨᠡᠳᠲᠡ ᠪᠢ ᠪᠡᠶ᠎ᠡ ᠳ᠋ᠦ᠍ ᠪᠡᠨ ᠡᠷᠭᠢᠨ ᠰᠢᠷᠭᠤᠵᠤ ᠴᠢᠳᠠᠭᠰᠠᠨ᠃ ᠲᠡᠭᠡᠭᠡᠳ ᠯᠡ ᠨᠢᠳᠦ ᠪᠡᠨ ᠨᠡᠭᠡᠭᠡᠵᠦ᠂ ᠠᠩᠬᠠᠨ ᠤ᠋ ᠠᠮᠢᠰᠬᠤᠯ ᠢ᠋ᠶ᠋ᠠᠨ ᠠᠪᠴᠤ᠂ ᠳᠠᠬᠢᠨ ᠠᠮᠢᠳᠤᠷᠠᠯ ᠳ᠋ᠤ᠌ ᠡᠷᠭᠢᠨ ᠢᠷᠡᠭᠰᠡᠨ ᠶᠤᠮ》᠃ᠰᠢᠮᠫᠠᠰᠤᠨ ᠡᠨᠡ ᠶᠠᠪᠤᠳᠠᠯ ᠠ᠋ᠴᠠ ᠬᠣᠢᠰᠢ ᠰᠦᠨᠡᠰᠦᠨ ᠦ᠌ ᠣᠷᠣᠰᠢᠬᠤᠢ ᠳ᠋ᠤ᠌ ᠢᠲᠡᠭᠡᠵᠦ᠂ 《ᠠᠮᠢᠳᠤᠷᠠᠯ ᠶᠠᠮᠠᠷ ᠦᠨ᠎ᠡ ᠴᠠᠨ᠎ᠠ ᠲᠠᠢ ᠪᠣᠯᠬᠤ ᠶ᠋ᠢ ᠲᠡᠷᠡ ᠮᠥᠴᠡ ᠳ᠋ᠦ᠍ ᠯᠡ ᠤᠬᠠᠭᠠᠷᠠᠭᠰᠠᠨ》ᠬᠡᠮᠡᠵᠡᠢ᠃
ᠰᠦᠨᠡᠰᠦ ᠰᠠᠢᠨ᠂ ᠮᠠᠭᠤ ᠬᠣᠶᠠᠷ ᠲᠥᠷᠥᠯ ᠦ᠋ᠨ ᠬᠢ
ᠰᠦᠨᠡᠰᠦ ᠰᠤᠳᠤᠯᠤᠭᠠᠴᠢᠳ ᠬᠥᠮᠦᠨ ᠦ᠌ ᠠᠮᠢᠳᠤᠷᠠᠯ ᠳ᠋ᠤ᠌ ᠣᠷᠣᠯᠴᠠᠳᠠᠭ ᠰᠦᠨᠡᠰᠦ ᠨᠦ᠍ᠭᠦᠳ ᠢ᠋ ᠰᠠᠢᠨ᠂ ᠮᠠᠭᠤ ᠭᠡᠮᠡᠨ ᠠᠩᠭᠢᠯᠠᠳᠠᠭ᠃ ᠮᠠᠭᠤ ᠰᠦᠨᠡᠰᠦ ᠨᠢ ᠪᠤᠭ᠂ ᠴᠢᠳᠬᠥᠷ ᠪᠣᠯᠤᠨ ᠬᠤᠪᠢᠷᠠᠵᠤ᠂ ᠠᠢᠯ ᠭᠡᠷ᠂ ᠬᠥᠮᠦᠨ ᠦ᠌ ᠠᠮᠢᠳᠤᠷᠠᠯ ᠳ᠋ᠤ᠌ ᠰᠠᠭᠠᠳ ᠲᠣᠳᠬᠠᠷ ᠤᠴᠠᠷᠠᠭᠤᠯᠳᠠᠭ᠃ ᠬᠠᠷᠢᠨ ᠲᠥᠭᠡᠷᠢᠭᠰᠡᠨ ᠴᠦ᠍ ᠭᠡᠮ ᠬᠣᠣᠷ ᠦᠭᠡᠢ ᠰᠦᠨᠡᠰᠦ ᠨᠢ ᠪᠤᠶᠠᠨ ᠨᠡᠬᠡᠵᠦ᠂ ᠬᠥᠮᠦᠨ ᠳ᠋ᠦ᠍ ᠰᠥᠷᠬᠦ ᠨᠥᠯᠥᠭᠡ ᠦᠭᠡᠢ ᠪᠠᠢᠬᠤ ᠨᠢ ᠴᠦ᠍ ᠪᠣᠢ᠃
