ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠳᠥᠷᠪᠡ - ᠰ· ᠠᠯᠲᠠᠨᠳᠤᠭᠤᠯᠭᠠ ᠨᠠᠶ᠋ᠢᠷᠠᠭᠤᠯᠪᠠ Молон тойн эхийн ачийг харуулсан тууль - 4 - С· Алтантуулга найруулав
ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠳᠥᠷᠪᠡ
– ᠦᠷᠭᠦᠯᠵᠢᠯᠡᠯ – 4
ᠠᠷᠪᠠᠨ ᠲᠠᠯ᠎ᠠ ᠠ᠋ᠴᠠ ᠳᠠᠭᠠᠷᠢᠨ ᠢᠷᠡᠯ᠎ᠡ᠂
ᠠᠭᠲᠠ ᠪᠠᠨ ᠱᠠᠯᠠᠭᠠᠳ ᠬᠤᠸᠠᠩ ᠴᠤᠤ ᠪᠠᠭᠠᠲᠤᠷ
ᠠᠷᠤ ᠠᠷᠤ ᠠ᠋ᠴᠠ ᠨᠢ ᠳᠡᠷᠡᠯᠡᠭᠦᠯᠵᠦ ᠬᠠᠶᠠᠯ᠎ᠠ᠃
ᠬᠣᠬᠢᠮᠠᠢ ᠶ᠋ᠢᠨ ᠲᠣᠯᠣᠭᠠᠢᠲᠤ ᠰᠢᠮᠨᠤᠰ ᠤ᠋ᠳ
ᠬᠣᠷᠢ ᠭᠤᠴᠢ ᠪᠠᠷ ᠢ᠋ᠶ᠋ᠠᠨ ᠳᠠᠭᠠᠷᠢᠨ ᠢᠷᠡᠯ᠎ᠡ᠂
ᠬᠤᠪᠢᠯᠭᠠᠨ ᠶᠸᠯᠸ ᠢ᠋ᠶ᠋ᠡᠷ ᠢ᠋ᠶ᠋ᠡᠨ
ᠬᠤᠸᠠᠩ ᠴᠤᠤ ᠪᠠᠭᠠᠲᠤᠷ
ᠬᠣᠢᠨ᠎ᠠ ᠬᠣᠢᠨ᠎ᠠ ᠠ᠋ᠴᠠ ᠨᠢ ᠳᠡᠷᠡᠯᠡᠭᠦᠯᠵᠦ ᠬᠠᠶᠠᠯ᠎ᠠ᠃
ᠴᠢᠳᠬᠥᠷ ᠦ᠋ᠨ ᠲᠣᠯᠣᠭᠠᠢᠲᠤ ᠰᠢᠮᠨᠤᠰ ᠤ᠋ᠳ
ᠴᠥᠮᠥᠷᠡᠨ ᠴᠥᠮᠥᠷᠡᠨ ᠳᠠᠭᠠᠷᠢᠨ ᠢᠷᠡᠯ᠎ᠡ᠂
ᠴᠥᠮ ᠢ᠋ ᠢᠯᠠᠭᠴᠢ ᠬᠤᠸᠠᠩ ᠴᠤᠤ ᠪᠠᠭᠠᠲᠤᠷ
ᠴᠢᠳᠥᠷᠯᠡᠵᠦ ᠠᠪᠤᠭᠠᠳ ᠳᠡᠷᠡᠯᠡᠭᠦᠯᠵᠦ ᠬᠠᠶᠠᠯ᠎ᠠ᠃
ᠰᠢᠪᠠᠭᠤᠨ ᠲᠣᠯᠣᠭᠠᠢᠲᠤ ᠰᠢᠮᠨᠤᠰ ᠤ᠋ᠳ
ᠰᠢᠷᠭᠤᠯᠠᠨ ᠰᠢᠷᠭᠤᠯᠠᠨ ᠳᠠᠭᠠᠷᠢᠨ ᠢᠷᠡᠯ᠎ᠡ᠂
ᠰᠢᠳᠢᠲᠦ ᠬᠥᠪᠡᠭᠦᠨ ᠬᠤᠸᠠᠩ ᠴᠤᠤ ᠪᠠᠭᠠᠲᠤᠷ
ᠱᠤᠤᠳᠠᠢᠯᠠᠵᠤ ᠠᠪᠤᠭᠠᠳ ᠳᠡᠷᠡᠯᠡᠭᠦᠯᠵᠦ ᠬᠠᠶᠠᠯ᠎ᠠ᠃
ᠭᠠᠷ ᠲᠤᠯᠤᠭᠠᠳ ᠢᠷᠡᠪᠡᠯ
ᠭᠠᠪᠠᠯᠠ ᠳᠡᠭᠡᠷ᠎ᠡ ᠨᠢ ᠬᠠᠭ᠎ᠠ᠂
ᠭᠠᠨᠵᠤᠭ᠎ᠠ ᠰᠢᠭᠦᠷᠡᠭᠡᠳ ᠢᠷᠡᠪᠡᠯ
ᠭᠠᠬᠠᠢ ᠶ᠋ᠢᠨ ᠭᠡᠳᠡᠰᠦ ᠨᠢ ᠬᠠᠭ᠎ᠠ᠃
ᠵᠡᠪᠰᠡᠭ ᠲᠤᠯᠤᠭᠠᠳ ᠢᠷᠡᠪᠡᠯ
ᠵᠢᠷᠦᠬᠡᠨ ᠳᠤᠮᠳᠠ ᠨᠢ ᠬᠠᠭ᠎ᠠ᠂
ᠵᠢᠷᠢᠮ ᠰᠢᠭᠦᠷᠡᠭᠡᠳ ᠢᠷᠡᠪᠡᠯ
ᠵᠠᠭᠠᠳᠠᠰᠤᠨ ᠭᠣᠣᠯ ᠨᠢ ᠬᠠᠭ᠎ᠠ᠃
ᠶᠠᠩᠵᠤ ᠶᠠᠩᠵᠤ ᠶ᠋ᠢᠨ ᠱᠤᠯᠤᠮ ᠤ᠋ᠳ
ᠶᠠᠷᠪᠠᠢᠨ ᠳᠠᠷᠪᠠᠢᠨ ᠦᠬᠦᠵᠦ ᠪᠠᠢᠨ᠎ᠠ᠃
ᠶᠠᠳᠠᠷ ᠳᠣᠷᠣᠢ ᠨᠢᠭᠡ ᠨᠢ
ᠶᠠᠭᠠᠬᠢᠵᠤ ᠴᠦ᠍ ᠠᠮᠵᠢᠬᠤ ᠦᠭᠡᠢ ᠦᠬᠦᠵᠦ ᠪᠠᠢᠨ᠎ᠠ᠃
ᠦᠩᠬᠦᠯᠴᠡᠭ ᠨᠢ ᠬᠠᠭᠠᠷᠠᠭᠠᠳ ᠦᠬᠦᠵᠦ ᠪᠠᠢᠨ᠎ᠠ᠃
ᠵᠠ! ᠡᠨᠡ ᠦᠶ᠎ᠡ ᠳ᠋ᠦ᠍
ᠠᠶᠤᠩᠭ᠎ᠠ ᠮᠥᠨᠳᠥᠷ ᠱᠠᠭᠢᠭᠠᠳ ᠢᠷᠡᠯ᠎ᠡ
ᠠᠨᠠᠪᠠᠳ ᠳᠠᠯᠠᠢ ᠴᠠᠯᠭᠢᠭᠠᠳ ᠢᠷᠡᠯ᠎ᠡ᠂
ᠲᠢᠪ ᠳᠡᠯᠡᠬᠡᠢ ᠨᠢᠵᠢᠭᠢᠨᠡᠭᠡᠳ ᠢᠷᠡᠯ᠎ᠡ᠃
ᠠᠭᠤᠯᠠ ᠲᠠᠯ᠎ᠠ ᠲᠤᠷᠭᠢᠭᠠᠳ ᠢᠷᠡᠯ᠎ᠡ᠂
ᠤᠰᠤ ᠮᠥᠷᠡᠨ ᠴᠠᠯᠭᠢᠭᠠᠳ ᠢᠷᠡᠯ᠎ᠡ᠂
ᠤᠲᠤᠭ᠎ᠠ ᠮᠠᠨᠠᠨ ᠳᠡᠭᠳᠡᠭᠡᠳ ᠢᠷᠡᠯ᠎ᠡ
ᠤᠯᠠᠭᠠᠨ ᠴᠠᠭᠠᠨ ᠢᠯᠭᠠᠷᠠᠭᠠᠳ ᠢᠷᠡᠯ᠎ᠡ᠃
ᠨᠢᠭᠡ ᠮᠡᠳᠡᠬᠦ ᠳ᠋ᠦ᠍
ᠴᠢᠰᠤᠨ ᠳᠠᠯᠠᠢ ᠪᠣᠯᠵᠤ
ᠶᠠᠰᠤᠨ ᠣᠪᠣᠭ᠎ᠠ ᠪᠣᠰᠴᠤ
ᠵᠠᠭᠤ ᠮᠢᠩᠭᠠᠨ ᠰᠢᠮᠨᠤᠰ ᠤ᠋ᠳ
ᠦᠬᠦᠲᠡᠯ ᠪᠣᠯᠤᠨ ᠣᠪᠣᠭᠠᠷᠠᠵᠤ ᠭᠡᠨ᠎ᠡ᠃
ᠬᠣᠣᠰ ᠦᠭᠡᠢ ᠪᠠᠭᠠᠲᠤᠷ ᠬᠤᠸᠠᠩ ᠴᠤᠤ
ᠬᠤᠪᠢᠯᠭᠠᠨ ᠰᠠᠷᠠᠯ ᠢ᠋ᠶ᠋ᠠᠨ ᠬᠥᠲᠥᠯᠦᠨ
ᠡᠷᠭᠢᠨ ᠲᠣᠭᠣᠷᠢᠨ ᠢ᠋ ᠠᠵᠢᠨ
ᠡᠨᠡ ᠲᠡᠷᠡ ᠶ᠋ᠢ ᠰᠢᠨᠵᠢᠵᠦ
ᠬᠠᠢᠷᠠᠲᠠᠢ ᠬᠦᠯᠦᠭ ᠢ᠋ᠶ᠋ᠡᠨ ᠢᠯᠪᠢᠭᠰᠡᠭᠡᠷ
ᠬᠤᠷᠴᠠ ᠢᠯᠳᠦ ᠪᠡᠨ ᠠᠷᠴᠢᠭᠰᠠᠭᠠᠷ᠂
ᠰᠡᠷᠢᠭᠦᠨ ᠠᠭᠠᠷ ᠢ᠋ ᠠᠮᠢᠰᠬᠤᠨ ᠠᠪᠴᠤ
ᠰᠡᠳᠬᠢᠯ ᠲᠡᠨᠢᠭᠦᠨ ᠠᠭᠤᠵᠢᠷᠠᠭᠠᠳ᠂
ᠰᠡᠷᠭᠦᠯᠡᠩ ᠤᠬᠠᠭᠠᠨ ᠤ᠋ ᠭᠦᠨ ᠳ᠋ᠡᠭᠡᠨ
ᠰᠡᠳᠦᠪᠴᠢᠯᠡᠨ ᠪᠣᠳᠣᠵᠤ ᠦᠵᠡᠪᠡᠰᠦ᠄
ᠡᠨᠡ ᠲᠡᠷᠡ ᠳᠠᠭᠤᠰᠪᠠᠢ
ᠡᠨᠡ ᠶᠢᠷᠲᠢᠨᠴᠦ ᠬᠣᠵᠢᠮ
ᠡᠩᠬᠡ ᠲᠠᠢᠪᠤᠩ ᠪᠣᠯᠤᠮᠤᠢ᠂
ᠡᠵᠡᠨ ᠲᠩᠷᠢ ᠡᠨᠡᠬᠡᠨ ᠳᠠᠷᠤᠢ
ᠨᠠᠮᠠᠶ᠋ᠢ ᠳᠠᠭᠤᠳᠠᠬᠤ ᠪᠠᠢᠬ᠎ᠠ᠂
ᠡᠵᠢ ᠠᠪᠤ ᠪᠠᠨ ᠶᠠᠭᠠᠬᠢᠬᠤ ᠪᠣᠢ
ᠡᠯᠪᠡᠷᠢᠯ ᠠᠴᠢ ᠶ᠋ᠢ ᠨᠢ ᠶᠠᠭᠠᠬᠢᠬᠤ ᠪᠣᠢ ᠭᠡᠬᠦᠴᠢᠯᠡᠨ
ᠡᠯᠳᠡᠪ ᠢ᠋ ᠪᠣᠳᠣᠨ ᠪᠠᠢᠲᠠᠯ᠎ᠠ
ᠰᠠᠨᠠᠭᠠᠨ ᠠ᠋ᠴᠠ ᠭᠠᠳᠠᠭᠤᠷ ᠭᠡᠨᠡᠳᠲᠡ᠄
ᠠᠷᠠᠰᠤᠨ ᠬᠡᠩᠭᠡᠷᠭᠡ ᠨᠢᠷᠴᠢᠭᠢᠨᠡᠵᠦ
ᠠᠭᠲᠠ ᠶ᠋ᠢᠨ ᠲᠤᠭᠤᠷᠠᠢ ᠲᠠᠴᠢᠭᠢᠨᠠᠨ
ᠵᠠᠷ ᠵᠡᠪᠰᠡᠭ ᠬᠠᠪᠢᠷᠤᠯᠳᠤᠨ
ᠵᠢᠩᠰᠡ ᠮᠠᠯᠠᠭᠠᠢ ᠱᠣᠪᠣᠯᠵᠠᠨ
ᠴᠡᠷᠢᠭ ᠦ᠋ᠨ ᠳᠠᠯᠪᠠᠭ᠎ᠠ ᠮᠢᠷᠠᠯᠵᠠᠨ
ᠴᠢᠭᠯᠡᠭᠰᠡᠨ ᠢ᠋ᠶ᠋ᠡᠷ ᠢ᠋ᠶ᠋ᠡᠨ ᠢᠪᠡᠷᠡᠵᠦ
《ᠬᠤᠸᠠᠩ ᠴᠤᠤ ᠭᠡᠳᠡᠭ ᠬᠤᠯᠠᠭᠠᠢ ᠪᠣᠰᠴᠠᠢ ᠭᠡᠮᠡᠨ᠃
ᠬᠤᠸᠠᠩ ᠳᠢ ᠬᠠᠭᠠᠨ ᠠ᠋ᠴᠠ ᠤᠷᠪᠠᠵᠠᠢ ᠭᠡᠮᠡᠨ᠂
ᠬᠠᠷᠠᠴᠤ ᠠᠷᠠᠳ ᠢ᠋ ᠠᠯᠠᠵᠠᠢ ᠭᠡᠮᠡᠨ᠂
ᠬᠠᠭᠠᠨ ᠡᠵᠡᠨ ᠢ᠋ ᠭᠤᠲᠤᠭᠠᠵᠠᠢ ᠭᠡᠮᠡᠨ᠂
ᠠᠷᠠᠳ ᠢᠷᠡᠭᠡᠳ ᠦ᠋ᠨ ᠦᠷᠡᠰ ᠠᠲᠠᠯ᠎ᠠ
ᠠᠯᠠᠭᠠᠴᠢ ᠪᠣᠯᠳᠠᠭ ᠶᠠᠭᠤᠨ ᠭᠡᠮᠡᠨ᠂
ᠠᠪᠤ ᠡᠵᠢ ᠡᠴᠡ ᠪᠡᠨ ᠤᠷᠪᠠᠵᠤ
ᠠᠲᠠᠭᠠᠲᠠᠨ ᠪᠣᠯᠳᠠᠭ ᠶᠠᠭᠤᠨ ᠭᠡᠮᠡᠨ᠂
ᠡᠭᠡᠯ ᠬᠥᠮᠦᠨ ᠦ᠌ ᠬᠥᠪᠡᠭᠦᠨ ᠠᠲᠠᠯ᠎ᠠ
ᠡᠰᠡᠷᠭᠦᠦ ᠪᠠᠢᠳᠠᠭ ᠶᠠᠭᠤᠨ ᠭᠡᠮᠡᠨ᠂
ᠡᠵᠡᠨ ᠦ᠌ ᠶᠣᠰᠣ ᠠ᠋ᠴᠠ ᠤᠷᠪᠠᠵᠤ
ᠡᠲᠡᠭᠡᠳ ᠠᠭᠠᠰᠢᠯᠠᠳᠠᠭ ᠶᠠᠭᠤᠨ》 ᠭᠡᠮᠡᠨ
ᠲᠡᠮᠦᠷ ᠬᠤᠶᠠᠭᠲᠤ ᠴᠡᠷᠢᠭ ᠦ᠋ᠳ
ᠲᠡᠷᠡ ᠳᠣᠣᠷ᠎ᠠ ᠨᠢ ᠪᠦᠰᠡᠯᠡᠨ ᠠᠪᠴᠤ
ᠬᠥᠭᠡᠷᠦᠬᠦᠢ ᠬᠥᠪᠡᠭᠦᠨ ᠬᠤᠸᠠᠩ ᠴᠤᠤ ᠶ᠋ᠢᠨ
ᠬᠥᠯ ᠭᠠᠷ ᠢ᠋ ᠲᠠᠰᠤ ᠬᠦᠯᠢᠭᠡᠳ᠂
ᠶᠠᠯ᠎ᠠ ᠶ᠋ᠢᠨ ᠲᠡᠷᠭᠡᠨ ᠳ᠋ᠦ᠍ ᠲᠡᠭᠡᠭᠡᠭᠡᠳ
ᠶᠠᠮᠤᠨ ᠵᠦᠭ ᠢ᠋ᠶ᠋ᠡᠨ ᠡᠭᠡᠵᠦ᠂
ᠵᠠᠮ ᠤ᠋ᠨ ᠪᠠᠷᠲᠠᠭᠠᠨ ᠳ᠋ᠤ᠌ ᠵᠠᠨᠴᠢᠭᠤᠯᠤᠨ ᠵᠣᠪᠠᠭᠠᠵᠤ᠂
ᠵᠠᠯᠭᠢᠬᠤ ᠶᠠᠭᠤᠮ᠎ᠠ ᠦᠭᠡᠢ ᠥᠯᠪᠡᠷᠦᠭᠦᠯᠦᠨ ᠲᠡᠮᠡᠦᠯᠵᠦ᠂
《ᠤᠷᠪᠠᠭᠰᠠᠨ ᠬᠤᠯᠠᠭᠠᠢ ᠬᠤᠸᠠᠩ ᠴᠤᠤ ᠶ᠋ᠢ
ᠤᠷᠠᠵᠤ ᠲᠠᠰᠤᠳᠠᠵᠤ ᠬᠠᠶᠠ!
ᠤᠯᠠᠢ ᠰᠡᠭ ᠢ᠋ ᠨᠢ ᠭᠠᠷᠭᠠᠭᠠᠳ
ᠣᠭᠣᠯᠢ ᠰᠢᠪᠠᠭᠤ ᠲᠡᠵᠢᠭᠡ!
ᠪᠣᠰᠤᠭᠰᠠᠨ ᠬᠤᠯᠠᠭᠠᠢ ᠬᠤᠸᠠᠩ ᠴᠤᠤ ᠶ᠋ᠢᠨ
ᠪᠤᠯᠴᠢᠩ ᠰᠢᠷᠪᠥᠰᠥ ᠶ᠋ᠢ ᠨᠢ ᠰᠤᠭᠤᠯ!
ᠪᠤᠵᠠᠷ ᠰᠡᠭ ᠢ᠋ ᠨᠢ ᠭᠠᠷᠭᠠᠭᠠᠳ
ᠪᠤᠯᠠᠰᠢᠨ ᠳᠣᠣᠷ᠎ᠠ ᠳᠠᠷᠤ!》 ᠭᠡᠭᠰᠡᠭᠡᠷ
ᠳᠥᠷᠦᠭᠡᠨ ᠰᠤᠷ ᠢ᠋ᠶ᠋ᠠᠷ
ᠳᠥᠷᠪᠡᠨ ᠮᠥᠴᠢ ᠶ᠋ᠢ ᠨᠢ ᠰᠡᠨᠵᠢᠯᠡᠵᠦ
ᠨᠠᠢ᠍ᠮᠠᠨ ᠮᠣᠷᠢ ᠪᠠᠷ
ᠨᠠᠭᠠᠰᠢ ᠴᠠᠭᠠᠰᠢ ᠨᠢ ᠲᠡᠯᠡᠵᠦ ᠣᠷᠬᠢᠵᠠᠢ ᠭᠡᠨ᠎ᠡ᠃
ᠰᠠᠢᠨ ᠡᠷ᠎ᠡ ᠬᠤᠸᠠᠩ ᠴᠤᠤ
ᠰᠠᠶ᠎ᠠ ᠳᠡᠯᠡᠬᠡᠢ ᠶ᠋ᠢ ᠳᠣᠷᠭᠢᠲᠠᠯ᠎ᠠ᠂
ᠰᠡᠲᠡᠷ ᠴᠡᠷᠢᠭ ᠢ᠋ ᠴᠡᠴᠡᠷᠡᠲᠡᠯ᠎ᠡ
ᠥᠨᠳᠥᠷ ᠳᠠᠭᠤᠨ ᠢ᠋ᠶ᠋ᠠᠷ ᠥᠭᠦᠯᠡᠷᠦᠨ᠄
《ᠣᠪᠯᠠᠭᠰᠠᠨ ᠱᠤᠯᠤᠮ ᠢ᠋
ᠤᠰᠠᠳᠬᠠᠨ ᠳᠠᠷᠤᠭᠰᠠᠨ ᠤ᠋ ᠤᠴᠢᠷ
ᠤᠷᠪᠠᠭᠰᠠᠨ ᠭᠡᠮᠡᠨ ᠨᠠᠮᠠᠶ᠋ᠢ
ᠶᠠᠯᠠᠯᠠᠭᠰᠠᠨ ᠴᠦ᠍ ᠶᠠᠭᠠᠬᠢᠮᠤᠢ!
ᠡᠨᠡ ᠪᠣᠯᠪᠠᠰᠤ ᠡᠵᠡᠨ ᠲᠩᠷᠢ ᠶ᠋ᠢᠨ ᠵᠠᠷᠯᠢᠭ
ᠡᠨᠡ ᠶᠢᠷᠲᠢᠨᠴᠦ ᠶ᠋ᠢᠨ ᠵᠠᠶᠠᠭ᠎ᠠ
ᠬᠣᠷᠸ᠎ᠠ ᠳᠠᠬᠢᠨ ᠲᠠᠢᠪᠤᠩ ᠪᠣᠯᠪᠠᠰᠤ
ᠬᠤᠸᠠᠩ ᠴᠤᠤ ᠮᠢᠨᠦ ᠦᠬᠦᠬᠦ ᠶᠠᠭᠠᠬᠢᠮᠤᠢ!
ᠬᠠᠷᠢᠨ ᠲᠠ ᠨᠠᠷ ᠮᠢᠨᠢ
ᠬᠠᠷᠠᠭ᠎ᠠ ᠪᠠᠨ ᠬᠡᠬᠡᠷᠡᠭᠦᠯᠵᠦ
ᠬᠠᠷ᠎ᠠ ᠴᠠᠭᠠᠨ ᠢ᠋ ᠢᠯᠭᠠᠨ
ᠰᠠᠢᠨ ᠮᠠᠭᠤ ᠶ᠋ᠢ ᠲᠠᠨᠢᠵᠤ
ᠬᠠᠮᠤᠭ ᠠᠷᠠᠳ ᠢ᠋ᠶ᠋ᠠᠨ
ᠬᠠᠯᠠᠮᠵᠢᠯᠠᠨ ᠬᠠᠮᠠᠭᠠᠯᠠᠬᠤ ᠪᠣᠯᠪᠠ ᠤᠤ!》 ᠭᠡᠮᠡᠨ
ᠠᠭᠰᠠᠷᠠᠨ ᠥᠭᠦᠯᠡᠬᠦ ᠳᠦ
ᠠᠶᠤᠩᠭᠠᠨ ᠴᠤᠤᠷᠢᠶᠠᠨ ᠳᠤᠮᠳᠠ
ᠠᠭᠠᠷ ᠤ᠋ᠨ ᠭᠦᠨ
ᠠᠯᠤᠰ ᠴᠠᠭᠠᠨ᠎ᠠ ᠠ᠋ᠴᠠ
ᠬᠤᠢ ᠰᠠᠯᠬᠢ ᠳᠡᠭᠳᠡᠨ᠂
ᠬᠠᠭᠤᠷᠠᠢ ᠮᠥᠨᠳᠥᠷ ᠱᠠᠭᠢᠵᠤ᠂
ᠭᠠᠯ ᠭᠢᠯᠪᠠᠭᠠᠨ ᠴᠠᠬᠢᠯᠵᠤ
ᠭᠠᠵᠠᠷ ᠲᠩᠷᠢ ᠬᠠᠷᠠᠩᠭᠤᠢᠯᠠᠨ ᠠᠪᠴᠤ
ᠬᠦᠷᠡᠩ ᠰᠢᠷ᠎ᠠ ᠭᠡᠭᠡ ᠰᠠᠴᠤᠷᠠᠭᠰᠠᠭᠠᠷ
ᠬᠦᠷᠢᠶ᠎ᠡ ᠲᠡᠳᠡᠨ ᠪᠠᠭᠤᠵᠤ ᠢᠷᠡᠭᠡᠳ
ᠬᠤᠸᠠᠩ ᠴᠤᠤ ᠪᠠᠭᠠᠲᠤᠷ ᠤ᠋ᠨ
ᠡᠷᠭᠢᠨ ᠲᠣᠭᠣᠷᠢᠨ ᠢ᠋ ᠥᠪᠴᠢ ᠭᠡᠷᠡᠯᠲᠦᠭᠦᠯᠪᠡ᠃
ᠬᠠᠷᠠᠭᠤᠯ ᠴᠡᠷᠢᠭ ᠡᠳᠡᠭᠡᠷ ᠢ᠋ ᠦᠵᠡᠭᠡᠳ
ᠭᠡᠯᠮᠡᠭᠳᠡᠨ ᠰᠣᠴᠢᠵᠤ ᠵᠠᠷᠯᠢᠭ ᠪᠠᠭᠤᠯᠭᠠᠨ
ᠨᠠᠢ᠍ᠮᠠᠨ ᠮᠣᠷᠢ ᠶ᠋ᠢ ᠱᠠᠯᠠᠨ ᠭᠤᠶᠠᠳᠠᠵᠤ
ᠳᠥᠷᠪᠡᠨ ᠲᠡᠢᠰᠢ ᠨᠢ ᠳᠡᠯᠡᠭᠦᠯᠬᠦ ᠦᠶ᠎ᠡ
ᠬᠤᠸᠠᠩ ᠴᠤᠤ ᠶ᠋ᠢᠨ ᠪᠠᠶᠠᠨ ᠠ᠋ᠴᠠ
ᠬᠤᠷ᠎ᠠ ᠶ᠋ᠢᠨ ᠴᠠᠭᠠᠨ ᠮᠠᠨᠠᠨ ᠳᠡᠭᠳᠡᠵᠦ᠂
ᠮᠠᠨᠠᠨ ᠤ᠋ ᠳᠤᠮᠳᠠ ᠠ᠋ᠴᠠ
ᠬᠤᠷᠮᠤᠰᠲᠠ ᠶ᠋ᠢᠨ ᠬᠣᠶᠠᠷ ᠠᠷᠰᠯᠠᠨ
ᠬᠥᠷᠪᠡᠨ ᠲᠤᠭᠴᠢᠨ ᠭᠠᠷᠬᠤᠶ᠎ᠠ᠂
ᠠᠷᠰᠯᠠᠨ ᠳ᠋ᠤᠷ ᠬᠥᠯᠥᠭᠯᠡᠭᠰᠡᠨ
ᠮᠤᠯᠡᠩᠲᠠᠢ ᠪᠤᠷᠬᠠᠨ ᠤ᠋ ᠭᠡᠭᠡᠨ ᠳᠦᠷᠢ
ᠤᠯᠠᠮ ᠤᠯᠠᠮ ᠲᠣᠳᠣᠷᠠᠭᠰᠠᠭᠠᠷ
ᠳᠡᠭᠡᠳᠦ ᠲᠩᠷᠢ ᠶ᠋ᠢᠨ
ᠠᠯᠤᠰ ᠮᠠᠨᠳᠠᠯ ᠲᠡᠢᠰᠢ ᠳᠡᠭᠳᠡᠨ ᠣᠳᠪᠠ᠃
ᠡᠨᠡ ᠮᠥᠴᠡ ᠳ᠋ᠦ᠍
ᠡᠵᠡᠨ ᠬᠠᠭᠠᠨ ᠭᠡᠨᠡᠳᠲᠡ ᠰᠠᠶᠢ
ᠭᠡᠭᠡᠨ ᠳ᠋ᠡᠭᠡᠨ ᠳᠤᠯᠢᠳᠠᠨ ᠤᠬᠠᠭᠠᠷᠠᠵᠤ᠂
ᠬᠡᠴᠡᠭᠦᠦ ᠲᠦᠷᠭᠡᠨ ᠭᠡᠯᠮᠡᠭᠳᠡᠨ ᠪᠥᠬᠥᠢᠵᠦ
ᠲᠩᠷᠢ ᠶ᠋ᠢᠨ ᠠᠷᠰᠯᠠᠨ ᠳ᠋ᠤ᠌ ᠬᠥᠯᠥᠭᠯᠡᠭᠰᠡᠨ
ᠮᠤᠯᠠᠩᠲᠠᠢ ᠪᠤᠷᠬᠠᠨ ᠤ᠋ ᠠᠷᠤ ᠠ᠋ᠴᠠ
ᠮᠥᠷᠭᠥᠨ ᠮᠥᠷᠭᠥᠨ ᠥᠭᠦᠯᠡᠷᠦᠨ᠄
《ᠮᠤᠯᠠᠩᠲᠠᠢ ᠪᠤᠷᠬᠠᠨ ᠮᠢᠨᠢ
ᠮᠥᠩᠬᠡ ᠲᠩᠷᠢ ᠮᠢᠨᠢ
ᠬᠤᠸᠠᠩ ᠴᠤᠤ ᠪᠠᠭᠠᠲᠤᠷ ᠢ᠋ ᠤᠷᠪᠠᠵᠠᠢ ᠭᠡᠮᠡᠨ
ᠬᠢᠯᠢᠰᠳᠡᠭᠦᠯᠦᠭᠰᠡᠨ ᠨᠠᠮᠠᠶ᠋ᠢ
ᠥᠷᠥᠰᠢᠶᠡᠯ ᠳ᠋ᠡᠭᠡᠨ ᠪᠠᠭᠲᠠᠭᠠᠵᠤ᠂
ᠥᠩᠭᠡᠲᠦ ᠶᠢᠷᠲᠢᠨᠴᠦ ᠶ᠋ᠢᠨ
ᠥᠷᠭᠡᠨ ᠲᠦᠮᠡᠨ ᠢ᠋ ᠮᠢᠨᠢ
ᠭᠡᠢᠭᠦᠯᠦᠨ ᠰᠣᠶᠣᠷᠬᠠᠮᠤ》 ᠭᠡᠰᠡᠨ ᠳ᠋ᠦ᠍ᠷ
ᠪᠠᠢᠯᠴᠠᠭᠰᠠᠨ ᠪᠦᠭᠦᠳᠡ ᠬᠠᠭᠠᠨ ᠢ᠋ ᠳᠠᠭᠠᠨ
ᠪᠠᠢᠨ ᠳᠠᠬᠢᠨ ᠳᠣᠬᠢᠯᠵᠠᠨ ᠮᠥᠷᠭᠥᠵᠦ
ᠪᠠᠰᠠ ᠴᠦ᠍ ᠳᠠᠷᠤᠢ ᠲᠦᠷᠭᠡᠨ
ᠬᠤᠶᠠᠭ ᠴᠡᠷᠢᠭ ᠬᠤᠷᠳᠤᠨ ᠤᠨᠤᠭ᠎ᠠ ᠲᠣᠮᠢᠯᠠᠨ᠂
ᠬᠤᠸᠠᠩ ᠴᠤᠤ ᠶ᠋ᠢᠨ ᠡᠵᠢ ᠠᠪᠤ ᠶ᠋ᠢ
ᠬᠤᠸᠠᠩ ᠬᠦᠩ ᠣᠷᠳᠣᠨ ᠳ᠋ᠠᠭᠠᠨ ᠵᠠᠯᠠᠵᠤ
ᠭᠠᠵᠠᠷ ᠨᠤᠲᠤᠭ ᠡᠳ᠋ ᠬᠥᠷᠥᠩᠭᠡ ᠬᠠᠢᠷᠠᠯᠠᠨ ᠥᠭᠴᠦ᠂
ᠬᠠᠮᠪᠤ ᠲᠣᠷᠭ᠎ᠠ ᠡᠮᠦᠰᠬᠡᠨ
ᠬᠠᠮᠤᠭ ᠰᠠᠢᠨ ᠢ᠋ ᠠᠮᠰᠠᠭᠤᠯᠤᠨ
ᠬᠥᠭ ᠨᠠᠢᠷ ᠡᠭᠦᠰᠬᠡᠨ
ᠬᠥᠩᠭᠡᠨ ᠪᠥᠵᠢᠭ ᠲᠠᠭᠠᠰᠢᠶᠠᠯᠭᠠᠨ
ᠬᠤᠨᠳᠠᠭ᠎ᠠ ᠡᠷᠭᠦᠨ ᠭᠡᠮ ᠪᠠᠯᠭᠤᠵᠤ
ᠬᠢᠲᠤᠭ᠎ᠠ ᠬᠥᠳᠡᠯᠭᠡᠨ ᠮᠢᠬ᠎ᠠ ᠵᠣᠭᠣᠭᠯᠠᠵᠤ
ᠠᠷᠠᠳ ᠳᠠᠶᠠᠭᠠᠷ ᠪᠠᠶᠠᠰᠤᠯᠴᠠᠨ
ᠠᠮᠤᠭᠤᠯᠠᠩ ᠰᠠᠢᠬᠠᠨ ᠨᠠᠢᠷᠯᠠᠵᠤ ᠭᠡᠨ᠎ᠡ᠃
ᠵᠠ ᠲᠡᠭᠡᠭᠡᠳ
ᠡᠭᠦᠨ ᠡᠴᠡ ᠬᠣᠢᠰᠢᠳᠠ᠄
ᠡᠵᠡᠨ ᠲᠥᠷᠥ
ᠡᠨᠡᠷᠢᠯ ᠢ᠋ᠶ᠋ᠡᠨ ᠬᠠᠢᠷᠠᠯᠠᠵᠤ᠂
ᠡᠭᠡᠯ ᠲᠦᠮᠡᠨ
ᠡᠩᠬᠡᠯᠡᠨ ᠵᠢᠷᠭᠠᠵᠤ᠂
ᠲᠠᠷᠢᠶ᠎ᠠ ᠲᠥᠮᠥᠰᠥ
ᠬᠥᠮᠥᠷᠭᠡ ᠪᠡᠷ ᠪᠢᠯᠬᠠᠵᠤ᠂
ᠲᠠᠷᠭᠤᠨ ᠰᠦᠷᠦᠭ
ᠲᠠᠯ᠎ᠠ ᠪᠠᠷ ᠳᠦᠭᠦᠷᠴᠦ᠂
ᠴᠠᠭ ᠴᠠᠭ ᠲᠠᠭᠠᠨ
ᠴᠠᠳᠬᠤᠯᠠᠩ ᠪᠤᠶᠠᠨ
ᠰᠠᠷ᠎ᠠ ᠰᠠᠷ᠎ᠠ ᠳ᠋ᠠᠭᠠᠨ
ᠰᠠᠢᠨ ᠤ᠋ ᠪᠤᠶᠠᠨ᠂
ᠵᠢᠯ ᠵᠢᠯ ᠳ᠋ᠡᠭᠡᠨ
ᠵᠢᠷᠭᠠᠯ ᠤ᠋ᠨ ᠪᠤᠶᠠᠨ
ᠡᠷᠢᠨ ᠡᠷᠢᠨ ᠳ᠋ᠡᠭᠡᠨ
ᠡᠳᠦᠷ ᠦ᠋ᠨ ᠪᠠᠶᠠᠨ᠂
ᠬᠥᠮᠦᠨ ᠠᠮᠢᠲᠠᠨ ᠪᠤᠯᠲᠤ ᠪᠠᠷ ᠢ᠋ᠶ᠋ᠠᠨ
ᠡᠩᠬᠡ ᠮᠡᠨᠳᠦ ᠡᠶ᠎ᠡ ᠨᠠᠢᠷᠰᠠᠭ
ᠬᠥᠷ ᠨᠠᠷᠭᠢᠶᠠᠨ ᠬᠥᠭᠵᠢᠯ ᠪᠠᠶᠠᠷ ᠲᠠᠢ
ᠠᠮᠤᠷ ᠰᠠᠢᠨ ᠳ᠋ᠠᠭᠠᠨ ᠵᠢᠷᠭᠠᠵᠤ ᠭᠡᠨ᠎ᠡ ᠰᠢᠦ᠃
ᠲᠣᠰ ᠲᠤᠤᠯᠢᠰ ᠳᠠᠭᠤᠰᠪᠠ᠃
2025 ᠣᠨ ᠤ᠋12 ᠰᠠᠷ᠎ᠠ ᠶ᠋ᠢᠨ2 ᠦᠨ ᠡᠳᠦᠷ
ᠲᠩᠷᠢ᠂ ᠡᠵᠢ ᠠᠮᠢᠯᠠᠭᠤᠯᠪᠠ᠃