ᠨᠢᠭᠡᠨ ᠪᠦᠰᠡᠭᠦᠢ ᠳᠠᠷᠠᠭᠠᠬᠢ ᠪᠠᠢᠳᠠᠯ ᠢ᠋ᠶ᠋ᠠᠷ ᠰᠡᠳᠬᠢᠯ ᠬᠥᠳᠡᠯᠭᠡᠮ᠎ᠡ ᠳᠤᠷᠠᠰᠤᠮᠵᠢ ᠪᠠᠨ ᠬᠤᠪᠢᠶᠠᠯᠴᠠᠵᠠᠢ᠄《ᠰᠥᠨᠢ ᠤᠨᠲᠠᠵᠤ ᠪᠠᠢᠲᠠᠯ᠎ᠠ ᠬᠡᠨ ᠨᠢᠭᠡᠨ ᠵᠥᠭᠡᠯᠡᠨ ᠭᠠᠷ ᠲᠠᠢ ᠬᠥᠮᠦᠨ ᠲᠣᠯᠣᠭᠠᠢ ᠶ᠋ᠢ ᠮᠢᠨᠢ ᠢᠯᠪᠢᠵᠦ ᠪᠠᠢᠯ᠎ᠠ᠃ ᠰᠡᠷᠢᠭᠡᠳ ᠬᠠᠷᠠᠪᠠᠯ ᠨᠢᠭᠡ ᠵᠢᠭᠠᠬᠠᠨ ᠬᠡᠦᠬᠡᠳ ᠳᠡᠷᠭᠡᠳᠡ ᠮᠢᠨᠢ ᠵᠣᠭᠰᠣᠵᠤ ᠪᠠᠢᠪᠠ᠃ ᠠᠢᠳᠠᠰ ᠳᠥᠷᠥᠭᠡ ᠦᠭᠡᠢ᠂ ᠬᠠᠷᠢᠨ ᠴᠤ᠌ ᠰᠡᠳᠬᠢᠯ ᠳ᠋ᠦ᠍ ᠨᠢᠭᠡ ᠯᠡ ᠲᠠᠢᠪᠤᠩ ᠮᠡᠳᠡᠷᠡᠮᠵᠢ ᠲᠥᠷᠥᠭᠰᠡᠨ᠃ ᠲᠡᠷᠡ ᠦᠶ᠎ᠡ ᠳ᠋ᠦ᠍ ᠯᠡ ᠪᠢ ᠰᠦᠨᠡᠰᠦ ᠦᠨᠡᠬᠡᠷ ᠪᠠᠢᠳᠠᠭ ᠶᠤᠮ ᠪᠠᠢᠨ᠎ᠠ ᠭᠡᠵᠦ ᠮᠡᠳᠡᠷᠡᠭᠰᠡᠨ᠃》
ᠲᠥᠷᠥᠯ ᠢ᠋ᠶ᠋ᠡᠨ ᠣᠯᠬᠤ ᠶ᠋ᠢᠨ ᠬᠡᠴᠡᠭᠦᠦ᠂ ᠠᠮᠤᠷ ᠬᠣᠷᠣᠮ
ᠬᠥᠮᠦᠨ ᠠᠮᠢᠳᠤᠷᠠᠯ ᠤ᠋ᠨ ᠲᠤᠷᠰᠢ ᠪᠤᠶᠠᠨ ᠦᠢᠯᠡᠳᠦᠭᠰᠡᠨ ᠴᠦ᠍ ᠂ ᠦᠬᠦᠬᠦ ᠮᠥᠴᠡ ᠳ᠋ᠦ᠍ ᠪᠡᠨ ᠶᠠᠮᠠᠷ ᠨᠢᠭᠡᠨ ᠵᠦᠢᠯ ᠳ᠋ᠦ᠍ ᠬᠣᠷᠭᠣᠳᠠᠵᠤ᠂ ᠬᠠᠷᠠᠮᠰᠠᠯ ᠲᠡᠭᠡᠭᠡᠪᠡᠯ ᠰᠦᠨᠡᠰᠦ ᠨᠢ ᠬᠢᠯᠪᠠᠷ ᠲᠥᠷᠥᠯ ᠢ᠋ ᠣᠯᠵᠤ ᠴᠢᠳᠠᠳᠠᠭ ᠦᠭᠡᠢ᠃ ᠬᠠᠷᠢᠨ ᠬᠡᠴᠢᠨᠡᠨ ᠨᠢᠭᠦᠯ ᠲᠡᠢ ᠬᠥᠮᠦᠨ ᠪᠠᠢᠭᠰᠠᠨ ᠴᠤ᠌ ᠦᠬᠦᠬᠦ ᠳ᠋ᠦ᠍ ᠪᠡᠨ ᠠᠮᠤᠭᠤᠯᠠᠩ ᠰᠡᠳᠬᠢᠯ ᠲᠡᠢ᠂ ᠶᠠᠭᠤᠨ ᠳ᠋ᠤ᠌ ᠴᠤ᠌ ᠰᠢᠨᠤᠯ ᠦᠭᠡᠢ ᠣᠳᠪᠠᠯ ᠰᠦᠨᠡᠰᠦ ᠨᠢ ᠭᠡᠷᠡᠯ ᠦ᠋ᠨ ᠵᠠᠮ ᠢ᠋ᠶ᠋ᠠᠨ ᠲᠦᠪᠡᠭ ᠦᠭᠡᠢ ᠣᠯᠳᠠᠭ ᠭᠡᠮᠡᠨ ᠰᠤᠳᠤᠷ ᠤ᠋ᠳ ᠲᠤ᠌ ᠥᠭᠦᠯᠡᠵᠡᠢ᠃
ᠲᠡᠭᠦᠰᠬᠡᠯ
ᠰᠦᠨᠡᠰᠦ ᠪᠣᠯ ᠬᠥᠮᠦᠨ ᠦ᠌ ᠮᠢᠬᠠᠨ ᠪᠡᠶ᠎ᠡ ᠡᠴᠡ ᠦᠯᠦ ᠬᠠᠮᠢᠶᠠᠷᠬᠤ᠂ ᠦᠯᠦ ᠲᠠᠰᠤᠷᠠᠬᠤ ᠮᠥᠨ ᠴᠢᠨᠠᠷ᠃ ᠡᠨᠡ ᠨᠢ ᠬᠥᠮᠦᠨ ᠪᠦᠷᠢ ᠶ᠋ᠢᠨ ᠳᠣᠲᠣᠷ᠎ᠠ ᠣᠷᠣᠰᠢᠵᠤ᠂ ᠠᠮᠢᠳᠤᠷᠠᠯ ᠤ᠋ᠨ ᠲᠡᠭᠦᠰᠬᠡᠯ ᠳ᠋ᠦ᠍ ᠥᠪᠡᠷ ᠦ᠋ᠨ ᠢ᠋ᠶ᠋ᠡᠨ ᠵᠠᠮ ᠢ᠋ ᠬᠠᠢᠭᠰᠠᠭᠠᠷ ᠬᠣᠷᠸ᠎ᠠ ᠶ᠋ᠢ ᠣᠷᠬᠢᠳᠠᠭ᠃ ᠭᠡᠪᠡᠴᠦ ᠡᠨᠡ ᠵᠠᠮ ᠨᠢ ᠵᠥᠪᠬᠡᠨ ᠦᠬᠦᠯ ᠢ᠋ᠶ᠋ᠡᠷ ᠬᠡᠮᠵᠢᠭᠳᠡᠬᠦ ᠪᠤᠰᠤ᠂ ᠬᠡᠴᠢᠨᠡᠨ ᠠᠮᠢᠳᠤ ᠪᠠᠢᠬᠤ ᠳ᠋ᠤ᠌ ᠴᠤ᠌ ᠰᠦᠨᠡᠰᠦ ᠪᠡᠨ ᠲᠠᠨᠢᠬᠤ᠂ ᠬᠠᠢᠷᠠᠯᠠᠬᠤ᠂ ᠴᠡᠪᠡᠷ ᠪᠠᠢᠯᠭᠠᠬᠤ ᠨᠢ ᠬᠥᠮᠦᠨ ᠦ᠌ ᠵᠢᠩᠬᠢᠨᠢ ᠡᠭᠦᠷᠭᠡ ᠶᠤᠮ᠃
ᠲᠡᠢᠮᠦ ᠡᠴᠡ ᠰᠦᠨᠡᠰᠦ ᠪᠣᠯ ᠵᠦᠭᠡᠷ ᠯᠡ ᠳᠣᠮᠣᠭ ᠤ᠋ᠨ ᠦᠯᠢᠭᠡᠷ ᠪᠤᠰᠤ᠂ ᠬᠠᠷᠢᠨ 《ᠠᠮᠢ》 ᠥᠪᠡᠷ ᠢ᠋ᠶ᠋ᠡᠨ ᠪᠢᠯᠡ᠃
ᠢᠷᠡᠯᠲᠡ᠄ ᠢᠪᠠᠯᠭ᠎ᠠ ᠶ᠋ᠢᠨ ᠳ᠋ᠠᠼᠠᠩ 《 ᠬᠠᠮᠪᠤ ᠶ᠋ᠢᠨ ᠬᠦᠷᠢᠶ᠎ᠡ》
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ
